ᠪᠤᠷᠵᠢᠭᠢᠨ ᠤᠪᠤᠭᠲᠠᠨ ᠨᠢ ᠡᠷᠲᠡ ᠳᠡᠭᠡᠨ ᠬᠡᠷᠦᠯᠦᠨ᠂ ᠤᠨᠤᠨ᠂ ᠲᠤᠤᠯᠠ ᠭᠤᠷᠪᠠᠨ ᠭᠤᠤᠯ ᠤᠨ ᠠᠭᠤᠯᠵᠠᠷ | ᠰᠠᠪᠠ ᠭᠠᠵᠠᠷ᠂ ᠪᠤᠷᠬᠠᠨ ᠬᠠᠯᠲᠤᠨ ᠤ ᠦᠪᠦᠷ ᠳᠠᠬᠢ ᠬᠠᠷ᠎ᠠ ᠵᠢᠷᠦᠬᠡᠨ ᠤ ᠬᠦᠬᠡ ᠨᠠᠭᠤᠷ ᠢᠶᠠᠷ ᠨᠤᠲᠤᠭᠯᠠᠭᠰᠠᠨ | ᠮᠣᠩᠭᠤᠯ ᠤᠭᠰᠠᠭᠠᠲᠠᠨ ᠤ ᠲᠦᠪ ᠠᠶᠢᠮᠠᠭ ᠤᠨ ᠨᠢᠭᠡ᠂ ᠨᠢᠷᠤᠭᠤᠨ ᠮᠣᠩᠭᠤᠯ ᠠᠶᠢᠮᠠᠭᠲᠠᠨ ᠶᠤᠮ᠃ ᠪᠤᠲᠠᠨᠴᠢᠷ ᠤᠨ | ᠠᠪᠠᠯᠢ ᠡᠬᠡᠨᠡᠷ ᠠᠴᠠ ᠲᠦᠷᠦᠭᠰᠡᠨ ᠬᠦᠪᠡᠭᠦᠨ ᠬᠠᠪᠢᠴᠢ ᠪᠠᠭᠠᠲᠤᠷ ᠭᠡᠳᠡᠭ ᠠᠴᠠ ᠬᠤᠶᠢᠰᠢ ᠤᠯᠠᠮᠵᠢᠯᠠᠭᠰᠠᠨ | ᠬᠦᠪᠡᠭᠦᠳ ︵ᠵᠠᠯᠠᠭᠠᠨ ᠲᠦᠷᠦᠯ︶ ᠢ ᠮᠣᠩᠭᠤᠯ ᠤᠨ ᠪᠤᠷᠵᠢᠭᠢᠨ ᠣᠪᠤᠭᠲᠠᠨ ᠭᠡᠲᠡᠭ᠃ ︽ᠨᠢᠭᠤᠴᠠ ᠲᠤᠪᠴᠢᠶᠠᠨ︾ | ᠂ ︽ᠰᠡᠴᠡᠯᠡᠭᠴᠢᠳ ᠤᠨ ᠴᠢᠭᠤᠯᠭᠠᠨ ᠤ ᠨᠠᠮᠠᠭ᠎ᠠ︾ ᠁ ᠵᠡᠷᠭᠡ ᠰᠤᠷᠪᠤᠯᠵᠢ ᠪᠢᠴᠢᠭ ᠲᠤ ︽ᠲᠡᠮᠤᠵᠢᠨ ᠤ ︵ | ᠴᠢᠩᠭᠢᠰ ᠬᠠᠭᠠᠨ︶ ᠢᠵᠠᠭᠤᠷ ᠠᠨᠤ ᠳᠡᠭᠡᠳᠦ ᠲᠡᠭᠷᠢ ᠠᠴᠠ ᠵᠠᠶᠠᠭᠠᠵᠦ ᠲᠦᠷᠦᠭᠰᠡᠨ ᠪᠦᠷᠲᠡ ᠴᠢᠨ᠋ᠸ᠎ᠠ᠂ ᠭᠡᠷᠭᠡᠢ | ᠬᠤᠸᠠ ᠮᠠᠷᠠᠯ ᠲᠠᠩᠭᠢᠰ ᠬᠡᠲᠦᠯᠡᠨ ᠢᠷᠡᠵᠦ᠂ ᠤᠨᠤᠨ ᠮᠦᠷᠠᠨ ᠤ ᠡᠬᠢ ᠪᠤᠷᠬᠠᠨ ᠬᠠᠯᠲᠤᠨ ᠳᠤ ᠨᠤᠲᠤᠭᠯᠠᠵᠦ | ᠬᠦᠪᠡᠭᠦᠨ ᠪᠠᠲᠠᠴᠢ ᠪᠠᠭᠠᠲᠤᠷ ᠢ ᠲᠦᠷᠦᠪᠡ᠃ | ᠪᠠᠲᠠᠴᠢ ᠪᠠᠭᠠᠲᠤᠷ — ᠲᠡᠮᠡᠴᠡ᠂ ᠲᠡᠭᠦᠨ ᠤ ᠬᠦᠪᠡᠭᠦᠨ — ᠬᠤᠷᠢᠨᠴᠡᠷ ᠮᠡᠷᠭᠡᠨ᠂ ᠬᠤᠷᠢᠨᠴᠡᠷ ᠮᠡᠷᠭᠡᠨ | ᠤ ᠬᠦᠪᠡᠭᠦᠨ ᠠᠭᠤᠵᠢᠮ ᠪᠤᠷᠤᠬᠤᠯ᠂ ᠠᠭᠤᠵᠢᠮ ᠪᠤᠷᠤᠬᠤᠯ ᠤᠨ ᠬᠦᠪᠡᠭᠦᠨ ᠰᠠᠯᠢ ᠬᠠᠴᠠᠭᠤ᠂ ᠰᠠᠯᠢ ᠬᠠᠴᠠᠭᠤ ᠶᠢᠨ | ᠬᠦᠪᠡᠬᠦᠨ — ᠶᠡᠭᠡ ᠨᠢᠳᠦᠨ᠂ ᠲᠡᠭᠦᠨ ᠤ ᠬᠦᠪᠡᠭᠦᠨ ᠰᠠᠮ ᠰᠤᠴᠢ᠂ ᠰᠠᠮ ᠰᠤᠴᠢ ᠶᠢᠨ ᠬᠦᠪᠡᠭᠦᠨ ᠬᠠᠷᠴᠤ᠂ | ᠬᠠᠷᠴᠤ ᠢ ᠬᠦᠪᠡᠭᠦᠨ ᠪᠤᠷᠵᠢᠬᠢᠲᠠᠢ ᠮᠡᠷᠭᠡᠨ᠂ ᠲᠡᠭᠦᠨ ᠤ ᠬᠦᠪᠡᠭᠦᠨ — ᠲᠤᠷᠤᠭᠤᠯᠵᠢᠨ ᠪᠠᠶᠠᠨ᠂ ᠲᠤᠷᠭᠤᠯᠵᠢᠨ | ᠪᠠᠶᠠᠨ ᠤ ᠬᠦᠪᠡᠭᠦᠨ ᠲᠤᠸᠠ ᠰᠤᠬᠤᠷ᠂ ᠲᠤᠪᠤ ᠮᠡᠷᠭᠡᠨ ᠬᠤᠶᠠᠷ ᠬᠦᠪᠡᠭᠦᠨ ᠲᠠᠢ᠃ ᠲᠤᠪᠤ ᠮᠡᠷᠭᠡᠨ— ᠪᠡᠯᠭᠦᠨᠤᠲᠠᠢ | ᠂ ᠪᠦᠬᠦᠨᠤᠲᠠᠢ᠂ ᠪᠤᠭᠤ ᠬᠠᠳᠠᠬᠢ᠂ ᠪᠤᠬᠠᠲᠦ ᠰᠠᠯᠵᠢ᠂ ᠪᠤᠲᠠᠨᠴᠡᠷ ᠮᠤᠩᠬᠠᠭ ᠲᠠᠪᠤᠨ ᠬᠦᠪᠡᠭᠦᠨ ᠲᠠᠢ᠂ ᠪᠤᠲᠠᠨᠴᠡᠷ | ᠮᠤᠩᠬᠤᠭ ᠠᠴᠠ ᠬᠠᠪᠢᠴᠢ ᠪᠠᠭᠠᠳᠤᠷ᠂ ᠵᠡᠭᠦᠷᠡᠲᠡᠢ ᠬᠡᠬᠦ ᠬᠤᠶᠠᠷ ᠬᠦᠪᠡᠭᠦᠨ ᠲᠠᠢ᠃ ᠬᠠᠪᠢᠴᠢ ᠪᠠᠭᠠᠲᠤᠷ — ᠮᠠᠨᠠᠨ | ᠲᠤᠳᠤᠨ᠂ ᠲᠡᠭᠦᠨ ᠤ ᠬᠦᠪᠡᠭᠦᠨ ᠬᠠᠴᠢ ᠬᠦᠯᠦᠭ᠂ ᠬᠠᠴᠢ ᠬᠦᠯᠦᠭ — ᠬᠠᠶᠢᠲᠦ᠂ ᠲᠡᠭᠦᠨ ᠠᠴᠠ ᠪᠠᠶᠢᠰᠢᠩᠬᠤᠷ | ᠲᠤᠭᠰᠢᠨ᠂ ᠴᠠᠷᠬᠠᠢ ᠯᠢᠩᠬᠤ᠂ ᠴᠠᠤᠵᠢᠨ ᠦᠷᠲᠡᠬᠡᠢ ᠭᠤᠷᠪᠠᠨ ᠬᠦᠪᠡᠭᠦᠨ ᠲᠠᠢ᠂ ᠪᠠᠶᠢᠰᠢᠩᠬᠤᠷ ᠲᠤᠭᠰᠢᠨ ᠠᠴᠠ | ᠲᠤᠮᠪᠢᠨᠠᠢ ᠴᠡᠴᠡᠨ ᠨᠢᠬᠡ ᠬᠦᠪᠡᠭᠦᠨ ᠲᠠᠢ᠃ ᠲᠤᠮᠪᠢᠨᠠᠢ ᠴᠡᠴᠡᠨ — ᠬᠠᠪᠤᠯ ᠬᠠᠭᠠᠨ᠂ ᠰᠠᠮ ᠰᠠᠴᠤᠯ᠎ᠠ ᠬᠤᠶᠠᠷ | ᠪᠠᠶᠢᠵᠦ᠂ ᠬᠠᠪᠤᠯ ᠬᠠᠭᠠᠨ ᠲᠤᠯᠤᠭᠠᠨ ᠬᠦᠪᠡᠭᠦᠨ ᠲᠠᠢ ᠲᠡᠭᠦᠨ ᠤ ᠶᠡᠭᠡ ᠬᠦᠪᠡᠬᠦᠨ ᠤ ᠨᠡᠷ᠎ᠠ ᠨᠢ ᠪᠠᠷᠲᠠᠨ ᠪᠠᠭᠠᠲᠤᠷ ︵ | ᠬᠠᠭᠠᠨ︶᠂ ᠲᠠᠭᠦᠨ ᠤ ᠬᠦᠪᠡᠭᠦᠨ ᠶᠢᠰᠦᠭᠡᠢ ᠪᠠᠭᠠᠲᠦᠷ ︵ᠡᠨᠡ ᠦᠶ᠎ᠡ ᠳᠤ ᠬᠠᠭᠠᠨ ᠪᠢᠰᠢ᠂ ᠭᠡᠪᠡᠴᠦ ᠬᠠᠭᠠᠨ | ᠰᠦᠯᠲᠠ ᠶᠢ ᠬᠠᠳᠠᠭᠠᠯᠠᠵᠦ᠂ ᠲᠠᠬᠢᠵᠦ ᠪᠠᠶᠢᠭᠰᠠᠨ︶᠂ ᠶᠢᠰᠦᠭᠡᠢ ᠪᠠᠭᠠᠲᠤᠷ ᠤᠨ ᠤᠤᠭᠠᠨ ᠭᠦᠪᠡᠭᠦᠨ ᠲᠡᠮᠤᠵᠢᠨ ︵ | ᠴᠢᠩᠭᠢᠰ ᠬᠠᠭᠠᠨ︶ ᠪᠤᠯᠤᠨ᠎ᠠ᠃ | ᠴᠢᠩᠭᠢᠰ ᠬᠠᠭᠠᠨ ᠤ ᠡᠴᠢᠭᠡ ᠶᠢᠰᠦᠭᠡᠢ ᠪᠠᠭᠠᠲᠤᠷ ᠬᠦᠬᠡ ᠴᠡᠩᠬᠡᠷ ᠨᠢᠲᠦ ᠲᠠᠢ ᠪᠢᠯᠡ᠃ ᠮᠣᠩᠭᠤᠯᠴᠤᠳ | ᠴᠡᠩᠬᠡᠷ ᠢ ᠪᠤᠷᠤ ᠴᠠᠭᠠᠨ ᠭᠡᠵᠦ ᠳᠠᠭᠤᠳᠠᠳᠠᠭ ᠠᠴᠠ᠃ ᠲᠡᠷᠡ ᠣᠪᠤᠭ ᠤᠨ ᠬᠢᠨ ᠬᠦᠮᠦᠰ ᠪᠡᠶ᠎ᠡ ᠪᠡᠶᠡᠰ ᠢᠶᠠᠨ ᠪᠤᠷᠤ | ᠴᠠᠭᠠᠨ ᠤ ᠬᠢᠨ ᠭᠡᠲᠡᠭ ᠮᠦᠷᠲᠡᠭᠡᠨ ᠶᠢᠰᠦᠭᠡᠢ ᠪᠠᠭᠠᠲᠤᠷ ᠤᠨ ᠰᠠᠯᠠᠭ᠎ᠠ ᠤ ᠬᠢᠨ ᠴᠦ ᠪᠡᠶ᠎ᠡ ᠪᠠᠶᠠᠰ ᠤᠨ ᠪᠤᠷᠤ | ᠴᠠᠭᠠᠨ ᠤ ᠭᠢᠶᠡᠳ ︵ᠬᠢᠶᠠᠨ︶ ᠬᠡᠮᠡᠨ ᠨᠡᠷᠡᠶᠢᠳᠳᠡᠭ ᠪᠢᠯᠡ᠃ | ᠪᠤᠷᠤ ᠴᠠᠭᠠᠨ ᠤ ᠬᠢᠨ ᠬᠡᠮᠡᠬᠦ ᠳᠠᠭᠤᠳᠠᠯᠭ᠎ᠠ ᠲᠤᠪᠴᠢᠷᠠᠭᠰᠠᠭᠠᠷ ᠪᠠᠶᠢᠵᠦ᠂ ᠪᠤᠷᠤ — ᠴ᠊ — ᠬᠢᠨ᠂ ᠪᠤᠷᠤ | — ᠴ᠊ — ᠬᠢᠨ— ᠪᠤᠷᠤ— ᠵ᠊ — ᠬᠢᠨ— ᠪᠤᠷᠤ — ᠵᠢ᠊ — ᠬᠢᠨ ᠪᠤᠯᠤᠨ ᠠᠪᠢᠶ᠎ᠠ | ᠬᠡᠬᠡᠭᠳᠡᠭᠰᠡᠭᠡᠷ ᠪᠠᠶᠢᠵᠦ ᠤᠳᠤᠬᠢ ︽ᠪᠤᠷᠵᠢᠭᠢᠨ︾ ᠪᠤᠯᠵᠦ ᠤᠳᠤ ᠬᠦᠷᠴᠠᠢ᠃ ᠬᠢᠶᠡᠳᠴᠤᠤᠯ ᠬᠠᠪᠤᠯ ᠬᠠᠭᠠᠨ ᠠᠴᠠ | ᠬᠤᠶᠢᠰᠢ ᠪᠡᠶ᠎ᠡ ᠪᠡᠶᠡᠰ ᠢᠶᠠᠨ ᠤᠳᠠᠭᠠᠨ ᠵᠢᠯ ᠵᠤᠵᠠᠭᠠᠨ ᠬᠤᠨᠤᠭ ᠢᠩᠭᠢᠵᠦ ᠨᠡᠷᠡᠶᠢᠳᠦᠭᠰᠡᠭᠡᠷ ᠢᠷᠡᠵᠡᠢ᠃ | ᠪᠤᠷᠵᠢᠭᠢᠨ ᠣᠪᠤᠭᠲᠠᠨ ᠦᠪᠡᠷ ᠤᠨ ᠣᠪᠤᠭ ᠢᠶᠠᠨ ᠲᠣᠭᠠᠴᠢᠬᠤ ᠳᠠᠭᠠᠨ᠄ | ︽ᠪᠤᠲᠠᠠᠴᠢᠷ ᠡᠵᠡᠨ ᠲᠡᠭᠡᠲᠦᠰ ᠲᠠᠢ᠂ | ᠪᠤᠷᠬᠠᠨ ᠬᠠᠯᠲᠤᠨ ᠨᠤᠲᠤᠭ ᠲᠠᠢ᠂ | ᠪᠤᠷᠵᠢᠭᠢᠨ ᠣᠪᠤᠭ ᠤᠨ ᠦᠷᠡᠰ᠂ | ᠬᠢᠶᠡᠳ ᠴᠠᠭᠠᠨ ᠶᠠᠰᠤᠲᠠᠨ᠃ | ᠨᠠᠷᠠᠨ ᠰᠠᠷᠠᠨ ᠰᠢᠲᠦᠭᠡᠨ ᠲᠠᠢ᠂ | ᠨᠠᠴᠢᠨ ᠱᠣᠩᠬᠤᠷ ᠰᠦᠯᠲᠡ ᠲᠠᠢ᠂ | ᠪᠤᠷᠵᠢᠭᠢᠨ ᠤᠪᠤᠭ ᠤᠨ ᠦᠷᠡᠰ᠂ | ᠬᠢᠶᠡᠳ ᠴᠠᠭᠠᠨ ᠶᠠᠰᠤᠲᠠᠨ︾ ᠬᠡᠮᠡᠨ ᠤᠶᠠᠩᠭᠠᠯᠠᠲᠠᠭ ᠰᠠᠠᠵᠠᠢ᠃ | |