| | | ᠪᠤᠷᠵᠢᠬᠢᠨ ᠳᠡᠯᠬᠡᠷ | | ᠨᠤᠳᠤᠭ ᠤᠨ ᠠᠷᠤ ᠶᠢᠨ ᠦᠨᠳᠤᠷ ᠬᠦᠬᠡ ᠠᠭᠤᠯᠠᠰ ᠢ ᠲᠠᠪᠠᠭᠠᠳ ᠪᠠᠭᠤᠪᠠᠯ ᠪᠠᠷᠠᠭᠤᠨ ᠠᠴᠠ ᠵᠡᠬᠦᠨᠰᠢ | ᠰᠤᠨᠤᠯᠵᠠᠭᠰᠠᠨ ᠦᠷᠬᠡᠨ ᠶᠡᠭᠡ ᠬᠦᠨᠳᠡᠢ ᠬᠠᠷᠠᠭ᠎ᠠ ᠲᠡᠯᠡᠨ ᠴᠡᠩᠬᠡᠷᠳᠤᠨᠡ᠃ ᠠᠳᠤᠭᠤ ᠮᠠᠯ ᠠᠯᠠᠭᠯᠠᠨ ᠪᠡᠯᠴᠢᠭᠰᠡᠨ | ᠡᠨᠡ ᠰᠠᠶᠢᠬᠠᠨ ᠨᠤᠳᠤᠭ ᠪᠤᠯ ᠡᠬᠡᠴᠢ ᠶᠢᠨ ᠮᠤᠷᠳᠠᠭᠰᠠᠨ ᠭᠠᠵᠠᠷ ᠪᠤᠯᠬᠤ ᠶᠤᠮ᠃ ᠲᠠᠯ᠎ᠠ ᠶᠢᠨ ᠲᠤᠮᠳᠠᠭᠤᠷ | ᠤᠷᠤᠰᠤᠭᠰᠠᠨ ᠭᠤᠤᠯ ᠤᠨ ᠲᠤᠬᠤᠢ ᠳᠤ ᠤᠰᠤᠨ ᠤ ᠰᠢᠪᠠᠭᠤᠳ ᠭᠠᠩᠭᠠᠨᠠᠯᠳᠤᠨ᠂ ᠦᠷᠯᠦᠬᠡ ᠶᠢᠨ ᠮᠠᠨᠠᠨ ᠲᠤᠮᠳᠠ | ᠭᠡᠨᠡᠳᠳᠡ ᠨᠢᠬᠡ ᠬᠤᠶᠠᠷ ᠲᠤᠭᠤᠷᠤᠤ ᠨᠢᠰᠤᠨ ᠬᠦᠬᠡᠷᠬᠦ ᠨᠢ ᠦᠯᠢᠬᠡᠷ ᠲᠤᠮᠤᠭ ᠤᠨ ᠶᠢᠷᠳᠢᠨᠴᠤ ᠬᠡᠮᠡᠷ ᠶᠤᠮ᠃ | ᠭᠠᠭᠴᠠᠬᠠᠨ ᠠᠭᠤᠯᠠ ᠳᠠᠪᠠᠭ᠎ᠠ ᠪᠠᠷ ᠵᠠᠭᠠᠭᠯᠠᠭᠳᠠᠵᠤ ᠪᠠᠶᠢᠯ᠎ᠠ ᠴᠤ ᠡᠨᠡ ᠨᠤᠳᠤᠭ ᠤᠨ ᠬᠡᠯᠡ ᠶᠠᠷᠢᠶ᠎ᠠ ᠨᠢ ᠬᠦᠷᠳᠡᠯ᠎ᠡ | ᠮᠠᠨ ᠤ ᠬᠢ ᠶᠢ ᠪᠤᠳᠤᠪᠠᠯ ᠴᠡᠪᠡᠷ ᠮᠤᠩᠭᠤᠯ ᠪᠠᠶᠢᠵᠤ᠂ ᠢᠳᠡᠵᠤ ᠤᠤᠭᠤᠬᠤ ᠶᠠᠪᠤᠬᠤ ᠰᠠᠭᠤᠬᠤ ᠨᠢ ᠬᠦᠷᠳᠡᠯ᠎ᠡ | ᠰᠤᠨᠢᠷᠬᠠᠯᠳᠠᠢ ᠰᠠᠶᠢᠬᠠᠨ ᠰᠠᠨᠠᠭᠳᠠᠳᠠᠭ ᠪᠠᠶᠢᠯ᠎ᠠ᠃ ᠱᠤᠩ ᠤᠨ ᠮᠤᠳᠤᠨ ᠳᠤ ᠨᠢ ᠤᠶᠠᠭ᠎ᠠ ᠲᠠᠢ ᠮᠤᠷᠢᠳ ᠲᠤᠷᠬᠢᠨ᠂ | ᠠᠶᠢᠯ ᠪᠤᠯᠭᠠᠨ ᠨᠢ ᠠᠷᠭᠠᠯ ᠢᠶᠠᠨ ᠬᠦᠷᠳᠡᠯ᠎ᠡ ᠪᠠᠷᠤᠭ ᠴᠠᠪᠴᠢᠭᠠᠳ ᠭᠠᠷᠭᠠᠭᠰᠠᠨ ᠴᠢᠯᠠᠭᠤᠨ ᠬᠡᠷᠡᠮ ᠮᠡᠳᠤ ᠭᠤᠶᠤ | ᠴᠡᠪᠡᠷ ᠵᠡᠷᠭᠡᠯᠡᠵᠤ᠂ ᠰᠢᠷᠠᠰᠤ ᠴᠠᠭ᠎ᠠ ᠪᠠᠷ ᠪᠤᠶᠢᠵᠢᠭᠰᠠᠨ ᠪᠢᠷᠠᠭᠤᠨ ᠴᠢᠨᠡᠭᠡ ᠪᠦᠳᠤᠬᠦᠨ ᠭᠠᠷᠵᠠ ᠨᠤᠭᠤᠳ ᠲᠡᠷᠬᠡ | ᠤᠨᠤᠭ᠎ᠠ ᠲᠠᠢ ᠬᠦᠮᠤᠨ ᠳᠤ ᠠᠷᠰᠯᠠᠨ ᠰᠢᠭ᠋ ᠠᠷᠬᠢᠷᠠᠨ ᠨᠤᠴᠤᠳᠠᠭ ᠴᠤ ᠨᠢᠳᠤᠨ ᠳᠤ ᠦᠯᠤ ᠲᠤᠭᠤᠭᠳᠠᠭᠰᠠᠨ | ᠨᠢᠬᠡ ᠶᠢ ᠪᠠᠨ ᠤᠶᠢᠰᠢᠶᠠᠬᠤ ᠴᠤ ᠦᠭᠡᠢ ᠪᠠᠷ ᠬᠠᠰᠢᠶ᠎ᠠ ᠬᠡᠷᠡᠮ ᠤᠨ ᠤᠭ ᠢᠶᠠᠷ ᠨᠠᠷᠠ ᠡᠬᠡᠬᠡᠵᠤ ᠬᠡᠪᠳᠡᠬᠦ ᠶᠤᠮ᠃ | ᠵᠤᠨ ᠤ ᠰᠠᠶᠢᠬᠠᠨ ᠴᠠᠭ ᠲᠤ ᠵᠡᠯ᠎ᠡ ᠲᠦᠬᠦᠷᠳᠡᠯ᠎ᠡ ᠡᠯᠬᠦᠭᠰᠡᠨ ᠬᠤᠷᠤᠳ ᠨᠢ ᠬᠤᠯᠠ ᠠᠴᠠ ᠰᠢᠷᠭᠠᠯᠳᠤᠨ ᠬᠠᠷᠠᠭᠳᠠᠵᠤ | ᠰᠢᠯᠤᠰᠤ ᠬᠤᠷᠠᠭᠤᠯᠬᠤ ᠨᠢ ᠬᠡᠴᠡᠬᠦᠤ᠃ ᠬᠠᠶᠠ ᠨᠢᠭᠡ ᠰᠤᠭᠳᠤᠭᠤ ᠬᠦᠯᠴᠤᠬᠦᠤ ᠡᠷ᠎ᠡ ᠮᠤᠷᠢᠨ ᠤ ᠨᠢᠷᠤᠭᠤᠨ ᠳᠤ | ᠠᠶᠢᠷᠠᠭ ᠤᠨ ᠬᠤᠯᠤ ᠰᠢᠭ᠋ ᠬᠡᠯᠪᠡᠯᠵᠡᠨ ᠪᠠᠶᠢᠯ᠎ᠠ ᠴᠤ ᠲᠤᠭᠳᠠᠭᠠᠳ ᠪᠠᠶᠢᠳᠠᠭ ᠨᠢ ᠭᠠᠶᠢᠬᠠᠮᠰᠢᠭᠳᠠᠢ᠃ ᠠᠶᠢᠯ ᠤᠨ | ᠲᠤᠮᠳᠠᠭᠤᠷ ᠴᠤᠪᠠ᠂ ᠤᠭᠴᠤᠷ ᠡᠮᠤᠰᠦᠭᠰᠡᠨ ᠪᠡᠷᠢᠶᠡᠳ ᠬᠦᠭᠰᠢᠳ ᠲᠠᠳᠠᠭᠤᠷ ᠵᠡᠬᠦᠬᠦ ᠨᠢ ᠵᠡᠬᠦᠵᠤ᠂ ᠤᠯᠠᠭᠠᠨ | ᠨᠤᠭᠤᠭᠠᠨ ᠫᠠᠩᠰᠠ ᠪᠠᠷ ᠭᠡᠵᠢᠬᠡ ᠪᠠᠨ ᠤᠷᠢᠶᠠᠵᠤ ᠬᠡᠳᠤ ᠭᠤᠷᠪᠠ ᠪᠠᠷ ᠨᠠᠰᠢ ᠴᠠᠰᠢ ᠶᠠᠪᠤᠬᠤ ᠶᠤᠮ᠃ ᠡᠳᠡᠬᠡᠷ ᠨᠢ | ᠨᠠᠳᠠ ᠳᠤ ᠪᠦᠷ ᠰᠠᠶᠢᠬᠠᠨ ᠰᠠᠨᠠᠭᠳᠠᠳᠠᠭ᠃ ᠬᠡᠪᠡᠴᠤ ᠨᠢᠭᠡ ᠤᠳᠠᠭ᠎ᠠ ᠶᠢᠨ ᠤᠴᠠᠷᠠᠯ ᠨᠢ ᠡᠨᠡ ᠨᠤᠲᠤᠭ ᠤᠨ ᠰᠠᠶᠢᠬᠠᠨ | ᠰᠠᠭᠤᠭᠳᠠᠯ ᠢ ᠵᠢᠭᠠᠬᠠᠨ ᠡᠪᠳᠡᠭᠰᠡᠨ ᠶᠤᠮ᠃ ᠶᠠᠭᠤ ᠶᠤᠮ ᠭᠡᠪᠡᠯ ᠡᠬᠡᠴᠢ ᠶᠢᠨ ᠬᠦᠷᠢ ᠦᠬᠢᠨ ᠲᠡᠬᠦᠤ ᠨᠠᠷᠠ ᠡᠭᠡᠴᠢ | ᠵᠤᠨ ᠤ ᠲᠤᠨᠤᠭᠰᠠᠨ ᠪᠤᠷᠤᠭᠠᠨ ᠤ ᠱᠠᠯᠪᠠ ᠤᠰᠤᠨ ᠳᠤ ᠬᠦᠯ ᠨᠢᠴᠤᠬᠦᠨ ᠤᠷᠤᠵᠤ᠂ ᠨᠦᠢᠳᠠᠨ ᠦᠬᠡᠷ ᠤᠨ | ᠪᠠᠭᠠᠰᠤ ᠶᠢ ᠰᠢᠪᠡᠷ ᠲᠠᠢ ᠨᠤᠬᠤᠵᠤ᠂ ᠨᠤᠬᠤᠭᠰᠠᠨ ᠰᠢᠪᠠᠷ ᠢᠶᠠᠷ ᠢᠶᠠᠨ ᠤᠪᠤᠭᠠᠯᠠᠵᠤ ᠵᠡᠷᠬᠡᠯᠡᠭᠰᠡᠨ ᠠᠷᠭᠠᠯ ᠤᠨ ᠢᠶᠠᠨ | ᠭᠠᠳᠠᠭᠤᠷ ᠰᠢᠪᠠᠵᠤ ᠪᠠᠶᠢᠭᠰᠠᠨ ᠢ ᠬᠠᠷᠠᠵᠤ ᠵᠢᠪᠡᠬᠦᠤ ᠬᠦᠷᠦᠭᠰᠡᠨ ᠶᠤᠮ᠃ ᠪᠢ ᠭᠠᠶᠢᠬᠠᠬᠤ ᠵᠢᠭᠰᠢᠬᠦ ᠬᠤᠤᠰᠯᠠᠨ | ᠵᠤᠭᠰᠤᠵᠤ ᠪᠠᠶᠢᠬᠤ ᠳᠤ ᠨᠠᠷᠠ ᠡᠬᠡᠴᠢ ᠮᠢᠨᠤ ᠦᠬᠡᠳᠡ ᠠᠴᠠ ᠬᠡ ᠬᠡ ᠢᠨᠢᠶᠡᠵᠤ ︽ᠢᠷ᠎ᠡ ᠡ︕ ᠮᠢᠨᠤ ᠲᠡᠬᠦᠤ᠂ | ᠡᠬᠡᠴᠢ ᠲᠠᠢ ᠪᠠᠨ ᠬᠠᠮᠳᠤ ᠰᠢᠪᠠᠶᠠ︾ ᠬᠡᠬᠦᠯᠡᠷ ᠪᠢ ᠭᠤᠳ ᠭᠠᠷᠤᠭᠠᠳ ᠲᠤᠳᠠᠭᠠᠭᠰᠠᠨ ᠶᠤᠮ᠃ | ᠨᠢᠬᠡ ᠤᠳᠠᠭ᠎ᠠ ᠵᠤᠨ ᠤ ᠠᠮᠠᠷᠠᠯᠳᠠ ᠪᠠᠷ ᠪᠢ ᠡᠵᠢ ᠲᠠᠢ ᠪᠠᠨ ᠡᠬᠡᠴᠢ ᠶᠢᠨ ᠳᠤ ᠤᠴᠢᠯ᠎ᠠ᠃ ᠦᠨᠤ ᠬᠠᠮᠳᠤ | ᠠᠷᠭᠠᠯ ᠤᠨ ᠵᠠᠭᠠᠭ ᠰᠢᠪᠠᠶᠠ ᠭᠡᠵᠤ ᠨᠠᠭᠠᠳᠤᠮ ᠬᠢᠵᠤ ᠪᠠᠶᠢᠭᠰᠠᠨ ᠨᠠᠷᠠ ᠡᠬᠡᠴᠢ ᠬᠠᠷᠢᠯᠠᠬᠤ ᠪᠤᠯᠵᠤ᠂ ᠤᠯᠠᠨ ᠬᠦᠮᠤᠨ | ᠬᠤᠷᠢᠮ ᠳᠤ ᠬᠦᠷᠴᠤ ᠢᠷᠡᠯ᠎ᠡ᠃ ᠭᠤᠷᠪᠠᠨ ᠲᠠᠰᠤᠯᠭ᠎ᠠ ᠰᠢᠷᠤᠢ ᠶᠢᠨ ᠪᠠᠶᠢᠰᠢᠩ ᠬᠦᠮᠤᠨ ᠢᠶᠠᠷ ᠲᠦᠬᠦᠷᠴᠤ᠂ ᠵᠡᠬᠦᠨ | ᠲᠠᠰᠤᠯᠭᠠᠨ ᠳᠤ ᠨᠢ ᠤᠷᠤᠪᠠᠯ ᠨᠠᠷᠠ ᠡᠭᠡᠴᠢ ᠭᠡᠵᠢᠬᠡ ᠪᠠᠨ ᠠᠳᠤᠷᠢᠭᠤᠯᠴᠢᠬᠠᠭᠰᠠᠨ ᠪᠦᠬᠡᠳ ᠤ ᠡᠩᠬᠡᠰᠬᠡ ᠲᠦᠷᠬᠢᠵᠤ | ᠂ ᠰᠢᠪᠡᠷ ᠨᠤᠬᠤᠵᠤ ᠪᠠᠶᠢᠭᠰᠠᠨ ᠠᠴᠠ ᠪᠠᠨ ᠡᠳᠡᠭᠡᠳ ᠭᠤᠶᠤ ᠬᠠᠷᠠᠭᠳᠠᠯ᠎ᠠ᠃ ᠨᠢᠯᠪᠤᠰᠤ ᠪᠠᠨ ᠵᠦᠯᠬᠦᠵᠤ ᠰᠠᠭᠤᠭᠰᠠᠨ | ᠨᠠᠷᠠ ᠡᠬᠡᠴᠢ ︽ᠮᠢᠨᠤ ᠲᠡᠬᠦᠤ ᠬᠦᠷᠤᠬᠡᠳ ᠢᠷᠡᠪᠡᠤ︖ ᠪᠢᠴᠢᠭ ᠢᠶᠠᠨ ᠰᠠᠶᠢᠨ ᠦᠵᠡ︕︾ ᠭᠡᠳ ᠬᠡᠳᠤᠨ | ᠰᠢᠬᠢᠷ ᠦᠭᠬᠦᠭᠰᠡᠨ ᠶᠤᠮ᠃ ᠤᠳᠠᠯ ᠦᠬᠡᠢ ᠬᠤᠷᠢᠮ ᠤᠨ ᠰᠢᠷᠡᠭᠡ ᠵᠠᠰᠠᠵᠤ᠂ ᠰᠢᠨ᠎ᠡ ᠬᠦᠷᠬᠡᠨ ᠰᠢᠷᠡᠭᠡ ᠪᠤᠯᠭᠠᠨ ᠳᠤ | ᠠᠷᠢᠬᠢ ᠬᠡᠮᠨᠡᠨ ᠪᠠᠷᠢᠵᠤ᠂ ᠪᠦᠰᠡ ᠠᠴᠠ ᠪᠠᠨ ᠲᠠᠮᠠᠬᠢᠨ ᠬᠠᠪᠳᠠᠭ᠎ᠠ ᠬᠡᠳᠤ ᠬᠡᠳᠤ ᠶᠢ ᠤᠨᠵᠢᠭᠤᠯᠤᠨ᠂ ᠬᠠᠪᠳᠠᠭ᠎ᠠ ᠶᠢ | ᠴᠢᠮᠡᠭᠯᠡᠭᠰᠡᠨ ᠦᠩᠬᠡ ᠦᠩᠬᠡ ᠶᠢᠨ ᠫᠢᠶᠤᠤᠳᠠᠢ ︵ᠪᠦᠰᠡ︶ ᠨᠢ ᠤᠨᠴᠠ ᠰᠠᠶᠢᠬᠠᠨ ᠰᠤᠯᠤᠩᠭᠠᠷᠠᠵᠤ ᠬᠠᠷᠠᠭᠳᠠᠨ᠎ᠠ᠃ | ᠠᠷᠢᠬᠢᠨ ᠤ ᠬᠠᠯᠠᠭᠤᠨ ᠨᠡᠮᠡᠭᠳᠡᠬᠦ ᠪᠠᠷ ᠨᠢᠬᠡ ᠬᠤᠶᠠᠷ ᠰᠤᠭᠳᠤᠭᠤ ᠭᠠᠷᠴᠢᠬᠠᠭᠠᠳ ᠤᠴᠢᠷ ᠤᠬᠠᠭᠠᠨ ᠨᠢ ᠤᠯᠳᠠᠭᠳᠠᠬᠤ | ᠦᠬᠡᠢ ᠠᠭᠰᠤᠮ ᠲᠠᠯᠪᠢᠵᠤ᠂ ᠬᠡᠷᠡᠮ ᠬᠠᠨ᠎ᠠ ᠲᠦᠰᠢᠵᠤ ᠤᠯᠢᠤ ᠰᠤᠯᠢᠤ ᠲᠤᠩᠭᠤᠳᠴᠤ ᠪᠠᠶᠢᠪᠠ᠃ ᠪᠢ ᠭᠠᠳᠠᠨ᠎ᠠ | ᠭᠠᠷᠴᠤ ᠭᠡᠷ ᠤᠨ ᠠᠷᠤ ᠳᠤ ᠤᠴᠢᠪᠠᠯ ᠦᠩᠬᠡ ᠨᠢ ᠬᠤᠶᠢᠭᠰᠠᠨ ᠪᠦᠮᠪᠦᠭᠡ ᠭᠡᠷ ᠬᠠᠷᠠᠭᠳᠠᠯ᠎ᠠ᠃ ᠡᠨᠡ ᠪᠦᠮᠪᠦᠭᠡ | ᠭᠡᠷ ᠨᠢ ᠮᠠᠨ ᠤ ᠨᠤᠳᠤᠭ ᠤᠨ ᠠᠮᠤ ᠪᠤᠳᠠᠭ᠎ᠠ ᠬᠠᠳᠠᠭᠠᠯᠠᠳᠠᠭ ᠰᠠᠩ ᠤᠨ ᠭᠡᠷ ᠲᠠᠢ ᠲᠦᠰᠦᠬᠡᠳᠠᠢ ᠴᠤ ᠪᠠᠰᠠ ᠤᠨᠳᠤᠤ᠃ | ᠢᠰᠡᠬᠡᠢ ᠪᠦᠷᠢᠶᠡᠰᠤ ᠲᠠᠢ ᠡᠨᠡ ᠭᠡᠷ ᠲᠤ ᠨᠢ ᠶᠠᠭᠤ ᠬᠠᠳᠠᠭᠠᠯᠠᠳᠠᠭ ᠶᠤᠮ ᠪᠤᠯ ᠭᠡᠵᠤ ᠨᠠᠮᠬᠠᠨ ᠡᠬᠦᠳᠡ ᠶᠢ ᠨᠢ | ᠲᠠᠳᠠᠯ᠎ᠠ᠃ ᠲᠤᠭᠤᠨᠤ ᠪᠠᠷ ᠨᠢ ᠲᠤᠰᠤᠭᠰᠠᠨ ᠨᠠᠷᠠᠨ ᠤ ᠭᠡᠷᠡᠯ ᠳᠤ ᠬᠤᠶᠢᠮᠤᠷ ᠲᠠᠭᠠᠭᠤᠯᠵᠤ ᠲᠡᠯᠭᠡᠭᠰᠡᠨ ᠬᠤᠨᠢᠨ ᠮᠢᠬ᠎ᠠ | ᠤᠨᠴᠠ ᠶᠢᠨ ᠰᠤᠷᠭᠤᠭ ᠬᠠᠷᠠᠭᠳᠠᠵᠤ᠂ ᠵᠡᠬᠦᠨ ᠲᠠᠯ᠎ᠠ ᠪᠠᠷ ᠨᠢ ᠵᠡᠷᠭᠡᠯᠡᠭᠰᠡᠨ ᠬᠡᠳᠤᠨ ᠪᠤᠳᠤᠩ ᠳᠤ ᠰᠦ ᠴᠠᠭ᠎ᠠ | ᠪᠢᠯᠬᠠᠵᠤ᠂ ᠠᠷᠠᠰᠤ ᠡᠯᠳᠡᠭᠰᠡᠨ ᠦᠨᠤᠷ ᠪᠤᠯᠤᠨ ᠰᠢᠨ᠎ᠡ ᠬᠤᠨᠢᠨ ᠮᠢᠬ᠎ᠠ ᠶᠢᠨ ᠦᠨᠤᠷ ᠬᠤᠳᠬᠤᠯᠳᠤᠨ ᠦᠬᠡᠳᠡ ᠠᠴᠠ | ᠰᠠᠩᠬᠢᠬᠤ ᠳᠤ ᠠᠩᠬ᠎ᠠ ᠤᠳᠠᠭ᠎ᠠ ᠡᠶᠢᠮᠤᠷᠬᠦ ᠦᠨᠤᠷ ᠲᠠᠢ ᠤᠴᠠᠷᠠᠵᠤ ᠪᠠᠶᠢᠭ᠎ᠠ ᠨᠠᠳᠠ ᠳᠤ ᠤᠬᠢᠭᠤ ᠬᠦᠷᠬᠦ ᠮᠡᠳᠤ | ᠰᠠᠨᠠᠭᠳᠠᠨ ᠪᠤᠴᠠᠨ ᠭᠠᠷᠴᠤ ᠤᠷᠳᠤ ᠠᠮᠢᠰᠬᠤᠭ᠎ᠠ ᠠᠪᠤᠯ᠎ᠠ᠃ ᠠᠳᠡ ᠮᠤᠷᠳᠠᠨ ᠢᠷᠡᠵᠤ ᠶᠠᠭᠤ ᠪᠦᠬᠦᠨ ᠳᠤ ᠨᠢ | ᠲᠠᠰᠤᠯ ᠪᠠᠷᠢᠯ ᠢᠶᠠᠨ ᠤᠯᠤᠭᠰᠠᠨ ᠶᠡᠭᠡ ᠡᠬᠡᠴᠢ ᠮᠢᠨᠤ ᠪᠠᠶᠢᠳᠠᠯ ᠢ ᠦᠵᠡᠨ ᠭᠠᠷᠴᠤ ᠢᠨᠢᠶᠡᠳᠤ ᠨᠢ ᠬᠦᠷᠴᠤ ︽ᠡᠨᠡ | ᠴᠢᠨᠢ ᠮᠤᠩᠭᠤᠯ ᠭᠡᠷ ᠰᠢᠤ︕︾ ᠭᠡᠯᠡ᠃ ᠲᠡᠷᠡ ᠤᠳᠠᠭ᠎ᠠ ᠪᠤᠯ ᠮᠢᠨᠤ ᠮᠤᠩᠭᠤᠯ ᠭᠡᠷ ᠯᠤᠭ᠎ᠠ ᠶᠢᠨ ᠬᠠᠮᠤᠭ | ᠠᠩᠬᠠᠨ ᠤ ᠤᠴᠠᠷᠠᠯ ᠪᠤᠯᠬᠤ ᠶᠤᠮ᠃ ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ ᠳᠤ ᠲᠦᠷᠤᠵᠤ ᠦᠰᠤᠯᠡ | ᠴᠤ ᠮᠠᠨ ᠤ ᠨᠤᠲᠤᠭ ᠲᠤ ᠮᠤᠩᠭᠤᠯ ᠭᠡᠷ ᠲᠤ ᠰᠠᠭᠤᠬᠤ ᠪᠠᠶᠢᠳᠤᠭᠠᠢ᠂ ᠰᠦ ᠴᠠᠭ᠎ᠠ ᠳᠤ ᠪᠠᠨ ᠤᠯᠢᠭᠳᠠᠢ ᠴᠠᠳᠤᠭ᠎ᠠ | ᠦᠭᠡᠢ ᠪᠠᠷ ᠪᠢ ᠪᠠᠭ᠎ᠠ ᠨᠠᠰᠤ ᠪᠠᠨ ᠦᠩᠭᠡᠷᠡᠭᠦᠯᠦᠭᠰᠡᠨ ᠶᠤᠮ᠃ ᠲᠡᠭᠡᠬᠦ ᠪᠠᠷ ᠮᠤᠩᠭᠤᠯ ᠬᠡᠷ ᠬᠡᠳᠡᠭ ᠴᠢᠨᠢ ᠦᠪᠡᠷ ᠤᠨ | ᠬᠡᠰᠡᠨ ᠤᠨᠳᠤᠤ ᠦᠨᠤᠷ ᠲᠠᠢ ᠶᠤᠮ ᠪᠠᠶᠢᠨ᠎ᠠ ᠬᠡᠬᠦ ᠠᠩᠬ᠎ᠠ ᠠᠯᠬᠤᠮ ᠤᠨ ᠲᠦᠷᠦᠭᠳᠡᠯ ᠲᠠᠢ ᠪᠤᠯᠤᠭᠰᠠᠨ ᠶᠤᠮ᠃ | ᠠᠵᠢᠯ ᠳᠤ ᠭᠠᠷᠤᠭᠰᠠᠨ ᠤ ᠲᠠᠷᠠᠭ᠎ᠠ ᠪᠢ ᠮᠤᠩᠭᠤᠯ ᠬᠡᠷ ᠲᠤ ᠠᠩᠬ᠎ᠠ ᠤᠳᠠᠭ᠎ᠠ ᠬᠤᠨᠤᠭᠰᠠᠨ ᠶᠤᠮ᠃ ᠲᠡᠷᠡ | ᠤᠳᠠᠭ᠎ᠠ ᠪᠢᠳᠡ ᠪᠦᠳᠤᠨ ᠡᠳᠤᠷ ᠬᠡᠬᠡᠷ᠎ᠡ ᠲᠠᠪᠬᠢᠭᠤᠯᠬᠤ ᠳᠤ ᠨᠢᠭᠡ ᠠᠶᠢᠯ ᠴᠤ ᠲᠤᠬᠢᠶᠠᠯᠳᠤᠭ᠎ᠠ ᠦᠬᠡᠢ ᠪᠠᠶᠢᠵᠤ᠂ | ᠦᠳᠡᠰᠢ ᠪᠤᠯᠬᠤ ᠪᠠᠷ ᠪᠦᠳᠤᠬᠦᠨ ᠬᠡᠳᠡᠰᠤ ᠮᠢᠨᠢ ᠨᠠᠷᠢᠨ ᠬᠡᠳᠡᠰᠤ ᠪᠠᠨ ᠵᠠᠯᠭᠢᠮᠠᠷ ᠦᠯᠦᠰᠴᠤ ᠤᠮᠳᠠᠭᠠᠰᠤᠯᠠ᠃ | ᠵᠢᠯᠤᠭᠤᠴᠢ ᠠᠬ᠎ᠠ ︽ᠲᠡᠨᠳᠡ — ᠬᠠᠷᠠᠭᠳᠠᠵᠤ ᠪᠠᠶᠢᠭ᠎ᠠ ᠲᠡᠷᠡ ᠭᠡᠷᠡᠯ ᠴᠢᠨᠢ ᠮᠠᠨ ᠤ ᠤᠴᠢᠬᠤ ᠠᠶᠢᠯ ᠶᠤᠮ᠂ | ᠵᠢᠭᠠᠬᠠᠨ ᠲᠡᠰᠴᠤ ᠪᠠᠢ︕︾ ᠭᠡᠬᠦ ᠪᠠᠷ ᠦᠯᠤᠰᠴᠤ ᠤᠮᠳᠠᠭᠠᠰᠬᠤ ᠮᠢᠨᠢ ᠠᠷᠠᠢ ᠨᠠᠮᠳᠠᠬᠤ ᠮᠡᠳᠤ ᠪᠤᠯᠵᠠᠢ᠃ ᠬᠡᠪᠡᠴᠤ | ᠬᠤᠯᠠ ᠠᠴᠠ ᠬᠠᠷᠠᠭᠳᠠᠭᠰᠠᠨ ᠲᠡᠷᠡ ᠭᠡᠷᠡᠯ ᠳᠤ ᠬᠦᠷᠬᠦ ᠳᠤ ᠪᠠᠰᠠ ᠨᠡᠯᠢᠶᠡᠳ ᠵᠠᠮᠨᠠᠬᠤ ᠳᠤ ᠰᠠᠶ᠋ᠢ ᠲᠠᠯ᠎ᠠ ᠶᠢᠨ | ᠠᠭᠤᠳᠠᠮ ᠭᠡᠳᠡᠭ ᠴᠢᠨᠢ ᠬᠦᠮᠤᠨ ᠳᠤ ᠮᠤᠨᠳᠠᠭ ᠶᠡᠭᠡ ᠲᠡᠪᠴᠢᠶᠡᠷᠢ ᠶᠢᠨ ᠤᠬᠠᠭᠠᠨ ᠰᠢᠨᠳᠠᠰᠤ ᠦᠪᠯᠡᠵᠤ ᠦᠭᠳᠡᠭ | ᠶᠤᠮ ᠭᠡᠳᠡᠭ ᠢ ᠵᠢᠭᠠᠬᠠᠨ ᠤᠬᠠᠭᠠᠷᠠᠯ᠎ᠠ᠃ ︽ᠡᠨᠡᠤᠬᠡᠨ ᠳᠤ ᠭᠡᠳᠡᠭ ᠨᠢ ᠡᠳᠤᠷ ᠤᠨ ᠵᠠᠮ ᠤᠨ ᠤᠷᠳᠤ︾ ᠭᠡᠳᠡᠭ | ᠦᠨᠡᠨ ᠪᠠᠶᠢᠵᠠᠢ᠃ ᠬᠠᠪᠤᠷ ᠤᠨ ᠬᠠᠷ᠎ᠠ ᠰᠠᠯᠬᠢᠨ ᠳᠤ ᠪᠦᠳᠤᠨ ᠡᠳᠤᠷ ᠳᠦᠩᠰᠢᠭᠦᠯᠵᠤ᠂ ᠵᠢᠭᠡᠬᠦᠰᠬᠦ ᠦᠯᠤᠰᠬᠦ | ᠲᠠᠪᠬᠤᠴᠠᠭᠰᠠᠨ ᠮᠠᠨᠤᠰ ᠲᠤ ᠮᠤᠩᠭᠤᠯ ᠬᠡᠷ ᠤᠨ ᠡᠬᠦᠳᠡ ᠪᠠᠷ ᠠᠯᠬᠤᠨ ᠤᠷᠤᠬᠤ ᠲᠠᠢ ᠵᠡᠷᠭᠡ ᠳᠤ ᠭᠠᠯ ᠤᠨ ᠢᠯᠴᠢ | ᠨᠢᠯᠬᠢᠨ᠂ ᠶᠠᠳᠠᠷᠠᠭ᠎ᠠ ᠴᠢᠯᠡᠭᠡ ᠨᠢᠭᠡᠯᠡ ᠲᠤᠤᠷ᠎ᠠ ᠨᠦᠷᠢᠬᠡᠳ ᠢᠷᠡᠬᠦ ᠰᠢᠭ᠋᠂ ᠪᠠᠰᠠ ᠲᠡᠷᠡ ᠢᠯᠴᠢ ᠭᠡᠷᠡᠯ ᠳᠤ | ᠲᠦᠳᠡᠬᠡᠨ ᠰᠠᠷᠨᠢᠭᠠᠳ ᠤᠳᠬᠤ ᠰᠢᠭ᠋ ᠪᠤᠯᠵᠠᠢ᠃ ᠲᠡᠷᠡ ᠡᠷᠢᠨ ᠳᠤ ᠶᠠᠭ ᠲᠦᠯ ᠲᠤᠰᠴᠤ ᠪᠠᠶᠢᠭᠰᠠᠨ ᠪᠤᠯᠬᠤᠷ | ᠶᠠᠳᠠᠷ ᠲᠤᠷᠤᠢ ᠬᠤᠶᠠᠷ ᠭᠤᠷᠪᠠᠨ ᠢᠰᠢᠬᠡ ᠬᠤᠷᠠᠭ᠎ᠠ ᠠᠳᠠᠰᠬ᠎ᠠ ᠳᠤ ᠲᠠᠭᠠᠳᠠᠢ ᠬᠡᠪᠳᠡᠵᠤ᠂ ᠬᠠᠶᠠ ᠪᠤᠰᠴᠤ ᠢᠷᠡᠬᠡᠳ | ᠲᠤᠵᠢᠷ ᠲᠤᠵᠢᠷ ᠠᠯᠬᠤᠨ᠎ᠠ᠃ ᠨᠠᠰᠤᠳᠠᠨ ᠡᠵᠢ ᠡᠷᠬᠢᠨᠡᠭ ᠤᠨ ᠡᠮᠤᠨ᠎ᠡ ᠡᠷᠬᠢᠯᠳᠤᠨ ᠪᠠᠶᠢᠭᠰᠠᠨ ᠢᠶᠠᠨ ᠤᠳᠠᠵᠤ | ᠲᠦᠳᠡᠯ ᠦᠬᠡᠢ ᠪᠤᠷᠴᠠ ᠲᠠᠢ ᠱᠦᠯᠤᠨ ᠳᠤ ᠴᠠᠭ᠎ᠠ ᠲᠠᠢ ᠭᠤᠯᠢᠷ ᠬᠤᠭᠤᠯᠠ ᠬᠢᠵᠤ ᠭᠠᠷᠤᠯ᠎ᠠ᠃ ᠲᠤᠯᠭ᠎ᠠ ᠶᠢᠨ ᠭᠠᠯ | ᠲᠦᠷᠡᠯᠵᠡᠨ᠂ ᠲᠤᠭᠤᠭ᠎ᠠ ᠲᠠᠢ ᠱᠦᠯᠤᠡ ᠠᠴᠠ ᠪᠤᠷᠴᠠ ᠮᠢᠬ᠎ᠠ᠂ ᠴᠠᠭ᠎ᠠ ᠶᠢᠨ ᠦᠨᠤᠷ ᠬᠠᠩᠬᠤᠯᠵᠤ᠂ ᠦᠷᠤᠬᠡ | ᠲᠦᠬᠦᠷᠡᠩ ᠦᠶᠦᠭ ᠲᠤᠯᠠᠭᠠᠨ ᠠᠮᠢᠰᠬᠤᠯ ᠲᠦᠬᠡᠵᠠᠢ᠃ ᠪᠠᠭ᠎ᠠ ᠶᠢᠨ ᠦᠶ᠎ᠡ ᠳᠤ ᠡᠬᠡᠴᠢ ᠶᠢᠨ ᠳᠤ ᠤᠴᠢᠭᠠᠳ | ᠠᠩᠬ᠎ᠠ ᠮᠤᠩᠭᠤᠯ ᠭᠡᠷ ᠲᠤ ᠤᠷᠤᠬᠤ ᠳᠤ ᠮᠦᠨ ᠡᠶᠢᠮᠤ ᠦᠨᠤᠷ ᠦᠨᠤᠷᠳᠡᠵᠤ ᠪᠠᠶᠢᠭᠰᠠᠨ ᠶᠤᠮ᠃ ᠲᠡᠬᠡᠬᠦ ᠳᠤ | ᠶᠠᠭᠤᠨ ᠳᠤ ᠲᠡᠭᠡᠵᠤ ᠠᠭᠠᠰᠢᠯᠠᠵᠤ ᠪᠠᠶᠢᠭᠰᠠᠨ ᠶᠤᠮ ᠳ᠋ᠠ ᠭᠡᠵᠤ ᠦᠪᠡᠷ ᠢ ᠪᠠᠨ ᠵᠢᠮᠡᠯᠡᠵᠤ ᠰᠠᠭᠤᠯ᠎ᠠ᠃ ᠤᠳᠠᠯ ᠦᠬᠡᠢ | ᠬᠤᠭᠤᠯᠠ ᠪᠤᠯᠵᠤ᠂ ᠪᠢᠳᠡ ᠠᠮᠠ ᠬᠠᠮᠠᠷ ᠢᠶᠠᠨ ᠤᠯᠤᠯ ᠦᠬᠡᠢ ᠢᠳᠡᠵᠤ ᠭᠠᠷᠴᠠᠢ᠃ ᠮᠦᠨ ᠬᠡᠳᠡᠰᠤ ᠲᠦᠬᠦᠷᠴᠤ | ᠪᠡᠶ᠎ᠡ ᠬᠠᠯᠠᠰᠬᠤ ᠪᠠᠷ ᠪᠢ ᠰᠠᠶ᠋ᠢ ᠬᠡᠷ ᠲᠤᠳᠤᠷᠠᠬᠢ ᠶᠢ ᠨᠠᠷᠢᠨ ᠠᠵᠢᠭᠯᠠᠬᠤ ᠲᠡᠩᠬᠡᠬᠡ ᠲᠠᠢ ᠪᠤᠯᠵᠤ ᠪᠢᠯᠡ᠃ ᠬᠡᠷ ᠤᠨ | ᠪᠠᠷᠠᠭᠤᠨ ᠲᠠᠯ᠎ᠠ ᠪᠠᠷ ᠡᠮᠡᠬᠡᠯ ᠬᠠᠵᠠᠭᠠᠷ᠂ ᠵᠡᠬᠦᠨ ᠲᠠᠯ᠎ᠠ ᠪᠠᠷ ᠰᠠᠪᠠ ᠰᠠᠭᠤᠯᠭ᠎ᠠ ᠭᠤᠤᠯᠴᠠᠭᠤ ᠲᠠᠯᠪᠢᠵᠠᠢ᠃ ᠬᠡᠳᠤᠬᠡᠨ | ᠬᠦᠮᠤᠨ ᠡᠷᠬᠢᠯᠳᠤᠵᠤ ᠪᠠᠭᠳᠠᠬᠤ ᠵᠢᠵᠢᠭᠬᠡᠨ ᠡᠨᠡ ᠬᠡᠷ ᠢ ᠲᠡᠮᠤᠷ ᠵᠤᠤᠬᠠᠨ ᠠᠴᠠ ᠪᠠᠳᠠᠷᠠᠬᠤ ᠬᠦᠷᠵᠡᠩ ᠤᠨ ᠭᠠᠯ ᠤᠨ | ᠢᠯᠴᠢ ᠦᠨᠴᠦᠭ ᠪᠤᠯᠤᠩ ᠦᠬᠡᠢ ᠲᠤᠯᠠᠭᠠᠯᠠᠵᠤ ᠪᠠᠶᠢᠪᠠ᠃ ᠭᠠᠳᠠᠨ᠎ᠠ ᠬᠡᠳᠦ᠋ᠢᠪᠡᠷ ᠬᠠᠪᠤᠷ ᠤᠨ ᠬᠠᠷ᠎ᠠ ᠰᠠᠯᠬᠢ | ᠰᠠᠯᠬᠢᠯᠠᠵᠤ ᠱᠤᠤᠬᠢᠵᠤ ᠠᠭᠰᠠᠨ ᠴᠦ ᠬᠡᠷ ᠲᠤᠳᠤᠷ᠎ᠠ ᠤᠨᠴᠠ ᠨᠠᠮᠤᠭᠤᠬᠠᠨ ᠲᠤᠯᠠᠭᠠᠬᠠᠨ ᠪᠠᠶᠢᠵᠤ᠂ ᠪᠦᠳᠡᠬᠢᠬᠢᠨ | ᠳ᠋ᠧᠩ ᠤᠨ ᠬᠡᠬᠡ ᠳᠤ ᠵᠤᠭᠤᠭ ᠲᠡᠯᠬᠡᠬᠦ ᠳᠤ ᠲᠠᠭᠠᠳᠠᠢ ᠰᠠᠶᠢᠬᠠᠨ ᠰᠠᠨᠠᠭᠳᠠᠯ᠎ᠠ᠃ ᠰᠦᠨᠢ ᠤᠨᠳᠠᠬᠤ ᠪᠤᠯᠬᠤ ᠳᠤ ᠲᠡᠮᠤᠷ | ᠲᠤᠯᠭ᠎ᠠ ᠶᠢ ᠬᠠᠪᠴᠢᠵᠤ ᠨᠠᠰᠤᠳᠠᠨ ᠡᠵᠢ ᠤᠷᠤ ᠲᠡᠪᠢᠰᠬᠡᠷ ᠲᠡᠪᠢᠰᠴᠤ᠂ ᠪᠢᠳᠡ ᠪᠠᠷᠤᠭ ᠬᠠᠪᠢᠷᠭ᠎ᠠ ᠪᠠᠨ ᠰᠢᠭᠠᠮᠠᠷ | ᠰᠢᠬᠠᠯᠴᠠᠨ ᠪᠠᠶᠢᠭᠰᠠᠨ ᠴᠦ ᠡᠳᠤᠷ ᠤᠨ ᠶᠠᠳᠠᠷᠠᠭ᠎ᠠ ᠳᠤ ᠪᠠᠨ ᠲᠡᠶᠢᠯᠦᠭᠳᠡᠨ ᠯᠦᠭ ᠰᠦᠭ ᠦᠬᠡᠢ ᠤᠨᠳᠠᠵᠤ ᠤᠷᠬᠢᠵᠠᠢ | ᠃ ᠬᠡᠨᠡᠳᠳᠡ ᠲᠤᠯᠤᠭᠠᠢ ᠦᠵᠦᠬᠦᠷ ᠢᠰᠢᠬᠡ ᠮᠠᠶᠢᠯᠠᠬᠤ ᠪᠠᠷ ᠨᠢᠳᠤ ᠨᠡᠬᠡᠬᠡᠪᠡᠯ ᠦᠷ ᠤᠨ ᠤᠯᠠᠭᠠᠨ ᠬᠡᠬᠡ ᠦᠷᠤᠬᠡ | ᠲᠦᠬᠦᠷᠡᠩ ᠲᠤᠨᠤᠷᠠᠨ ᠪᠠᠶᠢᠪᠠ᠃ ᠨᠠᠰᠤᠳᠡᠨ ᠡᠵᠢ ᠠᠯᠢ ᠡᠷᠳᠡ ᠪᠤᠰᠤᠭᠰᠠᠨ ᠲᠦᠯᠦᠪ ᠲᠠᠢ᠂ ᠵᠤᠤᠬᠠᠨ ᠲᠡᠬᠡᠷ᠎ᠡ | ᠪᠤᠴᠠᠯᠤᠭᠰᠠᠨ ᠴᠠᠢ ᠠᠭᠤᠷ ᠰᠠᠪᠰᠠᠵᠤ ᠪᠠᠶᠢᠯ᠎ᠠ᠃ ᠲᠡᠨᠳᠡ ᠪᠢᠳᠡ ᠭᠤᠷᠪᠠ ᠬᠤᠨᠤᠭ ᠠᠵᠢᠯᠯᠠᠯ᠎ᠠ᠃ ᠬᠡᠷ ᠤᠨ ᠡᠵᠡᠨ | ᠠᠬ᠎ᠠ ᠳᠦᠩᠰᠦᠭᠦᠷ ᠲᠤᠭᠤᠢ ᠴᠤ ᠨᠠᠰᠤᠳᠠᠨ ᠡᠵᠢ ᠳᠤ ᠶᠤᠰᠤᠳᠠᠢ ᠡᠯᠪᠡᠷᠢᠯ ᠠᠴᠢᠯᠠᠯ ᠲᠠᠢ ᠨᠢ ᠲᠤᠳᠤ᠃ | ᠡᠳᠡᠨᠠᠶᠢᠬᠢᠨ ᠭᠤᠷᠪᠠᠨ ᠲᠠᠰᠤᠯᠭ᠎ᠠ ᠪᠠᠶᠢᠰᠢᠩ ᠬᠡᠷ ᠪᠠᠷᠢᠵᠤ᠂ ᠲᠤᠬᠢᠯᠢᠭ ᠰᠠᠶᠢᠬᠠᠨ ᠠᠮᠢᠳᠤᠷᠠᠵᠤ ᠪᠠᠶᠢᠯ᠎ᠠ ᠴᠤ | ᠨᠠᠰᠤᠳᠡᠨ ᠡᠵᠢ ᠲᠡᠷᠡ ᠬᠡᠷ ᠲᠤ ᠨᠢ ᠲᠠᠳᠬᠤ ᠦᠬᠡᠢ ᠪᠤᠯᠬᠤᠷ ᠡᠨᠡ ᠮᠤᠩᠭᠤᠯ ᠭᠡᠷ ᠲᠤ ᠪᠠᠨ ᠢᠯᠠᠬᠦᠤ ᠰᠠᠭᠤᠳᠠᠭ᠃ | | ᠬᠠᠯᠠᠭᠤᠨ ᠳᠤᠯᠠᠭᠠᠨ ᠠᠮᠢᠳᠤᠷᠠᠯ ᠬᠡᠵᠢᠶᠡᠳᠡ ᠠᠳᠡ ᠪᠤᠢ ᠰᠢᠤ ᠬᠡᠵᠤ ᠲᠤᠯᠭᠠᠨ ᠤ ᠢᠯᠴᠢ ᠦᠬᠡᠳᠡ ᠠᠴᠠ | ᠴᠢᠨᠢ ᠤᠭᠳᠤᠬᠤ ᠪᠦᠬᠡᠳ ᠠᠶᠠᠭ᠎ᠠ ᠬᠠᠯᠠᠭᠤᠨ ᠴᠠᠢ ᠶᠢ ᠬᠡᠨ ᠳᠤ ᠴᠤ ᠠᠳᠠᠯᠢᠬᠠᠨ ᠬᠦᠷᠳᠡᠬᠡᠳᠡᠭ︔ ᠰᠤᠷᠳᠤᠭᠤ | ᠨᠠᠮᠪᠠ ᠲᠠᠳᠠᠨ ᠭᠡᠳᠡᠶᠢᠨ ᠤᠷᠤᠬᠤ ᠳᠤ ᠪᠤᠯᠤᠮᠵᠢ ᠦᠬᠡᠢ ᠨᠠᠮᠬᠠᠨ ᠡᠬᠦᠳᠡ ᠲᠠᠢ ᠮᠤᠩᠭᠤᠯ ᠬᠡᠷ ᠲᠤ ᠪᠡᠶ᠎ᠡ ᠪᠢᠯᠳᠡᠷ ᠤᠨ | ᠶᠡᠭᠡ ᠪᠠᠭ᠎ᠠ᠂ ᠡᠷᠬᠡ ᠵᠡᠷᠬᠡ ᠶᠢᠨ ᠡᠷᠬᠢᠮ ᠳᠤᠤᠷᠠᠳᠤ ᠭᠡᠵᠤ ᠢᠯᠭᠠᠯ ᠦᠬᠡᠢ ᠶᠠᠮᠠᠷ ᠬᠦᠮᠤᠨ ᠴᠤ ᠲᠤᠯᠤᠭᠠᠢ ᠲᠠᠷᠤᠨ | ᠨᠢᠷᠤᠭᠤ ᠪᠦᠬᠦ᠋ᠢᠪᠡᠯ ᠰᠠᠶ᠋ᠢ ᠤᠷᠤᠵᠤ ᠲᠡᠶᠢᠯᠳᠡᠭ︔ ᠠᠬᠠᠮᠠᠳ ᠲᠤᠮᠤᠭ᠎ᠠ ᠲᠠᠢ ᠬᠦᠮᠤᠰ ᠬᠤᠶᠢᠮᠤᠷ ᠰᠠᠭᠠᠳᠠᠨ | ᠪᠠᠶᠢᠪᠠᠯ ᠤᠷᠤᠭᠰᠠᠨ ᠬᠦᠮᠤᠨ ᠪᠤᠯᠭᠠᠨ ᠠᠮᠤᠷ ᠮᠡᠨᠳᠤ ᠰᠤᠷᠠᠭᠠᠳ ᠰᠠᠶ᠋ᠢ ᠰᠠᠭᠤᠳᠠᠯ ᠢᠶᠠᠨ ᠤᠯᠳᠠᠭ︔ ᠲᠤᠯᠭ᠎ᠠ ᠪᠠᠨ | ᠲᠤᠭᠤᠷᠢᠭᠰᠠᠠ ᠡᠨᠡ ᠵᠢᠵᠢᠭᠬᠡᠨ ᠶᠢᠷᠳᠢᠨᠴᠤ ᠳᠤ ᠲᠠᠯᠠᠨ ᠰᠠᠷᠬᠢᠨᠠᠭ ᠰᠢᠭ᠋ ᠤᠯᠠᠨ ᠤᠯᠠᠨ ᠲᠠᠰᠤᠯᠭ᠎ᠠ ᠭᠡᠷ ᠪᠠᠶᠢᠬᠤ | ᠦᠬᠡᠢ ᠤᠴᠢᠷ ᠠᠴᠠ ᠶᠠᠭᠤ ᠪᠦᠬᠦᠨ ᠨᠢ ᠪᠦᠷ ᠢᠯᠡ ᠰᠠᠷᠠᠭᠤᠯ ᠪᠠᠶᠢᠵᠤ᠂ ᠬᠡᠨ ᠨᠢᠭᠡᠨ ᠠᠴᠠ ᠪᠠᠨ ᠨᠢᠭᠤᠵᠤ | ᠬᠠᠪᠴᠢᠬᠤ ᠶᠠᠭᠤᠮ᠎ᠠ ᠬᠡᠵᠤ ᠠᠯᠠᠭ᠎ᠠ︔ ᠬᠠᠪᠤᠷ ᠤᠨ ᠬᠠᠳᠠᠭᠤ ᠴᠠᠭ ᠲᠤ ᠴᠠᠢ ᠶᠢᠨ ᠰᠦ ᠨᠢ ᠬᠤᠮᠰᠠᠳᠠᠨ ᠪᠠᠶᠢᠯ᠎ᠠ | ᠴᠤ ᠠᠮᠢ ᠵᠠᠯᠭᠠᠭᠤᠯᠬᠤ ᠬᠡᠵᠤ ᠢᠰᠢᠬᠡ ᠬᠤᠷᠠᠭ᠎ᠠ ᠪᠠᠨ ᠤᠭᠵᠢᠬᠤ ᠪᠦᠬᠡᠳ ᠬᠡᠷ ᠲᠤ ᠪᠠᠨ ᠠᠪᠴᠤ ᠬᠤᠨᠤᠳᠠᠭ ᠠᠴᠠ | ᠪᠠᠶᠢᠭᠠᠯᠢ ᠬᠦᠮᠤᠨ ᠲᠠᠢ ᠪᠠᠨ ᠦ ᠵᠠᠢ ᠦᠬᠡᠢ ᠢᠳᠡᠬᠡᠰᠢᠨ ᠲᠠᠰᠴᠤ᠂ ᠬᠦᠮᠤᠨ ᠮᠠᠯ ᠢᠯᠭᠠᠯ ᠦᠬᠡᠢ ᠬᠠᠶᠢᠷ᠎ᠠ ᠶᠢᠨ | ᠢᠪᠢᠯᠤᠯ ᠳᠤ ᠵᠡᠷᠬᠡ ᠳᠤ ᠪᠠᠨ ᠪᠠᠭᠳᠠᠨ ᠤᠨᠳᠤᠷᠳᠠᠭ︔ ᠡᠶᠢᠮᠤ ᠤᠷᠴᠢᠨ ᠳᠤ ᠤᠳᠠᠭᠠᠨ ᠠᠮᠢᠳᠤᠷᠠᠭᠰᠠᠨ ᠬᠦᠮᠤᠨ ᠳᠤ | ᠤᠶᠠᠨ ᠬᠠᠶᠢᠯᠭᠠᠨ᠂ ᠡᠷᠬᠡ ᠲᠡᠭᠰᠢ᠂ ᠢᠯᠠ ᠴᠠᠶᠢᠯᠭᠠᠨ᠂ ᠦᠩᠬᠢᠶᠡᠮᠤᠷ ᠲᠤᠰᠠᠴᠢ᠂ ᠠᠰᠠᠷᠠᠩᠭᠤᠢ ᠡᠨᠡᠷᠢᠩᠬᠦᠢ ᠵᠠᠩ | ᠲᠤᠭᠳᠠᠬᠤ ᠦᠬᠡᠢ ᠪᠠᠶᠢᠬᠤ ᠶᠢᠨ ᠠᠷᠭ᠎ᠠ ᠦᠬᠡᠢ ᠳ᠋ᠠ ᠪᠢ ᠦᠪᠡᠷ ᠲᠤ ᠪᠠᠨ ᠳ᠋ᠦᠩᠨᠡᠨ ᠤᠯᠵᠠᠷᠬᠠᠯᠠ᠃ ᠲᠠᠯ᠎ᠠ ᠶᠢᠨ | ᠬᠦᠨ ᠳᠤ ᠪᠤᠮᠪᠤᠶᠢᠵᠤ ᠪᠠᠶᠢᠭ᠎ᠠ ᠲᠡᠷᠡ ᠵᠢᠵᠢᠭᠭᠡᠨ ᠲᠡᠯᠡᠬᠡᠢ ᠶᠢ ᠪᠢᠳᠡᠬᠡᠢ ᠪᠠᠰᠤ᠂ ᠲᠡᠨᠳᠡ ᠠᠭᠠᠭ ᠲᠠᠢ ᠠᠮᠢᠳᠤᠷᠠᠯ | ᠪᠤᠴᠠᠯᠵᠤ᠂ ᠠᠩᠭᠠᠵᠤ ᠴᠠᠩᠭᠠᠵᠤ᠂ ᠦᠯᠦᠰᠴᠤ ᠦᠯᠪᠡᠷᠦᠭᠰᠡᠨ ᠨᠢᠬᠡᠨ ᠳᠤ ᠵᠡᠬᠦᠳᠤᠨ ᠳᠤ ᠨᠢ ᠬᠤᠨᠤᠭᠰᠢᠮᠠᠷ ᠰᠦ | ᠴᠠᠭ᠎ᠠ ᠬᠠᠩᠬᠤᠯᠤᠭᠠᠰᠤᠳᠠᠢ ᠶᠤᠮ ᠭᠡᠬᠦ ᠲᠤᠷᠠᠳᠬᠠᠯ ᠬᠠᠪᠤᠷ ᠤᠨ ᠢᠷᠭᠤᠢ ᠰᠢᠭ᠋ ᠲᠤᠳᠤ ᠠᠴᠠ ᠲᠤᠳᠤ ᠲᠡᠯᠭᠡᠷᠡᠵᠤ | ᠦᠯᠡᠳᠡᠭᠰᠨᠨ ᠶᠤᠮ ᠡ᠃ | ᠤᠶᠢᠷ᠎ᠠ ᠶᠢᠨ ᠬᠡᠳᠤᠨ ᠵᠢᠯ ᠳᠤ ᠮᠠᠨ ᠤ ᠡᠷᠬᠢᠨ ᠲᠤᠭᠤᠷᠢᠨ ᠳᠤ ᠮᠤᠩᠭᠤᠯ ᠠᠮᠢᠳᠤᠷᠠᠯ ᠢᠶᠠᠨ ᠬᠤᠳᠠ ᠶᠢᠨ | ᠵᠠᠢ ᠳᠤ ᠠᠭᠤᠰᠬᠠᠬᠤ ᠪᠠᠷ ᠴᠢᠷᠮᠡᠶᠢᠬᠤ ᠬᠦᠮᠤᠰ ᠴᠤ ᠤᠯᠠᠨ ᠪᠤᠯᠵᠠᠢ᠃ ᠪᠢ ᠴᠤ ᠬᠤᠳᠠ ᠳᠤ ᠬᠦᠯ ᠲᠤᠭᠳᠠᠨ | ᠬᠦᠮᠤᠨ ᠤ ᠰᠠᠭᠤᠵᠤ ᠪᠠᠶᠢᠭᠰᠠᠨ ᠨᠢᠬᠡ ᠬᠠᠭᠤᠴᠢᠨ ᠠᠰᠠᠷ ᠢ ᠬᠤᠳᠠᠯᠳᠤᠨ ᠠᠪᠬᠤ ᠪᠠᠷ ᠪᠤᠯᠤᠭᠰᠠᠨ ᠶᠤᠮ᠃ ᠬᠠᠮᠤᠭ | ᠤᠯᠵᠠᠷᠬᠠᠭᠰᠠᠨ ᠵᠦᠢᠯ ᠭᠡᠪᠡᠯ ᠨᠢᠬᠡᠳᠤᠬᠡᠷ ᠲᠠᠪᠬᠤᠷ ᠤᠨ ᠠᠰᠠᠷ ᠲᠤ ᠪᠠᠨ ᠪᠠᠰᠠ ᠵᠢᠭᠠᠬᠠᠨ ᠬᠦᠷᠢᠶ᠎ᠡ ᠲᠠᠢ᠃ ᠡᠬᠡᠨᠡᠷ | ᠮᠢᠨᠢ ᠴᠡᠴᠡᠭ ᠬᠤᠸᠠᠷ ᠲᠠᠷᠢᠨ᠎ᠠ ᠬᠡᠵᠤ ᠭᠦᠭᠰᠡᠬᠦ ᠳᠤ ᠪᠢ ᠬᠠᠷᠢᠨ ᠬᠦᠷᠢᠶᠡᠨ ᠳᠤ ᠪᠤᠰᠬᠠᠭᠰᠠᠨ ᠲᠠᠪᠤᠨ ᠬᠠᠨᠠᠳᠤ | ᠵᠢᠭᠠᠬᠠᠨ ᠮᠤᠩᠭᠤᠯ ᠬᠡᠷ ᠲᠤ ᠨᠢᠳᠤ ᠭᠡᠷᠡᠯᠲᠦᠭᠰᠡᠨ ᠶᠤᠮ᠃ ᠤᠤᠯ ᠤᠨ ᠭᠡᠷ ᠤᠨ ᠡᠵᠡᠨ ᠠᠴᠠ ᠠᠰᠠᠭᠤᠪᠠᠯ ᠮᠤᠩᠭᠤᠯ | ᠭᠡᠷ ᠢᠶᠠᠨ ᠠᠪᠠᠴᠢᠬᠤ ᠦᠬᠡᠢ᠂ ᠦᠯᠡᠳᠡᠭᠡᠵᠤ ᠦᠭᠬᠦ ᠶᠤᠮ ᠬᠡᠨ᠎ᠡ᠃ ᠮᠢᠨᠤ ᠪᠠᠶᠠᠷᠯᠠᠭᠰᠠᠨ ᠭᠡᠵᠢ ᠡ︕ ᠵᠤᠨ ᠤ | ᠰᠠᠶᠢᠬᠠᠨ ᠴᠠᠭ ᠲᠤ ᠬᠡᠤᠬᠡᠳ ᠲᠠᠢ ᠪᠠᠨ ᠱᠠᠭ᠎ᠠ ᠲᠤᠭᠯᠠᠵᠤ᠂ ᠨᠤᠮ ᠤᠩᠰᠢᠪᠠᠯ ᠲᠡᠯᠪᠡ ᠭᠤᠶᠤ ᠬᠡᠵᠤ ᠲᠦᠰᠦᠭᠡᠯᠡᠵᠤ | ᠰᠠᠭᠤᠵᠠᠢ᠃ ᠲᠡᠭᠡᠬᠡᠳ ᠠᠰᠠᠷ ᠢᠶᠠᠨ ᠲᠦᠷᠬᠡᠬᠡᠨ ᠰᠢᠭ ᠵᠠᠰᠠᠵᠤ ᠡᠬᠢᠯᠡᠭᠰᠡᠨ ᠶᠤᠮ᠃ ᠭᠡᠪᠡᠴᠤ ᠨᠢᠭᠡ ᠡᠳᠤᠷ ᠵᠡᠬᠡᠯᠢ | ᠭᠤᠳᠤᠮᠵᠢ ᠶᠢᠨ ᠬᠠᠮᠢᠶᠠᠷᠤᠯᠳᠠ ᠶᠢᠨ ᠬᠦᠮᠤᠰ ᠡᠬᠦᠳᠡᠨ ᠳᠤ ᠵᠠᠯᠠᠷᠠᠨ ᠪᠠᠭᠤᠵᠤ᠂ ᠡᠨᠡ ᠮᠤᠩᠭᠤᠯ ᠭᠡᠷ ᠢᠶᠠᠨ ᠪᠠᠭᠤᠯᠭ᠎ᠠ | ᠂ ᠮᠠᠨ ᠤ ᠬᠤᠳᠠ ※ ※ ※ ᠤᠢ ᠶᠢ ᠪᠡᠯᠬᠡᠯᠡᠬᠦ ᠤᠴᠢᠷ ᠠᠴᠠ ᠵᠡᠬᠡᠯᠢ ᠭᠤᠳᠤᠮᠵᠢ ᠶᠢᠨ ᠲᠦᠷᠢ ᠲᠦᠷᠬᠦ ᠶᠢ | ᠨᠢᠭᠡᠳᠤᠯᠳᠠᠢ ᠲᠦᠯᠦᠪᠵᠢᠭᠦᠯᠵᠤ ᠴᠡᠭᠴᠡᠯᠡᠵᠤ ᠪᠠᠶᠢᠨ᠎ᠠ ᠬᠡᠴᠢᠬᠡᠯᠡ᠃ ᠪᠢ ᠤᠶᠢᠰᠢᠶᠠᠭᠰᠠᠨ ᠴᠤ ᠦᠬᠡᠢ᠃ ᠮᠢᠨᠤ | ᠬᠦᠷᠢᠶᠡᠨ ᠳᠤ ᠪᠠᠶᠢᠭ᠎ᠠ ᠮᠤᠩᠭᠤᠯ ᠬᠡᠷ ᠶᠠᠭᠠᠬᠢᠭᠠᠳ ᠬᠤᠳᠠ ᠶᠢᠨ ᠦᠩᠬᠡ ᠲᠦᠷᠬᠦ ᠳᠤ ᠬᠠᠷᠰᠢ ᠪᠤᠯᠪᠠ︖ ᠬᠡᠷᠪᠡ | ᠶᠡᠭᠡ ᠵᠠᠮ ᠤᠨ ᠬᠠᠵᠠᠭᠤ ᠳᠤ ᠪᠤᠰᠬᠠᠨ᠂ ᠤᠯᠠᠨ ᠤ ᠬᠦᠯ ᠭᠠᠷ ᠲᠤ ᠰᠠᠭᠠᠳ ᠪᠤᠯᠤᠭᠰᠠᠨ ᠴᠤ ᠪᠤᠯ ᠶᠠᠭᠠᠬᠢᠬᠤᠪ ᠳ᠋ᠠ᠂ | ᠡᠨᠡ ᠴᠢᠨᠢ ᠠᠷᠪᠠᠭ᠋ᠠᠨ ᠠᠰᠠᠷ ᠲᠠᠢ ᠵᠠᠮ ᠠᠴᠠ ᠵᠠᠶᠢᠳᠠᠭᠤ ᠵᠢᠵᠢᠭᠬᠡᠨ ᠰᠠᠭᠤᠭᠠᠯᠢ ᠬᠤᠷᠢᠶᠠᠯᠠᠯ ᠰᠢᠤ ᠳ᠋ᠠ᠃ ᠲᠡᠷᠡ | ᠮᠦᠷᠳᠡᠭᠡᠨ ᠡᠨᠡ ᠵᠢᠵᠢᠭ ᠬᠦᠷᠢᠶ᠎ᠡ ᠴᠤ ᠮᠢᠨᠤ ᠬᠤᠪᠢ ᠶᠢᠨ ᠦᠮᠴᠢ ᠰᠢᠤ᠃ ᠬᠦᠷᠢᠶ᠎ᠡ ᠬᠠᠰᠢᠶᠠᠨ ᠳᠤ ᠪᠠᠨ ᠶᠠᠭᠤ | ᠪᠤᠰᠬᠠᠬᠤ ᠨᠢ ᠴᠢᠮ᠎ᠠ ᠳᠤ ᠶᠠᠮᠠᠷ ᠬᠠᠮᠢᠶ᠎ᠠ︖ ᠳᠠᠬᠢᠭᠠᠳ ᠬᠡᠯᠡᠬᠦ ᠳᠤ ᠡᠨᠡ ᠮᠤᠩᠭᠤᠯ ᠬᠡᠷ ᠴᠢᠨᠢ ᠮᠤᠳᠤᠨ | ᠪᠦᠳᠤᠴᠡ ᠲᠠᠢ᠂ ᠶᠠᠮᠠᠷ ᠲᠤ ᠪᠠᠨ ᠲᠤᠭᠤᠰᠬ᠎ᠠ ᠴᠢᠯᠠᠭᠤ ᠪᠠᠷ ᠪᠠᠶᠢᠭᠤᠯᠤᠭᠰᠠᠨ ᠪᠠᠶᠢᠰᠢᠩ ᠭᠡᠷ ᠪᠢᠰᠢ ᠰᠢᠤ ᠳ᠋ᠠ᠃ | ᠭᠡᠪᠡᠴᠤ ᠲᠡᠳᠡ ᠪᠠᠶᠢᠨ ᠲᠠᠬᠢᠨ ᠢᠷᠡᠬᠡᠳ ᠪᠠᠶᠢᠬᠤ ᠪᠠᠷ ᠡᠬᠡᠨᠡᠷ ᠮᠢᠨᠢ ︽ᠪᠠᠭᠤᠯᠭᠠᠴᠢᠬᠠ᠂ ᠶᠠᠮᠠᠷ ᠠᠷᠭ᠎ᠠ ᠪᠠᠶᠢᠨᠠᠪ︖ | ︾ ᠭᠡᠵᠤ ᠢᠳᠬᠠᠬᠤ ᠬᠠᠭᠠᠰ᠂ ᠠᠷᠭᠠᠳᠠᠬᠤ ᠬᠠᠭᠠᠰ ᠪᠤᠯᠬᠤ ᠪᠠᠷ ᠪᠢ ᠬᠡᠳᠤᠨ ᠡᠳᠤᠷ ᠨᠦᠢᠷ ᠬᠤᠭᠤᠯᠠ ᠦᠬᠡᠢ | ᠶᠠᠪᠤᠵᠤ ᠡᠴᠤᠰ ᠲᠤ ᠪᠠᠨ ᠪᠠᠭᠤᠯᠭᠠᠵᠤ ᠦᠭᠴᠠᠢ᠃ ᠬᠡᠪᠡᠴᠤ ᠪᠢ ᠬᠠᠭᠤᠴᠢᠨ ᠮᠤᠩᠭᠤᠯ ᠬᠡᠷ ᠭᠡᠵᠤ ᠶᠡᠷᠤ | ᠪᠤᠳᠤᠭᠰᠠᠨ ᠦᠬᠡᠢ᠂ ᠰᠠᠶᠢᠬᠠᠨ ᠪᠤᠭᠤᠵᠤ ᠪᠠᠭᠯᠠᠭᠠᠳ ᠨᠤᠳᠤᠭ ᠲᠤ ᠪᠠᠶᠢᠭ᠎ᠠ ᠠᠴᠢ ᠬᠦᠤ ᠳᠤ ᠪᠠᠨ ᠭᠤᠪᠢᠭᠤᠯᠵᠤ | ᠶᠠᠪᠤᠭᠤᠯᠬᠤ ᠪᠠᠷ ᠪᠤᠯᠤᠯ᠎ᠠ᠃ ᠭᠤᠪᠢᠭᠤᠯᠬᠤ ᠪᠠᠷ ᠢᠷᠡᠭᠰᠡᠨ ᠵᠠᠯᠠᠭᠤ ᠢᠷᠡᠴᠢᠬᠡᠬᠡᠳ ︽ᠠᠬ᠎ᠠ ᠡ᠂ ᠪᠢ | ᠭᠤᠪᠢᠭᠤᠯᠭ᠎ᠠ ᠶᠢᠨ ᠠᠵᠢᠯ ᠬᠢᠵᠤ ᠡᠳᠤᠢ ᠵᠢᠯ ᠪᠤᠯᠳᠠᠯ᠎ᠠ ᠮᠤᠩᠭᠤᠯ ᠭᠡᠷ ᠢ ᠠᠩᠬ᠎ᠠ ᠤᠳᠠᠭ᠎ᠠ ᠭᠤᠪᠢᠭᠤᠯᠬᠤ ᠪᠤᠯᠵᠤ | ᠪᠠᠶᠢᠨ᠎ᠠ᠃ ᠡᠬᠦᠨ ᠢ ᠭᠤᠪᠢᠭᠤᠯᠬᠤ ᠰᠦᠢᠳᠬᠡᠯ ᠪᠠᠷᠤᠭ ᠰᠢᠨ᠎ᠡ ᠮᠤᠩᠭᠤᠯ ᠭᠡᠷ ᠬᠤᠳᠠᠯᠳᠤᠭᠠᠳ ᠠᠪᠤᠴᠢᠬᠠᠨᠠ ᠰᠢᠤ︾ | ᠭᠡᠵᠤ ᠢᠨᠢᠶᠡᠴᠢᠭᠡᠯ᠎ᠡ᠃ ᠪᠢ ᠶᠠᠭᠤ ᠴᠤ ᠲᠤᠤᠭᠠᠷᠤᠭᠰᠠᠨ ᠦᠬᠡᠢ᠂ ᠮᠦᠩᠬᠦ ᠶᠢ ᠨᠢ ᠨᠢᠬᠡ ᠴᠦ ᠲᠤᠳᠠᠭᠤᠯᠤᠭᠰᠠᠨ | ᠦᠬᠡᠢ ᠪᠠᠷ ᠭᠤᠪᠢᠭᠤᠯᠵᠤ ᠶᠠᠪᠤᠭᠤᠯᠤᠭᠠᠳ ᠰᠠᠨᠠᠭ᠎ᠠ ᠰᠡᠳᠬᠢᠯ ᠲᠠᠶᠢᠪᠤᠰᠢᠷᠠᠭᠰᠠᠨ ᠶᠤᠮ᠃ ᠲᠡᠷᠡ ᠵᠤᠨ ᠨᠢ | ᠨᠤᠲᠤᠭ ᠲᠤ ᠪᠠᠨ ᠬᠠᠷᠢᠬᠤ ᠳᠤ ᠠᠴᠢ ᠬᠦᠤ ᠬᠦᠷᠢᠶᠡᠨ ᠲᠤᠮᠳᠠ ᠪᠠᠨ ᠭᠤᠪᠢᠭᠤᠯᠤᠭᠰᠠᠨ ᠬᠡᠷ ᠢ ᠪᠤᠰᠬᠠᠵᠤ᠂ ᠮᠠᠨ ᠤ | ᠨᠤᠲᠤᠭ ᠲᠤ ᠲᠠᠰᠤᠷᠠᠭᠠᠳ ᠤᠳᠠᠭᠰᠠᠨ ᠮᠤᠩᠭᠤᠯ ᠭᠡᠷ ᠲᠠᠬᠢᠨ ᠪᠤᠰᠤᠭᠰᠠᠨ ᠶᠤᠮ᠃ ᠲᠡᠭᠡᠬᠡᠳ ᠯᠠ ᠠᠯᠢ ᠨᠢᠭᠡᠨ | ᠡᠳᠤᠷ ᠲᠡᠷᠡᠬᠦ ᠮᠤᠩᠭᠤᠯ ᠭᠡᠷ ᠲᠤ ᠪᠠᠨ ᠮᠢᠬ᠎ᠠ ᠬᠦᠰᠬᠦᠯᠡᠨ ᠵᠤᠭᠤᠭᠯᠠᠵᠤ᠂ ᠰᠦ ᠴᠠᠭ᠎ᠠ ᠶᠢᠨ ᠦᠨᠤᠷ ᠢᠶᠠᠨ | ᠬᠠᠩᠬᠤᠯᠤᠭᠤᠯᠵᠤ ᠰᠠᠭᠤᠬᠤ ᠶᠤᠮ᠃ ᠪᠤᠯᠳᠠᠭ ᠰᠠᠨ ᠪᠤᠯ ᠬᠠᠶᠠ ᠪᠠᠰᠠ ᠨᠠᠷᠠ ᠡᠬᠡᠴᠢ ᠰᠢᠭ ᠢᠶᠠᠨ ᠲᠤᠨᠤᠭᠰᠠᠨ | ᠪᠤᠷᠤᠭᠠᠨ ᠤ ᠤᠰᠤᠨ ᠳᠤ ᠦᠬᠡᠷ ᠤᠨ ᠢᠶᠠᠨ ᠪᠠᠭᠠᠰᠤ ᠶᠢ ᠨᠤᠬᠤᠨ᠂ ᠠᠯᠳᠠᠵᠤ ᠬᠡᠭᠡᠭᠰᠡᠨ ᠠᠮᠢᠳᠤᠷᠠᠯ ᠤᠨ ᠢᠶᠠᠨ | ᠴᠤᠭᠤᠷᠬᠠᠢ ᠶᠢ ᠨᠦᠬᠦᠨ ᠰᠡᠯᠪᠢᠨ᠎ᠡ ᠬᠡᠵᠤ ᠮᠦᠷᠤᠬᠡᠳᠤᠨ ᠶᠠᠪᠤᠬᠤ ᠪᠤᠯᠵᠠᠢ᠃ | ᠰᠦ ᠶᠢᠨ ᠦᠨᠤᠷ ᠲᠠᠢ ᠲᠡᠯᠡᠬᠡᠢ ᠮᠢᠨᠤ ᠡ︕ | ᠢᠷᠡᠯᠲᠡ᠄ ᠬᠤᠯᠪᠤᠭ᠎ᠠ ᠪᠦᠷᠬᠡ | |