| | ᠬᠦᠮᠠᠢ ᠪᠣᠯ ᠮᠣᠩᠭᠤᠯᠴᠤᠳ ᠤᠨ ᠡᠭᠦᠳᠦᠨ ᠪᠦᠲᠦᠭᠡᠭᠰᠡᠨ ᠨᠢᠭᠡ ᠵᠦᠢᠯ ᠤᠨ ᠭᠠᠶᠢᠬᠠᠮᠰᠢᠭᠲᠤ ᠳᠠᠭᠤᠤ ᠶᠢᠨ | ᠤᠷᠠᠯᠢᠭ ᠶᠤᠮ᠃ ᠨᠢᠭᠡ ᠳᠠᠭᠤᠴᠢᠨ ᠵᠥᠪᠬᠡᠨ ᠥᠪᠡᠷ ᠤᠨ ᠳᠠᠭᠤ ᠡᠭᠦᠰᠬᠡᠬᠦ ᠡᠷᠬᠡᠲᠡᠨ ᠢᠶᠠᠷ ᠢᠶᠠᠨ | ᠠᠳᠠᠯᠢᠬᠠᠨ ᠴᠠᠭ ᠲᠤ ᠬᠤᠶᠠᠷ ᠲᠠᠭᠤᠨ ᠤ ᠬᠡᠰᠡᠭ ᠢ ᠳᠠᠭᠤᠯᠠᠳᠠᠭ᠃ ᠬᠦᠮᠡᠢ ᠶᠢᠨ ᠳᠠᠭᠤᠨ ᠤ ᠬᠡᠰᠡᠭ ᠤᠨ | ᠬᠠᠷᠢᠴᠠᠭᠠᠨ ᠤ ᠦᠨᠳᠦᠰᠦᠨ ᠪᠦᠲᠦᠴᠡ ᠨᠢ ᠦᠷᠭᠦᠯᠵᠢᠯᠡᠭᠰᠡᠨ ᠨᠠᠮ ᠠᠶᠠᠰ ᠪᠠ ᠲᠡᠭᠦᠨ ᠤ ᠳᠡᠭᠡᠷᠡᠬᠢ ᠤᠷᠤᠰᠤᠮ᠎ᠠ | ᠠᠶᠢᠵᠠᠮ ᠤᠨ ᠤᠶᠠᠯᠳᠤᠯ ᠪᠣᠯᠣᠨ᠎ᠠ᠃ ᠡᠭᠦᠨ ᠢ ᠪᠠᠰᠠ ︽ᠨᠠᠷᠭᠢᠮᠠᠯ ᠬᠦᠮᠡᠢ︾᠂ ︽ᠲᠤᠷᠭᠢᠮᠠᠯ ᠬᠦᠮᠡᠢ︾᠂ ︽ | ᠨᠡᠶᠢᠯᠡᠮᠡᠯ ᠬᠦᠮᠡᠢ︾ ᠭᠡᠬᠦ ᠵᠡᠷᠭᠡ ᠪᠠᠷ ᠬᠤᠪᠢᠶᠠᠳᠠᠭ᠃ ᠳᠤᠮᠳᠠᠳᠤ ᠤᠯᠤᠰ ᠤᠨ ᠡᠯ᠎ᠡ ᠦᠨᠳᠦᠰᠦᠲᠡᠨ ᠤ ᠠᠷᠠᠳ ᠤᠨ | ᠳᠠᠭᠤᠤ ᠳᠤ ᠬᠤᠣᠰ ᠦᠭᠡᠢ᠃ | ᠬᠦᠮᠠᠢ ᠭᠤᠣᠯᠳᠠᠭᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠯᠢ ᠶᠢᠨ ᠭᠤᠣᠯ᠂ ᠬᠥᠯᠥᠨ | ᠪᠤᠶᠢᠷ ᠤᠨ ᠲᠠᠯ᠎ᠠ ᠨᠤᠲᠤᠭ ᠵᠢᠴᠢ ᠬᠥᠬᠡᠬᠤᠲᠠ ᠵᠡᠷᠭᠡ ᠭᠠᠵᠠᠷ ᠣᠷᠣᠨ ᠢᠶᠠᠷ ᠲᠠᠷᠬᠠᠵᠤ᠂ ᠰᠢᠨᠵᠢᠶᠠᠩ ᠤᠨ | ᠥᠪᠡᠷᠲᠡᠭᠡᠨ ᠵᠠᠰᠠᠬᠤ ᠣᠷᠣᠨ ᠤ ᠠᠯᠲᠠᠢ ᠠᠭᠤᠯᠠ ᠣᠷᠴᠢᠮ ᠤᠨ ᠮᠣᠩᠭᠤᠯ ᠦᠨᠳᠦᠰᠦᠲᠡᠨ ᠤ ᠰᠠᠭᠤᠭ᠎ᠠ ᠭᠠᠵᠠᠷ | ᠵᠢᠴᠢ ᠮᠣᠩᠭᠤᠯ᠂ ᠤᠷᠤᠰ ᠤᠨ ᠲᠦᠸᠠ ᠣᠷᠣᠨ ᠳᠤ ᠴᠤ ᠡᠶᠢᠮᠦᠷᠬᠦᠦ ᠳᠠᠭᠤᠯᠠᠬᠤ ᠠᠷᠭ᠎ᠠ ᠶᠢ ᠣᠯᠵᠤ ᠰᠣᠨᠣᠰᠳᠠᠭ᠃ | ᠮᠠᠭᠠᠳᠯᠠᠯ ᠢ ᠦᠨᠲᠦᠰᠦᠯᠡᠪᠡᠯ᠂ ᠬᠦᠮᠡᠢ ᠶᠢᠨ ᠲᠡᠦᠬᠡ ᠶᠢᠨ ᠡᠬᠢ ᠰᠤᠷᠪᠤᠯᠵᠢ ᠶᠢ ᠾᠦᠩᠨᠦ ᠶᠢᠨ ᠦᠶ᠎ᠡ ᠶᠠᠲᠠᠬᠤ ᠳᠤ | ᠮᠣᠩᠭᠤᠯ ᠦᠨᠳᠦᠰᠦᠲᠡᠨ ᠪᠤᠶ ᠪᠣᠯᠬᠤ ᠶᠢᠨ ᠨᠠᠭᠠᠨ᠎ᠠ ᠴᠠᠭᠠᠨ᠎ᠠ ᠬᠦᠷᠲᠡᠯ᠎ᠡ ᠮᠦᠷᠲᠡᠵᠦ ᠪᠤᠯᠤᠨ᠎ᠠ᠃ ᠨᠢᠭᠡ | ᠵᠦᠢᠯ ᠤᠨ ᠣᠨᠴᠠᠭᠠᠶ ᠠᠷᠠᠳ ᠤᠨ ᠳᠠᠭᠤᠤ ᠶᠢᠨ ᠬᠡᠯᠪᠡᠷᠢ ᠪᠣᠯᠤᠭᠰᠠᠨ ᠤ ᠬᠤᠪᠢ ᠳᠤ᠂ ᠬᠦᠮᠠᠢ ᠪᠣᠯ | ᠮᠣᠩᠭᠤᠯ ᠦᠨᠳᠦᠰᠦᠲᠡᠨ ᠤ ᠰᠢᠯᠭᠠᠷᠠᠭᠰᠠᠨ ᠡᠭᠦᠳᠦᠯᠲᠡ ᠪᠣᠯᠬᠤ ᠶᠤᠮ᠃ ᠲᠡᠷᠡ ᠨᠢ ᠮᠣᠩᠭᠤᠯ | ᠦᠨᠳᠦᠰᠦᠲᠡᠨ ᠤ ᠠᠷᠠᠳ ᠲᠦᠮᠡᠨ ᠤ ᠪᠠᠶᠢᠭᠠᠯᠢ ᠶᠢᠨ ᠣᠷᠴᠢᠯᠠᠩ ᠪᠠ ᠳᠡᠯᠡᠬᠡᠢ ᠶᠢᠨ ᠲᠦᠮᠡᠨ ᠪᠣᠳᠠᠰ ᠤᠨ ᠭᠦᠨ | ᠲᠠᠪᠬᠤᠷᠭ᠎ᠠ ᠶᠢᠨ ᠲᠤᠬᠠᠢ ᠭᠦᠨ ᠤᠬᠠᠭᠠᠨ ᠤ ᠪᠣᠳᠣᠯᠬᠢᠯᠠᠯ ᠪᠠ ᠣᠶᠢᠯᠠᠭᠠᠯᠲᠠ ᠶᠢ ᠤᠯᠠᠮᠵᠢᠯᠠᠵᠤ᠂ ᠮᠣᠩᠭᠤᠯ | ᠦᠨᠳᠦᠰᠦᠲᠡᠨ ᠤ ᠡᠶ᠎ᠡ ᠵᠣᠬᠢᠴᠠᠯ ᠲᠠᠢ ᠣᠷᠣᠰᠢᠨ ᠲᠣᠭᠲᠠᠨᠢᠵᠤ ᠬᠥᠭᠵᠢᠬᠦ ᠶᠢ ᠬᠥᠭᠡᠭᠡᠴᠡᠯᠳᠦᠬᠦ ᠣᠶᠢᠯᠠᠭᠠᠭᠳᠠᠬᠤᠨ | ᠪᠠ ᠡᠷᠡᠭᠦᠯ ᠥᠭᠡᠳᠡᠷᠬᠡᠭ ᠭᠤᠸ᠎ᠠ ᠲᠠᠭᠠᠰᠢᠶᠠᠯ ᠤᠨ ᠳᠤᠷ᠎ᠠ ᠰᠣᠨᠢᠷᠬᠠᠯ ᠢ ᠢᠯᠡᠳᠬᠡᠵᠡᠢ᠃ | ᠬᠦᠮᠠᠢ ᠪᠣᠯ ᠮᠣᠩᠭᠤᠯ ᠦᠨᠳᠦᠰᠦᠲᠡᠨ ᠤ ᠬᠠᠮᠤᠭ ᠡᠷᠲᠡᠨ ᠤ ᠤᠷᠠᠯᠢᠭ ᠤᠨ ᠬᠡᠯᠪᠡᠷᠢ ᠶᠢᠨ ᠨᠢᠭᠡ ᠮᠥᠨ᠂ | ᠲᠡᠷᠡ ᠨᠢ ᠪᠠᠯᠠᠷ ᠡᠷᠲᠡᠨ ᠤ ᠳᠠᠭᠤᠤ ᠶᠢᠨ ᠵᠠᠷᠢᠮ ᠡᠯᠧᠮᠧᠨ᠋ᠲ ᠢ ᠨᠡᠩ ᠢᠯᠡᠭᠦᠦ ᠬᠠᠳᠠᠭᠠᠯᠠᠵᠤ᠂ ᠦᠨᠳᠦᠰᠦᠲᠡᠨ ᠤ ᠤᠢ | ᠴᠡᠭᠡᠵᠢᠨ ᠤ ᠭᠦᠨ ᠠᠴᠠ ᠢᠷᠡᠭᠰᠡᠨ ᠥᠨᠢ ᠤᠳᠠᠭᠠᠨ ᠤ ᠴᠤᠤᠷᠢᠶ᠎ᠠ ᠶᠤᠮ᠂ ᠮᠣᠩᠭᠤᠯ ᠦᠨᠳᠦᠰᠦᠲᠡᠨ ᠤ ᠲᠡᠦᠬᠡ᠂ | ᠰᠣᠶᠣᠯ ᠲᠠᠢ ᠨᠢᠭᠲᠠ ᠬᠤᠯᠪᠣᠭ᠎ᠠ ᠲᠠᠢ ᠪᠦᠭᠡᠳ ᠬᠥᠮᠥᠨ ᠲᠥᠷᠥᠯᠬᠢᠲᠡᠨ ᠤ ᠰᠤᠳᠤᠯᠤᠯ᠂ ᠦᠨᠳᠦᠰᠦᠲᠡᠨ ᠤ | ᠰᠤᠳᠤᠯᠤᠯ᠂ ᠵᠠᠩ ᠦᠢᠯᠡ ᠶᠢᠨ ᠰᠤᠳᠤᠯᠤᠯ ᠳᠤ ᠪᠦᠷ ᠴᠢᠬᠤᠯᠠ ᠠᠴᠢ ᠬᠤᠯᠪᠣᠭᠳᠠᠯ ᠲᠠᠢ ᠶᠤᠮ᠃ | | ︽ᠬᠦᠮᠡᠢ︾ ᠭᠡᠬᠦ ᠡᠨᠡ ᠬᠦ ᠭᠠᠶᠢᠬᠠᠮᠰᠢᠭᠲᠤ ᠰᠠᠶᠢᠬᠠᠨ ᠳᠠᠭᠤᠯᠠᠬᠤ ᠤᠷᠠᠯᠢᠭ ᠢ ᠠᠪᠤᠷᠠᠨ ᠬᠠᠮᠠᠭᠠᠯᠠᠵᠤ᠂ | ᠲᠡᠭᠦᠨ ᠢ ᠮᠥᠬᠦᠯ ᠤᠨ ᠠᠶᠤᠯ ᠠᠴᠠ ᠵᠠᠶᠢᠯᠠᠭᠤᠯᠬᠤ ᠶᠠᠪᠤᠳᠠᠯ ᠪᠣᠯ ᠨᠢᠭᠡᠨ ᠴᠢᠬᠤᠯᠠ ᠮᠥᠷᠲᠡᠭᠡᠨ ᠪᠠᠴᠢᠮ ᠡᠭᠦᠷᠭᠡ | ᠪᠣᠯᠬᠤ ᠶᠤᠮ ᠃ | ᠮᠡᠳᠡᠭᠡᠨ ᠤ ᠢᠷᠡᠯᠲᠡ᠄ ᠳᠤᠮᠳᠠᠳᠤ ᠤᠯᠤᠰ ᠤᠨ ᠪᠣᠳᠠᠰ ᠤᠨ ᠪᠤᠰᠤ ᠰᠣᠶᠣᠯ ᠤᠨ ᠥᠪ ᠤᠨ ᠰᠦᠯᠵᠢᠶ᠎ᠡ ᠸᠢᠳᠢᠣ᠋ | ᠬᠠᠩᠭᠠᠭᠴᠢ᠄ ᠬᠦᠯᠣᠨ ᠪᠣᠶᠢᠷ ᠬᠤᠲᠠ ᠶᠢᠨ ᠬᠠᠶᠢᠯᠠᠷ ᠲᠣᠭᠤᠷᠢᠭ ᠤᠨ ᠰᠣᠶᠣᠯ ᠤᠨ ᠣᠷᠳᠣᠨ ᠤ ᠬᠦᠮᠠᠢ ᠶᠢᠨ | ᠲᠣᠭᠯᠠᠭᠴᠢ ᠲᠠᠯᠢᠢᠶᠠ | | |