ᠲᠠᠷᠢᠶᠠᠴᠢᠨ ᠠᠪᠤ ᠮᠢᠨᠢ
ᠨᠡᠶᠢᠲᠡᠯᠡᠭᠰᠡᠨ ᠴᠠᠭ᠄
2023/8/14
ᠲᠠᠷᠢᠶᠠᠴᠢᠨ ᠠᠪᠤ ᠮᠢᠨᠢ                             ᠵᠣᠬᠢᠶᠠᠭᠴᠢ᠄ ᠯ᠊ · ᠰᠣᠨᠢᠨ       ᠠᠪᠤ ᠮᠢᠨᠢ ᠪᠥᠭᠲᠥᠷ ᠠᠨᠵᠢᠰᠤ ᠪᠠᠷ ᠠᠮᠢᠳᠤᠷᠠᠯ ᠤᠨ ᠨᠢᠷᠤᠭᠤ ᠶᠢ ᠲᠤᠯᠵᠤ ᠶᠠᠪᠤᠭᠰᠠᠨ ᠣᠮᠤᠭ ᠪᠣᠰᠤᠭ᠎ᠠ ᠰᠦᠷ ᠃ ᠨᠤᠲᠤᠭ ᠤᠨ ᠢᠶᠠᠨ ᠪᠣᠷᠣ ᠲᠣᠯᠣᠭᠠᠳ ᠰᠢᠭ᠋ ᠨᠠᠮᠬᠠᠨ ᠭᠢᠷᠢᠨ᠎ᠡ ᠦᠷ᠎ᠡ ᠶᠢᠨ ᠢᠶᠠᠨ ᠰᠡᠳᠬᠢᠯ ᠳᠤ ᠠᠭᠤᠯᠠᠰ ᠤᠨ ᠨᠣᠶᠠᠨ ᠰᠠᠷᠢᠳᠠᠭ ᠰᠢᠭ᠋ ᠰᠦᠮᠪᠦᠷᠯᠡᠳᠡᠭ ᠬᠠᠯᠢᠯ ᠥᠨᠳᠥᠷ ᠬᠠᠳᠠ᠃ ᠠᠨᠢᠷ ᠦᠭᠡᠢ ᠠᠭᠤᠳᠠᠮ᠂ ᠬᠠᠷᠠᠭ᠎ᠠ ᠮᠤᠬᠤᠮ᠎ᠠ ᠲᠠᠷᠢᠶᠠᠨ ᠭᠠᠵᠠᠷ ᠲᠠᠭᠠᠨ ᠡᠵᠡᠨ ᠵᠢᠪᠬᠤᠭ᠎ᠠ ᠪᠠᠳᠠᠷᠠᠭᠠᠨ ᠰᠦᠨᠳᠡᠷᠯᠡᠬᠦ ᠠᠪᠤ ᠮᠢᠨᠢ ᠲᠠᠷᠢᠶᠠᠴᠢᠨ᠃    ᠤᠷᠭᠤᠬᠤ ᠨᠠᠷᠠᠨ ᠤ ᠤᠯᠠᠪᠢᠷ ᠰᠢᠷ᠎ᠠ ᠱᠠ ᠨᠥᠮᠥᠷᠦᠭᠰᠡᠭᠡᠷ ᠬᠥᠯᠭᠡ ᠶᠢᠨ ᠦᠬᠡᠷ ᠢᠶᠠᠨ ᠰᠢᠪᠠᠳᠠᠨ ᠲᠠᠷᠢᠶᠠᠨ ᠳᠠᠭᠠᠨ ᠭᠠᠷᠬᠤ ᠳᠤ ᠬᠤᠭᠤᠷ ᠤᠨ ᠦᠯᠢᠭᠡᠷ ᠤᠨ ᠪᠠᠭᠠᠲᠤᠷ ᠰᠢᠭ᠋ ᠰᠦᠷᠯᠢᠭᠦᠨ᠂ ᠪᠤᠭᠤᠷᠤᠯ ᠬᠠᠶᠢᠯᠠᠰᠤ ᠰᠢᠭ᠋ ᠲᠣᠭᠲᠠᠭᠤᠨ ᠬᠠᠷᠠᠭᠳᠠᠨ᠎ᠠ᠃ ᠦᠬᠡᠷ ᠠᠨᠵᠢᠰᠤ ᠪᠠᠷ ᠦᠨᠡᠨ ᠤ ᠮᠥᠷ ᠲᠠᠮᠠᠭᠠᠯᠠᠨ ᠶᠠᠪᠤᠬᠤ ᠳᠤ ᠡᠭᠦᠷᠦᠭᠰᠡᠨ ᠬᠤᠯᠤ ᠠᠴᠠ ᠨᠢ ᠬᠦᠰᠡᠯ ᠤᠨ ᠦᠷ᠎ᠡ ᠴᠤᠪᠤᠷᠠᠨ᠎ᠠ᠃ ᠡᠬᠡ ᠭᠠᠵᠠᠷ ᠤᠨ ᠡᠩᠭᠡᠷ ᠠᠴᠠ ᠰᠤᠭᠤᠷᠠᠨ ᠰᠤᠭᠤᠷᠠᠬᠤ ᠲᠠᠷᠢᠶᠠᠨ ᠴᠢᠬᠢ ᠠᠴᠠ ᠭᠦᠳᠡᠯᠮᠤᠷᠢ ᠲᠡᠮᠡᠴᠡᠯ ᠤᠨ ᠰᠠᠷᠠᠭᠤᠯ ᠤᠬᠠᠭᠠᠨ ᠤᠷᠭᠤᠵᠦ᠂ ᠬᠥᠯᠵᠢᠵᠦ ᠳᠡᠭᠵᠢᠷᠡᠬᠦ ᠶᠢᠨ ᠤᠷᠳᠤ ᠠᠶᠠᠨ ᠥᠯᠮᠡᠢ ᠳᠣᠣᠷ᠎ᠠ ᠠᠴᠠ ᠨᠢ ᠡᠬᠢᠯᠡᠨ᠎ᠡ᠃ ᠠᠷᠠᠯ ᠤᠨ ᠱᠠᠷ ᠤᠨ ᠠᠮᠤᠭᠤᠯᠠᠩ ᠠᠯᠬᠤᠭ᠎ᠠ ᠲᠠᠭᠠᠨ ᠤᠷᠤᠭᠰᠢᠯᠠᠬᠤ ᠢᠳᠡᠷᠡᠭᠦᠨ ᠬᠥᠯ ᠤᠨ ᠬᠢᠨᠢ ᠮᠥᠷ ᠪᠦᠷᠢ ᠲᠠᠷᠢᠶᠠᠨ ᠵᠤᠷᠬ᠎ᠠ ᠪᠠᠷ ᠳᠤᠷᠠᠶᠢᠨ ᠦᠯᠡᠳᠡᠵᠦ ᠬᠥᠯᠥᠰᠦᠨ ᠳᠡᠭᠡᠨ ᠳᠡᠪᠲᠦᠭᠰᠡᠨ ᠪᠣᠷᠣ ᠬᠠᠨᠵᠢᠶᠠᠷ ᠠᠴᠠ ᠨᠢ ᠨᠠᠷᠠᠨ ᠤ ᠦᠨᠦᠷ ᠬᠠᠩᠬᠤᠯᠤᠭᠰᠠᠨ ᠲᠠᠷᠢᠶᠠᠴᠢᠨ ᠠᠪᠤ ᠮᠢᠨᠢ ᠳᠡᠭᠵᠢᠷᠡᠬᠦ ᠬᠠᠪᠤᠷ ᠤᠨ ᠤᠶᠠᠩᠭ᠎ᠠ ᠪᠢᠯᠡ᠃      ᠥᠷᠥᠮᠡᠨ ᠰᠢᠷᠭᠠᠯ ᠭᠡᠭᠡ ᠬᠥᠰᠢᠭᠡᠯᠡᠵᠦ ᠠᠪᠤ ᠮᠢᠨᠢ ᠠᠷᠴᠢᠭᠤᠷ ᠢᠶᠠᠨ ᠮᠥᠷᠥᠯᠡᠭᠡᠳ ᠭᠠᠷᠤᠨ᠎ᠠ᠃ ᠥᠷᠯᠥᠭᠡ ᠶᠢᠨ ᠴᠡᠪᠡᠷ ᠠᠭᠠᠷ ᠲᠤ ᠠᠭᠤᠰᠬᠢᠨ ᠪᠣᠬᠢ ᠴᠡᠪᠡᠷᠰᠢᠵᠦ ᠪᠤᠭᠤᠷᠤᠯ ᠰᠡᠪᠡᠯᠭᠡ ᠶᠢᠨ ᠬᠢᠨᠢ ᠮᠥᠩᠭᠦᠨ ᠰᠢᠷᠬᠡᠭ ᠰᠢᠭᠦᠳᠡᠷᠢ ᠶᠢᠨ ᠰᠤᠪᠤᠳ ᠮᠥᠬᠦᠯᠢᠭ ᠲᠤ ᠭᠢᠯᠠᠯᠵᠠᠨ᠂ ᠮᠠᠩᠨᠠᠢ ᠶᠢᠨ ᠬᠢᠨᠢ ᠬᠤᠨᠢᠶᠠᠰᠤ ᠲᠠᠷᠢᠶᠠᠨ ᠲᠠᠯᠠᠩ ᠲᠠᠢ ᠢᠵᠢᠯᠢᠬᠡᠨ ᠵᠤᠷᠠᠶᠢᠵᠤ᠂ ᠬᠤᠨᠢᠨ ᠪᠣᠷᠣ ᠨᠢᠳᠦᠨ ᠳᠤᠨᠢ ᠬᠤᠯᠠ ᠶᠢᠨ ᠲᠥᠰᠥᠪ ᠵᠢᠷᠤᠭᠯᠠᠭᠳᠠᠨ᠎ᠠ᠃ ᠰᠢᠰᠢ᠂ ᠨᠠᠷᠢᠮᠤ ᠬᠠᠯᠢᠭᠤᠷᠠᠨ ᠳᠣᠯᠭᠢᠶᠠᠯᠠᠵᠤ᠂ ᠨᠣᠭᠤᠭᠠᠨ ᠰᠢᠷ᠎ᠠ ᠪᠤᠷᠴᠠᠭ ᠨᠣᠮᠢᠨ ᠬᠥᠬᠡ ᠳᠠᠪᠠᠯᠭ᠎ᠠ ᠲᠠᠲᠠᠨ᠎ᠠ᠃ ᠵᠤᠯᠠᠶᠢᠳᠠᠭᠤᠯᠵᠦ ᠳᠠᠷᠤᠭᠰᠠᠨ ᠨᠠᠪᠲᠠᠭᠠᠷ ᠮᠠᠯᠠᠭᠠᠢ ᠨᠢ ᠵᠤᠨ ᠤ ᠬᠤᠷᠴᠠ ᠨᠠᠷᠠᠨ ᠳᠤ ᠤᠩᠭᠤᠵᠤ᠂ ᠭᠠᠩᠳᠠᠭᠰᠠᠨ ᠪᠣᠷᠣ ᠳᠡᠪᠡᠯ ᠨᠢ ᠬᠡᠭᠡᠷ᠎ᠡ ᠶᠢᠨ ᠰᠠᠯᠬᠢᠨ ᠳᠤ ᠲᠡᠯᠪᠡᠯᠵᠡᠨ᠎ᠡ᠃ ᠵᠣᠷᠢᠭᠰᠠᠨ ᠵᠢᠳᠬᠦᠭᠰᠡᠨ ᠪᠦᠭᠦᠨ ᠳᠡᠭᠡᠨ ᠵᠠᠪᠠᠯ ᠬᠦᠷᠬᠦ ᠶᠢᠨ ᠰᠢᠵᠠᠭᠤᠷ ᠵᠠᠭᠤᠨ᠂ ᠣᠨ ᠵᠠᠭᠤᠨ ᠤ ᠤᠯᠠ ᠳᠤ ᠬᠠᠭᠰᠠᠷᠠᠭᠰᠠᠨ ᠪᠢᠯᠡᠭᠦᠦ ᠪᠠᠨ ᠤᠰᠤᠯᠠᠨ᠎ᠠ᠃ ᠬᠥᠮᠥᠨ ᠵᠤᠨ ᠤ ᠬᠥᠭᠵᠢᠯ ᠴᠡᠴᠡᠭᠯᠡᠯ ᠤᠨ ᠴᠡᠯᠡᠭᠡᠷ ᠲᠡᠨᠵᠢᠨ ᠳᠤ ᠲᠠᠷᠢᠶᠠᠴᠢᠨ ᠠᠪᠤ ᠮᠢᠨᠢ ᠲᠤᠭ ᠪᠣᠯᠣᠨ ᠨᠠᠮᠢᠷᠠᠨ᠎ᠠ᠃      ᠣᠭᠲᠠᠷᠭᠤᠢ ᠶᠢᠨ ᠭᠦᠨ ᠴᠡᠭᠡᠯ ᠳᠤ ᠪᠤᠴᠠᠬᠤ ᠭᠠᠯᠠᠭᠤᠳ ᠵᠡᠯᠡᠯᠡᠨ ᠨᠠᠮᠤᠷ ᠤᠨ ᠰᠢᠷᠭᠠᠯ ᠨᠠᠷᠠᠨ ᠥᠨᠳᠥᠷ ᠲᠤ ᠨᠠᠯᠠᠶᠢᠨ ᠰᠠᠭᠠᠲᠠᠵᠤ ᠰᠢᠵᠢᠷ ᠥᠩᠭᠡ ᠪᠠᠷ ᠭᠢᠯᠪᠠᠨ᠎ᠠ᠃ ᠬᠠᠳᠤᠯᠠᠩ ᠳᠤ ᠰᠠᠨᠳᠤᠤ ᠭᠢᠯᠠᠯᠵᠠᠨ ᠱᠠᠭᠢᠵᠤ ᠡᠷ᠎ᠡ ᠵᠣᠷᠢᠭ ᠡᠯᠢᠭᠡᠨ ᠲᠠᠮᠢᠷ ᠮᠥᠷᠦ᠋ᠢᠴᠡᠭᠰᠡᠨ ᠡᠷᠡᠴᠦᠳ ᠤᠨ ᠬᠦᠩᠭᠢᠨᠡᠮ᠎ᠡ ᠢᠨᠢᠶᠡᠳᠦ ᠰᠣᠨᠣᠷ ᠤᠨ ᠦᠵᠦᠭᠦᠷ ᠴᠤᠤᠷᠢᠶᠠᠲᠤᠨ᠎ᠠ᠃ ᠡᠪᠡᠰᠦᠨ ᠪᠤᠬᠠᠯ ᠤᠮᠪᠤ ᠴᠤᠮᠪᠤ ᠵᠡᠷᠭᠡᠯᠡᠭᠳᠡᠨ ᠥᠬᠢᠳ ᠪᠡᠷᠢᠶᠡᠳ ᠳᠠᠭᠤᠤ ᠠᠶᠠᠯᠤᠨ ᠮᠢᠰᠢᠯᠵᠡᠨ᠎ᠡ᠃ ᠲᠡᠷᠲᠡᠭᠡ ᠭᠤᠯᠢᠶ᠎ᠠ ᠵᠢᠷᠭᠢᠨ ᠴᠠᠷᠴᠠᠬᠠᠢ ᠴᠠᠷᠭᠢᠵᠤ ᠡᠷᠳᠡᠨᠢ ᠰᠢᠰᠢ ᠶᠢᠨ ᠵᠢᠯᠠᠭᠠᠨ ᠳᠡᠭᠡᠭᠦᠷ ᠦᠶ᠎ᠡ ᠦᠶ᠎ᠡ ᠰᠡᠷᠢᠭᠦᠨ ᠰᠠᠯᠬᠢ ᠰᠡᠪᠢᠯᠵᠡᠬᠦ ᠨᠢ ᠲᠠᠭᠠᠲᠠᠢ ᠰᠠᠶᠢᠬᠠᠨ᠃ ᠭᠤᠣᠯ ᠴᠤᠭᠤᠯᠤᠬᠰᠠᠨ ᠬᠥᠮᠥᠰ ᠪᠣᠭᠤᠵᠢ ᠲᠠᠢ ᠰᠢᠯᠦᠬᠡᠢ ᠪᠠᠨ ᠵᠡᠷᠭᠡᠯᠡᠨ ᠬᠠᠳᠤᠭᠤᠷ ᠤᠨ ᠢᠷ ᠬᠠᠳᠠ ᠭᠠᠶᠢᠬᠠᠭᠤᠯᠤᠨ᠎ᠠ᠃ ᠦᠲᠦᠷᠮ᠎ᠡ ᠶᠢᠨ ᠲᠣᠯᠢ ᠳᠤ ᠪᠤᠯᠤ ᠲᠡᠩᠭᠡᠯᠢᠭ ᠨᠠᠷᠠᠨ ᠵᠥᠪ ᠡᠷᠭᠢᠵᠦ ᠡᠷᠬᠡᠰ ᠣᠷᠴᠢᠯᠠᠩ ᠤᠨ ᠣᠷᠴᠢᠯ ᠤᠯᠠᠷᠢᠯ ᠤᠨ ᠵᠢᠩᠳᠠᠭᠠᠨ ᠳᠤ ᠨᠢᠭᠡᠨ ᠨᠠᠰᠤ ᠨᠡᠮᠡᠵᠦ ᠰᠢᠨ᠎ᠡ ᠡᠷᠳᠡᠨᠢ ᠰᠢᠰᠢ ᠢᠳᠡᠵᠡᠭᠡᠨ᠎ᠡ᠃ ᠲᠠᠷᠢᠶᠠᠨ ᠳᠤ ᠦᠯᠡᠳᠡᠭᠡᠭᠰᠡᠨ ᠪᠠᠶᠠᠨ ᠰᠠᠬᠠᠯ ᠣᠨ ᠣᠨ ᠤ ᠡᠯᠪᠡᠭ ᠬᠤᠷᠢᠶᠠᠯᠲᠠ ᠶᠢ ᠪᠡᠯᠭᠡᠯᠡᠨ᠎ᠡ᠃ ᠦᠲᠦᠷᠮ᠎ᠡ ᠶᠢᠨ ᠢᠷᠦᠭᠡᠯ᠂ ᠪᠤᠯᠤ ᠶᠢᠨ ᠮᠢᠯᠢᠶᠠᠯᠭ᠎ᠠ ᠲᠠᠩᠰᠤᠭ ᠠᠮᠢᠳᠤᠷᠠᠯ ᠢ ᠵᠥᠩᠨᠡᠨ᠂ ᠠᠵᠠ ᠵᠢᠷᠭᠠᠯ ᠤᠨ ᠬᠤᠷᠤᠢ ᠰᠢᠪᠰᠢᠨ᠎ᠡ᠃ ᠲᠠᠷᠢᠶᠠᠴᠢᠨ ᠠᠪᠤ ᠮᠢᠨᠢ ᠡᠯᠪᠡᠭ ᠬᠤᠷᠢᠶᠠᠯᠲᠠ ᠶᠢᠨ ᠡᠭᠡᠰᠢᠭ ᠳᠠᠭᠤᠤ ᠬᠠᠩᠭᠢᠨᠠᠭᠤᠯᠤᠨ᠎ᠠ᠃      ᠨᠠᠷᠠᠨ ᠤ ᠪᠣᠷᠣ ᠲᠠᠷᠢᠶᠠᠴᠢᠳ᠂ ᠨᠠᠷᠠᠨ ᠠᠴᠠ ᠣᠶᠢᠷᠠᠬᠠᠨ ᠰᠡᠳᠬᠢᠯ ᠤᠨ ᠵᠠᠢ ᠲᠠᠢ ᠥᠶᠥᠭ ᠠᠮᠢᠳᠤᠷᠠᠯ ᠢᠶᠠᠨ ᠴᠣᠭᠴᠠᠯᠠᠨ᠎ᠠ᠂ ᠨᠠᠷᠠᠨ ᠠᠴᠠ ᠣᠶᠢᠷᠠᠬᠠᠨ ᠤᠬᠠᠭᠠᠨ ᠤ ᠬᠥᠷᠥᠩᠭᠡ ᠲᠠᠢ ᠲᠠᠩᠰᠤᠭ ᠨᠡᠶᠢᠭᠡᠮ ᠢ ᠪᠦᠲᠦᠭᠡᠨ ᠪᠠᠶᠢᠭᠤᠯᠤᠨ᠎ᠠ᠃
 
ᠢᠷᠡᠯᠲᠡ᠄ ᠲᠦᠩᠯᠢᠶᠤᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号