ᠰᠠᠯᠬᠢ ᠲᠠᠮᠨᠠᠭᠰᠠᠨ ᠬᠦᠨᠳᠡᠢ ᠲᠠᠯ᠎ᠠ
ᠨᠡᠶᠢᠲᠡᠯᠡᠭᠰᠡᠨ ᠴᠠᠭ᠄
2025/6/3
                                                                               — ᠬᠦᠨᠳᠦᠳᠦ ᠡᠴᠢᠭᠡ ᠪᠠᠨ ᠲᠤᠷᠠᠰᠦᠨ ᠪᠢᠴᠢᠪᠡᠢ       ᠬᠠᠩᠰᠢ ᠶᠢᠨ ᠡᠮᠦᠨ᠎ᠡ ᠡᠳᠦᠷ᠂ ᠵᠢᠭᠡ ᠬᠡᠦᠭᠡᠳ ᠲᠠᠢ ᠪᠠᠨ ᠲᠷᠠᠺᠲ᠋ᠤᠷ ᠢᠶᠠᠷ ᠠᠶᠢᠯ ᠤᠨ ᠪᠠᠷᠠᠭᠤᠨ ᠡᠮᠦᠨ᠎ᠡ ᠭᠤᠷᠪᠠᠨ ᠭᠠᠵᠠᠷ ᠤᠨ ᠵᠡᠢ ᠳᠤ ᠪᠠᠶᠢᠭ᠎ᠠ ᠡᠴᠢᠭᠡ ᠢᠶᠠᠨ ᠢᠶᠠᠨ ᠪᠤᠩᠬᠤᠨ ᠳᠤ ᠰᠢᠷᠤᠢ ᠨᠡᠮᠡᠬᠦ ᠪᠠᠷ ᠬᠦᠷᠦᠯ᠎ᠡ᠃ ᠨᠠᠷᠠ ᠰᠠᠯᠬᠢ ᠲᠡᠩᠨᠡᠭᠰᠡᠨ ᠡᠷᠳᠡ‌ᠬᠠᠪᠤᠷ ᠤᠨ ᠬᠦᠳᠡᠭᠡ ᠨᠤᠳᠤᠭ ᠤᠨ ᠮᠠᠩᠬ᠎ᠠ ᠲᠠᠯ᠎ᠠ ᠬᠠᠷᠠᠭᠠᠨ ᠤ ᠦᠵᠦᠭᠦᠷ ᠵᠡᠷᠭᠡᠯᠭᠡᠨ ᠲᠤᠮᠳᠠ ᠴᠡᠴᠡᠷᠡᠨ ᠮᠢᠷᠠᠯᠵᠡᠨ᠎ᠡ᠃ ᠠᠶᠢᠯ ᠤᠨ ᠡᠮᠦᠨᠡᠬᠢ ᠬᠦᠳᠦᠯ ᠢ ᠲᠠᠪᠠᠮᠠᠭᠴᠠ ᠠᠯᠤᠰ ᠠᠴᠠ ᠰᠦᠭᠯᠦᠶᠢᠨ ᠤᠷᠭᠤᠭᠰᠠᠨ ᠮᠠᠨᠢ ᠶᠢᠨ ᠮᠤᠳᠤ ᠬᠠᠷᠠᠭᠳᠠᠵᠦ᠂ ᠠᠪᠤ ᠶᠢᠨ ᠠᠷᠢᠭᠤᠨ ᠴᠢᠨᠳᠡᠷ ᠤᠨ ᠪᠤᠩᠬᠤᠨ ᠬᠡᠪᠲᠡᠷᠢ ᠮᠤᠳᠤ ᠪᠠᠨ ᠲᠦᠰᠢᠵᠦ ᠡᠬᠡ ᠭᠠᠵᠠᠷ ᠢᠶᠠᠨ ᠲᠠᠭᠠᠭᠲᠠᠶᠢᠬᠠᠨ ᠲᠡᠷᠯᠡᠵᠦ ᠬᠠᠷᠠᠭᠳᠠᠨ᠎ᠠ᠃ ᠠᠷᠪᠠ ᠶᠢᠰᠦᠨ ᠵᠢᠯ᠂ ᠠᠯᠳᠠᠨ ᠲᠡᠯᠡᠬᠡᠢ ᠳᠤ ᠠᠪᠤ ᠦᠭᠡᠢ ᠠᠷᠳᠠᠭ ᠵᠠᠩ ᠳᠤ ᠲᠠᠰᠢᠭᠤᠷ ᠦᠭᠡᠢ ᠯᠡ ᠶᠠᠪᠤᠭᠰᠠᠨ ᠠᠷᠪᠠ ᠶᠢᠰᠦᠨ ᠵᠢᠯ᠂ ᠡᠨᠡ ᠬᠤᠭᠤᠷᠤᠨᠳᠦ ᠦᠷ᠎ᠡ ᠬᠦᠪᠡᠭᠦᠨ ᠴᠢᠨᠢ ᠲᠦᠴᠢᠨ ᠤ ᠲᠠᠪᠠᠭ᠎ᠠ ᠶᠢ ᠲᠠᠪᠠᠵᠦ᠂ ᠬᠤᠰᠢᠭᠤᠨ ᠲᠦᠪ ᠲᠤ ᠠᠯᠪᠠᠯᠠᠵᠦ᠂ ᠡᠭᠦᠳᠡ ᠨᠡᠭᠡᠭᠡᠵᠦ ᠦᠷᠦᠪ ᠴᠠᠶᠢᠯᠭᠠᠨ ᠬᠡᠦᠬᠡᠨ ᠲᠠᠢ ᠪᠤᠯᠤᠭᠠᠳ ᠦᠨᠳᠦᠷ ᠠᠰᠠᠷ ᠲᠤ ᠤᠷᠴᠢᠯᠡᠩ ᠤᠨ ᠲᠠᠭ᠎ᠠ ᠵᠢᠷᠭᠠᠯ ᠢ ᠡᠳ᠋ᠯᠡᠵᠦ ᠶᠠᠪᠤᠵᠦ ᠪᠠᠶᠢᠨᠠᠮ᠃ ᠭᠡᠳᠡᠯ᠎ᠡ ᠤᠷᠴᠢᠯᠡᠩ ᠤᠨ ᠡᠯᠡ ᠬᠠᠯᠠ ᠪᠤᠯᠭᠠᠨ ᠢ ᠨᠢᠭᠡ ᠴᠦ ᠬᠤᠴᠤᠷᠤᠭᠤᠯᠤᠯ ᠦᠭᠡᠢ ᠲᠤᠭᠠᠯᠡᠨ ᠠᠮᠰᠠᠭᠰᠠᠨ ᠠᠪᠤ ᠮᠢᠨᠢ᠂ ᠡᠨᠡᠬᠦ ᠵᠡᠯᠢᠭᠦᠳ ᠬᠡᠭᠡᠷ᠎ᠡ ᠶᠢᠨ ᠡᠪᠦᠯ ᠬᠠᠪᠤᠷ ᠨᠠᠮᠤᠷ ᠵᠤᠨ ᠢ ᠡᠷᠭᠢᠨ ᠡᠷᠭᠢᠨ ᠬᠠᠷᠠᠵᠦ ᠬᠡᠪᠲᠡᠨᠡᠮ᠃ ᠠᠳᠤᠩᠭᠠᠷ ᠪᠡᠶ᠎ᠡ ᠲᠠᠢ᠂ ᠡᠨᠡᠷᠢᠯ ᠵᠤᠪᠡᠯ ᠤᠨ ᠬᠤᠨᠢᠶᠡᠰᠦ ᠲᠦᠭᠦᠷᠡᠩ ᠮᠠᠩᠨᠡᠢ ᠳᠤ ᠤᠨ ᠰᠠᠷ᠎ᠠ ᠴᠠᠭ ᠲᠦᠷᠦ ᠶᠢᠨ ᠢᠮ ᠤᠷᠤᠮ ᠢ ᠨᠢᠭᠤᠭᠰᠠᠨ ᠲᠠᠭᠤ ᠦᠭᠡᠢ ᠡᠪᠦᠭᠡᠵᠢᠶᠡᠷ ᠬᠦᠮᠦᠨ ᠬᠦᠨᠲᠡᠢ ᠲᠠᠯ᠎ᠠ ᠶᠢᠨ ᠲᠤᠮᠳᠠ ᠬᠤᠯᠠ  ᠶᠢᠨ ᠵᠡᠷᠭᠡᠯᠭᠡᠨ ᠢ ᠰᠦᠯᠵᠢᠭᠰᠡᠭᠡᠷ ᠨᠢᠯᠪᠤᠰᠤᠨ ᠤ ᠪᠦᠮᠪᠦᠭᠡᠯᠢᠭ ᠠᠴᠠ ᠲᠤᠳᠤᠷᠡᠨ ᠪᠤᠰᠤᠨ᠎ᠠ᠃ ᠦᠬᠡᠷ ᠤᠨ ᠴᠢᠨᠡᠭᠡ ᠦᠰᠦᠭ ᠮᠡᠳᠡᠬᠦ ᠦᠭᠡᠢ᠂ ᠠᠳᠤᠭᠤᠨ ᠴᠢᠨᠡᠭᠡ ᠠ ᠮᠡᠳᠡᠬᠦ ᠦᠭᠡᠢ ᠭᠡᠵᠦ ᠪᠠᠭ᠎ᠠ ᠰᠤᠷᠭᠠᠭᠤᠯᠢ ᠳᠠᠭᠠᠨ ᠰᠤᠷᠴᠦ ᠪᠠᠶᠢᠭᠰᠠᠨ ᠵᠤᠶᠢᠷ ᠦᠭᠡ ᠡᠷᠬᠡ ᠦᠭᠡᠢ ᠠᠪᠤ ᠶᠢᠨ ᠮᠢᠨᠢ ᠦᠰᠦᠭ ᠰᠤᠶᠤᠯ ᠲᠠᠨᠢᠭᠰᠠᠨ ᠦᠭᠡᠢ ᠨᠢᠭᠡ ᠨᠠᠰᠦ ᠶᠢ ᠬᠤᠷᠢᠶᠠᠩᠭᠤᠶᠢᠯᠠᠵᠦ ᠪᠤᠯᠬᠤ ᠶᠤᠮ᠃ ᠡᠳᠦᠷᠵᠢᠨ ᠦᠭᠡ ᠴᠦᠬᠡᠨᠲᠡᠢ ᠠᠵᠢᠯ ᠳᠤ ᠪᠤᠷᠪᠢ ᠪᠤᠬᠢᠰᠬᠡᠯ ᠦᠭᠡᠢ ᠶᠠᠪᠤᠳᠠᠭ ᠠᠪᠤ ᠮᠢᠨᠢ ᠪᠠᠭ᠎ᠠ ᠨᠠᠰᠤᠨ ᠳᠠᠭᠠᠨ ᠬᠡᠳᠦᠬᠡᠨ ᠡᠳᠦᠷ ᠬᠠᠭᠤᠴᠢᠨ ᠤ ᠭᠡᠷ ᠤᠨ ᠰᠤᠷᠭᠠᠭᠤᠯᠢ ᠳᠤ ᠰᠠᠭᠤᠭᠰᠠᠨ ᠢᠶᠠᠨ ᠠᠷᠢᠬᠢᠨ ᠳᠤ ᠬᠠᠯᠠᠮᠰᠢᠬᠤ ᠪᠤᠯᠭᠠᠨ ᠳᠠᠭᠠᠨ ᠶᠠᠷᠢᠵᠦ ᠯᠠ ᠰᠠᠭᠤᠳᠠᠭ᠃ ᠭᠡᠪᠡᠴᠦ ᠤᠳᠠᠯ ᠦᠭᠡᠢ ᠮᠦᠨ ᠬᠦ ᠰᠡᠭᠦᠷᠡᠰᠦᠯᠡᠴᠢᠬᠡᠳᠡᠭ᠃ ᠠᠪᠤ ᠶᠢᠨ ᠮᠢᠨᠢ ᠰᠡᠭᠦᠷᠡᠰᠦ ᠮᠦᠨ ᠬᠦ ᠦᠨᠦᠳᠦᠷ ᠤᠨ ᠲᠠᠯ᠎ᠠ ᠶᠢᠨ ᠬᠦᠨᠳᠡᠢ ᠶᠢ ᠲᠠᠮᠨᠠᠨ ᠬᠡᠶᠢᠰᠬᠦ ᠰᠠᠯᠬᠢᠨ ᠮᠡᠳᠦ ᠵᠢᠷᠦᠬᠡᠨ ᠤ ᠭᠦᠨ ᠵᠦᠭ ᠬᠡᠵᠢᠶᠡᠳᠡ ᠬᠠᠤᠭᠢᠨ ᠬᠠᠦᠭᠢᠨ᠎ᠡ᠃      ᠠᠪᠤ ᠮᠢᠨᠢ ᠬᠠᠭᠤᠴᠢᠨ ᠰᠢᠨ᠎ᠡ ᠨᠡᠶᠢᠭᠡᠮ ᠢ ᠠᠯᠤᠰᠯᠡᠨ ᠭᠡᠰᠬᠢᠵᠦ᠂ ᠠᠮᠠᠨ ᠰᠦ ᠨᠢ ᠠᠷᠢᠯᠤᠭ᠎ᠠ ᠦᠭᠡᠢ ᠳᠠᠭᠠᠨ ᠡᠪᠦᠭᠡ ᠶᠢᠨ ᠮᠢᠨᠢ ᠬᠠᠶᠢᠷ᠎ᠠ ᠶᠢᠨ ᠶᠢᠷᠲᠡᠨᠴᠦ ᠠᠴᠠ ᠰᠠᠯᠵᠦ᠂ ᠭᠡᠭᠡᠷ᠎ᠡ ᠶᠢᠨ ᠨᠤᠭᠤᠭ᠎ᠠ ᠪᠠᠷ ᠦᠯ ᠲᠠᠷᠤᠵᠦ᠂ ᠬᠦᠮᠦᠨ  ᠤ ᠶᠢᠷᠲᠡᠨᠴᠦ ᠶᠢᠨ ᠤᠯᠠᠭᠠᠨ ᠲᠤᠭᠤᠰᠤᠨ ᠤ ᠲᠦᠪ ᠪᠤᠰᠦ ᠬᠢᠯᠢᠰ ᠭᠦᠵᠢᠷ ᠢ ᠡᠷᠡᠭᠦᠯ ᠴᠢᠬᠢᠷᠠᠭ ᠠᠮᠢ ᠨᠠᠰᠦ ᠪᠠᠷ  ᠢᠶᠠᠨ ᠲᠦᠯᠦᠭᠰᠡᠨ ᠪᠠᠶᠢᠬᠤ ᠶᠤᠮ᠃ ᠨᠢᠭᠡ ᠨᠠᠰᠤᠨ ᠳᠠᠭᠠᠨ ᠠᠪᠠᠭ᠎ᠠ ᠡᠭᠡᠴᠢ᠂ ᠠᠪᠠᠭ᠎ᠠ ᠬᠤᠶᠠᠷ ᠢ ᠬᠤᠶᠢᠨ᠎ᠠ ᠡᠮᠦᠨ᠎ᠡ ᠪᠢᠴᠢᠭ ᠦᠵᠡᠭᠦᠯᠵᠦ ᠨᠢᠳᠦ ᠨᠡᠭᠡᠭᠡᠯᠭᠡᠨ᠎ᠡ ᠭᠡᠳ ᠠᠮᠢ ᠪᠠᠨ ᠬᠠᠰᠢ ᠪᠤᠯᠬᠤ ᠶᠢ ᠮᠡᠳᠡᠬᠦ ᠴᠦ ᠦᠭᠡᠢ ᠴᠦᠪ ᠤᠨ ᠴᠠᠭ  ᠲᠤ ᠬᠤᠭᠤᠰᠤᠨ ᠬᠦᠰᠡᠯ ᠪᠤᠳᠤᠯ ᠢᠶᠠᠨ ᠬᠠᠶᠠᠭᠰᠠᠨ ᠦᠭᠡᠢ᠂ ᠦᠨᠦᠳᠦᠷ ᠪᠤᠳᠤᠬᠤ ᠳᠤ ᠬᠡᠴᠢᠨᠡᠨ ᠦᠨᠳᠦᠷ ᠪᠤᠷᠤᠭᠵᠢᠭᠤᠨ ᠠᠭᠤᠤ ᠬᠦᠰᠡᠯ ᠪᠠᠶᠢᠭᠰᠠᠨ ᠠᠵᠡᠢ᠃ ᠡᠵᠢ ᠮᠢᠨᠢ ᠦᠷᠬᠦᠯᠵᠢ ︽ᠠᠪᠤ ᠴᠢᠨᠢ ᠵᠠᠯᠠᠭᠤ ᠳᠠᠭᠠᠨ ᠬᠤᠯᠠ  ᠶᠢᠨ ᠨᠤᠳᠤᠭ ᠲᠤ ᠭᠤᠤᠯ ᠮᠠᠯᠳᠠᠬᠤ ᠠᠵᠢᠯ ᠳᠤ ᠶᠠᠪᠤᠬᠤ ᠳᠤ ᠬᠦᠮᠦᠰ ᠪᠦᠷ ᠰᠢᠬᠢᠷ ᠬᠤᠳᠠᠯᠳᠤᠨ ᠠᠪᠴᠦ ᠢᠳᠡᠳᠡᠭ ᠂ ᠤᠳᠤᠬᠠᠨ ᠤ ᠰᠢᠭ ᠦᠩᠰᠢᠭ ᠪᠢᠰᠢ ᠲᠤᠯᠠ ᠤᠯᠠᠩᠭᠢ ᠨᠢ ᠪᠦᠷ ᠠᠪᠤᠭᠰᠠᠨ ᠰᠢᠬᠢᠷ ᠢᠶᠠᠨ ᠬᠤᠪᠢ ᠬᠤᠪᠢ ᠪᠠᠷ  ᠢᠶᠠᠨ ᠭᠤᠤᠯ ᠤᠨ ᠡᠷᠬᠢᠨ ᠤ ᠨᠠᠷᠠ ᠲᠠᠯ᠎ᠠ ᠳᠤ ᠪᠤᠭᠴᠤᠶᠢᠨ ᠰᠠᠭᠤᠵᠦ ᠢᠳᠡᠵᠡᠭᠡᠳᠡᠭ᠃ ᠭᠡᠪᠡᠴᠦ ᠠᠪᠤ ᠴᠢᠨᠢ ᠬᠢᠵᠢᠶᠡᠳᠡ ᠠᠵᠢᠯ ᠤᠨ ᠢᠶᠠᠨ ᠠᠮᠠᠷᠠᠯᠳᠠ ᠪᠤᠯᠤᠭᠰᠠᠭᠠᠷ ᠭᠠᠭᠴᠠᠭᠠᠷ ᠭᠤᠤᠯ ᠤᠨ ᠲᠠᠩ ᠤᠨ ᠠᠷᠦ ᠰᠡᠭᠦᠳᠡᠷ ᠲᠤ ᠤᠴᠢᠵᠦ ᠨᠢᠳᠦ ᠪᠠᠨ ᠠᠨᠢᠨ ᠬᠡᠪᠲᠡᠵᠦ᠂ ᠬᠦᠮᠦᠰ ᠤᠨ ᠰᠢᠬᠢᠷ ᠢᠶᠠᠨ ᠢᠳᠡᠵᠦ ᠪᠠᠷᠠᠬᠤ ᠶᠢ ᠬᠦᠯᠢᠶᠡᠳᠡᠭ᠂ ᠨᠢᠭᠡ ᠮᠦᠩᠭᠦ ᠴᠦ ᠠᠷᠪᠢᠯᠡᠵᠦ ᠪᠠᠶᠢᠭᠠᠳ ᠠᠪᠠᠭ᠎ᠠ ᠡᠭᠡᠴᠢ ᠳᠤ ᠴᠢᠨᠢ ᠭᠤᠪᠢᠭᠤᠯᠬᠤ ᠶᠢ ᠪᠤᠳᠤᠳᠠᠭ ᠪᠠᠶᠢᠵᠡᠢ︾ ᠭᠡᠵᠦ ᠬᠡᠯᠡᠵᠦ ᠪᠠᠶᠢᠭᠰᠠᠨ ᠶᠤᠮ᠃ ᠢᠩᠭᠢᠵᠦ ᠠᠪᠤ ᠮᠢᠨᠢ ᠦᠯᠦᠮ ᠵᠢᠯᠦᠮᠬᠡᠨ ᠬᠡᠳᠦᠬᠡᠨ ᠵᠤᠭᠤᠰ ᠢᠶᠠᠨ ᠵᠠᠯᠠᠭᠤ ᠨᠠᠰᠤᠨ ᠤ ᠠᠷᠳᠠᠭ ᠴᠠᠭ ᠲᠤ ᠴᠦ ᠦᠪᠡᠷ ᠢᠶᠠᠨ ᠨᠢᠭᠡ ᠴᠦ ︽ᠪᠦᠷᠢᠯᠭᠡᠳᠡᠭ︾ ᠦᠭᠡᠢ ᠪᠠᠷ ᠠᠪᠠᠭ᠎ᠠ ᠡᠭᠡᠴᠢ ᠠᠪᠠᠭ᠎ᠠ ᠬᠤᠶᠠᠷ  ᠢ ᠨᠢᠭᠡ ᠶᠢ ᠨᠢ ᠬᠦᠬᠡᠬᠤᠳᠠ ᠶᠢᠨ ᠰᠤᠷᠭᠠᠭᠤᠯᠢ ᠨᠢᠭᠡ ᠶᠢ ᠨᠢ ᠦᠨᠳᠦᠷ ᠲᠤᠮᠳᠠᠳᠦ ᠶᠢ ᠲᠡᠭᠦᠰᠳᠡᠯ᠎ᠡ ᠪᠢᠴᠢᠭ ᠦᠵᠡᠭᠦᠯᠦᠭᠰᠡᠨ ᠶᠤᠮ᠃ ᠠᠪᠠᠭ᠎ᠠ ᠮᠢᠨᠢ ᠭᠡᠷ ᠤᠨ ᠭᠠᠷᠤᠯ ᠤᠨ ︽ᠮᠠᠭᠤ︾ ᠠᠴᠠ ᠠᠵᠢᠯ ᠬᠢᠳᠡᠯ ᠤᠯᠤᠭᠰᠠᠨ ᠦᠭᠡᠢ ᠴᠦ ᠬᠦᠳᠡᠭᠡ ᠠᠶᠢᠯ ᠳᠤ ᠴᠦᠬᠡᠨ ᠪᠠᠶᠢᠭᠰᠠᠨ ︽ᠪᠢᠴᠢᠭ ᠤᠨ ᠬᠦᠮᠦᠨ︾ ᠤ ᠨᠢᠭᠡ ᠪᠠᠶᠢᠭᠰᠠᠨ ᠶᠤᠮ᠃ ᠠᠪᠤ ᠮᠢᠨᠢ ᠤᠷᠪᠠᠭᠠᠨ ᠬᠦᠷᠪᠡᠭᠡᠨ ᠲᠠᠢ ᠴᠠᠭ ᠲᠤ ᠴᠦ ᠪᠦᠯᠢ ᠤᠯᠡᠨ ᠲᠠᠢ ᠠᠶᠢᠯ ᠭᠡᠷ ᠢᠶᠠᠨ ᠦᠰᠦᠭ ᠮᠡᠳᠡᠬᠦ ᠦᠭᠡᠢ ᠡᠪᠡᠷᠰᠢᠶᠠᠭᠰᠡᠨ‌ᠬᠤᠤᠰ ᠭᠠᠷ ᠪᠠᠷ ᠦᠷᠦ ᠭᠤᠤᠯ ᠲᠠᠢ ᠲᠠᠲᠠᠵᠦ᠂ ᠪᠠᠰᠠ ᠬᠡᠦᠬᠡᠨ ᠲᠡᠭᠦᠦ ᠲᠡᠭᠦᠦ ᠬᠤᠶᠠᠷ ᠪᠠᠨ ᠪᠢᠴᠢᠭ ᠲᠠᠨᠢᠭᠤᠯᠠᠨ᠎ᠠ ᠭᠡᠵᠦ ᠭᠦᠶᠦᠭᠰᠡᠨ ᠨᠢ ᠠᠶᠢᠯ ᠠᠶᠢᠮᠠᠭ ᠤᠶᠢᠷ᠎ᠠ ᠰᠠᠳᠤᠨ ᠤ ᠲᠤᠮᠳᠠ ᠰᠠᠨᠠᠯ ᠲᠠᠢ ᠬᠦᠮᠦᠨ ᠭᠡᠵᠦ ᠪᠢᠰᠢᠷᠡᠭᠳᠡᠵᠦ ᠪᠠᠶᠢᠵᠡᠢ᠃       ᠨᠠᠮ᠎ᠠ ᠶᠢ ᠪᠠᠭ᠎ᠠ ᠪᠠᠶᠢᠬᠤ ᠳᠤ ᠠᠪᠤ ᠮᠢᠨᠢ ᠭᠡᠷ ᠤᠨ ᠭᠠᠷᠤᠯ ᠮᠠᠭᠤ ᠶᠢᠨ ᠰᠢᠯᠳᠠᠭᠠᠨ ᠠᠴᠠ ᠪᠠᠷᠢᠭᠠᠳᠠ ᠶᠢᠨ ᠬᠡᠷᠡᠭᠯᠡᠬᠦ ᠪᠤᠷᠭᠠᠰᠤᠨ ᠰᠠᠭᠰᠦ ᠶᠢ ᠭᠦᠷᠦᠳᠡᠭ ᠪᠦᠭᠡᠳ ᠨᠠᠮᠤᠷ ᠤᠨ ᠰᠡᠭᠦᠯᠴᠢ ᠡᠪᠦᠯ ᠤᠨ ᠡᠬᠢ ᠪᠤᠯᠤᠭᠰᠠᠭᠠᠷ ᠬᠦᠯ ᠲᠠᠯᠪᠢᠬᠤ ᠭᠠᠵᠠᠷ ᠦᠭᠡᠢ ᠬᠦᠷᠢᠶ᠎ᠠ ᠲᠦᠭᠦᠷᠡᠩ  ᠪᠤᠷᠭᠠᠰᠦ ᠬᠠᠳᠤᠵᠦ᠂ ᠪᠢ ᠴᠦ ᠲᠡᠪᠬᠡᠷᠤᠨ ᠪᠠᠶᠠᠷᠯᠠᠵᠦ ᠪᠤᠷᠭᠠᠰᠤᠨ ︽ᠬᠦᠷᠦᠩᠭᠡᠳᠡᠨ︾ ᠪᠤᠯᠤᠭᠠᠳ ᠮᠤᠷᠢ ᠪᠤᠯᠭᠠᠵᠦ ᠲᠠᠰᠢᠭᠤᠷ ᠪᠤᠯᠭᠠᠵᠦ᠂ ᠬᠤᠳᠠ ᠶᠢᠨ ᠬᠡᠦᠬᠡᠳ ᠳᠤ ᠪᠠᠶᠢᠭ᠎ᠠ ᠦᠭᠡᠢ ᠨᠠᠭᠠᠳᠤᠮ ᠤᠨ ᠵᠢᠷᠭᠠᠯ ᠳᠤ ᠱᠤᠩᠪᠠᠳᠠᠭ ᠪᠠᠶᠢᠭᠰᠠᠨ ᠶᠤᠮ᠃ ᠭᠡᠪᠡᠴᠦ ᠠᠪᠤ ᠮᠢᠨᠢ ᠡᠪᠤᠯ ᠤᠨ ᠬᠦᠢᠳᠡᠨ ᠳᠤ ᠭᠠᠳᠠᠭ᠎ᠠ ᠰᠠᠭᠤᠵᠦ ᠤᠮᠳᠠᠭᠠᠰᠪᠠᠯ ᠬᠦᠢᠳᠡᠨ ᠤᠰᠤ ᠪᠠᠨ ᠵᠠᠯᠭᠢᠯᠡᠨ ᠭᠠᠷ ᠨᠢ ᠰᠠᠶᠢᠷᠳᠤᠵᠦ ᠬᠠᠭᠠᠷᠡᠨ ᠴᠢᠰᠦ ᠰᠢᠭᠦᠰᠦ ᠲᠠᠪᠠᠯᠡᠨ ᠪᠠᠶᠢᠭᠰᠠᠨ ᠴᠦ ᠡᠳᠦᠷ ᠤᠨ ᠨᠠᠷᠠ ᠰᠠᠷᠠ ᠶᠢ ᠬᠤᠯᠪᠤᠵᠦ ᠬᠠᠳᠠᠭᠤ ᠪᠤᠷᠭᠠᠰᠦ ᠶᠢ ᠰᠦᠯᠵᠢᠨ᠂ ᠭᠦᠷᠦᠭᠰᠡᠨ ᠰᠠᠭᠰᠦ ᠠᠭᠤᠯᠠ ᠰᠢᠭ᠋ ᠤᠪᠤᠭᠠᠷᠠᠵᠦ ᠪᠠᠶᠢᠭᠰᠠᠨ ᠨᠢ ᠤᠳᠤ ᠪᠤᠳᠤᠬᠤ ᠳᠤ ᠠᠪᠤ ᠳᠤ ᠮᠢᠨᠢ ᠤᠷᠴᠢᠯᠡᠩ ᠤᠨ ᠲᠠᠮᠦ ᠪᠠᠶᠢᠭᠰᠠᠨ  ᠢ ᠪᠢᠳᠡ ᠬᠡᠷᠬᠢᠨ ᠮᠡᠳᠡᠬᠦ ᠠᠵᠡᠢ᠃ ᠪᠠᠰᠠ ᠠᠶᠢᠯ ᠤᠨ ᠲᠠᠷᠢᠶᠠᠨ ᠭᠤᠤ ᠰᠡᠳᠡᠷᠡᠭᠰᠡᠭᠡᠷ ᠪᠠᠷᠢᠭᠠᠳᠠ ᠶᠢᠨ ᠲᠠᠷᠤᠭ᠎ᠠ ᠠᠪᠤ  ᠶᠢ ᠮᠢᠨᠢ ᠲᠠᠭᠤᠳᠠᠵᠦ᠂ ᠪᠤᠷᠤᠭᠠᠨ ᠴᠠᠰᠦ ᠡᠳᠦᠷ ᠰᠦᠨᠢ ᠶᠢ ᠬᠠᠮᠢᠶᠠᠷᠬᠤ ᠦᠭᠡᠢ ᠡᠪᠦᠳᠦᠭ ᠲᠤᠯᠲᠠᠯ᠎ᠠ ᠨᠤᠷᠤᠵᠦ ᠦᠯᠮᠡᠢ ᠪᠤᠷᠪᠢ ᠪᠠᠨ ᠴᠢᠷᠦᠭᠰᠡᠭᠡᠷ ᠪᠤᠴᠠᠳᠠᠭ ᠨᠢ ᠦᠷᠬᠦᠯᠵᠢ ᠶᠢᠨ ᠤᠴᠢᠷ ᠪᠠᠶᠢᠭᠰᠠᠨ ᠶᠤᠮ᠃ ᠡᠶᠢᠨᠬᠦ ᠪᠠᠷᠢᠭᠠᠳᠠ  ᠶᠢᠨ ᠤᠨᠤᠭᠠᠨ ᠮᠤᠷᠢᠨ ᠤ ᠡᠪᠡᠰᠦ ᠬᠡᠷᠴᠢᠬᠦ᠂ ᠰᠦᠨᠢ ᠡᠭᠡᠯᠵᠢ ᠦᠭᠡᠢ ᠦᠳᠦᠷᠮ᠎ᠡ ᠰᠠᠬᠢᠬᠤ᠂ ᠪᠠᠷᠢᠭᠠᠳᠠ ᠶᠢᠨ ᠭᠡᠷ ᠪᠠᠷᠢᠯᠭ᠎ᠠ ᠵᠡᠷᠭᠡ ᠬᠦᠨᠳᠦ ᠬᠦᠴᠢᠷᠲᠡᠢ ᠠᠵᠢᠯ ᠢ ᠦᠯᠡᠳᠡᠭᠡᠯ ᠦᠭᠡᠢ ᠬᠢᠯᠭᠡᠳᠡᠭ ᠪᠠᠶᠢᠭᠰᠠᠨ ᠠᠴᠠ ᠠᠪᠤ ᠮᠢᠨᠢ ᠨᠠᠰᠤᠨ  ᠠᠴᠠ ᠪᠠᠨ ᠡᠷᠳᠡ ᠬᠦᠬᠡᠷᠦᠭᠦᠢ ᠡᠪᠦᠭᠡᠷᠡᠨ ᠡᠭᠡᠯ ᠪᠤᠷᠤᠭᠵᠢᠭᠤᠨ ᠨᠤᠮᠤᠢ ᠲᠤᠷᠤᠢ ᠪᠠᠶᠢᠳᠠᠭ ᠨᠢ ᠮᠢᠨᠦ ᠪᠠᠯᠴᠢᠷ ᠨᠠᠰᠤᠨ  ᠳᠤ ᠬᠤᠴᠤᠷᠤᠭᠰᠠᠨ ᠰᠠᠭᠤᠭᠳᠠᠯ ᠪᠤᠯᠬᠤ ᠶᠤᠮ᠃     ᠨᠠᠮ᠎ᠠ ᠶᠢ ᠵᠢᠷᠭᠤᠭᠠᠲᠡᠢ ᠵᠢᠯ ᠤᠨ ᠴᠠᠰᠦᠳᠦ ᠡᠪᠦᠯ ᠪᠢᠯᠡ᠃ ᠪᠠᠷᠢᠭᠠᠳᠠ ᠶᠢᠨ ᠭᠡᠷ ᠲᠤ ᠠᠪᠤ ᠶᠢ ᠮᠢᠨᠢ ᠲᠡᠮᠡᠦᠯᠡᠵᠦ ᠪᠠᠶᠢᠨ᠎ᠠ ᠭᠡᠵᠦ ᠡᠵᠢ ᠮᠢᠨᠢ ᠦᠪᠡᠷ ᠤᠨ ᠪᠡᠶ᠎ᠡ ᠳᠡᠭᠡᠨ ᠬᠡᠯᠡᠬᠦ‍ ᠰᠢᠭ᠂ ᠭᠦᠨ ᠬᠠᠷᠠᠩᠭᠤᠢ ᠳᠤ ᠵᠠᠭᠠᠯᠳᠤᠨ ᠬᠡᠯᠡᠬᠦ‍ ᠰᠢᠭ ᠬᠠᠨᠵᠤᠨ ᠲᠤᠮᠳᠠ ᠪᠢᠳᠡᠨ ᠢ ᠪᠠᠨ ᠪᠦᠭᠡᠮᠨᠡᠷᠡᠭᠦᠯᠵᠦ ᠰᠠᠭᠤᠯᠭᠠᠨ ᠴᠠᠶᠢᠶ᠋ᠢᠦ ᠳ᠋ᠧᠩ ᠤᠨ ᠰᠦᠮᠡᠯᠵᠡᠭᠰᠡᠨ ᠭᠡᠷᠡᠯ ᠳᠤ ᠴᠤᠩᠬᠤᠨ ᠭᠠᠳᠠᠨᠠᠬᠢ ᠬᠠᠷᠠᠩᠭᠤᠢ ᠤᠷᠤᠭᠤ ᠰᠢᠷᠳᠡᠵᠦ ᠰᠠᠭᠤᠨ᠎ᠠ᠃ ᠦᠬᠦᠰᠢᠷᠡᠯ ‍ᠣᠨ‌‍ᠲ᠋ᠤᠭᠤᠢ ᠲᠤᠮᠳᠠ ᠪᠢᠳᠡ ᠬᠡᠵᠢᠶ᠎ᠡ ᠤᠨᠳᠠᠭᠰᠠᠨ ᠢᠶᠠᠨ ᠮᠡᠳᠡᠬᠦ ᠦᠭᠡᠢ᠂ ᠨᠢᠭᠡ ᠰᠡᠷᠡᠬᠦ ᠳᠤ ᠠᠪᠤ ᠶᠢᠨ ᠤᠷᠤ ᠬᠤᠭᠤᠰᠤᠨ ᠪᠦᠭᠡᠳ ᠭᠠᠳᠠᠨ᠎ᠠ ᠡᠮᠦᠨ᠎ᠡ ᠬᠡᠳᠦᠨ ᠡᠳᠦᠷ ᠤᠨ ᠤᠷᠤᠭᠰᠠᠨ ᠴᠠᠰᠤᠨ ᠤ ᠬᠦᠢᠳᠡᠨ ᠰᠢᠭᠤᠷᠭ᠎ᠠ ᠮᠠᠶᠢᠵᠢᠬᠢ ᠭᠡᠷ ᠤᠨ ᠮᠢᠨᠢ ᠤᠷᠤᠢ ᠶᠢ ᠬᠤᠪᠬᠤᠯᠠᠬᠤ ᠮᠡᠳᠦ ᠬᠠᠦᠬᠢᠨ᠂ ᠪᠦᠬᠦᠶᠢᠯᠡ ᠲᠡᠭᠷᠢ ᠨᠢᠭᠡᠨ ᠬᠦᠢᠳᠡᠨ ᠬᠠᠳᠠᠨ ᠤ ᠬᠦᠨᠲᠡᠢ ᠮᠡᠳᠦ ᠲᠦᠩᠭᠬᠢᠨᠡᠵᠦ ᠯᠠ ᠪᠠᠶᠢᠯ᠎ᠠ᠃ ᠤᠳᠠᠯ ᠦᠭᠡᠢ ᠪᠠᠷᠢᠭᠠᠳᠠ ᠲᠡᠭᠡᠷ᠎ᠡ ᠠᠴᠠ ᠬᠦᠮᠦᠨ ᠢᠷᠡᠵᠦ ᠠᠪᠤ ᠶᠢ ᠪᠤᠰᠴᠦ ᠲᠡᠶᠢᠯᠬᠦ ᠦᠭᠡᠢ ᠪᠠᠶᠢᠨ᠎ᠠ ᠭᠡᠵᠦ ᠬᠡᠯᠡ ᠬᠦᠷᠭᠡᠮᠡᠭᠴᠡ ᠶᠠᠪᠤᠯ᠎ᠠ᠃ ᠬᠤᠶᠠᠷ ᠡᠭᠡᠴᠢ ᠡᠵᠢ ᠶᠢᠨ ᠨᠢᠭᠡᠨᠳᠡ ᠪᠡᠯᠡᠳᠭᠡᠭᠰᠡᠨ ᠬᠤᠭᠤᠯᠠ ᠶᠢ ᠠᠪᠤᠮᠠᠭᠴᠠ ᠶᠠᠪᠤᠭᠠᠳ ᠤᠳᠠᠯ ᠦᠭᠡᠢ ᠡᠭᠡᠷ ᠲᠠᠲᠠᠭᠰᠠᠭᠠᠷ ᠪᠤᠴᠠᠵᠦ ᠢᠷᠡᠯ᠎ᠡ᠃ ᠡᠵᠢ ᠮᠢᠨᠢ ᠬᠦᠵᠦᠭᠦᠨ ᠤᠷᠢᠶᠠᠯᠳᠠ ᠪᠠᠨ ᠠᠪᠤᠮᠠᠭᠴᠠ ᠶᠠᠪᠤᠭᠠᠳ ᠠᠪᠤ ᠶᠢ ᠬᠦᠮᠦᠨ ᠢᠶᠠᠷ ᠬᠠᠪᠰᠤᠷᠤᠭᠤᠯᠵᠦ ᠡᠭᠦᠷᠦᠭᠡᠳ ᠤᠷᠤᠵᠦ ᠢᠷᠡᠯ᠎ᠡ᠃ ᠴᠤᠩᠭᠢᠭᠠᠷ ᠴᠢᠷᠠᠢ ᠨᠢ ᠨᠠᠮ᠎ᠠ ᠶᠢ ᠬᠠᠷᠠᠭᠠᠳ ᠠᠪᠤ ᠮᠢᠨᠢ ︽ᠪᠤᠤ ᠵᠤᠪᠠ︾ ᠭᠡᠰᠡᠨ ᠮᠠᠶ᠋ᠢᠭᠲᠡᠢ ᠵᠢᠭᠠᠬᠠᠨ ᠢᠨᠢᠶᠡᠮᠰᠦᠭᠯᠡᠵᠦ᠂ ᠤᠳᠠᠯ ᠦᠭᠡᠢ ᠡᠪᠡᠳᠴᠦ ᠡᠪᠡᠷᠰᠢᠶᠡᠭᠰᠡᠨ ᠵᠤᠪᠠᠷᠢᠯᠠᠩᠭᠤᠢ ᠴᠢᠷᠡᠢ ᠪᠠᠷ ᠰᠤᠯᠢᠭᠳᠠᠯ᠎ᠠ᠃ ᠰᠡᠭᠦᠯᠡᠷ ᠨᠢ ᠶᠢᠨ ᠪᠤᠤ ᠲᠦᠨ ᠴᠠᠩᠴᠦ᠋ᠨ ᠳᠤ ᠠᠪᠠᠴᠢᠵᠦ ᠡᠮᠨᠡᠭᠰᠡᠨ ᠪᠤᠯᠪᠠᠴᠦ ᠠᠪᠤ ᠮᠢᠨᠢ ᠲᠡᠬᠢᠵᠦ ᠡᠷᠡᠭᠦᠯ ᠰᠠᠶᠢᠬᠠᠨ ᠪᠡᠶ᠎ᠡ ᠠᠴᠠ ᠪᠠᠨ ᠡᠭᠦᠷᠢᠳᠡ ᠬᠤᠯᠠᠳᠤᠯ᠎ᠠ᠃ ᠡᠪᠡᠳᠴᠢᠲᠡᠢ ᠬᠡᠪᠳᠡᠵᠦ ᠪᠠᠶᠢᠭᠰᠠᠨ ᠬᠡᠳᠦᠨ ᠵᠢᠯ ᠳᠤ ᠨᠠᠮ᠎ᠠ  ᠳᠤ ᠮᠡᠳᠡᠳᠡᠭ ᠬᠡᠳᠦᠨ ᠬᠢᠳᠡᠳ ᠦᠰᠦᠭ ᠢᠶᠠᠨ ᠪᠢᠴᠢᠵᠦ ᠮᠢᠨᠦ ᠠᠩᠬᠠᠨ ᠤ ︽ᠪᠠᠭᠰᠢ︾ ᠪᠤᠯᠤᠭᠠᠳ ᠶᠠᠪᠤᠭᠰᠠᠨ ᠨᠢ ᠡᠨᠡᠬᠦ ᠠᠵᠠ ᠪᠤᠰᠦ ᠶᠢᠨ ᠲᠤᠬᠢᠶᠠᠯ ᠳᠤ ᠠᠪᠤ ᠲᠠᠢ ᠪᠠᠨ ᠪᠢ ᠰᠠᠶ᠋ᠢᠬᠠᠨ ᠠᠩᠬᠠᠨ ᠤ ᠬᠠᠶᠢᠷ᠎ᠠ ᠲᠠᠰᠤᠯᠴᠠᠯ ᠲᠠᠢ ᠪᠤᠯᠵᠦ ᠂ ᠪᠠᠭ᠎ᠠ ᠨᠠᠰᠤᠨ ᠤ ᠤᠨᠴᠠᠭᠠᠢ ︽ᠪᠠᠶᠠᠰᠤᠯ︾ ᠪᠤᠯᠤᠭᠰᠠᠨ ᠤᠨ ᠰᠠᠷ᠎ᠠ ᠪᠤᠯᠤᠭᠰᠠᠨ  ᠪᠠᠶᠢᠬᠤ ᠶᠤᠮ᠃     ᠭᠡᠪᠡᠴᠦ ᠠᠪᠤ ᠮᠢᠨᠢ ᠬᠤᠶᠠᠷ ᠡᠭᠡᠴᠢ ᠶᠢ ᠭᠡᠷ ᠤᠨ ᠭᠠᠷᠤᠯ᠂ ᠡᠪᠡᠳᠴᠢᠨ ᠡᠮᠬᠡᠭ ᠤᠨ ᠰᠢᠯᠳᠠᠭᠠᠨ ᠪᠠᠷ ᠪᠢᠴᠢᠭ ᠨᠤᠮ ᠳᠤ ᠤᠶᠢᠷᠠᠳᠤᠭᠤᠯᠵᠦ ᠴᠢᠳᠠᠭᠰᠠᠨ ᠦᠭᠡᠢ ᠳᠠᠭᠠᠨ ᠬᠡᠵᠢᠶᠡᠳᠡ ᠬᠠᠷᠠᠮᠰᠠᠳᠠᠭ ᠪᠠᠶᠢᠭᠰᠠᠨ ᠴᠦ ᠲᠠᠯᠠᠨ ᠨᠠᠢᠮᠠᠨ ᠤᠨ ᠤ ᠲᠦᠷᠦ ᠶᠢᠨ ᠪᠤᠳᠤᠯᠭ᠎ᠠ ᠶᠢᠨ ᠡᠷᠭᠢᠯᠳᠡ ᠪᠠᠷ ᠨᠠᠮᠠᠢ ᠶᠢ ᠰᠤᠷᠭᠠᠭᠤᠯᠢ ᠳᠤ ᠤᠷᠤᠭᠰᠠᠨ ᠵᠢᠯ ᠤᠨᠴᠠᠭᠠᠢ ᠪᠠᠶᠠᠷᠲᠡᠢ ᠪᠠᠶᠢᠯ᠎ᠠ᠃ ᠬᠤᠶᠠᠷ ᠬᠤᠷᠰᠢᠯ ᠦᠬᠡᠷ ᠢᠶᠠᠨ ᠭᠡᠯᠢᠵᠦ᠂ ᠬᠠᠪᠤᠷ ᠤᠨ ᠦᠷᠯᠦᠭᠡ ᠶᠢᠨ ᠬᠤᠶᠠᠷ ᠴᠠᠭ ᠲᠤ ᠪᠤᠰᠴᠦ᠂ᠠᠶᠢᠯ ᠤᠨ ᠪᠠᠷᠠᠭᠤᠨ ᠡᠮᠦᠨᠡᠬᠢ ᠲᠦᠴᠢᠨ ᠵᠤᠷᠬ᠎ᠠ ᠲᠠᠷᠢᠶ᠎ᠠ ᠪᠠᠨ ᠬᠠᠭᠠᠯᠵᠦ ᠪᠤᠴᠠᠬᠤ ᠳᠠᠭᠠᠨ ᠲᠠᠭᠤᠤ ᠲᠠᠢ ᠬᠠᠨᠢᠶᠠᠳᠦ ᠲᠠᠢ ᠪᠠᠶᠢᠵᠦ ᠪᠠᠶᠢᠭᠰᠠᠨ ᠨᠢ ᠮᠢᠨᠦ ᠨᠢᠳᠦᠨ ᠳᠤ ᠪᠤᠳᠤᠭ ᠨᠢ ᠤᠨᠠᠭᠰᠠᠨ ᠵᠢᠷᠤᠭ ᠮᠡᠳᠦ ᠬᠠᠷᠠᠭᠳᠠᠨ᠎ᠠ᠃ ᠮᠠᠨ ᠤ ᠠᠶᠢᠯ ᠤᠨ ᠤᠯᠠᠩᠬᠢ ᠬᠡᠦᠬᠡᠳ ᠬᠡᠴᠢᠨᠡᠨ ᠠᠯᠢᠶ᠎ᠠ ᠬᠤᠷᠴᠠ ᠪᠠᠶᠢᠭᠰᠠᠨ ᠴᠦ ᠭᠡᠷ ᠤᠨ ᠠᠬᠠᠮᠠᠳ ᠨᠢ ᠲᠠᠨᠢᠯᠳᠠ ᠲᠤᠷᠤᠢ ᠪᠠᠶᠢᠭᠰᠠᠨ ᠲᠤᠯᠠ ᠪᠤᠳᠤᠭ ᠲᠠᠢ ᠤᠷᠤᠯᠳᠤᠬᠤ ᠪᠠᠷ ᠪᠤᠳᠤᠭᠤ ᠲᠠᠢ ᠨᠤᠴᠤᠯᠳᠤᠭᠰᠠᠨ ᠨᠢ ᠲᠡᠭᠡᠷ᠎ᠡ ᠭᠡᠵᠦ ᠡᠷᠳᠡ ᠬᠦᠳᠡᠯᠮᠤᠷᠢ ᠳᠤ ᠤᠷᠤᠭᠤᠯᠵᠦ᠂ ᠭᠡᠷ ᠤᠨ ᠲᠤᠰᠠ ᠪᠤᠯᠭᠠᠵᠦ ᠬᠦᠳᠡᠭᠡ ᠠᠵᠢᠯ ᠤᠨ ᠢᠶᠠᠨ ᠬᠠᠪᠰᠤᠷᠤᠮᠵᠢ ᠪᠤᠯᠭᠠᠵᠦ ᠪᠠᠶᠢᠭᠰᠠᠨ ᠶᠤᠮ᠃ ᠦᠨᠡᠨᠳᠡᠭᠡᠨ ᠠᠪᠤ ᠮᠢᠨᠢ ᠡᠪᠡᠳᠴᠢᠨ ᠨᠢ ᠤᠳᠠᠬᠤ ᠦᠭᠡᠢ ᠤᠳᠠᠬᠤ ᠦᠭᠡᠢ ᠬᠦᠨᠳᠦᠷᠦᠨ᠂ ᠵᠠᠷᠢᠮ ᠳᠠᠭᠠᠨ ᠬᠠᠭᠠᠰ ᠰᠠᠷ᠎ᠠ ᠪᠠᠷ ᠬᠡᠪᠳᠡᠳᠡᠭ ᠪᠠᠶᠢᠭᠰᠠᠨ ᠴᠦ ᠪᠠᠭ᠎ᠠ ᠯᠠ ᠲᠡᠩᠭᠡᠷᠡᠭᠰᠡᠭᠡᠷ ᠲᠠᠷᠢᠶᠠᠨ ᠬᠠᠷ᠎ᠠ ᠠᠵᠢᠯ ᠳᠤ ᠭᠠᠷᠳᠠᠭ ᠪᠠᠶᠢᠯ᠎ᠠ᠃ ᠭᠡᠪᠡᠴᠦ ᠠᠮᠠᠨ ᠤ ᠪᠠᠨ ᠵᠠᠪᠰᠠᠷ ᠨᠢᠭᠡ ᠤᠳᠠᠭ᠎ᠠ ᠨᠠᠮ᠎ᠠ ᠶᠢ ᠰᠤᠷᠤᠯᠭ᠎ᠠ ᠠᠴᠠ ᠵᠤᠭᠰᠤᠭᠠᠨ᠎ᠠ ᠭᠡᠵᠦ ᠴᠤᠬᠤᠶᠢᠯᠭᠠᠭᠰᠠᠨ ᠦᠭᠡᠢ ᠲᠠᠭᠡᠷ᠎ᠡ ᠪᠠᠨ ︽ᠪᠢᠴᠢᠭ ᠢᠶᠠᠨ ᠰᠡᠳᠭᠢᠯ ᠠᠮᠠᠷ ᠦᠵᠡ︕ ᠠᠪᠤ ᠨᠢ ᠪᠠᠷᠤᠭᠲᠡᠢ ᠳᠤ ᠠᠶᠤᠳᠠᠭ ᠦᠭᠡᠢ ᠶᠤᠮ᠂ ᠲᠤᠭᠤᠭ᠎ᠠ ᠪᠠᠨ ᠬᠠᠭᠠᠯᠵᠦ ᠬᠤᠳᠠᠯᠳᠤᠵᠦ ᠪᠠᠶᠢᠭᠠᠳ ᠴᠦ ᠰᠤᠷᠤᠯᠭ᠎ᠠ ᠶᠢᠨ ᠵᠠᠷᠤᠳᠠᠯ ᠢ ᠴᠢᠨᠢ ᠦᠭᠭᠦᠨ᠎ᠡ︾ ᠭᠡᠵᠦ ᠴᠠᠭ ᠦᠷᠭᠦᠯᠵᠢ ᠬᠡᠯᠡᠳᠡᠭ ᠪᠠᠶᠢᠭᠰᠠᠨ ᠶᠤᠮ᠃ ᠠᠪᠤ ᠮᠢᠨᠢ ᠮᠢᠨᠦ ᠰᠤᠷᠤᠯᠭ᠎ᠠ ᠠᠩᠭᠢ ᠳᠠᠭᠠᠨ ᠤᠷᠤᠶᠢᠯᠠᠭᠰᠠᠨ ᠪᠠᠶᠢᠪᠠᠯ ᠴᠦᠬᠡᠨ ᠢᠯᠡᠷᠡᠳᠡᠭ ᠢᠨᠢᠶᠡᠳᠦ ᠶᠢᠨ ᠴᠢᠷᠡᠢ ᠶᠢ ᠨᠢ ᠪᠢ ᠤᠯᠵᠦ ᠬᠠᠷᠠᠳᠠᠭ᠃ ᠢᠩᠭᠢᠵᠦ ᠦᠨᠦᠳᠦᠷ ᠤᠨ ᠡᠷᠭᠢ ᠲᠠᠩᠭᠢᠯ ᠬᠡᠦᠬᠡᠳ ᠢᠶᠠᠨ ᠬᠤᠪᠴᠠᠰᠦ ᠭᠤᠳᠤᠯ ᠢᠶᠠᠷ ᠱᠠᠩᠨᠠᠳᠠᠭ ᠪᠠᠶᠢᠭᠰᠠᠨ ᠪᠤᠯ ᠠᠪᠤ ᠮᠢᠨᠢ ᠦᠪᠡᠷ ᠤᠨ ᠢᠶᠠᠨ ᠬᠡᠯᠪᠡᠷᠢ ᠪᠠᠷ ᠢᠨᠢᠶᠡᠳᠦ ᠴᠢᠷᠠᠢ ᠡᠷᠡᠰ ᠭᠠᠨᠳᠠᠭᠤᠨ ᠦᠭᠡ ᠪᠠᠷ ᠨᠠᠳᠠ ᠪᠠᠨ ᠵᠤᠷᠢᠭᠵᠢᠭᠤᠯᠳᠠᠭ ᠪᠠᠶᠢᠭᠰᠠᠨ ᠨᠢ ᠦᠨᠢᠳᠡ ᠮᠠᠷᠳᠠᠭᠳᠠᠰᠢ ᠦᠭᠡᠢ ᠰᠡᠳᠬᠢᠯ ᠤᠨ ᠬᠦᠷᠦᠩᠭᠡ ᠪᠤᠯᠤᠭᠰᠠᠨ ᠪᠠᠶᠢᠨ᠎ᠠ᠃     ᠨᠠᠮ᠎ᠠ ᠶᠢ ᠦᠨᠳᠦᠷ ᠵᠡᠷᠭᠡ ᠶᠢᠨ ᠲᠤᠮᠳᠠᠳᠦ ᠰᠤᠷᠭᠠᠭᠤᠯᠢ ᠳᠤ ᠰᠢᠯᠭᠠᠨ ᠤᠷᠤᠭᠰᠠᠨ ᠵᠤᠨ ᠠᠪᠤ ᠮᠢᠨᠢ ᠲᠤᠩ ᠬᠦᠭᠰᠡᠨ ᠪᠠᠶᠠᠷᠯᠠᠵᠦ ᠪᠠᠶᠢᠭᠰᠠᠨ ᠨᠢ ᠮᠦᠨ ᠲᠤᠳᠤᠷᠬᠠᠢ ᠴᠡᠭᠡᠵᠢᠯᠡᠭᠰᠡᠭᠡᠷ ᠶᠤᠮ᠃ ᠨᠠᠶᠠᠭᠠᠳ ᠤᠨ ᠤ ᠬᠦᠳᠡᠭᠡ ᠨᠤᠳᠤᠭ ᠲᠤᠶᠢᠯ ᠤᠨ ᠪᠤᠶᠢᠳᠠ ᠪᠦᠭᠯᠡᠭᠦᠦ ᠪᠠᠶᠢᠭᠰᠠᠨ ᠪᠦᠭᠡᠳ ᠭᠠᠨᠵᠤᠭ᠎ᠠ ᠳᠤ ᠪᠤᠷᠤᠭᠠᠨ ᠠᠴᠠ ᠪᠤᠯᠵᠦ ᠲᠡᠷᠭᠡ ᠨᠠᠪᠳᠡᠷᠡᠬᠦ ᠦᠭᠡᠢ ᠪᠤᠯᠵᠦ ᠵᠦᠪᠬᠡᠨ ᠶᠢᠨ ᠪᠤᠤ ᠲᠦᠨ ᠦᠷᠳᠡᠭᠡᠨ ᠠᠴᠠ ᠭᠠᠯᠳᠦ ᠲᠡᠷᠭᠡ ᠪᠠᠷ ᠶᠠᠪᠤᠬᠤ ᠴᠢᠬᠤᠯᠠᠲᠡᠢ ᠪᠤᠯᠤᠯ᠎ᠠ᠃ ᠵᠠᠷᠭᠡᠯᠡᠳᠡᠭᠡ ᠠᠶᠢᠯ ᠳᠤ ᠬᠤᠨᠤᠭᠯᠠᠭᠰᠠᠨ ᠦᠨᠳᠡᠭᠡᠨ ᠮᠠᠶᠢᠮᠠᠴᠢᠨ ᠤ ᠲᠡᠷᠭᠡ ᠶᠢ ᠭᠤᠶᠤᠵᠦ ᠶᠠᠪᠤᠬᠤ ᠪᠤᠯᠤᠭᠰᠠᠨ ᠳᠠᠭᠠᠨ ᠤᠷᠤ ᠪᠠᠨ ᠡᠭᠦᠷᠴᠦ ᠶᠠᠪᠤᠬᠤ ᠠᠴᠠ ᠦᠭᠡᠷ᠎ᠡ ᠠᠷᠭ᠎ᠠ ᠦᠭᠡᠢ ᠪᠤᠯᠤᠯ᠎ᠠ᠃ ᠦᠨᠡᠨᠳᠡᠭᠡᠨ ᠪᠢ ᠨᠢᠭᠡᠨᠳᠡ ᠠᠷᠪᠠᠨ ᠲᠤᠯᠤᠭᠠᠨ ᠨᠠᠰᠦ ᠬᠦᠷᠴᠦ ᠤᠷᠤ ᠡᠭᠦᠷᠬᠦ ᠳᠤ ᠠᠷᠠᠢ ᠲᠦᠪᠡᠭᠳᠡᠬᠦ ᠦᠭᠡᠢ ᠪᠠᠶᠢᠵᠡᠢ᠃ ᠭᠡᠪᠡᠴᠦ ᠠᠪᠤ ᠮᠢᠨᠢ ᠵᠠᠪᠠᠯ ᠦᠪᠡᠷ ᠢᠶᠠᠨ ᠬᠦᠷᠭᠡᠨ᠎ᠡ ᠭᠡᠵᠦ ᠡᠪᠡᠳᠴᠢᠲᠡᠢ ᠪᠡᠶ᠎ᠡ ᠪᠠᠷ ᠢᠶᠠᠨ ᠮᠢᠨᠦ ᠤᠷᠤ ᠶᠢ ᠡᠭᠦᠷᠴᠦ ᠡᠮᠦᠨ᠎ᠡ ᠲᠠᠯ᠎ᠠ ᠳᠤ ᠪᠤᠷᠤᠭᠠᠨ ᠤ ᠱᠠᠯᠴᠢᠭ ᠲᠤᠮᠳᠠᠭᠤᠷ ᠲᠡᠨᠳᠦᠷᠬᠢᠯᠡᠨ ᠠᠯᠬᠤᠵᠦ᠂ ᠬᠦᠴᠢᠷᠲᠡᠢ ᠬᠡᠰᠬᠢᠭᠰᠡᠨ ᠬᠦᠯ ᠤᠨ ᠪᠤᠷᠪᠢᠨ ᠠᠴᠠ ᠨᠢ ᠦᠰᠦᠷᠬᠡᠬᠦ ᠰᠢᠪᠡᠷ ᠮᠢᠨᠦᠬᠢ ᠬᠠᠵᠠᠭᠤ ᠪᠠᠷ ᠤᠨᠠᠬᠤ ᠳᠤ ᠮᠢᠨᠦ ᠨᠢᠳᠦᠨ ᠳᠤ ᠨᠢᠯᠪᠤᠰᠦ ᠲᠦᠭᠦᠷᠴᠦ ᠪᠠᠶᠢᠭᠰᠠᠨ ᠢᠶᠠᠨ ᠬᠢᠵᠢᠶᠡᠳᠡ ᠮᠠᠷᠳᠠᠬᠤ ᠦᠭᠡᠢ᠃     ᠶᠡᠷᠡᠨ ᠤᠨ ᠤ ᠨᠠᠮᠤᠷ ᠲᠤᠰᠬᠠᠢ ᠮᠡᠷᠭᠡᠵᠢᠯ ᠤᠨ ᠰᠤᠷᠭᠠᠭᠤᠯᠢ ᠰᠢᠯᠭᠠᠭᠠᠳ ᠬᠤᠴᠤᠷᠤᠭᠰᠠᠨ ᠮᠢᠨᠢ᠂ ᠡᠷ᠎ᠡ ᠬᠦᠮᠦᠨ ᠤ ᠠᠩᠬᠠᠨ ᠤ ᠰᠢᠯᠭᠠᠯᠳᠠ ᠳᠠᠭᠠᠨ ᠡᠷᠡᠰᠳᠡᠨ ᠤᠨᠠᠵᠦ᠂ ᠠᠪᠠᠭ᠎ᠠ ᠡᠭᠡᠴᠢ ᠶᠢᠨ ᠢᠶᠠᠨ ᠭᠡᠷ ᠲᠤ ᠬᠤᠶᠠᠷ ᠡᠳᠦᠷ ᠲᠤᠵᠢ ᠬᠡᠪᠳᠡᠵᠦ᠂ ᠠᠶᠢᠯ ᠤᠨ ᠠᠷᠦ ᠳᠤ ᠡᠭᠡᠯᠵᠢᠨ‌ᠮᠠᠰᠢᠨ ᠲᠡᠷᠭᠡᠨ ᠠᠴᠠ ᠪᠠᠭᠤᠵᠦ ᠢᠷᠡᠬᠦ ᠦᠶ᠎ᠠ᠂ ᠵᠠᠮ ᠤᠨ ᠬᠠᠵᠠᠭᠤ ᠳᠤ ᠠᠪᠤ ᠮᠢᠨᠢ ᠶᠠᠭ ᠰᠠᠶᠢᠬᠠᠨ ᠨᠠᠮᠤᠷ ᠤᠨ ᠡᠪᠡᠰᠦ  ᠬᠠᠳᠤᠵᠦ ᠪᠠᠶᠢᠬᠤ ᠲᠠᠢ ᠲᠠᠭᠠᠷᠠᠯᠳᠤᠯ᠎ᠠ᠃ ᠪᠢ ᠠᠪᠤ  ᠶᠢᠨ ᠢᠶᠠᠨ ᠨᠢᠭᠤᠷ ᠢ ᠠᠰ ᠬᠠᠷᠠᠬᠤ ᠠᠴᠠ ᠰᠢᠷᠬᠢᠵᠦ ᠪᠠᠶᠢᠲᠠᠯ᠎ᠠ ᠠᠪᠤ ᠮᠢᠨᠢ ᠰᠠᠨᠠᠭᠠᠨ ᠠᠴᠠ ᠭᠠᠳᠠᠭᠤᠷ ᠢᠨᠢᠶᠡᠮᠰᠦᠭᠯᠡᠴᠢᠬᠡᠭᠡᠳ ︽ᠲᠠᠬᠢᠭᠠᠳ ᠲᠠᠪᠲᠠᠴᠢᠬ᠎ᠠ᠂ ᠵᠤᠪᠠᠭ᠋ᠤ ᠬᠡᠷᠡᠭ ᠦᠭᠡᠢ︾ ᠭᠡᠳ ᠬᠦᠯᠦᠰᠦ ᠪᠠᠨ ᠠᠷᠴᠢᠨ ᠵᠤᠭᠰᠤᠵᠦ ᠪᠠᠶᠢᠭᠰᠠᠨ ᠨᠢ ᠰᠤᠷᠮᠤᠰᠦ ᠪᠦᠳᠦᠷᠡᠮ᠎ᠡ ᠨᠢᠯᠪᠤᠰᠤᠨ ᠤ ᠮᠢᠨᠢ ᠵᠠᠪᠰᠠᠷ ᠡᠨᠡᠷᠢᠯ ᠬᠠᠶᠢᠷ᠎ᠠ ᠶᠢᠨ ᠠᠪᠤᠷᠭᠤ ᠲᠠᠷᠬᠠᠨ ᠰᠢᠭ ᠰᠠᠨᠠᠭᠳᠠᠵᠦ ᠪᠢᠯᠡ᠃ ᠮᠠᠯ ᠤᠨᠤᠭᠠᠨ ᠳᠠᠭᠠᠨ ᠡᠪᠡᠰᠦ ᠬᠠᠶᠠᠬᠤ ᠨᠢ ᠡᠪᠦᠯ ᠤᠨ ᠬᠦᠳᠡᠭᠡ ᠠᠶᠢᠯ ᠤᠨ ᠡᠷᠬᠡᠪᠰᠢ ᠪᠡᠶᠡᠯᠡᠬᠦᠯᠬᠦ ᠠᠵᠢᠯ ᠪᠠᠶᠢᠭᠰᠠᠨ ᠶᠤᠮ᠃ ᠠᠪᠤ ᠳᠤ ᠲᠤᠰᠠ ᠪᠤᠯᠬᠤ ᠪᠠᠷ ᠡᠨᠡᠬᠦ ᠠᠵᠢᠯ ᠢ ᠲᠠᠭᠠᠭᠠᠴᠢᠯᠠᠭᠰᠠᠨ ᠮᠠᠶ᠋ᠢᠭᠲᠡᠢ ᠲᠤᠳᠤᠮᠳᠠᠨ ᠬᠢᠵᠦ ᠪᠠᠶᠢᠭᠰᠠᠨ ᠴᠦ ᠬᠡᠷᠪᠡ ᠪᠢ ᠨᠤᠮ ᠦᠵᠡᠬᠦ ᠪᠤᠶᠦ ᠪᠠᠭᠠᠬᠠᠨ ᠴᠠᠭ ᠲᠤ ᠴᠦ ᠲᠠᠪᠲᠠᠬᠤ  ᠳᠤ ᠬᠦᠷᠪᠡᠯ ᠠᠪᠤ ᠮᠢᠨᠢ ᠬᠡᠵᠢᠶᠡᠨᠡᠢ ᠰᠡᠮᠡᠬᠡᠷ ︽ᠲᠠᠭᠠᠭᠠᠭᠰᠠᠨ︾ ᠠᠵᠢᠯ ᠢ ᠮᠢᠨᠢ ᠪᠡᠶᠡᠯᠡᠬᠦᠯᠴᠢᠬᠡᠭᠰᠡᠨ ᠪᠠᠶᠢᠯ᠎ᠠ᠃ ᠢᠩᠭᠢᠭᠡᠳ ᠪᠢ ᠴᠦ ᠢᠨᠢᠶᠡᠵᠦ ᠤᠬᠢᠯᠠᠬᠤ ᠶᠢᠨ ᠵᠠᠪᠰᠡᠷ ᠠᠷᠭ᠎ᠠ ᠦᠬᠡᠶᠢᠳᠡᠭᠰᠡᠨ ᠪᠠᠶᠢᠳᠠᠭ ᠢᠶᠠᠨ ᠶᠠᠮᠠᠷ ᠨᠢᠭᠡᠨ ᠬᠦᠴᠦ ᠨᠠᠮ᠎ᠠ ᠶᠢ ᠲᠦᠯᠬᠢᠬᠦ‍ ᠰᠢᠭ ᠪᠢᠴᠢᠭ ᠳᠡᠭᠡᠨ ᠰᠢᠮᠳᠠᠳᠠᠭ ᠪᠤᠯᠤᠭᠰᠠᠨ ᠶᠤᠮ᠃     ᠠᠪᠤ ᠮᠢᠨᠢ ᠮᠠᠯ ᠤᠨᠤᠭᠠᠨ ᠳᠤ ᠲᠤᠩ ᠬᠠᠶᠢᠷᠠᠲᠡᠢ ᠪᠠᠶᠢᠳᠠᠭ ᠶᠤᠮ᠃ ᠬᠦᠮᠦᠨ ᠲᠠᠢ ᠲᠡᠮᠡᠢ ᠤᠶᠢᠷᠠᠳᠠᠳᠠᠭ ᠦᠭᠡᠢ ᠨᠢ ᠮᠠᠯ ᠤᠨᠤᠭᠠᠨ ᠳᠤ ᠨᠡᠩ ᠬᠠᠶᠢᠷᠠᠲᠡᠢ ᠪᠤᠯᠤᠭᠰᠠᠨ ᠪᠠᠶᠢᠬ᠎ᠠ᠃ ᠤᠨᠴᠠᠭᠠᠶᠢᠯᠡᠨ ᠬᠦᠯᠦᠰᠢᠨ ᠦᠬᠡᠷ ᠲᠠᠢ ᠪᠤᠯᠤᠭᠰᠠᠨ ᠴᠠᠭ ᠠᠴᠠ ᠡᠳᠦᠷ ᠪᠦᠷᠢ ᠵᠠᠪᠠᠯ ᠮᠠᠯᠳᠠᠭᠤᠷ ᠢᠶᠠᠷ ᠪᠡᠶ᠎ᠡ ᠶᠢ ᠨᠢ ᠮᠠᠭᠠᠵᠢᠨ ᠮᠠᠯᠳᠠᠵᠦ ᠦᠭᠳᠡᠭ᠃ ᠬᠤᠯᠠ ᠵᠠᠮ ᠳᠤ ᠦᠬᠡᠷ ᠶᠢᠨ ᠢᠶᠠᠨ ᠨᠢᠷᠤᠭᠤᠨ ᠢ ᠡᠪᠳᠡᠭᠦᠵᠡᠢ ᠭᠡᠳ ᠲᠠᠷᠤᠭᠤᠯ ᠲᠡᠭᠡᠰᠦᠨ ᠤ ᠬᠢᠨᠢ ᠲᠤᠤᠷ᠎ᠠ ᠤᠳᠠᠬᠤ ᠦᠭᠡᠢ ᠤᠳᠠᠬᠤ ᠦᠭᠡᠢ ᠮᠠᠭᠠᠵᠢᠵᠦ ᠦᠭᠳᠡᠭ᠃ ᠲᠠᠷᠢᠶᠠᠨ ᠳᠤ ᠭᠠᠷᠬᠤ ᠪᠤᠶᠦ ᠪᠤᠴᠠᠬᠤ ᠳᠠᠭᠠᠨ ᠠᠪᠤ ᠮᠢᠨᠢ ᠮᠠᠨᠤᠰ ᠢ ᠲᠡᠭᠡᠭᠡᠰᠢ ᠲᠠᠢ ᠲᠡᠷᠭᠡᠨ ᠳᠤ ᠬᠡᠵᠢᠶᠡᠳᠡ ᠦᠭᠡᠷ ᠤᠨ ᠴᠢᠳᠠᠯ ᠠᠴᠠ ᠬᠡᠳᠦᠶᠢᠳᠡᠨ᠎ᠡ ᠭᠡᠳ ᠰᠠᠭᠤᠯᠭᠠᠳᠠᠭ ᠦᠭᠡᠢ ᠶᠤᠮ᠃ ᠨᠡᠩ ᠵᠠᠷᠤᠭᠰᠠᠨ ᠬᠦᠯᠦᠰᠢᠨ ᠦᠬᠡᠷ ᠢᠶᠠᠨ ᠬᠤᠳᠠᠯᠳᠤᠬᠤ ᠲᠤᠷ᠎ᠠ ᠦᠭᠡᠢ ᠪᠦᠭᠡᠳ ᠰᠢᠳᠦ ᠨᠢ ᠤᠨᠠᠵᠦ ᠡᠪᠡᠰᠦ ᠢᠳᠡᠵᠦ ᠴᠢᠳᠠᠬᠤ ᠦᠭᠡᠢ ᠪᠤᠯᠵᠦ᠂ ᠡᠵᠢ ᠲᠠᠢ ᠮᠢᠨᠢ ᠬᠡᠴᠢᠨᠡᠨ ᠡᠳᠦᠷ ᠬᠡᠷᠡᠭᠦᠯ ᠪᠤᠯᠤᠮᠠᠨᠵᠢᠨ ᠰᠠᠶ᠋ᠢ ᠬᠤᠳᠠᠯᠳᠤᠳᠠᠭ ᠶᠤᠮ᠃ ᠮᠢᠨᠦ ᠴᠡᠭᠡᠵᠢᠯᠡᠵᠦ ᠪᠠᠶᠢᠬᠤ ᠪᠠᠷ ᠮᠠᠨᠠᠶᠢᠬᠢᠨ ᠮᠠᠯ ᠴᠦᠬᠡᠨ ᠤ ᠬᠢ ᠶᠤᠮ ᠦᠦ ᠪᠤᠤ ᠮᠡᠳᠡ᠂  ᠮᠠᠯ ᠤᠨ ᠵᠠᠷᠤᠯᠭ᠎ᠠ ᠪᠠᠭ᠎ᠠ ᠡᠷᠦᠬᠡ ᠶᠢᠨ ᠨᠢᠭᠡ ᠪᠠᠶᠢᠭᠰᠠᠨ ᠪᠦᠭᠡᠳ ᠠᠪᠤ ᠮᠢᠨᠢ ᠮᠠᠯ ᠬᠤᠳᠠᠯᠳᠤᠬᠤ ᠭᠡᠰᠡᠨ ᠢ ᠶᠡᠷᠦ ᠠᠮᠠᠨ ᠵᠠᠪᠰᠠᠷ ᠢᠶᠠᠷ ᠴᠦ ᠭᠠᠷᠭᠠᠳᠠᠭ ᠦᠭᠡᠢ᠃ ᠠᠪᠤ ᠡᠪᠡᠳᠴᠢᠨ ᠬᠦᠨᠳᠡᠭᠦᠷᠢ ᠪᠠᠶᠢᠯ᠎ᠠ ᠭᠡᠳ ᠮᠠᠯ ᠬᠤᠳᠠᠯᠳᠤᠵᠦ ᠡᠪᠡᠳᠴᠢᠨ  ᠢ ᠨᠢ ᠦᠵᠡᠭᠦᠯᠦᠶ᠎ᠡ ᠭᠡᠵᠦ ᠡᠵᠢ ᠮᠢᠨᠢ ᠲᠤᠷᠠᠳᠤᠭᠰᠠᠨ ᠴᠦ ᠠᠪᠤ ᠮᠢᠨᠢ ᠲᠠᠰᠦ ᠵᠦᠪᠰᠢᠶᠡᠷᠡᠭᠰᠡᠨ ᠦᠭᠡᠢ ᠶᠤᠮ᠃ ᠨᠠᠮ᠎ᠠ ᠶᠢ ᠶᠡᠭᠡ ᠰᠤᠷᠭᠠᠭᠤᠯᠢ ᠰᠢᠯᠭᠠᠵᠦ ᠤᠷᠤᠭᠰᠠᠨ ᠵᠤᠨ ᠠᠪᠤ ᠮᠢᠨᠢ ᠬᠦᠯ ᠭᠠᠵᠠᠷ ᠬᠦᠷᠬᠦ ᠦᠭᠡᠢ ᠪᠠᠶᠠᠷᠯᠡᠵᠦ ᠪᠠᠶᠢᠭᠰᠠᠨ ᠴᠦ ᠮᠢᠨᠦ ᠶᠡᠭᠡ ᠰᠤᠷᠭᠠᠭᠤᠯᠢ ᠳᠤ ᠶᠠᠪᠤᠬᠤ ᠵᠠᠷᠤᠳᠠᠯ ᠰᠦᠢᠳᠭᠡᠯ ᠢ ᠡᠪᠯᠡᠭᠦᠯᠬᠦ ᠳᠤ ᠲᠦᠪᠡᠭᠳᠡᠵᠦ ᠪᠠᠶᠢᠵᠡᠢ᠃ ᠵᠠᠷᠢᠮ ᠬᠦᠮᠦᠨ ᠪᠠᠶᠠᠷ ᠬᠢᠵᠦ ᠵᠤᠭᠤᠰ ᠴᠤᠭᠯᠠᠭᠤᠯᠬᠤ ᠶᠢ ᠲᠤᠷᠠᠳᠴᠦ ᠠᠷᠭ᠎ᠠ ᠭᠠᠷᠭᠠᠨ ᠦᠭᠬᠦᠭᠰᠡᠨ ᠴᠦ ᠠᠪᠤ ᠮᠢᠨᠢ ᠲᠤᠯᠤᠭᠠᠢ ᠰᠠᠵᠢᠭᠰᠠᠨ ᠪᠢᠯᠠ᠃ ᠨᠢᠭᠡ ᠦᠳᠡ ᠳᠤ ᠮᠠᠨ ᠤ ᠲᠦᠷᠦᠯ ᠨᠠᠭᠠᠴᠦ ᠶᠢ ᠲᠠᠭᠤᠳᠠᠨ ᠠᠪᠴᠢᠷᠠᠵᠦ᠄ ︽ᠮᠠᠢ︕ ᠴᠢ ᠬᠤᠳᠠᠯᠳᠤᠨ ᠠᠪ᠂ ᠪᠠᠷᠤᠭᠲᠡᠢ ᠬᠠᠩᠰᠢ ᠪᠤᠯ ᠪᠤᠯᠴᠢᠬᠠᠨ᠎ᠠ᠃ ᠪᠢ ᠲᠡᠷᠡ ᠰᠠᠬᠤᠤᠯ ᠮᠠᠶᠢᠮᠠᠴᠢᠨ ᠢ ᠢᠳᠡᠭᠡᠬᠦ ᠦᠭᠡᠢ᠂ ᠤᠳᠠᠬᠤ ᠦᠭᠡᠢ ᠠᠪᠠᠴᠢᠭᠠᠳ ᠮᠢᠬ᠎ᠠ ᠶᠢ ᠨᠢ ᠢᠳᠡᠴᠢᠬᠡᠳᠡᠭ ᠶᠤᠮ︾ ᠭᠡᠳ‌ᠦᠬᠡᠷ  ᠢᠶᠠᠨ ᠬᠠᠶᠢᠷᠠᠯᠠᠭᠰᠠᠨ ᠰᠢᠪ︕ ᠮᠢᠨᠦ ᠶᠡᠭᠡ ᠰᠤᠷᠭᠠᠭᠤᠯᠢ ᠳᠤ ᠤᠷᠤᠭᠰᠠᠨ ᠳᠤ ᠪᠠᠶᠠᠷᠯᠠᠭᠰᠠᠨ ᠰᠢᠪ︕ ᠠᠪᠤ ᠮᠢᠨᠢ ᠦᠨᠡᠬᠡᠷ ᠦᠪᠡᠷ ᠢᠶᠠᠨ ᠡᠵᠡᠨ ᠡᠷᠢᠵᠦ ᠦᠬᠡᠷ ᠬᠤᠳᠠᠯᠳᠤᠭᠰᠠᠨ ᠨᠢ ᠠᠶᠢᠯ ᠨᠤᠳᠤᠭ ᠤᠨ ᠮᠢᠨᠢ ᠦᠯᠢᠭᠡᠷ ᠵᠤᠭᠤᠭ ᠪᠤᠯᠵᠦ ᠪᠠᠶᠢᠵᠡᠢ᠃     ᠶᠡᠭᠡ ᠰᠤᠷᠭᠠᠭᠤᠯᠢ ᠲᠡᠭᠦᠰᠬᠦ ᠡᠪᠦᠯ᠂ ᠰᠠᠨᠠᠮᠰᠠᠷ ᠦᠭᠡᠢ ᠠᠪᠤ ᠪᠢᠳᠡ ᠬᠤᠶᠠᠷ ᠤᠨ ᠮᠠᠨᠢ ᠬᠠᠮᠤᠭ ᠡᠴᠦᠰ ᠤᠨ ᠠᠭᠤᠯᠵᠠᠯᠳᠠ ᠪᠠᠶᠢᠵᠡᠢ᠃ ᠠᠪᠤ ᠮᠢᠨᠢ ᠲᠠᠪᠢ ᠶᠢᠰᠦᠨ ᠨᠠᠰᠤᠨ ᠤ ᠲᠤᠭᠠᠯᠠᠩ ᠲᠠᠢ ᠡᠨᠡᠬᠦ ᠤᠷᠴᠢᠯᠡᠩ ᠤᠨ ᠪᠠᠶᠠᠷ ᠭᠤᠮᠤᠳᠠᠯ᠂ ᠬᠢᠯᠢᠰᠳᠡᠯ ᠴᠠᠭᠠᠪᠤᠷᠢᠯᠡᠯ ᠢᠶᠠᠨ ᠠᠪᠴᠦ ᠶᠢᠷᠲᠡᠨᠴᠦ ᠠᠴᠠ ᠬᠠᠯᠢᠵᠡᠢ᠃ ᠨᠠᠮ᠎ᠠ ᠶᠢ ᠠᠷᠪᠠᠨ ᠬᠡᠳᠦᠨ ᠵᠢᠯ ᠰᠤᠷᠭᠠᠭᠤᠯᠢ ᠳᠤ ᠰᠠᠭᠤᠯᠭᠠᠭᠠᠳ ᠨᠢᠭᠡ ᠡᠳᠦᠷ ᠤᠨ ᠰᠠᠶᠢᠨ ᠢ ᠴᠦ ᠤᠯᠵᠦ ᠬᠠᠷᠠᠭ᠎ᠠ ᠦᠭᠡᠢ᠂ ᠵᠢᠷᠠᠨ ᠨᠠᠰᠤᠨ ᠴᠦ ᠬᠦᠷᠦᠭᠡ ᠦᠭᠡᠢ ᠭᠡᠰᠡᠨ ᠬᠡᠦᠬᠡᠳ ᠮᠠᠨ ᠤ ᠪᠠᠨ ᠬᠠᠷᠠᠮᠰᠠᠯ ᠢ ᠡᠪᠦᠷᠯᠡᠵᠦ᠂ ᠬᠠᠷ᠎ᠠ ᠬᠤᠤᠷᠲᠡᠢ ᠨᠡᠶᠢᠭᠡᠮ ᠠᠴᠠ ᠲᠤᠯᠭᠠᠭᠰᠠᠨ ᠡᠪᠡᠳᠴᠢᠨ ᠢᠶᠠᠨ ᠠᠪᠴᠦ ᠦᠨᠢ ᠡᠭᠦᠷᠢᠳᠡ ᠮᠠᠨ ᠠᠴᠠ ᠪᠠᠨ ᠰᠠᠯᠤᠨ ᠤᠳᠤᠭᠰᠠᠨ ᠶᠤᠮ᠃ ᠨᠠᠮ᠎ᠠ ᠶᠢ ᠰᠤᠷᠭᠠᠭᠤᠯᠢ ᠳᠤ ᠪᠤᠴᠠᠬᠤ ᠠᠴᠠ ᠡᠮᠦᠨᠡᠬᠡᠨ ᠠᠪᠤ ᠮᠢᠨᠢ ᠰᠠᠭᠰᠦ ᠪᠠᠨ ᠡᠭᠦᠷᠴᠦ ᠡᠪᠡᠳᠴᠢᠲᠡᠢ ᠪᠡᠶ᠎ᠡ ᠪᠠᠷ ᠠᠶᠢᠯ ᠤᠨ ᠵᠠᠬ᠎ᠠ ᠠᠴᠠ ᠠᠷᠭᠠᠯ ᠲᠡᠭᠦᠵᠦ ᠪᠠᠶᠢᠭᠰᠠᠨ ᠶᠤᠮ ᠳ᠋ᠡᠭ᠃ ᠦᠨᠦᠳᠦᠷ ᠬᠦᠳᠡᠭᠡ ᠨᠤᠳᠤᠭ ᠤᠨ ᠮᠠᠩᠬ᠎ᠠ ᠲᠠᠯ᠎ᠠ ᠪᠠᠷ ᠡᠷᠳᠡ ᠬᠠᠪᠤᠷ ᠤᠨ ᠰᠠᠯᠬᠢ ᠬᠠᠦᠬᠢᠨ ᠬᠠᠦᠬᠢᠵᠦ ᠪᠠᠶᠢᠨ᠎ᠠ᠃ ᠲᠡᠷᠡ ᠨᠢ ᠶᠡᠭᠡ ᠪᠠᠶᠢᠭᠠᠯᠢ ᠶᠠᠮᠠᠷ ᠨᠢᠭᠡᠨ ᠶᠠᠭᠤᠮ᠎ᠠ ᠦᠭᠦᠯᠡᠬᠦ‍ ᠰᠢᠭ ᠶᠠᠮᠠᠷ ᠨᠢᠭᠡᠨ ᠬᠦᠮᠦᠨ ᠲᠠᠢ ᠦᠬᠦᠯᠡᠯᠳᠦᠬᠦ‍ ᠰᠢᠭ ᠰᠡᠳᠬᠢᠯ ᠶᠢ ᠮᠢᠨᠢ ᠤᠶᠠᠰᠬᠠᠨ᠎ᠠ᠃ ᠠᠪᠤ ᠮᠢᠨᠢ ᠨᠠᠮᠠᠢ ᠶᠢ ᠠᠮᠢᠳᠦ ᠶᠢᠨ ᠴᠠᠭ ᠲᠠᠭᠠᠨ ᠮᠦᠩᠭᠦ ᠵᠤᠭᠤᠰ ᠢᠶᠠᠷ ᠪᠠᠶᠠᠨ ᠬᠤᠪᠴᠠᠰᠦ ᠬᠤᠨᠠᠷ ᠢᠶᠠᠷ ᠡᠯᠪᠡᠭ ᠪᠤᠯᠭᠠᠵᠦ ᠴᠢᠳᠠᠭᠰᠠᠨ ᠦᠭᠡᠢ ᠴᠦ ᠨᠠᠳᠠᠳᠦ ᠪᠤᠶᠢᠳᠠ ᠪᠦᠭᠯᠡᠭᠦᠦ ᠬᠦᠳᠡᠭᠡ ᠨᠤᠳᠤᠭ ᠠᠴᠠ ᠨᠢᠰᠬᠦ ᠵᠢᠭᠦᠷ ᠢ ᠤᠶᠠᠵᠦ ᠦᠭᠭᠦᠭᠰᠡᠨ ᠶᠤᠮ᠃ ᠲᠡᠷᠡ ᠨᠢᠭᠡ ᠨᠠᠰᠤᠨ ᠳᠠᠭᠠᠨ ᠪᠢᠴᠢᠭ ᠰᠤᠶᠤᠯ ᠢ ᠲᠦᠷᠦ ᠭᠦᠷᠦᠨ ᠤ ᠮᠠᠨᠳᠤᠯ᠂ ᠦᠨᠳᠦᠰᠦᠳᠡᠨ ᠤ ᠮᠢᠨᠢ ᠢᠷᠡᠭᠡᠳᠦᠢ ᠲᠠᠢ ᠬᠤᠯᠪᠤᠨ ᠪᠤᠳᠤᠵᠦ ᠴᠢᠳᠠᠭᠰᠠᠨ ᠦᠭᠡᠢ ᠴᠦ ᠪᠢᠴᠢᠭ ᠰᠤᠶᠤᠯ ᠪᠤᠯ ᠬᠦᠮᠦᠨ ᠤ ᠰᠠᠶᠢᠬᠠᠨ ᠭᠡᠭᠡᠨ ᠰᠠᠷᠠᠭᠤᠯ ᠢ ᠠᠪᠴᠢᠷᠠᠵᠦ ᠴᠢᠳᠠᠨ᠎ᠠ ᠭᠡᠰᠡᠨ ᠢ ᠲᠡᠰᠦ ᠢᠳᠡᠭᠡᠨ᠂ ᠴᠦᠬᠡᠨ ᠪᠠᠶᠢᠳᠠᠭ ᠠᠭᠤᠤ ᠶᠡᠭᠡ ᠡᠴᠢᠭᠡ ᠶᠢᠨ ᠪᠤᠷᠤᠭᠵᠢᠭᠤᠨ ᠬᠠᠶᠢᠷ᠎ᠠ ᠰᠠᠨᠠᠯ ᠢ ᠬᠦᠦ ᠨᠠᠳᠠᠳᠦ ᠳᠠᠭᠠᠨ ᠶᠡᠭᠦᠯᠡᠨ ᠦᠭᠴᠦ ᠴᠢᠳᠠᠭᠰᠠᠨ ᠶᠤᠮ᠃ ᠠᠪᠤ ᠮᠢᠨᠢ ᠠᠮᠤᠷᠯᠢᠩᠭᠤᠢ ᠨᠤᠶᠢᠷᠰᠤᠭᠠᠷᠡᠢ︕ ᠲᠡᠨᠳᠡ ᠲᠡᠬᠢᠨ ᠬᠢᠯᠢᠰᠳᠡᠯ ᠭᠤᠮᠤᠳᠠᠯ ᠦᠭᠡᠢ᠂ ᠲᠠᠷᠤᠯᠡᠯ ᠬᠤᠤᠷᠯᠡᠯ ᠭᠡᠵᠦ ᠪᠠᠶᠢᠳᠠᠭ ᠦᠭᠡᠢ ᠪᠠᠶᠢᠬ᠎ᠠ ᠡ᠂ ᠬᠦᠨ ᠤᠷᠴᠢᠯᠡᠩ ᠤᠨ ᠬᠢᠵᠠᠭᠠᠷ ᠦᠭᠡᠢ ᠵᠡᠢ ᠳᠤ ᠬᠦᠮᠦᠨ ᠨᠤᠳᠤᠭ ᠢᠶᠠᠨ ᠢᠪᠡᠭᠡᠵᠦ ᠢᠷᠡᠬᠦ ᠲᠦᠷᠦᠯ ᠳᠤ ᠠᠵᠠ ᠪᠠᠶᠢᠪᠠᠯ ᠮᠦᠨ ᠴᠢᠮ᠎ᠠ ᠳᠠᠭᠠᠨ ᠦᠷᠡᠴᠢᠯᠡᠨ ᠵᠠᠶᠠᠭᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号