ᠪᠤᠭᠤ ᠶᠢᠨ ᠵᠢᠷᠬᠢᠬᠡ
ᠨᠡᠶᠢᠲᠡᠯᠡᠭᠰᠡᠨ ᠴᠠᠭ᠄
2018/12/26
    ᠪᠤᠭᠤ ᠶᠢᠨ ᠵᠢᠷᠬᠢᠬᠡ       ᠪᠤᠭᠤ ᠶᠢᠨ ᠵᠢᠷᠬᠢᠬᠡ ᠨᠢ ᠭᠡᠷ ᠭᠠᠳᠡᠨ᠎ᠡ᠂ ᠴᠠᠭ ᠤᠯᠠᠷᠢᠯ᠂ ᠦᠳᠡᠯᠦᠭᠰᠡᠨ ᠵᠠᠯᠠᠭᠤ ᠢᠯᠭᠠᠯ ᠦᠭᠡᠢ ᠴᠦᠮ ᠨᠠᠭᠠᠳᠴᠦ ᠪᠤᠯᠳᠠᠭ ᠨᠠᠭᠠᠳᠤᠮ ᠪᠤᠯᠤᠨ᠎ᠠ᠃     ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠮᠤᠩᠭᠤᠯᠴᠦᠳ ᠤᠨ ᠲᠤᠮᠳᠡ ᠦᠷᠬᠡᠨ ᠢᠶᠠᠷ ᠤᠯᠠᠮᠵᠢᠯᠠᠭᠳᠠᠵᠦ ᠪᠦᠬᠦᠢ ᠪᠤᠭᠤ ᠶᠢᠨ ᠵᠢᠷᠬᠢᠬᠡ ᠨᠢ ᠬᠤᠶᠠᠷ ᠪᠤᠭᠤ᠂ ᠬᠤᠷᠢᠨ ᠲᠦᠷᠪᠡᠨ ᠨᠤᠬᠠᠢ ᠪᠠᠷ ᠨᠠᠭᠠᠳᠬᠤ ᠪᠤᠯᠤᠨ᠎ᠠ᠃ ᠬᠦᠯᠬᠡ ᠨᠢ ᠲᠡᠭᠰᠢ ᠲᠦᠷᠪᠡᠯᠵᠢᠨ ᠬᠡᠯᠪᠡᠷᠢ ᠲᠠᠢ ᠵᠢᠷᠤᠬᠤ ᠳᠤ ᠠᠮᠡᠷ᠂ ᠬᠦᠨᠳᠡᠯᠡᠨ ᠭᠤᠤᠯᠳᠦ ᠲᠤᠰᠪᠤᠷᠢ ᠲᠡᠪᠤᠨ ᠵᠢᠷᠤᠭᠠᠰᠦ ᠪᠠᠷ ᠪᠦᠳᠦᠵᠦ᠂ ᠨᠡᠶᠢᠳᠡ ᠬᠤᠷᠢᠨ ᠲᠠᠪᠤᠨ ᠤᠭᠳᠤᠯᠤᠯᠴᠡᠯ ᠤᠨ ᠴᠡᠭ᠂ ᠭᠤᠴᠢᠨ ᠲᠡᠪᠤᠨ ᠰᠠᠭᠤᠳᠡᠯ ᠲᠠᠢ᠃ ᠬᠦᠯᠬᠡ ᠶᠢᠨ ᠬᠤᠶᠠᠷ ᠲᠠᠯ᠎ᠠ ᠳᠤ ᠲᠤᠰᠪᠤᠷᠢ ᠨᠢᠬᠡ ᠠᠭᠤᠯᠠ ᠲᠠᠢ ᠪᠦᠭᠡᠳ ᠱᠤᠷᠤᠨ ᠤᠷᠤᠢ ᠲᠠᠢ  ᠶᠢ ᠨᠢ ᠭᠤᠵᠤᠭᠤᠷ ᠠᠭᠤᠯᠠ ᠭᠡᠵᠦ᠂ ᠲᠡᠭᠰᠢ ᠤᠷᠤᠢ ᠭᠤᠷᠪᠡᠯᠵᠢᠨ ᠬᠡᠯᠪᠡᠷᠢ ᠲᠠᠢ ᠶᠢ ᠨᠢ ᠲᠡᠭᠰᠢ ᠠᠭᠤᠯᠠ ᠭᠡᠵᠤ ᠨᠡᠷᠡᠯᠡᠳᠡᠭ᠃ ᠭᠤᠵᠤᠭᠤᠷ ᠠᠭᠤᠯᠠᠨ ᠳᠤ ᠲᠦᠷᠪᠡᠨ ᠰᠠᠭᠤᠳᠡᠯ ᠲᠠᠢ᠂ ᠲᠡᠭᠰᠢ ᠠᠭᠤᠯᠠᠨ ᠳᠤ ᠵᠢᠷᠭᠤᠭᠠᠨ ᠰᠠᠭᠤᠳᠡᠯ  ᠲᠠᠢ᠃ ᠬᠤᠶᠢᠳᠦ ᠬᠤᠰᠢᠭᠤᠨ ᠤ ᠮᠤᠩᠭᠤᠯᠴᠤᠳ ᠪᠤᠭᠤ ᠶᠢᠨ ᠵᠢᠷᠬᠢᠬᠡ ᠶᠢᠨ ᠰᠠᠭᠤᠳᠡᠯ ᠪᠦᠷᠢ ᠳᠤ ᠴᠦᠮ ᠲᠤᠰᠬᠠᠢ ᠨᠡᠷ᠎ᠡ ᠦᠭᠴᠦ᠂ ᠬᠦᠯᠬᠡ ᠶᠢᠨ ᠲᠦᠪ ᠢ ︽ᠭᠤᠤᠯ︾ ᠭᠡᠵᠤ᠂ ᠲᠡᠬᠦᠨ ᠢ ᠲᠤᠭᠤᠷᠢᠭᠰᠡᠨ ᠲᠦᠷᠪᠡᠯᠵᠢᠨ ᠤ ᠨᠠᠢᠮᠠᠨ ᠰᠤᠯᠢᠪᠴᠡᠯ ᠲᠠᠢ ᠰᠠᠭᠤᠳᠡᠯ ᠢ ︽ᠨᠠᠢᠮᠠᠨ ᠤᠷᠤᠨ︾᠂ ᠲᠦᠷᠪᠡᠨ ᠦᠨᠴᠦᠭ ᠤᠨ ᠲᠤᠮᠳᠡᠬᠢ ᠲᠦᠷᠪᠡᠨ ᠰᠠᠭᠤᠳᠡᠯ ᠢ ︽ᠲᠦᠷᠪᠡᠯᠵᠢᠨ ᠤᠷᠤᠨ︾ ᠭᠡᠵᠤ᠂ ᠲᠡᠬᠦᠨ ᠤ ᠭᠠᠳᠠᠭᠤᠷᠬᠢ ᠲᠦᠷᠪᠡᠯᠵᠢᠨ ᠤ ᠲᠦᠷᠪᠡᠨ ᠦᠨᠴᠦᠭ ᠤᠨ ᠰᠠᠭᠤᠳᠡᠯ  ᠤᠨ ᠬᠤᠶᠠᠷ ᠠᠭᠤᠯᠠ ᠲᠠᠢ ᠵᠠᠯᠭᠠᠯᠳᠤᠵᠦ ᠪᠠᠶᠢᠭ᠎ᠠ ᠰᠠᠭᠤᠳᠡᠯ ᠢ ︽ᠠᠭᠤᠯᠠᠨ ᠵᠠᠯᠮᠠᠭᠠᠢ︾ ᠭᠡᠵᠤ᠂ ᠲᠡᠬᠦᠨ ᠤ ᠬᠤᠶᠠᠷ ᠲᠠᠯ᠎ᠠ ᠶᠢᠨ ᠰᠠᠭᠤᠳᠡᠯ ᠢ ︽ᠰᠦᠪᠡᠭᠡ︾ ᠭᠡᠵᠤ᠂ ᠬᠦᠯᠬᠡ ᠶᠢᠨ ᠨᠦᠬᠦᠬᠡ ᠬᠤᠶᠠᠷ ᠲᠠᠯ᠎ᠠ ᠶᠢᠨ ᠲᠤᠮᠳᠡᠬᠢ ᠰᠠᠭᠤᠳᠡᠯ ᠢ ︽ᠪᠦᠭᠳᠦᠷ︾ ᠭᠡᠵᠤ᠂ ᠲᠡᠬᠦᠨ ᠤ ᠬᠤᠶᠠᠷ ᠲᠡᠯ᠎ᠡ ᠶᠢᠨ ᠰᠠᠭᠤᠳᠡᠯ ᠢ ︽ᠰᠤᠭᠤ︾ ᠭᠡᠵᠤ ᠨᠡᠷᠡᠯᠡᠳᠡᠭ᠃     ᠪᠤᠭᠤ ᠶᠢᠨ ᠵᠢᠷᠬᠢᠬᠡ ᠶᠢᠨ ᠬᠦᠯᠬᠡ ᠶᠢ ᠴᠠᠭᠠᠰᠦ᠂ ᠪᠦᠰ᠂ ᠮᠤᠳᠤᠨ ᠬᠠᠪᠳᠡᠰᠦ᠂ ᠭᠠᠵᠠᠷ ᠲᠡᠭᠡᠷ᠎ᠡ ᠴᠦᠮ ᠵᠢᠷᠦᠵᠦ ᠪᠤᠯᠤᠨ᠎ᠠ᠃ ᠪᠤᠭᠤ ᠶᠢᠨ ᠵᠢᠷᠬᠢᠬᠡ ᠨᠠᠭᠠᠳᠬᠤ ᠬᠤᠶᠠᠷ ᠬᠦᠮᠦᠨ ᠤ ᠨᠢᠬᠡ ᠨᠢ ᠬᠤᠷᠢᠨ ᠲᠦᠷᠪᠡᠨ ᠨᠤᠬᠠᠢ ᠠᠪᠴᠦ᠂ ᠨᠦᠬᠦᠬᠡ ᠨᠢ ᠬᠤᠶᠠᠷ ᠪᠤᠭᠤ ᠠᠪᠤᠨ᠎ᠠ᠃ ᠪᠤᠭᠤ ᠨᠤᠬᠠᠢ ᠶᠢ ᠶᠡᠷᠦ ᠳᠡᠭᠡᠨ ᠬᠤᠨᠢ ᠢᠮᠠᠭ᠎ᠠ ᠪᠤᠶᠤ ᠭᠠᠭ᠋ᠠᠢ  ᠶᠢᠨ ᠱᠠᠭ᠎ᠠ ᠪᠠᠷ ᠤᠷᠤᠯᠠᠭᠤᠯᠵᠦ᠂ ᠨᠤᠬᠠᠢ ᠠᠪᠤᠭᠰᠠᠨ ᠬᠦᠮᠦᠨ ᠬᠦᠯᠬᠡ ᠶᠢᠨ ︽ᠨᠠᠢᠮᠠᠨ ᠤᠷᠤᠨ︾ ︽ᠲᠦᠷᠪᠡᠯᠵᠢᠨ ᠤᠷᠤᠨ︾ ᠳᠤ ᠤᠷᠢᠳᠡᠪᠡᠷ ᠨᠠᠢᠮᠠᠨ ᠨᠤᠬᠠᠢ ᠪᠠᠨ ᠲᠡᠯᠪᠢᠨ᠎ᠡ᠃ ᠪᠤᠭᠤ ᠠᠪᠤᠭᠰᠠᠨ ᠬᠦᠮᠦᠨ ᠨᠢ ᠬᠤᠶᠠᠷ ᠠᠭᠤᠯᠠᠨ ᠤ ᠵᠠᠯᠮᠠᠭᠠᠢ ᠲᠡᠭᠡᠷ᠎ᠡ ᠬᠤᠶᠠᠷ ᠪᠤᠭᠤ ᠪᠠᠨ ᠲᠠᠯᠪᠢᠨ᠎ᠠ᠃ ᠪᠤᠭᠤ ᠠᠪᠤᠭᠰᠠᠨ ᠬᠦᠮᠦᠨ ᠨᠢ ᠤᠷᠢᠳᠡᠪᠡᠷ ᠬᠦᠳᠡᠯᠦᠨ᠎ᠡ᠃ ᠡᠬᠢᠯᠡᠵᠦ ᠬᠦᠳᠡᠯᠬᠦ ᠳᠡᠭᠡᠨ ᠠᠰ ᠱᠤᠭᠤᠮ ᠳᠤ ᠵᠡᠷᠭᠡᠴᠡᠭᠰᠡᠨ ᠭᠤᠷᠪᠡᠨ ᠰᠠᠭᠤᠳᠡᠯ ᠤᠨ ᠡᠨᠡ ᠰᠠᠭᠤᠳᠡᠯ ᠠᠴᠠ ᠨᠤᠬᠠᠢ  ᠶᠢᠨ ᠲᠡᠭᠡᠬᠦᠷ ᠦᠰᠦᠷᠴᠦ ᠲᠡᠷᠡ ᠰᠠᠭᠤᠳᠡᠯ ᠳᠤ ᠰᠠᠭᠤᠭᠠᠳ᠂ ᠡᠨᠡᠬᠦ ᠭᠤᠷᠪᠡᠨ ᠰᠠᠭᠤᠳᠡᠯ ᠤᠨ ᠲᠤᠮᠳᠡ ᠰᠠᠭᠤᠳᠡᠯ  ᠳᠤ ᠪᠠᠶᠢᠭᠰᠠᠨ ᠨᠤᠬᠠᠢ ᠶᠢ ︽ᠢᠳᠡᠪᠡ︾ ᠭᠡᠵᠤ ᠬᠦᠯᠬᠡ ᠲᠡᠭᠡᠷ᠎ᠡ ᠠᠴᠠ ᠠᠪᠴᠦ ᠬᠠᠶᠠᠨ᠎ᠡ᠃ ᠪᠤᠭᠤ ᠨᠢ ᠢᠳᠡᠰᠢ ᠢᠳᠡᠬᠦ ᠦᠶᠡᠰ ᠲᠡᠭᠡᠨ ᠢᠳᠡᠬᠦ ᠨᠤᠬᠠᠢ ᠶᠢᠨ ᠲᠡᠭᠡᠬᠦᠷ ᠰᠠᠭᠤᠳᠡᠯ ᠠᠯᠤᠰᠯᠠᠨ ᠶᠠᠪᠤᠵᠦ᠂ ᠢᠳᠡᠰᠢ ᠤᠯᠵᠦ ᠢᠳᠡᠬᠦ ᠦᠭᠡᠢ ᠦᠶᠡᠰ ᠲᠡᠭᠡᠨ ᠵᠦᠪᠬᠡᠨ ᠨᠢᠬᠡ ᠨᠢᠬᠡ ᠰᠠᠭᠤᠳᠡᠯ ᠢᠶᠠᠷ ᠶᠠᠪᠤᠨ᠎ᠡ᠃ ᠪᠤᠭᠤ ᠨᠢᠬᠡ ᠬᠦᠳᠡᠯᠪᠡᠯ᠂ ᠨᠤᠬᠠᠢ ᠠᠪᠤᠭᠰᠡᠨ ᠬᠦᠮᠦᠨ ᠨᠤᠬᠠᠢ ᠪᠠᠨ ᠪᠤᠭᠤ ᠳᠤ ᠢᠳᠡᠭᠳᠡᠬᠦ ᠦᠭᠡᠢ ᠪᠤᠶᠤ ᠪᠤᠭᠤ ᠢᠳᠡᠬᠦ ᠶᠢ ᠰᠡᠷᠬᠡᠶᠢᠯᠡᠵᠦ ᠲᠡᠶᠢᠯᠬᠦ ᠰᠠᠭᠤᠳᠡᠯ ᠳᠤ ᠲᠠᠯᠪᠢᠨ᠂ ᠪᠤᠭᠤ ᠶᠢ ᠶᠠᠪᠤᠬᠤ ᠭᠠᠵᠠᠷ ᠦᠭᠡᠢ ᠪᠤᠯᠭᠠᠨ ᠬᠤᠷᠢᠬᠤ ᠪᠠᠷ ᠲᠡᠮᠡᠴᠡᠳᠡᠭ᠃ ᠨᠤᠬᠠᠢ ᠠᠪᠤᠭᠰᠠᠨ ᠬᠦᠮᠦᠨ ᠨᠢ ᠭᠠᠷ ᠲᠤ ᠪᠠᠶᠢᠭ᠎ᠠ ᠠᠷᠪᠠᠨ ᠵᠢᠷᠭᠤᠭᠠᠨ ᠨᠤᠬᠠᠢ ᠪᠠᠨ ᠲᠡᠯᠪᠢᠵᠦ ᠪᠠᠷᠡᠪᠡᠯ ᠬᠦᠯᠬᠡᠨ ᠲᠡᠭᠡᠷᠡᠬᠢ ᠨᠤᠬᠠᠢ ᠪᠠᠨ ᠬᠦᠳᠡᠯᠬᠡᠨ ᠶᠠᠪᠤᠭᠤᠯᠵᠦ ᠪᠤᠭᠤ ᠶᠢ ᠬᠤᠷᠢᠬᠤ ᠪᠠᠷ ᠴᠢᠷᠮᠠᠶᠢᠳᠠᠭ᠃ ᠡᠨᠡ ᠮᠡᠳᠦ ᠪᠠᠷ ᠪᠤᠭᠤ ᠠᠪᠤᠭᠰᠠᠨ ᠬᠦᠮᠦᠨ ᠨᠢ ᠨᠤᠬᠠᠢ ᠢᠳᠡᠬᠦ ᠪᠠᠷ ᠴᠢᠷᠮᠡᠶᠢᠵᠦ᠂ ᠨᠤᠬᠠᠢ ᠠᠪᠤᠭᠰᠠᠨ ᠬᠦᠮᠦᠨ ᠨᠢ ᠪᠤᠭᠤ ᠶᠢ ᠬᠤᠷᠢᠬᠤ ᠪᠠᠷ ᠲᠡᠮᠡᠴᠡᠨ᠂ ᠨᠠᠭᠠᠳᠤᠮ ᠤᠨ ᠱᠦᠬᠦᠯᠴᠡᠬᠡᠨ ᠢ ᠢᠯᠭᠠᠷᠠᠭᠤᠯᠳᠠᠭ᠃ ᠬᠡᠬᠦ ᠳᠡᠭᠡᠨ ᠰᠠᠶᠢᠨ ᠨᠠᠭᠠᠳᠤᠳᠠᠭ ᠨᠤᠬᠠᠢ ᠠᠪᠤᠭᠰᠠᠨ ᠬᠦᠮᠦᠨ ᠪᠤᠯ ᠭᠠᠷ ᠲᠠᠬᠢ ᠨᠤᠬᠠᠢ ᠪᠠᠨ ᠲᠠᠯᠪᠢᠵᠦ ᠪᠠᠷᠠᠬᠤ ᠠᠴᠠ ᠡᠮᠦᠨ᠎ᠡ ᠪᠤᠭᠤ ᠶᠢ ᠠᠯᠢ ᠨᠢᠬᠡ ᠰᠠᠭᠤᠳᠡᠯ ᠲᠡᠭᠡᠷ᠎ᠡ ᠨᠢ ᠬᠤᠷᠢᠵᠦ᠂ ᠰᠠᠶᠢᠨ ᠨᠠᠭᠠᠳᠤᠳᠠᠭ ᠪᠤᠭᠤ ᠠᠪᠤᠭᠰᠠᠨ ᠬᠦᠮᠦᠨ ᠨᠢ ᠨᠤᠬᠠᠢ ᠶᠢ ᠬᠤᠭᠤᠰᠤᠷᠡᠳᠡᠯ᠎ᠡ ᠢᠳᠡᠵᠦ᠂ ᠪᠤᠭᠤ ᠶᠢ ᠬᠤᠷᠢᠬᠤ ᠶᠢᠨ ᠠᠷᠭ᠎ᠠ ᠦᠭᠡᠢ ᠪᠤᠯᠭᠠᠳᠠᠭ᠃ ᠪᠤᠭᠤ ᠠᠪᠤᠭᠰᠠᠨ ᠬᠦᠮᠦᠨ ᠨᠢ ᠠᠮᠠᠨ ᠳᠤ ᠤᠷᠤᠮᠠᠷ ᠪᠠᠶᠢᠭ᠎ᠠ ᠨᠤᠬᠠᠢ  ᠶᠢ ᠪᠠᠰᠠ ᠴᠦᠯᠳᠦ ᠮᠦᠯᠳᠦ ᠢᠳᠡᠵᠦ ᠪᠤᠯᠬᠤ ᠦᠭᠡᠢ᠂ ᠵᠠᠷᠢᠮ ᠳᠠᠭᠠᠨ ᠨᠢᠬᠡ ᠨᠤᠬᠠᠢ ᠶᠢ ᠢᠳᠡᠬᠦ ᠭᠡᠵᠤ ᠪᠠᠶᠢᠭᠰᠠᠭᠠᠷ ᠠᠪ ᠠᠮᠠᠷᠬᠠᠨ ᠬᠤᠷᠢᠭᠳᠠᠬᠤ ᠦᠵᠡᠭᠳᠡᠯ ᠭᠠᠷᠳᠠᠭ᠃ ᠪᠤᠭᠤ ᠨᠢ ᠤᠯᠠᠩᠭᠢ ᠳᠠᠭᠠᠨ ᠠᠭᠤᠯᠠᠨ ᠤ ᠵᠠᠯᠮᠠᠭᠠᠢ᠂ ᠨᠠᠢᠮᠠᠨ ᠤᠷᠤᠨ᠂ ᠭᠤᠤᠯ ᠲᠦᠪ ᠲᠤ ᠬᠤᠷᠢᠭᠳᠠᠳᠠᠭ᠃      ᠪᠤᠭᠤ ᠶᠢᠨ ᠵᠢᠷᠬᠢᠬᠡ ᠨᠢ ᠬᠡᠷᠡᠭᠯᠡᠬᠦ ᠬᠡᠷᠡᠭᠰᠡᠯ ᠨᠢ ᠪᠡᠯᠡᠳᠬᠡᠬᠦ ᠳᠤ ᠠᠮᠠᠷᠬᠠᠨ᠂ ᠱᠠᠭ᠎ᠠ ᠤᠯᠳᠠᠬᠤ ᠦᠭᠡᠢ ᠦᠶᠡᠰ ᠲᠤ ᠬᠤᠨᠢ ᠢᠮᠠᠭᠠᠨ ᠤ ᠬᠤᠷᠭᠤᠤᠯ᠂ ᠴᠢᠯᠠᠭᠤ ᠰᠢᠷᠦᠢ ᠶᠢᠨ ᠬᠡᠮᠬᠡᠳᠡᠭ ᠵᠡᠷᠭᠡ ᠪᠠᠷ ᠴᠦᠮ ᠪᠤᠭᠤ ᠨᠤᠬᠠᠢ ᠬᠢᠵᠦ ᠪᠤᠯᠬᠤ ᠪᠦᠬᠡᠳ ᠰᠤᠷᠬᠤ ᠳᠤ ᠠᠮᠠᠷᠬᠠᠨ᠂ ᠬᠡᠵᠢᠶ᠎ᠡ ᠬᠠᠮᠢᠭ᠎ᠠ ᠭᠡᠰᠡᠨ ᠦᠭᠡᠢ ᠪᠦᠷ ᠨᠠᠭᠠᠳᠴᠦ ᠪᠤᠯᠤᠨ᠎ᠠ᠃ ᠭᠡᠳᠦᠶᠢᠪᠡᠷ ᠰᠤᠷᠬᠤ ᠳᠤ ᠬᠢᠯᠪᠡᠷ ᠪᠤᠯᠪᠠᠴᠦ᠂ ᠤᠨᠢᠭᠠᠰᠦ ᠮᠡᠷᠬᠡᠵᠢᠯ ᠢ ᠡᠵᠡᠮᠰᠢᠬᠦ ᠳᠤ ᠬᠦᠴᠢᠷᠳᠡᠢ ᠪᠠᠶᠢᠵᠦ᠂ ᠤᠳᠠᠭᠠᠨ ᠵᠢᠯ ᠨᠠᠭᠠᠳᠤᠭᠰᠠᠨ ᠲᠤᠷᠰᠢᠯᠭ᠎ᠠ ᠲᠠᠢ ᠬᠦᠮᠦᠨ ᠢ ᠰᠠᠶ᠋ᠢ ᠰᠤᠷᠤᠭᠰᠡᠨ ᠬᠦᠮᠦᠨ ᠢᠯᠡᠵᠦ ᠲᠡᠶᠢᠯᠬᠦ ᠦᠭᠡᠢ ᠶᠤᠮ᠃ ᠰᠤᠷᠬᠤ ᠳᠤ ᠠᠮᠠᠷ᠂ ᠲᠦᠬᠡᠮᠡᠯᠵᠢᠬᠦ ᠳᠤ ᠲᠦᠷᠭᠡᠨ ᠪᠠᠶᠢᠳᠠᠭ ᠢᠶᠠᠷ ᠢᠶᠠᠨ ᠪᠤᠭᠤ ᠶᠢᠨ ᠵᠢᠷᠬᠢᠬᠡ ᠨᠢ ᠨᠠᠭᠠᠳᠤᠭᠴᠢᠳ ᠤᠨ ᠤᠶᠤᠨ ᠰᠠᠨᠠᠭ᠎ᠠ ᠶᠢ ᠪᠠᠶᠠᠰᠬᠠᠨ᠂ ᠤᠶᠢᠳᠬᠠᠷ ᠶᠠᠳᠠᠷᠠᠭ᠎ᠠ ᠶᠢ ᠠᠷᠢᠯᠭᠠᠵᠦ᠂ ᠤᠢ ᠪᠢᠯᠢᠭ ᠢ ᠨᠡᠬᠡᠬᠡᠭᠳᠡᠬᠦᠯᠦᠨ᠂ ᠤᠬᠠᠭᠠᠨ ᠪᠤᠳᠤᠯ ᠢ ᠬᠤᠷᠴᠡᠳᠬᠠᠬᠤ ᠵᠡᠷᠭᠡ ᠤᠯᠠᠨ ᠠᠰᠢᠭ ᠲᠠᠢ ᠲᠠᠯ᠎ᠠ ᠲᠠᠢ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号