ᠬᠤᠷᠴᠢᠨ ᠮᠤᠩᠭᠤᠯᠴᠤᠳ ᠤᠨ ᠦᠯᠦᠬᠡᠢ
ᠨᠡᠶᠢᠲᠡᠯᠡᠭᠰᠡᠨ ᠴᠠᠭ᠄
2019/1/9
           ᠬᠤᠷᠴᠢᠨ ᠮᠤᠩᠭᠤᠯᠴᠤᠳ ᠤᠨ ᠦᠯᠦᠬᠡᠢ      ᠬᠤᠷᠴᠢᠨ ᠮᠤᠩᠭᠤᠯᠴᠤᠳ ᠤᠨ ᠦᠯᠦᠬᠡᠢ ᠪᠤᠯ ᠮᠤᠩᠭᠤᠯ ᠦᠨᠳᠦᠰᠦᠳᠡᠨ ᠤ ᠦᠯᠦᠬᠡᠢ ᠶᠢᠨ ᠨᠢᠬᠡ ᠲᠦᠷᠦᠯ ᠨᠢ ᠪᠤᠯᠤᠨ᠎ᠠ᠃ ᠤᠷᠳᠤ ᠬᠤᠭᠤᠴᠠᠭᠠᠨ ᠠᠴᠠ ᠨᠠᠰᠢ᠂ ᠦᠯᠦᠬᠡᠢ ᠬᠢᠬᠦ ᠤᠷ᠎ᠡ ᠮᠡᠷᠬᠡᠵᠢᠯ ᠪᠤᠯᠤᠨ ᠬᠡᠷᠡᠭᠯᠡᠬᠦ ᠵᠠᠩᠰᠢᠯ ᠨᠢ ᠤᠯᠠᠮᠵᠢᠯᠠᠭᠳᠠᠨ ᠬᠦᠭᠵᠢᠭᠰᠡᠭᠡᠷ ᠢᠷᠡᠵᠦ᠂ ᠢᠯᠡ ᠲᠤᠳᠤ ᠬᠤᠷᠴᠢᠨ ᠤ ᠤᠨᠴᠠᠯᠢᠭ ᠲᠠᠢ᠂ ᠲᠤᠳᠤᠭᠠᠳᠤ ᠠᠭᠤᠯᠬᠤᠨ  ᠢᠶᠠᠷ ᠡᠯᠪᠡᠭ ᠪᠦᠬᠦᠢ ᠮᠤᠩᠭᠤᠯ ︽ᠦᠯᠦᠬᠡᠢ︾ ᠶᠢᠨ ᠰᠤᠶᠤᠯ ᠢ ᠪᠦᠷᠢᠯᠳᠦᠬᠦᠯᠦᠭᠰᠡᠨ ᠪᠠᠶᠢᠨ᠎ᠠ᠃    ᠦᠯᠦᠬᠡᠢ ᠶᠢᠨ ᠤᠷᠢᠳᠡᠢ ᠬᠤᠶᠢᠳᠡᠢ ᠦᠵᠦᠬᠦᠷ ᠤᠨ ᠬᠠᠯᠬᠠᠪᠴᠢ ᠬᠠᠪᠳᠠᠰᠤ ᠶᠢ ᠲᠤᠰ ᠲᠤᠰ ᠨᠢᠬᠡ ᠬᠡᠰᠡᠭ ᠤᠷᠳᠤ ᠲᠦᠷᠪᠡᠯᠵᠢᠨ ᠬᠡᠯᠪᠡᠷᠢ ᠲᠠᠢ ᠪᠦᠬᠦᠯᠢ ᠮᠤᠳᠤᠨ ᠬᠠᠪᠳᠠᠰᠤ ᠪᠠᠷ ᠬᠢᠵᠦ᠂ ᠲᠤᠤᠷ᠎ᠡ ᠦᠵᠦᠬᠦᠷ ᠢ ᠨᠢ ᠴᠠᠪᠴᠢᠵᠤ ᠵᠤᠷᠭᠤᠬᠤ ᠪᠤᠶᠤ ᠬᠢᠷᠦᠭᠡᠳᠦᠨ ᠨᠤᠮᠤᠨ ᠬᠡᠯᠪᠡᠷᠢ ᠲᠠᠢ ᠪᠤᠯᠭᠠᠵᠤ᠂ ᠶᠠᠭ ᠯᠡ ᠲᠡᠷᠭᠡᠨ ᠬᠦᠷᠳᠦᠨ ᠤ ᠨᠢᠬᠡ ᠬᠡᠰᠡᠭ ᠰᠢᠭ᠂ ᠡᠬᠦᠨ ᠢ ᠮᠤᠩᠭᠤᠯ ᠢᠶᠠᠷ ︽ᠮᠦᠬᠡᠷ︾ ᠭᠡᠳᠡᠭ᠂ ᠲᠡᠷᠭᠡᠨ ᠬᠦᠷᠳᠦ ᠬᠡᠰᠡᠨ ᠤᠳᠬ᠎ᠠ ᠲᠠᠢ᠃ ᠤᠷᠢᠳᠡᠢ ᠬᠤᠶᠢᠳᠡᠢ ᠬᠠᠯᠬᠠᠪᠴᠢ ᠬᠠᠪᠳᠠᠰᠤ ᠶᠢ ᠬᠤᠯᠪᠤᠭᠰᠠᠨ ᠬᠤᠶᠠᠷ ᠬᠠᠵᠠᠭᠤ ᠶᠢᠨ ᠬᠠᠪᠳᠠᠰᠤ ᠶᠢ ︽ᠠᠷᠠᠯ︾ ᠬᠡᠳᠡᠭ᠂ ᠲᠡᠷᠭᠡᠨ ᠠᠷᠠᠯ ᠬᠡᠰᠡᠨ ᠤᠳᠬ᠎ᠠ ᠲᠠᠢ᠃ ᠢᠷᠤᠭᠠᠷ ᠤᠨ ᠡᠷᠬᠦᠬᠦᠷ ᠬᠠᠪᠳᠠᠰᠤ ᠶᠢ ︽ᠭᠤᠤᠯᠳᠤ ᠬᠤᠯᠪᠤᠭᠠᠰᠤ︾ ᠬᠡᠳᠡᠭ᠃ ᠬᠤᠶᠠᠷ ᠬᠠᠵᠠᠭᠤ ᠶᠢᠨ ᠬᠠᠪᠳᠠᠰᠤ ᠶᠢᠨ ᠤᠷᠢᠳᠡᠢ ᠦᠵᠦᠬᠦᠷ ᠲᠤ ᠲᠤᠰᠪᠤᠷᠢ ᠨᠢᠬᠡ ᠵᠢᠵᠢᠭ ᠨᠦᠬᠡ ᠴᠤᠭᠤᠯᠤᠨ᠂ ᠪᠦᠳᠦᠬᠦᠨ ᠨᠠᠷᠢᠨ ᠨᠢ ᠲᠤᠬᠢᠷᠠᠮᠵᠢᠳᠡᠢ ᠬᠤᠩᠭᠤᠷᠴᠤᠭᠳᠤ ᠮᠤᠳᠤᠨ ᠰᠠᠯᠠᠭ᠎ᠠ ᠶᠢ ᠮᠠᠳᠠᠷᠠᠭᠤᠯᠤᠨ᠂ ᠨᠤᠮᠤᠨ ᠬᠡᠯᠪᠡᠷᠢ ᠲᠠᠢ ᠪᠤᠯᠭᠠᠵᠤ᠂ ᠬᠤᠶᠠᠷ ᠦᠵᠦᠬᠦᠷ ᠤᠨ ᠵᠢᠵᠢᠭ ᠨᠦᠬᠡᠨ ᠳᠤ ᠬᠠᠳᠬᠤᠨ᠂ ᠤᠯᠠᠭᠠᠨ ᠪᠦᠰ ᠪᠤᠶᠤ ᠴᠠᠭᠠᠨ ᠪᠦᠰ ᠢᠶᠠᠷ  ᠪᠦᠷᠢᠵᠦ᠂ ᠬᠠᠭᠠᠰ ᠲᠤᠭᠤᠷᠢᠭ ᠬᠡᠯᠪᠡᠷᠢ ᠲᠠᠢ ᠬᠠᠯᠬᠠᠪᠴᠢ ᠪᠤᠯᠭᠠᠨ᠎ᠠ᠂ ᠡᠬᠦᠨ ᠢ ︽ᠮᠠᠬᠠᠷᠠ︾ ᠭᠡᠳᠡᠭ᠃ ᠮᠠᠬᠠᠷᠠ ᠪᠤᠯᠤᠨ ᠤᠷᠢᠳᠡᠢ ᠦᠵᠦᠬᠦᠷ ᠤᠨ ᠬᠠᠯᠬᠠᠪᠴᠢ ᠬᠠᠪᠳᠠᠰᠤ ᠨᠢ ᠪᠦᠬᠦᠯᠢ ᠲᠤᠭᠤᠷᠢᠭ ᠢ ᠪᠦᠷᠢᠯᠳᠦᠬᠦᠯᠦᠨ᠂ ᠨᠠᠷᠠ ᠬᠡᠰᠡᠨ ᠤᠳᠬ᠎ᠠ ᠶᠢ ᠢᠯᠡᠳᠭᠡᠨ᠎ᠡ︔ ᠬᠦᠯ ᠤᠨ ᠦᠵᠦᠬᠦᠷ ᠤᠨ ᠬᠠᠯᠬᠠᠪᠴᠢ ᠬᠠᠪᠳᠠᠰᠤ ᠨᠢ ᠬᠠᠭᠠᠰ ᠲᠤᠭᠤᠷᠢᠭ ᠬᠡᠯᠪᠡᠷᠢ ᠲᠠᠢ᠂ ᠰᠡᠷᠡ ᠬᠡᠰᠡᠨ ᠤᠳᠬ᠎ᠠ ᠶᠢ ᠢᠯᠡᠳᠭᠡᠵᠦ᠂ ᠨᠢᠷᠡᠢ ᠬᠡᠦᠬᠡᠳ ᠤᠨ ᠲᠠᠷᠢᠬᠦᠨ ᠨᠢ ᠨᠡᠷᠡ ᠶᠢ ᠲᠤᠯᠵᠤ᠂ ᠬᠦᠯ ᠨᠢ ᠰᠡᠷᠡ ᠶᠢ ᠬᠢᠰᠬᠢᠬᠦ ᠤᠳᠬ᠎ᠠ ᠶᠢ ᠢᠯᠡᠳᠭᠡᠨ᠎ᠡ᠃ ᠮᠠᠬᠠᠷᠠ ᠶᠢᠨ ᠤᠷᠤᠢ ᠪᠤᠯᠤᠨ ᠬᠦᠯ ᠤᠨ ᠦᠵᠦᠬᠦᠷ ᠤᠨ ᠬᠠᠯᠬᠠᠪᠴᠢ ᠬᠠᠪᠳᠠᠰᠤ ᠶᠢ ᠨᠢᠬᠡᠨ ᠲᠠᠬᠢᠶᠠᠨ ᠰᠡᠪᠡᠷ ᠤᠨ ᠬᠡᠯᠪᠡᠷᠢ ᠶᠢᠨ ᠭᠤᠷᠪᠡᠨ ᠦᠵᠦᠬᠦᠷ ᠲᠠᠢ ᠠᠷᠠᠰᠤᠨ ᠲᠡᠭᠡᠰᠦ ᠪᠠᠷ ᠬᠤᠯᠪᠤᠵᠤ᠂ ᠲᠤᠮᠳᠡᠬᠢ ᠲᠡᠭᠡᠰᠦ ᠶᠢ ᠨᠢ ᠮᠠᠬᠠᠷᠠ ᠶᠢᠨ ᠠᠰ ᠲᠡᠭᠡᠷ᠎ᠡ ᠲᠠᠯ᠎ᠠ  ᠲᠤᠨᠢ ᠤᠶᠠᠵᠤ᠂ ᠨᠦᠬᠦᠭᠡ ᠬᠤᠶᠠᠷ ᠲᠡᠭᠡᠰᠦ ᠶᠢ ᠨᠢ ᠬᠤᠶᠠᠷ ᠲᠠᠯ᠎ᠠ ᠲᠤᠨᠢ ᠤᠶᠠᠵᠤ᠂ ᠱᠠ ᠨᠡᠬᠡᠮᠡᠯ ᠡᠳ᠋ ᠪᠤᠶᠤ ᠨᠢᠮᠬᠡᠨ ᠪᠦᠰ ᠪᠦᠳᠡᠬᠡᠬᠦ ᠳᠤ ᠬᠡᠷᠡᠭᠯᠡᠨ᠂ ᠢᠯᠠᠭ᠎ᠠ ᠪᠠᠳᠠᠭᠠᠨ᠎ᠠ ᠶᠢ ᠰᠡᠷᠬᠡᠶᠢᠯᠡᠵᠦ᠂ ᠨᠠᠷᠠᠨ ᠤ ᠬᠤᠷᠴᠠ ᠬᠡᠷᠡᠯ ᠢ ᠬᠠᠯᠬᠠᠯᠠᠳᠠᠭ᠃ ᠠᠷᠠᠰᠤᠨ ᠲᠡᠭᠡᠰᠦ ᠪᠠᠨ ᠲᠤᠯᠤᠭ᠎ᠠ ᠵᠠᠩᠭᠢᠳᠤᠨ᠂ ᠲᠤᠬᠢᠭᠤᠷ ᠲᠤᠯᠤᠭᠠᠨ ᠤᠳᠤ ᠠᠳᠠᠯᠢ ᠪᠤᠯᠭᠠᠵᠤ᠂ ᠨᠠᠷᠠ ᠰᠠᠷᠠ ᠲᠠᠢ ᠪᠠᠨ ᠠᠪᠤᠴᠠᠯᠳᠤᠭᠤᠯᠤᠨ᠂ ᠨᠢᠷᠡᠢ ᠬᠡᠦᠬᠡᠳ ᠢᠶᠠᠨ ᠨᠠᠷᠠ ᠰᠠᠷᠠ ᠤᠳᠤᠨ ᠮᠡᠴᠢᠳ ᠰᠢᠭ ᠮᠦᠩᠭᠡᠷᠡᠵᠤ᠂ ᠦᠨᠢ ᠡᠬᠦᠷᠢᠳᠡ ᠭᠡᠭᠡᠨ ᠰᠠᠷᠠᠭᠤᠯ ᠪᠠᠶᠢᠬᠤ ᠶᠢ ᠪᠡᠯᠭᠡᠳᠡᠳᠡᠭ᠃    ᠦᠯᠦᠬᠡᠢ ᠶᠢ ᠶᠡᠷᠦ ᠳᠡᠭᠡᠨ ᠲᠦᠷᠬᠦᠮ ᠤᠨ ᠬᠦᠮᠦᠰ ᠨᠢ ᠬᠠᠷ᠎ᠠ ᠴᠠᠭᠠᠨ ᠦᠷ᠎ᠡ ᠬᠡᠦᠬᠡᠳ ᠲᠡᠭᠰᠢ᠂ ᠠᠮᠢᠳᠤᠷᠠᠯ  ᠨᠢ ᠪᠠᠶᠠᠨ ᠴᠢᠨᠡᠬᠡᠯᠢᠭ ᠮᠤᠳᠤᠨ ᠲᠠᠷᠬᠠᠨ ᠢᠶᠠᠷ ᠬᠢᠯᠬᠡᠵᠦ᠂ ᠵᠠᠷᠢᠮ ᠦᠯᠦᠬᠡᠢ ᠲᠡᠭᠡᠷ᠎ᠡ ᠨᠢ ᠪᠠᠰᠠ ᠦᠯᠵᠡᠢ ᠪᠡᠯᠭᠡ ᠲᠠᠢ ᠬᠡ ᠤᠭᠠᠯᠵᠠ ᠰᠡᠶᠢᠯᠳᠡᠭ᠃ ᠮᠠᠬᠠᠷᠠ ᠬᠢᠬᠦ ᠬᠤᠩᠭᠤᠷᠴᠤᠭᠳᠤ ᠮᠤᠳᠤᠨ ᠤ ᠰᠠᠯᠠᠭ᠎ᠠ ᠶᠢ ᠵᠠᠪᠠᠯ ᠬᠡᠦᠭᠡᠳ ᠤᠨ ᠨᠠᠭᠠᠴᠤ ᠠᠪᠤ ᠨᠢ ᠭᠡᠭᠡᠷ᠎ᠡ ᠭᠠᠳᠠᠨ᠎ᠠ ᠠᠴᠠ ᠰᠢᠯᠢᠵᠦ ᠠᠪᠴᠢᠷᠠᠨ᠂ ᠬᠡᠦᠬᠡᠳ ᠢ ᠦᠯᠦᠬᠡᠢ ᠲᠡᠭᠡᠷ᠎ᠡ ᠤᠶᠠᠬᠤ ᠤᠷᠢᠶᠠᠯᠳᠠ ᠶᠢ ᠲᠦᠷᠬᠦᠮ ᠤᠨ ᠬᠠᠳᠠᠮ ᠡᠬᠡᠴᠢ ᠪᠠ ᠲᠡᠬᠦᠦ ᠪᠡᠷᠢ ᠨᠢ ᠡᠯᠳᠡᠪ ᠦᠩᠭᠡ ᠶᠢᠨ ᠤᠳᠠᠰᠤ ᠪᠠᠷ ᠦᠯᠵᠡᠢ ᠪᠡᠯᠭᠡᠳᠦ ᠡᠬᠦᠯᠡᠨ ᠤᠭᠠᠯᠵᠠ ᠬᠠᠳᠬᠤᠮᠠᠯᠯᠠᠨ ᠤᠶᠤᠵᠤ᠂ ᠡᠬᠦᠨ ᠢᠶᠠᠨ ︽ᠲᠠᠳᠠᠭᠤᠷ︾ ᠭᠡᠳᠡᠭ᠃ ᠦᠯᠦᠬᠡᠢ ᠪᠠᠨ ᠬᠢᠵᠦ ᠪᠠᠷᠠᠭᠰᠠᠨ ᠤ ᠲᠠᠷᠠᠭ᠎ᠠ᠂ ᠨᠢᠷᠡᠢ ᠬᠡᠦᠬᠡᠳ ᠢ ᠮᠡᠨᠳᠦᠯᠡᠬᠦ ᠦᠶᠡᠰ ᠲᠦᠷᠬᠦᠮ ᠤᠨ ᠬᠦᠮᠦᠰ ᠨᠢ ᠬᠦᠷᠭᠡᠨ ᠢᠷᠡᠵᠦ ᠂ ᠢᠷᠡᠬᠦ ᠵᠠᠮ ᠳᠠᠭᠠᠨ ᠬᠦᠰᠡᠷ᠎ᠡ ᠤᠨᠠᠭᠠᠨ᠂ ᠰᠢᠪᠡᠷ ᠰᠢᠷᠦᠢ ᠬᠦᠷᠭᠡᠬᠦ ᠶᠢ ᠴᠡᠭᠡᠷᠯᠡᠳᠡᠭ᠃    ᠨᠢᠷᠡᠢ ᠬᠡᠦᠬᠡᠳ ᠢ ᠰᠠᠶ᠋ᠢ ᠦᠯᠦᠬᠡᠶᠢᠳᠡᠬᠦ ᠳᠡᠭᠡᠨ ᠪᠠᠰᠠ ᠲᠦᠬᠦᠮᠬᠡᠨ ᠶᠤᠰᠤᠯᠠᠯ ᠶᠠᠪᠤᠭᠤᠯᠵᠤ᠂ ᠵᠦᠪᠬᠡᠨ ᠲᠦᠷᠬᠦᠮ ᠤᠨ ᠬᠦᠮᠦᠰ ᠪᠤᠯᠤᠨ ᠪᠠᠭ᠎ᠠ ᠰᠠᠭ᠎ᠠ ᠤᠶᠢᠷ᠎ᠡ ᠰᠠᠳᠤᠨ ᠨᠢ ᠤᠷᠤᠯᠴᠠᠨ᠎ᠠ᠂ ᠤᠷᠢᠳᠡᠪᠡᠷ ᠰᠢᠷ᠎ᠡ ᠲᠤᠰᠤ ᠪᠠᠷ ᠦᠯᠦᠬᠡᠢ ᠪᠠᠨ ᠮᠢᠯᠢᠶᠡᠵᠦ᠂ ᠵᠦᠩᠨᠡᠯ ᠪᠡᠯᠭᠡᠳᠡᠯ ᠢᠶᠠᠨ ᠢᠯᠡᠳᠭᠡᠨ᠎ᠡ︔ ᠨᠢᠷᠡᠢ ᠬᠡᠦᠬᠡᠳ ᠨᠢ ᠦᠬᠢᠨ ᠪᠤᠯ ᠮᠠᠬᠠᠷᠠ ᠲᠡᠭᠡᠷ᠎ᠡ ᠪᠠᠨ ᠵᠢᠵᠢᠭ ᠲᠤᠯᠢ ᠡᠯᠬᠦᠨ᠂ ᠦᠬᠢᠨ ᠤ ᠪᠠᠨ ᠲᠤᠯᠢ ᠰᠢᠭ᠋ ᠴᠡᠪᠡᠷ ᠲᠤᠩᠭᠠᠯᠠᠭ ᠢ ᠪᠡᠯᠭᠡᠳᠡᠨ᠎ᠡ︔ ᠬᠦᠦ ᠪᠤᠯ ᠵᠢᠵᠢᠭ ᠨᠤᠮᠤ ᠰᠤᠮᠤ ᠪᠤᠯᠤᠨ ᠵᠢᠵᠢᠭ ᠬᠢᠳᠤᠭ᠎ᠠ ᠡᠯᠬᠦᠵᠦ᠂ ᠮᠤᠷᠢ ᠤᠨᠤᠵᠤ ᠬᠠᠷᠪᠤᠵᠤ ᠨᠠᠮᠨᠠᠬᠤ ᠳᠠᠭᠠᠨ ᠰᠠᠶᠢᠨ ᠡᠷ᠎ᠡ ᠪᠤᠯᠵᠤ᠂ ᠤᠯᠤᠰ ᠭᠡᠷ ᠦᠨᠳᠦᠰᠦᠳᠡᠨ ᠤᠭᠰᠠᠭᠠᠳᠠᠨ ᠳᠠᠭᠠᠨ ᠭᠠᠪᠢᠶ᠎ᠠ ᠵᠢᠳᠬᠦᠯ ᠦᠵᠡᠬᠦᠯᠬᠦ ᠶᠢ ᠪᠡᠯᠭᠡᠳᠡᠨ᠎ᠡ᠃ ᠪᠡᠰᠡ ᠬᠦᠦ ᠦᠬᠢᠨ ᠢᠯᠭᠠᠯ ᠦᠭᠡᠢ᠂ ᠮᠠᠬᠠᠷᠠ ᠲᠡᠭᠡᠷ᠎ᠡ ᠪᠠᠨ ᠴᠦᠮ ᠨᠢᠬᠡ ᠬᠡᠯᠬᠢᠶ᠎ᠡ ᠭᠠᠤᠯᠢᠨ ᠵᠤᠭᠤᠰ᠂ ᠤᠷᠳᠤ ᠨᠠᠰᠤ ᠶᠢᠨ ᠤᠨᠢᠰᠤ ᠪᠤᠯᠤᠨ ᠵᠢᠵᠢᠭ ᠵᠢᠭᠠᠰᠤ ᠵᠡᠷᠭᠡ ᠶᠢ ᠡᠯᠬᠦᠵᠦ᠂ ᠬᠡᠦᠬᠡᠳ ᠤᠨ ᠢᠶᠠᠨ ᠤᠷᠳᠤ ᠨᠠᠰᠤᠯᠠᠨ᠂ ᠤᠳᠠᠭᠠᠨ ᠵᠢᠷᠭᠠᠬᠤ ᠶᠢ ᠵᠦᠩᠨᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号