| | ᠬᠦᠮᠦᠰ ᠡᠷᠳᠠ ᠲᠡᠭᠡᠳᠤ ᠦᠶᠡᠠ ᠴᠠ ᠠᠪᠣᠭᠠᠳ ᠡᠷᠳᠡᠮ ᠨᠣᠮ ᠢ ᠡᠷᠭᠢᠮ ᠲᠤ ᠦᠵᠡᠵᠥ᠂ ᠦᠷ᠎ᠡ ᠬᠡᠦᠬᠡᠳ | ᠢᠶᠠᠨ ︽ ᠡᠳ᠋ ᠪᠠᠷ ᠪᠡᠶ᠎ᠡ ᠪᠠᠨ ᠴᠢᠮᠡᠬᠦ ᠠᠴᠠ ᠡᠷᠳᠡᠮ ᠢᠶᠠᠷ ᠪᠡᠶ᠎ᠡ ᠪᠠᠨ ᠴᠢᠮᠨ︾᠂ ︽ᠨᠣᠮ ᠦᠭᠡᠢ ᠯᠠᠮᠨ ᠬᠤᠷᠠᠯ | ᠠᠴᠠ ᠠᠶᠣᠨ᠎ᠠ᠂ ᠨᠣᠣᠰᠣ ᠦᠭᠡᠢ ᠢᠮᠠᠭ᠎ᠠ ᠬᠤᠴᠠ ᠠᠴᠠ ᠠᠶᠣᠨ᠎ᠠ︾ ᠭᠡᠵᠥ ᠡᠷᠳᠡᠮ ᠨᠣᠮ ᠦᠭᠡᠢ ᠭᠦᠮᠦᠨ | ᠠᠮᠢᠳᠣᠷᠠᠯ ᠤᠨ ᠣᠷᠴᠢᠨ ᠲᠣᠭᠤᠷᠢᠨ᠋ ᠲᠤ ᠵᠣᠭᠢᠴᠠᠵᠥ ᠴᠢᠳᠠᠬᠤ ᠦᠭᠡᠢ᠂ ᠨᠡᠶᠢᠭᠡᠮ ᠤᠨ ᠲᠠᠪᠰᠢᠯᠳᠠ ᠶᠢ ᠲᠠᠭᠠᠵᠦ | ᠲᠡᠶᠢᠯᠬᠦ ᠦᠭᠡᠢ ᠭᠡᠳᠡᠭ ᠰᠠᠨᠠᠭᠤᠯᠣᠨ ᠰᠤᠷᠭᠠᠬᠰᠠᠭᠠᠷ ᠢᠷᠡᠭ᠌ᠰᠠᠨ ᠣᠯᠠᠮᠵᠢᠯᠠᠯ ᠲᠠᠢ᠃ | ᠨᠣᠮ ᠪᠣᠯ ᠭᠦᠮᠦᠨ ᠲᠦᠷᠦᠯᠭᠢᠳᠠᠨ᠋ ᠤ ᠲᠠᠪᠰᠢᠯᠳᠠ ᠶᠢᠨ ᠱᠠᠳᠤ ᠮᠦᠨ᠃ ᠨᠣᠮ ᠳᠤ ᠭᠦᠮᠦᠨ ᠲᠦᠷᠦᠯᠭᠢᠳᠠᠨ᠋ | ᠤ ᠲᠡᠦᠬᠡ ᠶᠢᠨ ᠶᠠᠪᠣᠴᠨ᠂ ᠨᠡᠶᠢᠭᠡᠮ ᠤᠨ ᠲᠠᠪᠰᠢᠯᠳᠠ ᠪᠠ ᠦᠷ᠎ᠡ ᠪᠦᠳᠦᠭᠡᠯ ᠴᠦᠮ ᠬᠠᠳᠠᠭᠠᠯᠬᠳᠠᠵᠥ ᠪᠠᠶᠢᠳᠠᠭ | ᠪᠦᠭᠡᠳ ᠨᠣᠮ ᠲᠤ ᠰᠣᠶᠣᠯ ᠮᠡᠳᠡᠯᠭᠡ ᠶᠢᠨ ᠰᠣᠳᠠᠯ᠂ ᠦᠵᠡᠯ ᠰᠠᠨᠠᠭᠠᠨ᠋ ᠤ ᠴᠢᠮᠥᠭᠡ᠂ ᠦᠠᠳᠦᠰᠦᠳᠠᠨ᠋ ᠤ ᠴᠤᠭ | ᠰᠦᠯᠳᠠ ᠤᠷᠤᠰᠢᠵᠥ ᠪᠠᠶᠢᠳᠠᠭ᠃ ᠪᠢᠳᠡᠨ᠋ ᠤ ᠬᠠᠵᠠᠭᠤ ᠳᠤ ᠨᠣᠮ ᠤᠨ ᠡᠳ᠋ᠯᠡᠵᠥ ᠪᠠᠷᠠᠰᠢ ᠦᠭᠡᠢ ᠡᠷᠳᠡᠮ᠂ | ᠰᠤᠷᠴᠦ ᠪᠠᠷᠠᠰᠢ ᠦᠭᠡᠢ ᠰᠣᠷᠭᠠᠮᠵᠢ᠂ ᠠᠭᠤᠳᠠᠯᠵᠥ ᠪᠠᠷᠠᠰᠢ ᠦᠭᠡᠢ ᠨᠢᠭᠤᠴᠨ᠋ ᠶᠢ ᠮᠡᠳᠡᠵᠥ ᠠᠪᠬᠤ ᠬᠡᠮᠡᠨ ᠣᠯᠠᠨ | ᠠᠷᠪᠢᠨ ᠨᠣᠮ ᠤᠩᠰᠢᠵᠥ᠂ ᠭᠦᠰᠠᠯ ᠤᠨ ᠲᠤᠭ ᠢᠶᠠᠨ ᠡᠷᠭᠦᠵᠥ ᠭᠦᠴᠦᠳᠠᠢ ᠴᠢᠷᠮᠡᠶᠢᠵᠥ ᠶᠠᠪᠤᠭ᠎ᠠ ᠭᠦᠮᠦᠰ ᠤᠯᠠᠨ | ᠪᠤᠢ᠃ ᠭᠡᠪᠡᠴᠦ ᠤᠶᠢᠷ᠎ᠠ ᠶᠢᠨ ᠵᠢᠯ ᠤᠳ ᠠᠴᠠ ᠬᠦᠮᠦᠰ ᠤᠨ ᠨᠤᠮ ᠤᠡᠭᠰᠢᠬᠤ ᠨᠣᠷᠮ᠎ᠡ ᠴᠦᠭᠡᠷᠡᠵᠥ ᠪᠠᠶᠢᠬᠤ | ᠪᠦᠭᠡᠳ ᠵᠡᠷᠢᠮ ᠨᠢ ᠨᠢᠭᠡ ᠵᠢᠯ ᠲᠤ ᠨᠢᠭᠡ ᠴᠦ ᠨᠣᠮ ᠣᠷᠪᠠᠭᠤᠯᠵᠥ ᠤᠩᠰᠢᠬᠤ ᠦᠭᠡᠢ ᠪᠠᠶᠢᠵᠥ᠂ ᠶᠠᠭᠤᠮ᠎ᠠ | ᠮᠡᠳᠡᠭᠰᠡᠨ ᠨᠢᠬᠡ ᠨᠢ ᠪᠣᠯᠵᠥ ᠶᠠᠪᠣᠳᠠᠭ ᠭᠦᠮᠦᠰ ᠪᠠᠰᠠ ᠵᠦᠡᠭᠳᠡᠭᠡᠨ ᠬᠠᠷᠠᠭᠳᠠᠵᠦ ᠪᠠᠶᠢᠳᠠᠭ᠃ ᠠᠯᠳᠠᠨ ᠮᠦᠩᠭᠦ | ᠠᠮᠢᠳᠣᠷᠠᠯ ᠤᠨ ᠭᠦᠷᠦᠩᠭᠡ ᠪᠣᠯᠪᠠᠴᠤ ᠠᠮᠢᠳᠤ ᠶᠢᠨ ᠵᠢᠷᠭᠠᠯ ᠲᠡᠷᠨ ᠪᠦᠭᠦᠨ᠋ ᠢᠶᠠᠷ ᠢᠶᠠᠨ ᠪᠢᠰᠢ ᠶᠣᠮ᠂ ᠵᠣᠭᠤᠰ | ᠮᠦᠩᠭᠦ ᠨᠢᠮᠭᠡᠷᠡᠪᠠᠴᠤ ᠵᠣᠷᠢᠭ ᠰᠠᠨᠠᠭ᠎ᠠ ᠰᠣᠯᠠᠷᠠᠬᠤ ᠦᠭᠡᠢ ᠪᠣᠯ ᠠᠮᠵᠢᠯᠳᠠ ᠪᠦᠳᠦᠭᠡᠯ ᠡᠮᠣᠨᠠᠠ ᠴᠢᠨᠢ ᠣᠠᠳᠣᠷᠠᠨᠠ᠃ | ᠨᠢᠭᠡ ᠭᠦᠮᠦᠨ ᠭᠡᠷᠪᠡ ᠣᠶᠣᠨ ᠰᠠᠨᠠᠭᠠᠨ᠋ ᠤ ᠲᠡᠯ᠎ᠡ ᠪᠠᠷ ᠡᠷᠭᠢᠮ ᠲᠡᠭᠡᠳᠤ᠂ ᠦᠵᠡᠯ ᠰᠠᠨᠠᠭᠠᠨ᠋ ᠤ᠊ ᠲᠠᠯ᠎ᠠ ᠪᠠᠷ | ᠲᠠᠪᠰᠢᠩᠭᠤᠢ᠂ ᠠᠮᠢᠳᠣᠷᠠᠯ ᠲᠤ ᠵᠦᠪ ᠦᠵᠡᠯᠳᠡ ᠲᠠᠢ ᠪᠣᠯᠣᠨ᠎ᠠ ᠭᠡᠪᠡᠯ ᠨᠣᠮ ᠢᠯᠡᠭᠦᠭᠡᠨ ᠤᠩᠰᠢᠵᠥ ᠲᠠᠰᠣᠷᠠᠯᠳᠠ | ᠦᠭᠡᠢ ᠮᠡᠳᠡᠯᠭᠡ ᠶᠢᠨ ᠭᠡᠪᠴᠢᠶ᠎ᠠ ᠪᠠᠨ ᠦᠷᠭᠡᠳᠭᠡᠭᠦ ᠭᠡᠷᠡᠭᠳᠡᠢ᠃ ᠢᠯᠡᠩᠭᠤᠶ᠎ᠠ ᠤᠳᠤ ᠶᠢᠨ ᠴᠠᠬᠢᠮ ᠴᠠᠭ ᠦᠶ᠎ᠡ ᠲᠤ | ᠵᠦᠢᠯ ᠪᠦᠷᠢ ᠶᠢᠨ ᠣᠳᠣᠭᠢᠴᠢᠯᠡᠭᠰᠠᠨ ᠵᠠᠭᠤᠴᠢ ᠪᠣᠯᠬᠤ ᠵᠢᠷᠤᠬᠳᠦ᠂ ᠺᠤᠮᠫᠢᠤᠲ᠋ᠧᠷ ᠵᠡᠷᠭᠡᠨᠢ ᠭᠦᠮᠦᠰ ᠤᠨ | ᠬᠠᠷᠠᠭ᠎ᠠ ᠶᠢ ᠦᠷᠭᠡᠳᠭᠡᠵᠥ᠂ ᠮᠡᠳᠡᠯᠭᠡ ᠶᠢ ᠲᠡᠯᠡᠵᠦ ᠪᠠᠶᠢᠬᠤ ᠪᠣᠯᠪᠠᠴᠤ ᠨᠢᠭᠡ ᠲᠡᠪᠳᠡᠷ ᠰᠠᠶᠢᠨ ᠨᠣᠮ ᠢ ᠣᠷᠣᠯᠠᠵᠥ | ᠴᠢᠳᠠᠬᠤ ᠦᠭᠡᠢ ᠶᠣᠮ᠃ ᠮᠡᠳᠡᠯᠭᠡ ᠶᠢᠨ ᠠᠵᠥ ᠠᠬᠤᠢ ᠶᠢᠨ ᠨᠡᠶᠢᠭᠡᠮ ᠲᠤ ᠰᠠᠶᠢᠨ ᠨᠣᠮ ᠢᠯᠡᠭᠦᠭᠡᠨ ᠤᠩᠰᠢᠪᠠᠯ | ᠰᠠᠶᠢ ᠮᠡᠳᠡᠯᠭᠡ ᠶᠢᠨ ᠭᠡᠪᠴᠢᠶ᠎ᠡ ᠪᠠᠨ ᠦᠷᠭᠡᠳᠭᠡᠵᠥ᠂ ᠣᠶᠣᠨ᠋ ᠰᠠᠨᠠᠭ᠎ᠠ ᠪᠠᠨ ᠪᠠᠶᠠᠯᠢᠬᠵᠢᠭᠤᠯᠵᠥ᠂ ᠦᠩᠭᠡᠷᠡᠭ᠌ᠰᠠᠨ᠋ | ᠢᠶᠠᠷ ᠳ᠋ᠦᠩᠨᠡᠵᠥ᠂ ᠤᠳᠤ ᠪᠠᠨ ᠪᠠᠳᠤ ᠠᠳᠭᠤᠵᠥ᠂ ᠢᠷᠡᠭᠡᠳᠦᠢ ᠪᠠᠨ ᠪᠠᠷᠠᠯᠠᠵᠦ ᠴᠢᠳᠠᠳᠠᠭ᠃ | ᠨᠣᠮ ᠤᠩᠰᠢᠬᠤ ᠨᠢ ᠨᠢᠭᠡ ᠭᠦᠮᠦᠨ᠋ ᠤ ᠪᠣᠯᠪᠠᠰᠣᠷᠠᠯ ᠪᠤᠯᠬᠤ ᠪᠠᠷ ᠪᠠᠷᠠᠬᠤ ᠦᠭᠡᠢ ᠦᠪᠡᠷ ᠢ ᠪᠠᠨ | ᠲᠡᠭᠦᠯᠳᠡᠷᠵᠢᠭᠦᠯᠭᠦ᠂ ᠦᠪᠡᠷ ᠢ ᠪᠠᠨ ᠲᠡᠭᠡᠭᠰᠢᠯᠡᠬᠦᠯᠬᠦ ᠂ ᠦᠪᠡᠷ ᠤᠨ ᠲᠣᠬᠠᠶᠢᠯᠡᠭᠰᠠᠨ ᠠᠵᠢᠯ ᠲᠠᠭᠠᠨ | ᠲᠤᠬᠢᠷᠠᠬᠠᠰᠠᠨ ᠮᠡᠳᠡᠯᠭᠡ ᠬᠤᠷᠠᠮᠳᠥᠭᠤᠯᠬᠤ ᠴᠢᠬᠤᠯᠨ ᠶᠠᠪᠣᠴᠨ ᠪᠣᠯᠣᠨ᠎ᠠ᠃ ᠠᠳᠠᠯᠢ ᠪᠣᠰᠣ ᠨᠣᠮ ᠵᠣᠭᠢᠶᠠᠯ ᠨᠢ | ᠠᠳᠠᠯᠢ ᠪᠣᠰᠣ ᠠᠭᠤᠯᠭ᠎ᠠ ᠲᠠᠢ ᠪᠤᠯᠬᠤᠷ ᠠᠳᠠᠯᠢ ᠪᠣᠰᠣ ᠮᠠᠳᠠᠯᠭᠡ ᠡᠵᠡᠮᠰᠢᠬᠦᠯᠬᠦ ᠪᠦᠭᠡᠳ ᠨᠢᠭᠡ ᠭᠦᠮᠦᠨ᠋ ᠤ | ᠣᠷᠮ᠎ᠠ ᠶᠢ ᠰᠠᠷᠭᠦᠭᠡᠵᠥ ᠠᠵᠢᠯ ᠤᠨ ᠲᠤᠷᠠᠰᠢᠯ ᠢ ᠬᠦᠭᠵᠢᠭᠡᠵᠥ᠂ ᠭᠦᠮᠦᠰ ᠤᠨ ᠵᠡᠩ ᠠᠭᠠᠯᠢ ᠶᠢ ᠪᠠᠰᠠ | ᠨᠦᠯᠦᠭᠡᠯᠡᠳᠡᠭ ᠪᠣᠯᠬᠤᠷ ᠨᠢᠭᠡ ᠰᠠᠶᠢᠨ ᠮᠡᠳᠡᠯᠭᠡ ᠶᠢᠨ ᠴᠢᠨᠠᠷ ᠲᠠᠢ ᠨᠣᠮ ᠤᠩᠰᠢᠬᠤ ᠨᠢ ᠮᠡᠳᠡᠯᠭᠡ ᠮᠡᠭᠦᠰ ᠬᠦᠮᠦᠨ᠋ | ᠲᠤ ᠮᠡᠳᠡᠯᠭᠡ ᠵᠢᠭᠠᠵᠥ᠂ ᠣᠬᠠᠭᠠᠨ ᠲᠠᠲᠠᠭᠤ ᠭᠦᠮᠦᠰ ᠢ ᠰᠠᠭᠡᠭᠡᠷᠡᠭᠦᠯᠵᠥ᠂ ᠢᠳᠡᠭᠡᠯ ᠡᠪᠣᠷᠯᠡᠭ᠌ᠰᠠᠨ ᠭᠦᠮᠦᠨ᠋ ᠲᠤ | ᠵᠢᠭᠦᠷ ᠣᠷᠭᠤᠭᠤᠯᠵᠥ᠂ ᠵᠣᠷᠢᠭ ᠲᠤᠳᠠᠭᠤ ᠭᠦᠮᠦᠨ᠋ ᠤ ᠵᠤᠷᠢᠭ ᠵᠢᠷᠦᠬᠡ ᠶᠢ ᠴᠢᠩᠭᠠᠯᠠᠳᠠᠭ᠃ ᠮᠠᠷᠭᠡᠵᠢᠯ ᠤ ᠴᠢᠨᠠᠷ | ᠲᠠᠢ ᠨᠣᠮ ᠤᠩᠰᠢᠪᠠᠯ ᠮᠡᠳᠡᠯᠭᠡ ᠮᠡᠷᠭᠡᠵᠢᠯ᠂ ᠠᠵᠢᠯᠯᠠᠬᠤ ᠠᠷᠭ᠎ᠠ ᠰᠢᠨᠡᠳᠴᠦ᠂ ᠠᠵᠢᠯ ᠤᠨ ᠪᠠᠶᠢᠷᠢᠨ᠋ ᠲᠠᠭᠠᠨ ᠦᠪᠡᠷ | ᠤᠨᠣᠷᠣᠨ ᠵᠠᠢ ᠪᠠᠨ ᠤᠯᠬᠤ ᠣᠬᠠᠭᠠᠨ᠋ ᠲᠠᠢ ᠪᠣᠯᠳᠠᠭ᠃ ᠰᠠᠳᠭᠢᠴᠨ᠋ ᠶᠢᠨ ᠵᠦᠢ ᠶᠢᠨ ᠲᠣᠬᠠᠢ ᠨᠣᠮ ᠤᠩᠰᠢᠪᠠᠯ | ᠣᠬᠠᠭᠠᠷᠠᠨ ᠰᠠᠭᠡᠭᠡᠷᠡᠵᠥ᠂ ᠢᠪᠴᠥᠥ ᠰᠠᠳᠭᠢᠯ ᠢ ᠢᠯᠡᠨ ᠲᠡᠪᠡᠵᠥ᠂ ᠭᠦᠮᠦᠰ ᠬᠤᠭᠤᠷᠤᠨᠳᠤᠬᠢ ᠬᠠᠷᠢᠴᠠᠭ᠎ᠠ ᠶᠢ | ᠵᠣᠭᠢᠴᠠᠭᠤᠯᠵᠥ ᠴᠢᠳᠠᠳᠠᠭ᠃ ᠨᠠᠷᠠᠳᠤ ᠭᠦᠮᠦᠰ ᠤᠨ ᠨᠡᠮᠳᠠᠷᠴᠢᠯᠠᠭᠰᠠᠨ ᠨᠣᠮ ᠢ ᠤᠩᠰᠢᠪᠠᠯ ᠲᠡᠳᠠᠨ᠋ ᠤ ᠠᠮᠢᠳᠣᠷᠠᠯ | ᠤᠨ ᠡᠷᠢᠯ ᠭᠦᠰᠠᠯ᠂ ᠬᠠᠳᠠᠭᠤᠵᠢᠯᠳᠠᠢ ᠴᠢᠷᠮᠡᠶᠢᠯᠭᠠᠠ ᠠᠴᠠ ᠭᠦᠨ ᠮᠡᠳᠡᠯᠭᠡ ᠪᠠ ᠠᠮᠢᠳᠣᠷᠠᠯ ᠤᠨ ᠣᠬᠠᠭᠠᠨ᠋ ᠢ | ᠰᠣᠷᠴᠤ᠂ ᠦᠪᠡᠷ ᠤᠨ ᠢᠶᠠᠨ ᠠᠵᠥ ᠠᠮᠢᠳᠣᠷᠠᠯ ᠤᠨ ᠠᠶᠠᠯᠠᠯ ᠲᠤ ᠵᠠᠮᠴᠢ ᠪᠣᠯᠭᠠᠳᠠᠭ᠃ ᠨᠢᠭᠡ ᠨᠣᠮ ᠲᠤ ᠨᠢᠭᠡ | ᠣᠬᠠᠭᠠᠨ ᠰᠢᠩᠭᠡᠭᠡᠵᠦ ᠪᠠᠶᠢᠳᠠᠭ᠃ | ︽ᠨᠣᠮ ᠪᠣᠯ ᠭᠦᠮᠦᠨ᠋ ᠤ ᠬᠠᠮᠤᠭ ᠤᠨ ᠦᠨᠡᠨᠴᠢ ᠨᠦᠭᠦᠷ᠂ ᠠᠭᠤᠷᠯᠠᠭᠰᠠᠨ ᠦᠶ᠎ᠡ ᠲᠡᠭᠡᠨ ᠴᠢ ᠲᠡᠭᠦᠨ᠋ ᠢ | ᠴᠢᠯᠠᠭᠤᠲᠠᠴᠢᠬᠠᠵᠣ ᠪᠣᠯᠣᠨ᠎ᠠ᠂ ᠣᠷᠮ᠎ᠠ ᠲᠠᠢ ᠦᠶ᠎ᠡ ᠲᠡᠭᠡᠨ ᠡᠷᠬᠢᠭᠡᠳ ᠠᠪᠣᠭᠠᠳ ᠤᠩᠰᠢᠬᠰᠠᠨ ᠴᠤ᠋ ᠲᠡᠷᠡ ᠮᠦᠨ | ᠯᠠ ᠦᠭᠭᠢᠶᠡᠮᠣᠷ ᠬᠡᠪ ᠢᠶᠠᠷ ᠪᠠᠶᠢᠳᠠᠭ︾ ᠭᠡᠵᠣ ᠨᠢᠭᠡᠨ ᠵᠤᠬᠢᠶᠠᠯᠴᠢ ᠵᠦᠢᠷᠯᠡᠵᠦ ᠬᠡᠯᠡᠭᠰᠡᠨ ᠭᠡᠳᠡᠭ᠃ ᠬᠦᠮᠦᠰ ᠡ᠂ | ᠨᠤᠮ ᠲᠠᠢ ᠨᠦᠬᠦᠷᠯᠡᠵᠦ ᠶᠠᠪᠤᠵᠠᠭᠠᠶ᠎ᠠ︕ | ᠲᠤᠮᠳᠠᠳᠤ ᠤᠯᠤᠰ ᠤᠨᠮᠤᠩᠭᠤᠯ ᠬᠡᠯᠡᠨ ᠤ ᠰᠤᠨᠢᠠ ᠮᠡᠳᠡᠭᠡ ᠶᠢᠨ ᠰᠦᠯᠵᠢᠶ᠎ᠠ | |