ᠮᠦᠩᠭᠦᠨ ᠡᠪᠦᠯ ᠤᠨ ᠴᠠᠰᠤ | ᠲ᠊ · ᠡᠷᠳᠡᠨᠢᠪᠠᠭᠠᠨ᠎ᠠ | ᠮᠦᠷᠦᠭᠡᠳᠦᠯ ᠬᠠᠶᠢᠷ᠎ᠠ ᠰᠢᠩᠭᠡᠭᠰᠡᠨ | ᠮᠦᠩᠭᠦᠨ ᠡᠪᠦᠯ ᠤᠨ ᠴᠠᠰᠤ | ᠦᠭᠡ ᠦᠭᠡᠢ ᠳᠠᠭᠤ ᠦᠭᠡᠢ | ᠦᠳᠦ ᠶᠢᠨ ᠳᠡᠯᠡᠬᠡᠢ ᠳᠤ ᠪᠤᠲᠠᠷᠠᠭᠠᠨ᠎ᠠ | ᠤᠷᠤᠬᠤ ᠴᠠᠭ ᠲᠤ ᠪᠠᠨ ᠤᠷᠤᠭᠰᠠᠨ | ᠤᠶᠠᠨ ᠵᠦᠭᠡᠯᠡᠨ ᠴᠠᠰᠤ | ᠤᠨ ᠤ ᠲᠤᠭᠤᠰᠤ ᠭᠬᠢᠷ ᠢ | ᠤᠬᠢᠶᠠᠵᠤ ᠴᠡᠪᠡᠷᠯᠡᠬᠦ ᠭᠤᠶᠤᠬᠠᠨ | ᠴᠠᠶᠢᠯᠭᠠᠨ ᠰᠡᠳᠭᠢᠯ ᠢ ᠪᠡᠯᠭᠡᠳᠡᠭᠰᠡᠨ | ᠴᠠᠰᠤ ᠶᠢ ᠪᠢ ᠤᠶᠠᠩᠭᠠᠯᠠᠬᠤ ᠳᠤ | ᠴᠢᠨᠦ ᠮᠢᠨᠦ ᠰᠡᠳᠭᠢᠯ ᠵᠢᠷᠤᠬᠡᠨ ᠳᠤ | ᠴᠡᠪᠡᠷ ᠳᠤᠭᠳᠤᠯᠤᠯ ᠡᠭᠦᠰᠭᠡᠨ᠎ᠡ | ᠲᠠᠥᠯᠠᠢ ᠴᠠᠰᠤᠨ ᠳᠤ ᠬᠦᠬᠡᠬᠡᠭᠰᠡᠨ | ᠲᠡᠷᠡ ᠡᠪᠦᠯ ᠤᠨ ᠡᠷᠭᠢᠴᠡᠭᠦᠯᠦᠯ | ᠭᠠᠷᠭᠤᠰᠤᠯ ᠪᠤᠯᠵᠤ ᠬᠤᠴᠤᠷᠤᠭᠰᠠᠨ | ᠬᠠᠬᠢᠷ ᠡᠪᠦᠯ ᠤᠨ ᠰᠢᠭᠤᠷᠭᠠᠨ | ᠭᠠᠷ ᠬᠦᠯ ᠢ ᠬᠦᠯᠳᠡᠭᠡᠭᠰᠡᠨ ᠴᠤ | ᠭᠠᠨᠵᠤᠭ᠎ᠠ ᠶᠢ ᠠᠩ ᠢᠶᠠᠷ ᠲᠤᠰᠤᠳᠠᠭᠰᠠᠨ ᠶᠤᠮ | ᠮᠠᠯ ᠢ ᠴᠠᠰᠤᠨ ᠳᠤ ᠪᠤᠯᠠᠭᠳᠠᠭᠤᠯᠤᠭᠰᠠᠨ ᠴᠤ | ᠮᠠᠯᠴᠢᠳ ᠢ ᠵᠣᠳ ᠲᠤ ᠰᠢᠯᠭᠠᠭᠰᠠᠨ ᠶᠤᠮ | ᠲᠠᠯ᠎ᠠ ᠨᠤᠲᠤᠭ ᠤᠨ ᠪᠢᠴᠢᠬᠠᠨ ᠪᠠᠭᠠᠲᠤᠷ | ᠲᠡᠷᠡ ᠴᠠᠰᠤᠨ ᠳᠤ ᠮᠡᠨᠳᠦᠯᠡᠭᠰᠡᠨ ᠶᠤᠮ | ᠲᠡᠷᠭᠡ ᠮᠠᠰᠢᠨ ᠤ ᠠᠶᠤᠯ ᠲᠦᠭᠰᠢᠯ ᠢ ᠴᠤ | ᠲᠡᠷᠡ ᠴᠠᠰᠤᠨ ᠳᠤ ᠲᠤᠭᠤᠯᠤᠭᠰᠠᠨ ᠶᠤᠮ | ᠮᠦᠰᠦᠨ ᠳᠤ ᠲᠡᠰᠢᠵᠤ ᠮᠦᠷᠦ᠋ᠢᠴᠡᠬᠦ | ᠮᠦᠩᠭᠦᠨ ᠡᠪᠦᠯ ᠤᠨ ᠲᠠᠮᠢᠷᠴᠢᠳ | ᠮᠦᠰᠦ ᠴᠠᠰᠤᠨ ᠳᠤ ᠰᠡᠭᠦ᠋ᠢᠭᠰᠡᠨ | ᠮᠦᠩᠬᠡ ᠨᠠᠷᠠᠰᠤ ᠰᠢᠭ᠋ ᠢᠳᠡᠷᠡᠭᠦᠨ | ᠵᠢᠷᠤᠭ ᠪᠢᠴᠢᠯᠭᠡ ᠳᠤ ᠴᠠᠭᠠᠷᠠᠭᠰᠠᠨ | ᠵᠢᠷᠤᠭᠠᠴᠢ ᠤᠷᠠᠨ ᠳᠠᠷᠬᠠᠳ | ᠲᠡᠥᠬᠡᠨ ᠳᠤ ᠬᠤᠴᠤᠷᠬᠤ ᠪᠦᠲᠦᠭᠡᠯ ᠢᠶᠠᠨ | ᠲᠡᠷᠡ ᠠᠭᠱᠠᠨ ᠳᠤ ᠲᠠᠲᠠᠯᠠᠬᠤ ᠳᠤ | ᠲᠡᠭᠷᠢ ᠳᠦᠭᠦᠷᠡᠩ ᠴᠠᠰᠤ ᠶᠢ | ᠲᠡᠷᠢᠭᠦᠯᠡᠭᠴᠢ ᠴᠡᠴᠡᠭ ᠰᠢᠭ ᠪᠠᠭ᠋ᠠᠷᠠᠨ | ᠲᠡᠷᠢᠭᠦᠨ ᠴᠠᠶᠢᠭᠰᠠᠨ ᠦᠳᠡᠭᠦᠰ ᠪᠢ | ᠲᠤᠯᠤᠭᠠᠢ ᠬᠤᠯᠪᠤᠵᠤ ᠪᠠᠶᠠᠰᠤᠨ᠎ᠠ | ᠢᠷᠡᠯᠲᠡ᠄ ᠲᠦᠩᠯᠢᠶᠤᠤ ᠶᠢᠨ ᠡᠳᠦᠷ ᠤᠨ ᠰᠤᠨᠢᠨ | |