ᠨᠠᠷᠠᠰᠢᠬᠤ ᠠᠴᠠ ᠰᠡᠷᠭᠡᠶᠢᠯᠡᠬᠦ ᠢᠳᠠᠭᠡᠨ ᠤᠮᠳᠠᠭᠠᠨ
ᠨᠡᠶᠢᠲᠡᠯᠡᠭᠰᠡᠨ ᠴᠠᠭ᠄
2024/8/9
   ᠤᠯᠠᠭᠠᠨ ᠦᠵᠦᠮ ᠤᠨ ᠠᠷᠢᠬᠢ᠂ ᠠᠷᠪᠠᠢ ᠶᠢᠨ ᠴᠠᠢ᠃ ᠤᠯᠠᠭᠠᠨ ᠦᠵᠦᠮ ᠤᠨ ᠠᠷᠢᠬᠢ ᠪᠠᠨ ᠬᠥᠷᠥᠭᠡᠭᠰᠡᠨ ᠤᠰᠤᠨ ᠳᠤ ᠬᠢᠵᠦ ᠬᠥᠯᠳᠡᠭᠡᠭᠡᠳ ᠠᠷᠪᠠᠢ ᠶᠢᠨ ᠴᠠᠢ ᠳᠠᠭᠠᠨ ᠬᠢᠵᠦ ᠤᠤᠭᠤᠨ᠎ᠠ᠃   ᠨᠣᠭᠤᠭᠠᠨ ᠴᠠᠢ 1 ᠭᠷᠡᠮ᠂ ᠵᠥᠭᠡᠢ ᠶᠢᠨ ᠪᠠᠯ 25 ᠭᠷᠡᠮ᠃ 300 — 500 ᠮᠢᠯᠢᠯᠢᠳ᠋ᠷ ᠪᠤᠴᠠᠯᠤᠭᠰᠠᠨ ᠤᠰᠤᠨ ᠳᠤ 5 ᠮᠢᠨᠦ᠋ᠲ ᠳᠡᠪᠲᠦᠭᠡᠵᠦ ᠪᠦᠯᠢᠶᠡᠨ ᠢᠶᠠᠷ ᠨᠢ ᠤᠤᠭᠤᠨ᠎ᠠ᠃ ᠡᠳᠦᠷ ᠲᠤ ᠨᠢᠭᠡ ᠤᠳᠠᠭ᠎ᠠ ᠤᠤᠭᠤᠨ᠎ᠠ᠃   ᠠᠯᠳᠠᠠ ᠮᠥᠩᠭᠦᠨ ᠴᠡᠴᠡᠭ 15 — 30 ᠭᠷᠡᠮ᠂ ᠵᠥᠭᠡᠢ ᠶᠢᠨ ᠪᠠᠯ 30 ᠭᠷᠡᠮ᠃ ᠠᠯᠳᠠᠠ ᠮᠥᠩᠭᠦᠨ ᠴᠡᠴᠡᠭ ᠢᠶᠠᠨ ᠤᠰᠤᠨ ᠳᠤ ᠪᠤᠴᠠᠯᠭᠠᠵᠤ᠂ ᠭᠦᠷᠦᠭᠰᠡᠨ ᠤ ᠲᠠᠷᠠᠭ᠎ᠠ ᠵᠥᠭᠡᠢ ᠶᠢᠨ ᠪᠠᠯ ᠬᠢᠵᠦ᠂ ᠴᠠᠢ ᠶᠢᠨ ᠣᠷᠣᠨ ᠳᠤ ᠤᠤᠭᠤᠨ᠎ᠠ᠃   ᠮᠥᠩᠭᠦᠨ ᠴᠡᠴᠡᠭ 15 ᠭᠷᠡᠮ᠂ ᠤᠳᠪᠠᠯᠠ ᠴᠡᠴᠡᠭ᠂ ᠳᠣᠯᠣᠭᠤᠨ᠎ᠠ ᠶᠢ ᠴᠢᠨᠠᠵᠤ᠂ ᠰᠢᠭᠠᠷᠤ ᠶᠢ ᠨᠢ ᠠᠪᠴᠤ ᠭᠠᠷᠭᠠᠭᠠᠳ ᠵᠥᠭᠡᠢ ᠶᠢᠨ ᠪᠠᠯ ᠬᠢᠵᠦ᠂ ᠵᠢᠭᠠᠬᠠᠨ ᠪᠤᠴᠠᠯᠭᠠᠭᠰᠠᠨ ᠤ ᠲᠠᠷᠠᠭ᠎ᠠ ᠴᠠᠢ ᠶᠢᠨ ᠣᠷᠣᠨ ᠳᠤ ᠤᠤᠭᠤᠨ᠎ᠠ᠃   ᠦᠷᠭᠡᠰᠤᠳᠤ ᠬᠡᠮᠬᠡ 1500 ᠭᠷᠡᠮ᠂ ᠵᠥᠭᠡᠢ ᠶᠢᠨ ᠪᠠᠯ 100 ᠭᠷᠡᠮ᠃ ᠦᠷᠭᠡᠰᠤᠳᠤ ᠬᠡᠮᠬᠡ ᠪᠠᠨ ᠰᠠᠶᠢᠲᠤᠷ ᠤᠬᠢᠶᠠᠭᠰᠠᠨ ᠤ ᠲᠠᠷᠠᠭ᠎ᠠ ᠬᠡᠰᠡᠭᠯᠡᠨ ᠬᠡᠷᠴᠢᠵᠦ᠂ ᠲᠣᠭᠤᠭᠠᠨ ᠳᠤ ᠬᠢᠵᠦ ᠪᠠᠭ᠎ᠠ ᠪᠤᠴᠠᠯᠭᠠᠭᠰᠠᠨ ᠤ ᠲᠠᠷᠠᠭ᠎ᠠ ᠦᠯᠡᠳᠡᠭᠰᠡᠨ ᠤᠰᠤ ᠶᠢ ᠨᠢ ᠰᠢᠪᠬᠠᠨ ᠭᠠᠷᠭᠠᠭᠠᠳ᠂ ᠬᠠᠯᠠᠭᠤᠨ ᠳᠡᠭᠡᠷ᠎ᠡ ᠨᠢ ᠵᠥᠭᠡᠢ ᠶᠢᠨ ᠪᠠᠯ ᠬᠢᠵᠦ ᠢᠳᠡᠨ᠎ᠡ᠃   ᠬᠠᠳᠠᠭᠠᠬᠰᠠᠨ ᠲᠤᠷᠤᠭ ᠰᠠᠷᠠᠨ᠎ᠠ 100 ᠭᠷᠡᠮ᠂ ᠵᠥᠭᠡᠢ ᠶᠢᠨ ᠪᠠᠯ 150 ᠭᠷᠡᠮ᠃ ᠬᠠᠳᠠᠭᠠᠬᠰᠠᠨ ᠲᠤᠷᠤᠭ ᠰᠠᠷᠠᠨ᠎ᠠ ᠪᠠᠨ ᠤᠰᠤᠨ ᠳᠤ ᠬᠢᠵᠦ᠂ 1 ᠴᠠᠭ ᠪᠤᠴᠠᠯᠭᠠᠭᠰᠠᠨ ᠤ ᠲᠠᠷᠠᠭ᠎ᠠ ᠵᠥᠭᠡᠢ ᠶᠢᠨ ᠪᠠᠯ ᠬᠤᠯᠢᠵᠤ᠂ ᠰᠢᠯ ᠯᠣᠩᠬᠤᠨ ᠳᠤ ᠬᠢᠵᠦ ᠤᠳᠠᠭ᠎ᠠ ᠪᠦᠷᠢ ᠪᠠᠭ᠎ᠠ ᠤᠤᠭᠤᠨ᠎ᠠ᠃   ᠨᠣᠭᠤᠭᠠᠨ ᠪᠤᠷᠴᠠᠭ 100 ᠭᠷᠡᠮ᠂ ᠪᠤᠷᠠᠮ 25 ᠭᠷᠡᠮ᠃ ᠨᠣᠭᠤᠭᠠᠨ ᠪᠤᠷᠴᠠᠭ ᠢᠶᠠᠨ ᠪᠤᠴᠠᠯᠭᠠᠨ ᠰᠢᠯᠵᠠᠷᠠᠭᠤᠯᠤᠭᠰᠠᠨ ᠤ ᠲᠠᠷᠠᠭ᠎ᠠ᠂ ᠵᠥᠭᠡᠯᠡᠨ ᠭᠠᠯ ᠳᠡᠭᠡᠷ᠎ᠡ ᠤᠰᠤ ᠶᠢ ᠨᠢ ᠰᠢᠷᠭᠢᠲᠡᠯ᠎ᠡ ᠪᠤᠴᠠᠯᠭᠠᠭᠠᠳ ᠪᠤᠷᠠᠮ ᠲᠠᠢ ᠬᠤᠯᠢᠵᠤ ᠢᠳᠡᠨ᠎ᠡ᠃   ᠨᠣᠭᠤᠭᠠᠨ ᠴᠠᠢ 10 ᠭᠷᠡᠮ᠂ ᠢᠳᠡᠰᠢᠨ ᠳᠠᠪᠤᠰᠤ 5 ᠭᠷᠡᠮ᠃ 1000 ᠭᠷᠡᠮ ᠪᠤᠴᠠᠯᠤᠭᠰᠠᠨ ᠤᠰᠤᠨ ᠳᠤ ᠨᠣᠭᠤᠭᠠᠨ ᠴᠠᠢ 10 ᠭᠷᠡᠮ᠂ ᠢᠳᠡᠭᠡᠨ ᠤ ᠳᠠᠪᠤᠰᠤ 10 ᠭᠷᠡᠮ ᠬᠢᠵᠦ᠂ ᠴᠠᠢ ᠶᠢᠨ ᠣᠷᠣᠨ ᠳᠤ ᠤᠤᠭᠤᠨ᠎ᠠ᠃   ᠨᠣᠭᠤᠭᠠᠨ ᠴᠠᠢ 9 ᠭᠷᠡᠮ᠂ ᠦᠨᠦᠷᠲᠦ ᠤᠳᠪᠠᠯᠠ 15 ᠭᠷᠡᠮ᠂ ᠰᠢᠬᠢᠷ ᠡᠪᠡᠰᠦ 10 ᠭᠷᠡᠮ ᠢ ᠪᠤᠴᠠᠯᠤᠭᠰᠠᠨ ᠤᠰᠤᠨ ᠳᠤ ᠳᠡᠪᠲᠦᠭᠡᠵᠦ᠂ ᠴᠠᠢ ᠶᠢᠨ ᠣᠷᠣᠨ ᠳᠤ ᠤᠤᠭᠤᠨ᠎ᠠ᠃    ᠳ᠋ᠦᠩᠭᠤᠸᠠ ᠶᠢ ᠰᠠᠶᠢᠲᠤᠷ ᠤᠬᠢᠶᠠᠵᠤ ᠴᠡᠪᠡᠷᠯᠡᠭᠰᠡᠨ ᠤ ᠲᠠᠷᠠᠭ᠎ᠠ ᠰᠢᠭᠦᠰᠦ ᠶᠢ ᠨᠢ ᠰᠢᠬᠠᠵᠤ ᠤᠤᠭᠤᠨ᠎ᠠ᠃ 
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号