ᠠᠷᠪᠠᠨ ᠬᠤᠶᠠᠷ ᠵᠢᠷᠬᠢᠬᠡ | | | ᠠᠷᠪᠠᠨ ᠬᠤᠶᠠᠷ ᠵᠢᠷᠬᠢᠬᠡ ᠪᠤᠯ ᠬᠤᠷᠴᠢᠨ ᠮᠤᠩᠭᠤᠯᠴᠤᠳ ᠤᠨ ᠲᠤᠮᠳᠡ ᠤᠳᠠᠭᠠᠨ ᠤᠯᠠᠮᠵᠢᠯᠠᠭᠳᠠᠨ ᠢᠷᠡᠭᠰᠡᠨ | ᠪᠠᠰᠠ ᠨᠢᠬᠡ ᠵᠦᠢᠯ ᠤᠨ ᠦᠪᠡᠷᠮᠢᠴᠡ ᠤᠨᠴᠠᠯᠢᠭ ᠲᠠᠢ ᠬᠦᠯᠬᠡᠳᠦ ᠨᠠᠭᠠᠳᠤᠮ ᠪᠤᠯᠤᠨ᠎ᠠ᠃ ᠮᠦᠨ ᠴᠦ ᠪᠤᠭᠤ ᠶᠢᠨ | ᠵᠢᠷᠬᠢᠬᠡ ᠲᠠᠢ ᠠᠳᠠᠯᠢᠬᠠᠨ ᠬᠦᠮᠦᠰ ᠤᠨ ᠤᠷᠮ᠎ᠡ ᠪᠠᠬ᠎ᠠ ᠶᠢ ᠬᠦᠭᠵᠢᠬᠡᠨ᠂ ᠤᠬᠠᠭᠠᠨ ᠪᠢᠯᠢᠭ ᠢ ᠰᠤᠷᠢᠵᠦ᠂ ᠤᠶᠤᠨ | ᠤᠬᠠᠭᠠᠨ ᠢ ᠪᠤᠯᠪᠠᠰᠤᠷᠠᠭᠤᠯᠤᠨ᠂ ᠤᠶᠢᠳᠬᠠᠷ ᠶᠠᠳᠠᠷᠠᠭ᠎ᠠ ᠶᠢ ᠲᠠᠶᠢᠯᠳᠠᠭ ᠵᠡᠷᠭᠡ ᠠᠰᠢᠭ ᠲᠠᠢ ᠪᠠᠶᠢᠳᠠᠭ᠃ ᠡᠷᠬᠢᠮ | ᠲᠡᠭᠡᠳᠦ ᠡᠬᠡᠯ ᠲᠤᠤᠷᠡᠳᠦ᠂ ᠬᠦᠭᠰᠢᠳ ᠨᠠᠰᠤᠳᠡᠳ᠂ ᠬᠡᠦᠬᠡᠳ ᠪᠠᠭᠠᠴᠤᠳ ᠭᠡᠵᠤ ᠢᠯᠭᠠᠯ ᠦᠭᠡᠢ᠂ ᠡᠪᠤᠯ ᠵᠤᠨ | ᠭᠡᠵᠤ ᠤᠯᠠᠷᠢᠯ ᠰᠤᠩᠭᠤᠬᠤ ᠦᠭᠡᠢ᠂ ᠴᠡᠭᠡᠷ ᠬᠤᠷᠢᠭ᠎ᠠ ᠭᠡᠵᠤ ᠦᠭᠡᠢ᠂ ᠭᠡᠷ ᠭᠠᠳᠠᠨ᠎ᠠ ᠬᠠᠮᠢᠭ᠎ᠠ ᠴᠦ ᠭᠡᠰᠡᠨ ᠪᠦᠷ | ᠨᠠᠭᠠᠳᠴᠦ ᠪᠤᠯᠳᠠᠭ ᠤᠷᠳᠤ ᠤᠳᠠᠭᠠᠨ ᠲᠡᠦᠬᠡ ᠲᠠᠢ ᠰᠠᠶᠢᠬᠠᠨ ᠨᠠᠭᠠᠳᠤᠮ ᠪᠤᠯᠤᠨ᠎ᠠ᠃ | ᠠᠷᠪᠠᠨ ᠬᠤᠶᠠᠷ ᠵᠢᠷᠬᠢᠬᠡ ᠨᠢ ᠨᠢᠬᠡ ᠬᠦᠯᠬᠡ᠂ ᠬᠤᠷᠢᠨ ᠲᠦᠷᠪᠡᠨ ᠨᠤᠬᠠᠢ ᠪᠠᠷ ᠨᠠᠭᠠᠳᠤᠳᠠᠭ᠃ ᠬᠦᠯᠬᠡ ᠶᠢ | ᠴᠠᠭᠠᠰᠦ᠂ ᠪᠦᠰ᠂ ᠮᠤᠳᠤᠨ ᠬᠠᠪᠳᠡᠰᠦ᠂ ᠭᠠᠵᠠᠷ ᠬᠦᠰᠡᠷ ᠲᠡᠭᠡᠷ᠎ᠡ ᠴᠦᠮ ᠵᠢᠷᠦᠵᠦ ᠨᠠᠭᠠᠳᠴᠦ ᠪᠤᠯᠳᠠᠭ᠃ ᠬᠦᠯᠬᠡ | ᠨᠢ ᠭᠤᠷᠪᠡᠨ ᠲᠠᠪᠬᠤᠷ ᠲᠡᠭᠰᠢ ᠲᠦᠷᠪᠡᠯᠵᠢᠨ ᠢᠶᠠᠷ ᠪᠦᠳᠦᠵᠦ᠂ ᠭᠤᠷᠪᠡᠨ ᠲᠠᠪᠬᠤᠷ ᠲᠡᠭᠰᠢ ᠲᠦᠷᠪᠡᠯᠵᠢᠨ ᠤ | ᠲᠦᠷᠪᠡᠨ ᠦᠨᠴᠦᠭ ᠪᠠ ᠲᠦᠷᠪᠡᠨ ᠲᠠᠯ᠎ᠠ ᠶᠢᠨ ᠲᠤᠮᠳᠡ ᠴᠡᠭ ᠢ ᠴᠦᠮ ᠠᠰ ᠱᠤᠭᠤᠮ ᠢᠶᠠᠷ ᠬᠤᠯᠪᠤᠵᠦ᠂ ᠬᠤᠷᠢᠨ | ᠲᠦᠷᠪᠡᠨ ᠰᠠᠭᠤᠳᠡᠯ ᠲᠠᠢ ᠬᠦᠯᠬᠡ ᠪᠦᠳᠦᠭᠡᠨ᠎ᠡ᠃ ᠬᠤᠷᠢᠨ ᠲᠦᠷᠪᠡᠨ ᠨᠤᠬᠠᠢ ᠶᠢ ᠬᠤᠨᠢ ᠢᠮᠠᠭᠠᠨ ᠤ ᠱᠠᠭ᠎ᠠ ᠠᠴᠠ | ᠭᠠᠳᠡᠨ᠎ᠡ᠂ ᠬᠤᠨᠢ ᠢᠮᠠᠭᠠᠨ ᠤ ᠬᠤᠷᠭᠤᠤᠯ᠂ ᠪᠤᠷᠴᠠᠭ᠂ ᠡᠷᠳᠡᠨᠢ ᠰᠢᠰᠢ ᠶᠢᠨ ᠮᠦᠬᠦᠯᠢᠭ ᠵᠡᠷᠭᠡ ᠪᠠᠷ ᠴᠦᠮ | ᠤᠷᠤᠯᠠᠭᠤᠯᠵᠦ ᠪᠤᠯᠤᠨ᠎ᠠ᠃ ᠵᠦᠪᠬᠡᠨ ᠬᠤᠶᠠᠷ ᠲᠠᠯ᠎ᠠ ᠶᠢᠨ ᠨᠤᠬᠠᠢ ᠶᠢ ᠬᠤᠶᠠᠷ ᠠᠰᠳᠠᠭᠠᠨ ᠶᠠᠭᠤᠮ᠎ᠠ ᠪᠤᠶᠤ ᠬᠤᠶᠠᠷ | ᠠᠳᠡᠯᠢ ᠦᠭᠡᠢ ᠦᠩᠭᠡ ᠲᠠᠢ ᠶᠠᠭᠤᠮ᠎ᠠ ᠪᠠᠷ ᠤᠷᠤᠯᠠᠭᠤᠯᠪᠠᠯ ᠪᠤᠯᠴᠢᠬᠠᠨ᠎ᠠ᠃ | ᠠᠷᠪᠠᠨ ᠬᠤᠶᠠᠷ ᠵᠢᠷᠬᠢᠬᠡ ᠶᠢ ᠬᠤᠶᠠᠷ ᠬᠦᠮᠦᠨ ᠨᠠᠭᠠᠳᠤᠳᠠᠭ᠂ ᠬᠦᠮᠦᠨ ᠪᠦᠷᠢ ᠠᠷᠪᠠᠨ ᠬᠤᠶᠠᠷ ᠨᠤᠬᠠᠢ | ᠬᠤᠪᠢᠶᠠᠨ ᠠᠪᠴᠦ᠂ ᠬᠦᠯᠬᠡᠨ ᠲᠡᠭᠡᠷ᠎ᠡ ᠪᠠᠨ ᠨᠤᠬᠠᠢ ᠲᠠᠯᠪᠢᠨ ᠵᠢᠷᠬᠢᠬᠡ ᠨᠠᠭᠠᠳᠤᠮ ᠢᠶᠠᠨ ᠡᠬᠢᠯᠡᠬᠦᠯᠦᠨ᠎ᠡ᠃ ᠲᠤᠰ | ᠵᠢᠷᠬᠢᠬᠡ ᠨᠢ ᠮᠥᠨ ᠴᠦ ᠪᠤᠭᠤ ᠶᠢᠨ ᠵᠢᠷᠬᠢᠬᠡ ᠲᠠᠢ ᠠᠳᠡᠯᠢᠬᠠᠨ ᠤᠷᠢᠳᠡᠪᠡᠷ ᠨᠤᠬᠠᠢ ᠲᠠᠯᠪᠢᠨ᠂ ᠲᠠᠷᠠᠭ᠎ᠠ ᠨᠢ ᠨᠤᠬᠠᠢ | ᠬᠦᠳᠡᠯᠬᠡᠬᠦ ᠬᠤᠶᠠᠷ ᠠᠯᠬᠤᠮ ᠢᠶᠠᠷ ᠨᠠᠭᠠᠳᠤᠨ᠎ᠠ᠃ ᠬᠤᠶᠠᠷ ᠲᠡᠯ᠎ᠡ ᠪᠠᠷ ᠢᠶᠠᠨ ᠴᠦᠮ ᠠᠯᠢ ᠠᠰᠢᠭᠳᠡᠢ ᠰᠠᠶᠢᠨ ᠭᠡᠵᠤ | ᠪᠤᠳᠤᠭᠰᠠᠨ ᠬᠦᠯᠬᠡ ᠶᠢᠨ ᠰᠠᠭᠤᠳᠡᠯ ᠠᠴᠠ ᠡᠬᠢᠯᠡᠨ ᠨᠤᠬᠠᠢ ᠪᠠᠨ ᠲᠡᠯᠪᠢᠨ᠎ᠡ᠃ ᠡᠨᠡ ᠮᠡᠳᠦ ᠪᠠᠷ ᠬᠤᠶᠠᠷ ᠡᠳᠡᠬᠡᠳ | ᠢᠶᠠᠷ ᠢᠶᠠᠨ ᠡᠬᠡᠯᠵᠢᠯᠡᠨ ᠲᠠᠯᠪᠢᠵᠦ᠂ ᠨᠢᠬᠡ ᠲᠠᠯ᠎ᠠ ᠪᠠᠷ ᠠᠰ ᠱᠤᠭᠤᠮ ᠲᠡᠭᠡᠷ᠎ᠡ ᠭᠤᠷᠪᠡᠨ ᠨᠤᠬᠠᠢ ᠪᠠᠨ ᠵᠢᠷᠬᠢᠬᠦᠯᠬᠦ ᠪᠠᠷ | ᠴᠢᠷᠮᠡᠶᠢᠨ᠂ ᠨᠦᠬᠦᠬᠡ ᠲᠠᠯ᠎ᠠ ᠪᠠᠷ ᠡᠰᠡᠷᠬᠦ ᠡᠳᠡᠭᠡᠳ ᠤᠨ ᠢᠶᠠᠨ ᠵᠢᠷᠬᠢᠬᠦ ᠶᠢ ᠰᠡᠷᠬᠡᠶᠢᠯᠡᠨ ᠬᠤᠷᠢᠭᠯᠠᠨ᠎ᠠ᠃ ᠬᠡᠨ ᠨᠢᠬᠡ | ᠨᠢ ᠠᠰ ᠱᠤᠭᠤᠮ ᠲᠡᠭᠡᠷ᠎ᠡ ᠭᠤᠷᠪᠡᠨ ᠨᠤᠬᠠᠢ ᠲᠠᠯᠪᠢᠨ ᠵᠢᠷᠬᠢᠵᠦ ᠠᠮᠵᠢᠪᠠᠯ᠂ ᠡᠰᠡᠷᠬᠦ ᠡᠳᠡᠭᠡᠳ ᠤᠨ ᠢᠶᠠᠨ ᠨᠤᠬᠠᠢ | ᠠᠴᠠ ᠨᠢᠬᠡ ᠶᠢ ᠠᠯᠠᠵᠦ ᠲᠠᠯᠪᠢᠨ᠎ᠠ᠃ ᠬᠡᠬᠦ ᠳᠡᠭᠡᠨ ᠡᠰᠡᠷᠬᠦ ᠡᠳᠡᠭᠡᠳ ᠤᠨ ᠢᠶᠠᠨ ᠨᠢᠬᠡᠨᠳᠡ ᠵᠢᠷᠬᠢᠭᠡᠳ ᠪᠠᠶᠢᠭ᠎ᠠ | ᠨᠤᠬᠠᠢ ᠶᠢ ᠠᠯᠠᠵᠦ ᠪᠤᠯᠬᠤ ᠦᠭᠡᠢ᠃ ᠭᠠᠷ ᠲᠠᠬᠢ ᠨᠤᠬᠠᠢ ᠪᠠᠨ ᠲᠠᠯᠪᠢᠵᠦ ᠪᠠᠷᠠᠪᠠᠯ᠂ ᠬᠤᠶᠠᠷ ᠡᠳᠡᠭᠡᠳ ᠤᠨ ᠵᠢᠷᠬᠢᠬᠦ | ᠦᠶᠡᠰ ᠲᠡᠭᠡᠨ ᠠᠯᠠᠵᠦ ᠲᠠᠯᠪᠢᠭᠰᠠᠨ ᠨᠤᠬᠠᠳ ᠢᠶᠠᠨ ᠠᠪᠴᠦ ᠬᠠᠶᠠᠨ᠂ ᠰᠤᠯᠠ ᠰᠠᠭᠤᠳᠡᠯ ᠭᠠᠷᠭᠠᠨ᠂ ᠬᠤᠶᠠᠷ | ᠡᠳᠡᠭᠡᠳ ᠤᠨ ᠨᠤᠬᠠᠢ ᠪᠠᠨ ᠨᠠᠰᠢ ᠴᠠᠰᠢ ᠬᠦᠳᠡᠯᠬᠡᠵᠦ ᠡᠬᠢᠯᠡᠨ᠎ᠡ᠃ ᠬᠦᠳᠡᠯᠬᠦ ᠳᠡᠭᠡᠨ ᠬᠤᠶᠠᠷ ᠡᠳᠡᠭᠡᠳ ᠢᠶᠠᠷ ᠢᠶᠠᠨ | ᠲᠤᠰ ᠲᠤᠰ ᠤᠨ ᠨᠤᠬᠠᠢ ᠪᠠᠨ ᠠᠯᠬᠤᠮ ᠠᠯᠬᠤᠮ ᠢᠶᠠᠷ ᠨᠡᠬᠦᠯᠬᠡᠨ᠂ ᠵᠢᠷᠬᠢᠬᠡ ᠵᠢᠷᠬᠢᠬᠦᠯᠦᠨ ᠡᠰᠡᠷᠬᠦ ᠡᠳᠡᠭᠡᠳ ᠤᠨ | ᠢᠶᠠᠨ ᠨᠤᠬᠠᠢ ᠶᠢ ᠢᠳᠡᠨ᠎ᠡ᠃ ᠢᠩᠭᠢᠵᠦ ᠵᠢᠷᠬᠢᠬᠦ ᠶᠢᠨ ᠲᠠᠭᠠᠤ ᠡᠰᠡᠷᠬᠦ ᠡᠳᠡᠭᠡᠳ ᠤᠨ ᠢᠶᠠᠨ ᠨᠤᠬᠠᠢ ᠶᠢ ᠢᠳᠡᠵᠦ᠂ | ᠢᠳᠡᠭᠰᠡᠭᠡᠷ ᠪᠠᠶᠢᠵᠦ ᠬᠡᠨ ᠤ ᠬᠢᠨ ᠨᠤᠬᠠᠢ ᠨᠢ ᠠᠷᠪᠢᠨ ᠦᠯᠡᠳᠡᠪᠡᠯ ᠲᠡᠷᠡ ᠨᠢ ᠱᠦᠬᠦᠵᠦ᠂ ᠨᠤᠬᠠᠢ ᠪᠠᠨ ᠠᠷᠪᠢᠨ | ᠢᠳᠡᠬᠦᠯᠦᠭᠰᠡᠨ ᠨᠢ ᠱᠦᠬᠦᠭᠳᠡᠵᠦ᠂ ᠨᠠᠭᠠᠳᠤᠮ ᠲᠡᠬᠦᠰᠦᠨᠡ᠃ | ᠠᠷᠪᠠᠨ ᠬᠤᠶᠠᠷ ᠵᠢᠷᠬᠢᠬᠡ ᠨᠢ ᠵᠢᠷᠬᠢᠬᠦ ᠶᠠᠪᠤᠴᠠ ᠳᠤ ᠲᠠᠩ ᠵᠢᠷᠬᠢᠬᠡ᠂ ᠬᠤᠯᠬᠢᠶᠠ ᠵᠢᠷᠬᠢᠬᠡ ᠵᠡᠷᠭᠡ ᠦᠵᠡᠭᠳᠡᠯ | ᠭᠠᠷᠳᠠᠭ᠃ ᠲᠠᠩ ᠵᠢᠷᠬᠢᠬᠡ ᠭᠡᠳᠡᠭ ᠨᠢ ᠠᠯᠢ ᠨᠢᠬᠡ ᠱᠤᠭᠤᠮ ᠲᠡᠭᠡᠷ᠎ᠡ ᠲᠠᠩ ᠪᠠᠷ ᠢᠶᠠᠨ ᠬᠤᠯᠪᠤᠯᠳᠤᠨ ᠵᠢᠷᠬᠢᠭᠰᠡᠨ | ᠵᠢᠷᠬᠢᠬᠡ ᠶᠢ ᠬᠠᠯᠠᠨ᠎ᠠ᠂ ᠬᠤᠯᠬᠢᠶᠠ ᠵᠢᠷᠬᠢᠬᠡ ᠭᠡᠳᠡᠭ ᠨᠢ ᠵᠡᠷᠭᠡᠯᠳᠡᠭᠡ ᠬᠤᠶᠠᠷ ᠱᠤᠭᠤᠮ ᠲᠡᠭᠡᠷᠡᠬᠢ ᠨᠢᠬᠡ ᠨᠤᠬᠠᠢ ᠨᠢ | ᠬᠠᠮᠢᠭᠠᠰᠢ ᠪᠠᠨ ᠬᠦᠳᠡᠯᠦᠭᠰᠡᠨ ᠴᠦ ᠬᠤᠶᠠᠷ ᠱᠤᠭᠤᠮ ᠢ ᠴᠦᠮ ᠵᠢᠷᠬᠢᠬᠡ ᠪᠤᠯᠭᠠᠵᠦ ᠴᠢᠳᠠᠬᠤ ᠶᠢ ᠬᠡᠯᠡᠨ᠎ᠡ᠃ | ᠲᠠᠷᠠᠭᠠᠯᠠᠭᠰᠠᠨ ᠭᠤᠷᠪᠡᠨ ᠰᠠᠭᠤᠳᠡᠯ ᠢ ᠪᠦᠬᠦᠨ ᠢ ᠡᠵᠡᠯᠡᠵᠦ ᠪᠦᠳᠦᠭᠰᠡᠨ ᠭᠤᠷᠪᠡᠨ ᠵᠢᠷᠬᠢᠬᠡ ᠶᠢ ᠲᠡᠮᠦᠷ ᠵᠢᠷᠬᠢᠬᠡ | ᠬᠡᠳᠡᠭ᠃ | ᠠᠷᠪᠠᠨ ᠬᠤᠶᠠᠷ ᠵᠢᠷᠬᠢᠬᠡ ᠨᠠᠭᠠᠳᠬᠤ ᠲᠤᠮᠳᠡ᠂ ᠨᠤᠬᠠᠢ ᠪᠠᠨ ᠪᠦᠬᠦᠨ ᠢ ᠲᠠᠯᠪᠢᠵᠦ ᠪᠠᠷᠠᠭᠠᠳ ᠬᠤᠶᠠᠭᠤᠯᠠ | ᠪᠠᠨ ᠵᠢᠷᠬᠢᠵᠦ ᠴᠢᠳᠠᠬᠤ ᠦᠭᠡᠢ ᠪᠤᠯ ᠬᠠᠷᠢᠯᠴᠠᠨ ᠨᠢᠬᠡ ᠨᠢᠬᠡ ᠨᠤᠬᠠᠢ ᠠᠪᠴᠦ ᠬᠠᠶᠠᠨ᠂ ᠰᠠᠭᠤᠳᠡᠯ ᠭᠠᠷᠭᠠᠨ | ᠡᠬᠢᠯᠡᠵᠦ ᠬᠦᠳᠡᠯᠳᠡᠭ᠃ ᠦᠯᠡᠳᠡᠭᠰᠡᠨ ᠨᠤᠬᠠᠳ ᠨᠢ ᠪᠠᠰᠠ ᠵᠢᠷᠬᠢᠵᠦ ᠲᠡᠶᠢᠯᠬᠦ ᠦᠭᠡᠢ ᠪᠤᠯ ᠬᠡᠨ ᠠᠯᠢᠨ ᠢᠶᠠᠨ | ᠱᠦᠬᠦᠨ ᠱᠦᠬᠦᠭᠳᠡᠬᠦ ᠢᠯᠭᠠᠭᠤᠷᠢ ᠦᠭᠡᠢ ᠪᠤᠯᠵᠦ᠂ ᠲᠡᠬᠢᠨ ᠨᠠᠭᠠᠳᠤᠨ᠎ᠠ᠃ |