ᠡᠷᠡᠭᠦᠯ ᠡᠩᠭᠡ ᠪᠠᠷ ᠵᠠᠭᠤ ᠨᠠᠰᠤᠯᠠᠶᠠ ᠭᠡᠪᠡᠯ ᠡᠷᠡᠭᠦᠯ ᠡᠩᠭᠡ ᠶᠢᠨ ᠲᠦᠷᠪᠡᠨ ᠰᠠᠭᠤᠷᠢ ᠪᠤᠯᠬᠤ | ᠰᠡᠳᠬᠢᠴᠡ ᠪᠠᠨ ᠲᠡᠩᠴᠡᠬᠦᠷᠢᠳᠡᠢ ᠪᠠᠶᠢᠯᠭᠠᠬᠤ ᠶᠢᠨ ᠦᠢᠯᠡᠳᠦᠯ ᠨᠢ 50 % ᠠᠴᠠ ᠲᠡᠭᠡᠭᠰᠢᠬᠢ ᠶᠢ ᠡᠵᠡᠯᠡᠵᠤ᠂ | ᠵᠤᠬᠢᠰᠳᠠᠢ ᠬᠤᠭᠤᠯᠠᠯᠠᠬᠤ ᠨᠢ 25% ᠢ ᠡᠵᠡᠯᠡᠵᠤ᠂ ᠪᠤᠰᠤᠳ ᠵᠦᠢᠯ ᠨᠢ 25% ᠢ ᠡᠵᠡᠯᠡᠳᠡᠭ᠃ ᠰᠡᠳᠬᠢᠴᠡ ᠪᠠᠨ | ᠲᠡᠩᠴᠡᠬᠦᠷᠢᠳᠡᠢ ᠪᠠᠶᠢᠯᠭᠠᠬᠤ ᠨᠢ ᠪᠡᠶ᠎ᠠ ᠮᠠᠬᠠᠪᠤᠳ ᠤᠨ ᠡᠷᠡᠭᠦᠯ ᠡᠩᠭᠡ ᠶᠢᠨ ᠬᠠᠮᠤᠬ ᠤᠨ ᠴᠢᠬᠤᠯᠠ ᠵᠦᠢᠯ᠃ | ᠰᠡᠳᠬᠢᠴᠡ ᠶᠢᠨ ᠲᠡᠩᠴᠡᠬᠦᠷᠢᠳᠡᠢ ᠪᠠᠶᠢᠬᠤ ᠶᠢ ᠪᠠᠳᠤᠯᠠᠵᠤ ᠴᠢᠳᠠᠪᠠᠯ ᠪᠡᠶ᠎ᠠ ᠮᠠᠬᠠᠪᠤᠳ ᠤᠨ | ᠡᠷᠡᠭᠦᠯ ᠡᠩᠭᠡ ᠶᠢᠨ ᠢᠶᠠᠨ ᠠᠯᠳᠠᠨ ᠲᠦᠯᠬᠢᠬᠦᠷ ᠢ ᠦᠪᠡᠷ ᠢᠶᠠᠨ ᠠᠳᠬᠤᠴᠢᠬᠠᠬᠰᠠᠨ ᠲᠠᠢ ᠲᠡᠩᠴᠡᠬᠦ ᠶᠤᠮ᠃ | ᠡᠪᠡᠳᠴᠢᠯᠡᠬᠦ ᠳᠤ ᠬᠠᠮᠢᠶ᠎ᠠ ᠦᠭᠡᠢ᠂ ᠤᠳᠤᠬᠠᠨ ᠤ ᠰᠢᠨᠵᠢᠯᠡᠭᠡ ᠮᠡᠷᠭᠡᠵᠢᠯ ᠤᠨ ᠬᠦᠭᠵᠢᠯᠳᠡ ᠶᠢᠨ ᠲᠦᠪᠰᠢᠨ ᠳᠤ | ᠰᠢᠬᠢᠷ ᠰᠢᠵᠢᠩ ᠡᠪᠡᠳᠴᠢᠨ᠂ ᠴᠢᠰᠤᠨ ᠲᠠᠷᠤᠯᠳᠠ ᠦᠨᠳᠦᠷ ᠡᠪᠡᠳᠴᠢᠨ᠂ ᠵᠢᠷᠦᠭᠡᠨ ᠡᠪᠡᠳᠴᠢᠨ ᠵᠡᠷᠭᠡ ᠶᠢ ᠪᠦᠷ | ᠮᠠᠰᠢ ᠰᠠᠶᠢᠨ ᠰᠡᠷᠭᠡᠶᠢᠯᠡᠬᠦ ᠠᠷᠭ᠎ᠠ ᠪᠤᠯᠤᠨ ᠡᠮ ᠪᠠᠶᠢᠳᠠᠬ᠃ ᠭᠡᠪᠡᠴᠤ ᠤᠷᠮ᠎ᠠ ᠰᠡᠳᠬᠢᠯᠭᠡ ᠮᠠᠭᠤ — | ᠦᠷᠬᠦᠯᠵᠢ ᠪᠠᠴᠢᠮᠳᠠᠳᠠᠬ᠂ ᠠᠮᠠᠷᠬᠠᠨ ᠠᠭᠤᠷᠯᠠᠳᠠᠬ᠂ ᠤᠴᠢᠷ ᠦᠭᠡᠢ ᠪᠠᠶᠢᠭᠠᠳ ᠦ ᠡᠷᠢᠳᠡᠭ᠂ ᠠᠭᠤᠷ | ᠬᠦᠷᠭᠡᠭᠰᠡᠨ ᠬᠦᠮᠦᠨ ᠦᠭᠡᠢ ᠪᠠᠶᠢᠬᠤ ᠳᠤ ᠠᠭᠤᠷᠯᠠᠭᠠᠳ ᠪᠠᠶᠢᠬᠤ᠂ ᠡᠳᠦᠷᠵᠢᠨ ᠪᠡᠶ᠎ᠠ ᠲᠠᠢ ᠪᠠᠨ ᠦᠰᠢᠯᠳᠦᠭᠡᠳ | ᠪᠠᠶᠢᠬᠤ ᠬᠦᠮᠦᠨ ᠪᠤᠯ ᠦᠭᠦᠬᠦ ᠨᠢ ᠴᠤ ᠬᠤᠷᠳᠤᠨ ᠶᠤᠮ᠃ ᠪᠡᠭᠡᠵᠢᠩ ᠬᠤᠳᠠ ᠶᠢᠨ ᠡᠪᠡᠳᠴᠢᠨ ᠡᠮᠭᠡᠭ ᠢ | ᠤᠷᠢᠳᠴᠢᠯᠠᠨ ᠰᠡᠷᠭᠡᠶᠢᠯᠡᠵᠤ ᠬᠢᠵᠠᠭᠠᠷᠯᠠᠬᠤ ᠲᠦᠪ ᠤᠨ ᠡᠷᠡᠭᠦᠯᠵᠢᠯ ᠤᠨ ᠰᠤᠷᠭᠠᠨ ᠬᠦᠮᠦᠵᠢᠯ ᠤᠨ ᠭᠠᠵᠠᠷ ᠤᠨ | 2003 ᠤᠨ ᠤ ᠨᠢᠭᠡᠨ ᠪᠠᠶᠢᠴᠠᠭᠠᠯᠳᠠ ᠳᠤ ᠢᠯᠡᠷᠡᠭᠦᠯᠦᠭᠰᠡᠨ ᠢᠶᠠᠷ᠂ ᠠᠵᠢᠯ ᠤᠨ ᠰᠢᠯᠳᠠᠭᠠᠨ ᠵᠡᠷᠭᠡ ᠠᠴᠠ | ᠪᠤᠯᠵᠤ ᠰᠡᠳᠬᠢᠴᠡ ᠶᠢᠨ ᠲᠠᠷᠤᠯᠳᠠ ᠪᠦᠷᠢᠯᠳᠦᠭᠰᠡᠨ ᠰᠡᠭᠡᠭᠡᠳᠡᠳ ᠨᠢ ᠰᠡᠭᠡᠭᠡᠳᠡᠨ ᠪᠤᠰᠤ ᠬᠦᠮᠦᠰ ᠠᠴᠠ 10% | ᠦᠨᠳᠦᠷ ᠪᠠᠶᠢᠵᠤ᠂ 35 ᠨᠠᠰᠤᠨ ᠠᠴᠠ ᠲᠡᠭᠡᠭᠰᠢᠬᠢ ᠬᠦᠮᠦᠰ ᠲᠤ ᠪᠤᠯ ᠨᠡᠩ ᠲᠤᠪᠤᠶᠢᠮ ᠠ᠃ ᠰᠡᠭᠡᠭᠡᠳᠡᠳ | ᠴᠢᠳᠠᠪᠤᠷᠢ ᠪᠠᠨ ᠢᠯᠡᠷᠡᠭᠦᠯᠵᠤ ᠲᠡᠶᠢᠯᠬᠦ ᠦᠭᠡᠢ ᠠᠴᠠ ᠪᠤᠯᠤᠬᠰᠠᠨ ᠪᠤᠬᠢᠨᠢᠳᠤᠯ᠂ ᠭᠤᠳᠤᠷᠠᠩᠭᠤᠢ | ᠰᠡᠳᠬᠢᠯᠭᠡ ᠠᠴᠠ ᠪᠠᠨ ᠪᠤᠯᠤᠬᠰᠠᠨ ᠰᠡᠳᠬᠢᠴᠡ ᠶᠢᠨ ᠠᠰᠠᠭᠤᠳᠠᠯ ᠨᠢ ᠪᠡᠶ᠎ᠠ ᠮᠠᠬᠠᠪᠤᠳ ᠢ ᠨᠢ ᠡᠪᠡᠳᠴᠢᠯᠡᠬᠦᠯᠵᠤ | ᠪᠠᠶᠢᠳᠠᠬ ᠢ ᠡᠮᠨᠡᠯᠭᠡ ᠶᠢᠨ ᠤᠬᠠᠭᠠᠨ ᠲᠡᠭᠡᠷ ᠠ ᠰᠡᠳᠬᠢᠴᠡ ᠶᠢᠨ ᠠᠰᠠᠭᠤᠳᠠᠯ ᠤᠨ ᠪᠡᠶ᠎ᠠ ᠴᠤᠬᠴᠠ ᠲᠡᠭᠡᠷᠡᠬᠢ | ᠢᠯᠡᠷᠡᠯ ᠭᠡᠳᠡᠭ᠃ ᠤᠶᠤᠨ ᠤ ᠬᠦᠳᠡᠯᠮᠦᠷᠢᠴᠢᠳ ᠠᠵᠢᠯ ᠤᠨ ᠲᠠᠷᠤᠭᠠᠰᠤ ᠠᠴᠠ ᠪᠤᠯᠤᠭᠠᠳ ᠭᠡᠪ ᠤᠨ | ᠲᠤᠳᠤᠭᠠᠳᠤ ᠱᠦᠬᠦᠷᠡᠯ ᠨᠢ ᠨᠦᠯᠦᠭᠡᠯᠡᠭᠳᠡᠵᠤ᠂ ᠤᠨᠳᠠᠯᠭ᠎ᠠ ᠬᠢᠭᠡᠳ ᠢᠳᠡᠭᠡᠨ ᠤ ᠲᠤᠷᠠᠰᠢᠯ ᠨᠢ | ᠮᠠᠭᠤᠳᠠᠬᠰᠠᠨ ᠠᠴᠠ ᠤᠨᠳᠠᠭᠤᠯᠬᠤ ᠡᠮ ᠤᠤᠭᠤᠬᠰᠠᠳ ᠤᠨ ᠬᠠᠷᠢᠴᠠᠯ ᠦᠨᠳᠦᠷ ᠪᠤᠯᠵᠤ᠂ ᠴᠢᠰᠤᠨ ᠲᠠᠷᠤᠯᠳᠠ | ᠦᠨᠳᠦᠷ ᠡᠪᠡᠳᠴᠢᠨ᠂ ᠬᠦᠵᠦᠬᠦᠨ ᠦᠶ᠎ᠠ ᠶᠢᠨ ᠡᠪᠡᠳᠴᠢᠨ᠂ ᠰᠢᠬᠢᠷ ᠰᠢᠵᠢᠩ ᠡᠪᠡᠳᠴᠢᠨ᠂ ᠵᠢᠷᠦᠭᠡ | ᠴᠢᠰᠤᠨ ᠰᠤᠳᠠᠯ ᠤᠨ ᠡᠪᠡᠳᠴᠢᠨ ᠡᠮᠭᠡᠭ ᠤᠨ ᠡᠬᠦᠰᠬᠦ ᠨᠤᠷᠮ᠎ᠠ ᠡᠩ ᠤᠨ ᠬᠦᠮᠦᠰ ᠠᠴᠠ ᠨᠡᠯᠢᠶᠡᠳ ᠦᠨᠳᠦᠷ᠃ | ᠤᠷᠮ᠎ᠠ ᠰᠡᠳᠬᠢᠯᠭᠡ ᠮᠠᠭᠤ ᠪᠤᠯ ᠠᠮᠠᠷᠬᠠᠨ ᠬᠢᠮᠤᠷᠠᠵᠤ ᠲᠠᠬᠰᠢᠭᠤᠷ ᠬᠦᠷᠳᠡᠭ ᠪᠦᠭᠡᠳ ᠤᠷᠳᠤ ᠬᠤᠭᠤᠴᠠᠭ᠎ᠠ ᠪᠠᠷ | ᠭᠠᠨᠭ᠍ᠰᠠᠷᠠᠪᠠᠯ ᠲᠤᠩ ᠠᠮᠠᠷᠬᠠᠨ ᠢᠶᠠᠷ ᠦᠮᠠᠨ ᠡᠪᠡᠳᠴᠢᠨ ᠤᠯᠳᠠᠬ᠃ ᠡᠶᠢᠮᠦ ᠠᠴᠠ ᠰᠡᠳᠬᠢᠴᠡ ᠶᠢᠨ ᠡᠷᠡᠭᠦᠯᠵᠢᠯ ᠢ | ᠭᠡᠷᠬᠢᠨ ᠬᠢᠬᠦ ᠨᠢ ᠲᠡᠳᠡᠨ ᠳᠤ ᠠᠪᠴᠤ ᠭᠡᠯᠡᠪᠡᠯ ᠲᠦᠢᠯ ᠤᠨ ᠴᠢᠬᠤᠯᠠ᠃ | ᠬᠦᠮᠦᠰ ᠠᠮᠢᠳᠤᠷᠠᠯ ᠳᠠᠭᠠᠨ ᠲᠤᠭᠠᠯᠠᠰᠢ ᠦᠭᠡᠢ ᠤᠯᠠᠨ ᠬᠦᠴᠢᠷ ᠪᠡᠷᠬᠡᠰᠢᠶᠡᠯ᠂ ᠲᠠᠷᠤᠯᠳᠠ ᠳᠤ ᠤᠴᠠᠷᠠᠳᠠᠬ | ᠪᠤᠯᠬᠤᠷ ᠲᠠᠷᠤᠯᠳᠠ ᠪᠠᠨ ᠠᠷᠢᠯᠭᠠᠬᠤ ᠶᠢ ᠵᠠᠪᠠᠯ ᠰᠤᠷᠬᠤ ᠭᠡᠷᠡᠭᠳᠡᠢ ᠭᠡᠰᠡᠨ ᠢ ᠨᠢᠭᠡᠨᠳᠡ ᠶᠠᠷᠢᠬᠰᠠᠨ ᠪᠢᠯᠡ᠃ | ᠠᠳᠡ ᠶᠡᠷᠦᠮᠳᠡᠭ ᠰᠡᠳᠬᠢᠯ ᠢᠶᠠᠨ ᠭᠡᠷᠬᠢᠨ ᠪᠠᠳᠤᠯᠠᠵᠤ᠂ ᠭᠡᠷᠬᠢᠨ ᠰᠡᠳᠭᠢᠴᠡ ᠪᠠᠨ ᠲᠡᠩᠴᠡᠭᠦᠷᠢᠳᠡᠢ ᠪᠠᠶᠢᠯᠭᠠᠵᠤ᠂ | ᠤᠷᠮ᠎ᠠ ᠰᠡᠳᠬᠢᠯᠭᠡ ᠪᠠᠨ ᠨᠡᠩ ᠢᠯᠡᠬᠦᠦ ᠲᠤᠬᠳᠠᠪᠤᠷᠢᠳᠠᠢ ᠪᠤᠯᠭᠠᠬᠤ ᠶᠢ ᠭᠤᠤᠯᠯᠠᠨ ᠶᠠᠷᠢᠬᠤ ᠪᠤᠯᠤᠨ᠎ᠠ᠃ | ᠤᠳᠤ ᠪᠤᠯ ᠦᠷᠢᠰᠦᠯᠳᠦᠭᠡᠨ ᠲᠦᠢᠯ ᠢᠶᠠᠷ ᠰᠢᠷᠤᠬᠦᠰᠴᠤ ᠪᠠᠶᠢᠭ᠎ᠠ ᠴᠠᠬ ᠦᠶ᠎ᠠ ᠪᠤᠯᠬᠤᠷ ᠬᠦᠮᠦᠨ | ᠶᠢᠷᠳᠢᠨᠴᠤ ᠳᠤ ᠮᠡᠨᠳᠦᠯᠡᠭᠰᠡᠨ ᠲᠡᠷᠡ ᠡᠳᠦᠷ ᠠᠴᠠ ᠪᠠᠨ ᠤᠷᠴᠢᠨ ᠠᠬᠤᠢ ᠳᠠᠭᠠᠨ ᠵᠤᠬᠢᠴᠠᠵᠤ ᠲᠤᠭᠠᠯᠠᠰᠢ | ᠦᠭᠡᠢ ᠤᠯᠠᠨ ᠴᠢᠳᠠᠪᠤᠷᠢ ᠶᠢ ᠲᠠᠰᠤᠷᠠᠯᠳᠠ ᠦᠭᠡᠢ ᠰᠤᠷᠤᠯᠴᠠᠬᠤ ᠭᠡᠷᠡᠭᠳᠡᠢ᠄ ᠪᠠᠭ᠎ᠠ ᠰᠤᠷᠭᠠᠭᠤᠯᠢ ᠳᠤ | ᠤᠷᠤᠪᠠᠯ ᠵᠠᠪᠠᠯ ᠲᠤᠮᠳᠠᠳᠤ ᠰᠤᠷᠭᠠᠭᠤᠯᠢ ᠳᠤ ᠰᠢᠯᠭᠠᠭᠤᠯᠬᠤ ᠠᠰᠠᠭᠤᠳᠠᠯ ᠲᠤᠯᠭᠠᠷᠠᠬᠤ ᠪᠦᠭᠡᠳ ᠵᠦᠪᠭᠡᠨ | ᠰᠢᠯᠭᠠᠵᠤ ᠤᠷᠤᠭᠠᠳ ᠯᠡ ᠪᠤᠯᠬᠤ ᠦᠭᠡᠢ᠂ ᠪᠠᠰᠠ ᠵᠠᠪᠠᠯ ᠭᠤᠤᠯᠳᠠᠯᠭ᠎ᠠ ᠲᠠᠢ ᠲᠤᠮᠳᠠᠳᠤ ᠰᠤᠷᠭᠠᠭᠤᠯᠢ ᠳᠤ | ᠰᠢᠯᠭᠠᠵᠤ ᠤᠷᠤᠬᠤ ᠭᠡᠷᠡᠭᠳᠡᠢ ᠪᠠᠶᠢᠳᠠᠬ᠃ ᠲᠤᠮᠳᠠᠳᠤ ᠰᠤᠷᠭᠠᠭᠤᠯᠢ ᠳᠤ ᠤᠷᠤᠪᠠᠯ ᠪᠠᠷᠠᠴᠢᠬᠠᠬᠤ ᠪᠢᠰᠢ᠂ ᠪᠠᠰᠠ ᠵᠠᠪᠠᠯ | ᠦᠷᠬᠦᠯᠵᠢᠯᠡᠨ ᠴᠢᠷᠮᠠᠶᠢᠨ ᠰᠤᠷᠤᠯᠴᠠᠵᠤ ᠶᠡᠭᠡ ᠰᠤᠷᠭᠠᠭᠤᠯᠢ ᠳᠤ ᠰᠢᠯᠭᠠᠨ᠎ᠠ᠂ ᠶᠠᠷᠢᠶᠠᠨ ᠦᠭᠡᠢ ᠭᠤᠤᠯᠳᠠᠯᠭ᠎ᠠ ᠲᠠᠢ | ᠶᠡᠭᠡ ᠰᠤᠷᠭᠠᠭᠤᠯᠢ ᠳᠤ ᠤᠷᠤᠪᠠᠯ ᠬᠠᠮᠤᠬ ᠰᠠᠶᠢᠨ᠃ ᠪᠢᠳᠡ ᠰᠤᠷᠤᠬᠴᠢ ᠶᠢᠨ ᠴᠠᠬ ᠦᠶ᠎ᠠ ᠶᠢ ᠲᠤᠭᠤᠯᠵᠤ | ᠢᠷᠡᠭᠰᠡᠨ ᠬᠦᠮᠦᠰ ᠪᠤᠯᠬᠤᠷ ᠰᠤᠷᠤᠬᠴᠢ ᠦᠶ᠎ᠠ ᠶᠢᠨ ᠲᠠᠷᠤᠯᠳᠠ ᠶᠢ ᠨᠠᠷᠢᠯᠢᠬ ᠭᠡᠯᠡᠬᠦ ᠦᠭᠡᠢ ᠪᠤᠯᠪᠠᠴᠤ ᠪᠦᠷ ᠮᠡᠳᠡᠵᠤ | ᠪᠠᠶᠢᠳᠠᠬ᠃ ᠴᠢᠷᠮᠠᠶᠢᠨ ᠪᠠᠶᠢᠵᠤ ᠶᠡᠭᠡ ᠰᠤᠷᠭᠠᠭᠤᠯᠢ ᠳᠤ ᠤᠷᠤᠴᠢᠬᠠᠯ᠎ᠠ᠂ ᠭᠡᠳᠡᠯ᠎ᠠ ᠤᠳᠤᠬᠠᠨ ᠤ ᠠᠵᠢᠯ ᠡᠷᠢᠬᠦ | ᠭᠡᠴᠡᠬᠦᠦ ᠪᠠᠶᠢᠳᠠᠯ ᠲᠤᠤᠷ᠎ᠠ ᠲᠤᠬᠢᠳᠠᠢ ᠠᠵᠢᠯ ᠤᠯᠬᠤ ᠨᠢ ᠲᠤᠩ ᠬᠦᠴᠢᠷᠳᠡᠢ᠃ ᠰᠢᠳᠦ ᠪᠠᠨ ᠵᠠᠭᠤᠭᠠᠳ | ᠲᠠᠬᠢᠨ ᠳ᠋ᠤᠺᠲ᠋ᠤᠷ ᠰᠢᠯᠭᠠᠭᠤᠯᠴᠢᠬᠠᠶᠠ ᠭᠡᠵᠤ ᠪᠤᠳᠤᠨ᠎ᠠ᠃ ᠢᠡᠭᠬᠢᠪᠡᠯ ᠪᠠᠰᠠ ᠯᠡ ᠦᠢ ᠤᠯᠠᠨ ᠲᠡᠭᠡᠳᠦ ᠲᠡᠰ ᠤᠨ | ᠬᠦᠮᠦᠰ ᠤᠨ ᠲᠤᠮᠳᠠ ᠲᠡᠩᠴᠡᠬᠦᠷᠢ ᠪᠠᠨ ᠪᠠᠳᠤᠯᠠᠵᠤ᠂ ᠲᠡᠷᠡᠬᠦ ᠢᠪᠴᠤᠤ ᠴᠢᠬᠤᠯ ᠪᠦᠭᠡᠳ ᠰᠤᠨᠵᠢᠷᠠᠬᠰᠠᠨ | ᠤᠷᠳᠤ ᠭᠠᠭᠴᠠ ᠮᠤᠳᠤᠨ ᠬᠦᠤᠷ ᠢᠶᠠᠷ ᠰᠢᠬᠠᠯᠳᠤᠬᠤ ᠶᠠᠪᠤᠳᠠᠯ ᠲᠤᠯᠭᠠᠷᠠᠴᠢᠬᠠᠨᠠ᠃ ᠡᠨᠡ ᠦᠶᠡᠰ ᠠᠵᠢᠯ | ᠡᠷᠢᠬᠦ ᠭᠡᠪᠡᠯ ᠲᠠᠷᠤᠯᠳᠠ ᠨᠢ ᠪᠠᠭ᠋ᠠᠨ ᠪᠠᠭᠠᠰᠴᠢᠬᠠᠨᠠ᠃ ᠭᠡᠳᠡᠯ᠎ᠠ ᠦᠨᠡᠭᠡᠷ ᠠᠵᠢᠯᠯᠠᠴᠢᠬᠠᠪᠠᠯ ᠤᠯᠠᠨ | ᠴᠢᠳᠠᠪᠤᠷᠢᠳᠠᠨ ᠤ ᠲᠤᠳᠤᠷ᠎ᠠ ᠢᠯᠠᠬᠳᠠᠰᠢ ᠦᠭᠡᠢ ᠪᠠᠶᠢᠷᠢ ᠪᠠᠨ ᠪᠠᠲᠤᠯᠠᠶ᠎ᠠ ᠭᠡᠪᠡᠯ ᠪᠠᠰᠠ ᠨᠡᠩ ᠤᠯᠠᠨ ᠬᠦᠴᠢᠷ | ᠵᠤᠪᠠᠭᠤᠷᠢ ᠠᠮᠰᠠᠬᠤ ᠭᠡᠷᠡᠭᠳᠡᠢ ᠪᠠᠶᠢᠳᠠᠬ᠃ ᠠᠭᠠᠵᠢᠮ ᠢᠶᠠᠷ ᠠᠵᠢᠯ ᠢᠶᠠᠨ ᠵᠦᠭᠰᠢᠷᠡᠬᠦᠯᠴᠢᠭᠡᠪᠡᠯ ᠤᠷᠴᠢᠨ | ᠲᠤᠭᠤᠷᠢᠨ ᠤ ᠬᠦᠮᠦᠰ ᠨᠢ ᠭᠡᠷ ᠲᠠᠢ ᠲᠡᠷᠭᠡ ᠲᠠᠢ᠂ ᠦᠪᠡᠷᠳᠡᠭᠡᠨ ᠬᠠᠷᠢᠨ ᠶᠠᠭᠤ ᠴᠤ ᠦᠭᠡᠢ ᠪᠠᠶᠢᠬᠤ ᠪᠠᠨ ᠰᠡᠷᠡᠵᠤ | ᠰᠡᠳᠬᠢᠴᠡ ᠶᠢᠨ ᠲᠠᠯ᠎ᠠ ᠪᠠᠷ ᠪᠠᠰᠠ ᠯᠡ ᠲᠡᠩᠴᠡᠬᠦᠷᠢ ᠦᠭᠡᠢ ᠪᠤᠯᠴᠢᠬᠠᠨ᠎ᠠ᠃ ᠶᠠᠭᠠᠬᠢᠪᠠᠯ ᠵᠤᠬᠢᠬᠤ ᠪᠤᠢ︖ ᠭᠡᠪᠡᠯ | ᠶᠠᠷᠢᠶᠠᠨ ᠦᠭᠡᠢ ᠵᠠᠪᠠᠯ ᠨᠡᠩ ᠢᠯᠡᠬᠦᠦ ᠴᠢᠷᠮᠠᠶᠢᠬᠤ ᠯᠡ ᠭᠡᠷᠡᠭᠳᠡᠢ᠃ ᠲᠡᠭᠡᠭᠡᠳ ᠵᠠᠮ ᠭᠡᠳᠡᠭ ᠴᠢᠨᠢ | ᠰᠤᠨᠵᠢᠷᠠᠴᠢᠬᠠᠬᠰᠠᠨ᠂ ᠡᠩᠬᠦᠯ ᠲᠤᠩᠬᠤᠯ ᠬᠠᠷᠠᠬᠳᠠᠨ᠎ᠠ ᠰᠢᠤ ᠳ᠋ᠠ᠃ ᠬᠦᠮᠦᠨ ᠪᠤᠯᠭᠠᠨ ᠴᠦᠮ ᠦᠰᠦᠨ | ᠪᠤᠶᠢᠵᠢᠬᠤ ᠶᠢᠨ ᠬᠠᠮᠳᠤ ᠤᠷᠴᠢᠨ ᠲᠤᠭᠤᠷᠢᠨ ᠤ ᠪᠠᠨ ᠬᠦᠮᠦᠰ ᠲᠠᠢ ᠲᠠᠰᠤᠷᠠᠯᠳᠠ ᠦᠭᠡᠢ ᠡᠯ᠎ᠠ ᠲᠠᠯ᠎ᠠ ᠪᠠᠷ | ᠠᠳᠠᠯᠢᠳᠬᠠᠵᠤ᠂ ᠦᠪᠡᠷ ᠤᠨ ᠪᠡᠶ᠎ᠠ ᠨᠢ ᠠᠳᠠᠯᠢᠳᠬᠠᠯ ᠤᠨ ᠲᠤᠮᠳᠠ ᠮᠠᠭᠤ ᠪᠠᠶᠢᠳᠠᠯ ᠳᠤ ᠤᠷᠤᠮᠠᠬᠴᠠ | ᠰᠡᠳᠬᠢᠴᠡ ᠳᠤᠨᠢ ᠲᠡᠩᠴᠡᠬᠦᠷᠢ ᠦᠭᠡᠢ ᠰᠡᠷᠡᠭᠳᠡᠯ ᠤᠷᠤᠵᠤ᠂ ᠲᠠᠷᠤᠯᠳᠠ ᠨᠢ ᠴᠤ ᠲᠠᠭᠠᠯᠳᠤᠨ ᠨᠡᠮᠡᠭᠳᠡᠳᠡᠭ᠃ | ᠲᠡᠭᠡᠭᠡᠳ ᠦᠪᠡᠷ ᠤᠨ ᠢᠶᠠᠨ ᠴᠢᠷᠮᠠᠶᠢᠯᠭ᠎ᠠ ᠪᠠᠷ ᠬᠦᠰᠡᠯ ᠨᠢᠭᠡᠪᠦᠷᠢ ᠪᠠᠨ ᠲᠤᠬᠢᠷᠠᠠᠭᠤᠯᠳᠠᠬ᠃ ᠶᠠᠷᠢᠶᠠᠨ ᠦᠭᠡᠢ ᠡᠶᠢᠮᠦᠷᠬᠦ | ᠬᠦᠭᠡᠭᠡᠴᠡᠯᠳᠦᠯ ᠲᠠᠢ ᠤᠷᠤᠬᠰᠢᠯᠠᠨ ᠲᠠᠪᠰᠢᠬᠤ ᠵᠤᠷᠢᠬ ᠰᠠᠨᠠᠭ᠎ᠠ ᠶᠢ ᠪᠢᠳᠡ ᠰᠠᠨᠠᠭᠠᠴᠢᠯᠠᠬᠤ ᠭᠡᠷᠡᠭᠳᠡᠢ ᠪᠤᠯᠪᠠᠴᠤ ᠮᠢᠨᠤ | ᠠᠳᠡ ᠭᠡᠯᠡᠬᠦ ᠭᠡᠵᠤ ᠪᠠᠶᠢᠭ᠎ᠠ ᠪᠤᠯ ᠵᠠᠪᠠᠯ ᠬᠦᠭ ᠭᠡᠮᠵᠢᠶ᠎ᠠ ᠶᠢ ᠨᠢ ᠠᠩᠬᠠᠷᠬᠤ ᠭᠡᠷᠡᠭᠳᠡᠢ ᠭᠡᠬᠦ ᠠᠰᠠᠭᠤᠳᠠᠯ | ᠪᠤᠯᠬᠤ ᠶᠤᠮ᠃ ᠬᠦᠮᠦᠨ ᠶᠢᠷᠳᠢᠨᠴᠤ ᠳᠤ ᠠᠮᠢᠳᠤᠷᠠᠬᠤ ᠳᠠᠭᠠᠨ ᠡᠬᠦᠷᠢᠳᠡ ᠦᠵᠦᠬᠦᠷ ᠬᠢᠵᠠᠭᠠᠷ ᠦᠭᠡᠢ ᠬᠦᠰᠡᠯ | ᠪᠠᠶᠢᠳᠠᠬ ᠪᠤᠯᠬᠤᠷ ᠪᠢᠳᠡ ᠠᠯᠢᠪᠠ ᠬᠦᠰᠡᠯ ᠢᠶᠠᠨ ᠪᠦᠬᠦᠨ ᠢ ᠪᠡᠶᠡᠯᠡᠬᠦᠯᠬᠦ ᠪᠤᠯᠤᠯᠴᠠᠭ᠎ᠠ ᠦᠭᠡᠢ᠃ ᠡᠨᠡ ᠦᠶᠡᠰ | ᠪᠢᠳᠡ ᠲᠠᠶᠠᠬᠳᠠᠬᠤ ᠶᠢ ᠰᠤᠷᠬᠤ ᠪᠦᠭᠡᠳ ᠴᠢᠨᠠᠬᠰᠢᠳᠠ ᠡᠷᠡᠮᠡᠯᠵᠡᠯ ᠲᠠᠰᠤᠷᠠᠬᠰᠠᠨ ᠤ ᠲᠠᠷᠠᠭᠠᠬᠢ | ᠰᠡᠳᠬᠢᠴᠡ ᠶᠢᠨ ᠲᠡᠩᠴᠡᠬᠦᠷᠢ ᠦᠭᠡᠢ ᠪᠠᠶᠢᠳᠠᠯ ᠠᠴᠠ ᠪᠠᠨ ᠮᠤᠯᠳᠤᠷᠠᠵᠤ᠂ ᠲᠠᠷᠤᠯᠳᠠ ᠶᠢᠨ ᠦᠵᠡᠬᠦᠯᠬᠦ | ᠭᠡᠮᠳᠦᠯ ᠠᠴᠠ ᠵᠠᠶᠢᠯᠠᠰᠬᠢᠬᠦ ᠭᠡᠷᠡᠭᠳᠡᠢ᠃ ᠪᠠᠰᠠ ᠨᠢᠭᠡᠨ ᠲᠤᠷᠠᠳᠤᠭᠤᠰᠢᠳᠠᠢ ᠶᠠᠪᠤᠳᠠᠯ ᠪᠤᠯ ᠰᠡᠳᠬᠢᠴᠡ ᠶᠢᠨ | ᠲᠠᠷᠤᠯᠳᠠ ᠨᠢ ᠮᠠᠰᠢ ᠤᠯᠠᠨ ᠡᠪᠡᠳᠴᠢᠨ ᠡᠮᠭᠡᠭ ᠤᠨ ᠦᠨᠳᠦᠰᠦ ᠰᠤᠷᠪᠤᠯᠵᠢ ᠶᠤᠮ᠃ ᠡᠶᠢᠮᠦ ᠠᠴᠠ | ᠰᠡᠳᠬᠢᠴᠡ ᠪᠠᠨ ᠲᠡᠩᠴᠡᠬᠦᠷᠢᠳᠡᠢ ᠪᠤᠯᠭᠠᠬᠤ᠂ ᠤᠷᠮ᠎ᠠ ᠰᠡᠳᠬᠢᠯᠭᠡ ᠪᠠᠨ ᠡᠷᠡᠭᠦᠯ ᠪᠠᠶᠢᠯᠭᠠᠬᠤ ᠶᠢᠨ | ᠦᠢᠯᠡᠳᠦᠯ ᠨᠢ ᠪᠤᠰᠤᠳ ᠠᠯᠢᠪᠠ ᠡᠷᠡᠭᠦᠯᠵᠢᠯ ᠤᠨ ᠦᠢᠯᠡᠳᠦᠯ ᠤᠨ ᠨᠡᠶᠢᠯᠡᠪᠦᠷᠢ ᠠᠴᠠ ᠲᠠᠪᠠᠳᠠᠬ᠃ | ᠰᠡᠳᠬᠢᠴᠡ ᠲᠡᠩᠴᠡᠬᠦᠷᠢᠳᠡᠢ ᠪᠠᠶᠢᠮᠠᠨᠵᠢᠨ ᠰᠠᠶ᠋ᠢ ᠹᠢᠽᠢᠤᠯᠤᠬᠢ ᠶᠢᠨ ᠠᠵᠢᠯᠯᠠᠭ᠎ᠠ ᠲᠡᠩᠴᠡᠬᠦᠷᠢᠳᠡᠢ ᠪᠠᠶᠢᠳᠠᠯ ᠳᠤ | ᠪᠠᠶᠢᠵᠤ ᠴᠢᠳᠠᠬᠤ ᠶᠤᠮ᠃ ᠹᠢᠽᠢᠤᠯᠤᠬᠢ ᠶᠢᠨ ᠠᠵᠢᠯᠯᠠᠭ᠎ᠠ ᠲᠡᠩᠴᠡᠬᠦᠷᠢᠳᠡᠢ ᠪᠠᠶᠢᠳᠠᠯ ᠳᠤ ᠪᠠᠶᠢᠪᠠᠯ ᠪᠡᠶ ᠠ ᠶᠢᠨ | ᠡᠯ᠎ᠠ ᠰᠢᠰᠲ᠋ᠧᠮ ᠰᠠᠶ᠋ᠢ ᠬᠠᠮᠤᠬ ᠰᠠᠶᠢᠨ ᠲᠤᠬᠢᠷᠠᠯᠴᠠᠭ᠎ᠠ ᠲᠠᠢ ᠪᠠᠶᠢᠳᠠᠯ ᠳᠤ ᠤᠷᠤᠰᠢᠵᠤ᠂ ᠡᠪᠡᠳᠴᠢᠨ ᠡᠮᠭᠡᠭ | ᠡᠬᠦᠰᠬᠦ ᠶᠢ ᠪᠠᠭᠠᠰᠬᠠᠵᠤ ᠪᠤᠯᠳᠠᠬ᠃ | ᠭᠡᠪᠡᠴᠤ ᠰᠡᠳᠬᠢᠴᠡ ᠲᠡᠩᠴᠡᠬᠦᠷᠢᠳᠡᠢ ᠪᠠᠶᠢᠬᠤ ᠨᠢ ᠰᠠᠨᠠᠭ᠎ᠠ ᠰᠡᠳᠬᠢᠯ ᠢᠶᠠᠨ ᠰᠢᠷᠬᠢᠮᠡᠯ ᠬᠤᠳᠳᠤᠬ | ᠪᠤᠯᠭᠠᠴᠢᠬᠠᠬᠤ ᠶᠠᠪᠤᠳᠠᠯ ᠪᠢᠰᠢ᠂ ᠨᠡᠩ ᠴᠤ ᠮᠢᠨᠴᠤᠬᠦᠷᠡᠮᠡᠯ ᠪᠤᠯᠭᠠᠴᠢᠬᠠᠬᠤ ᠶᠠᠪᠤᠳᠠᠯ ᠪᠢᠰᠢ᠃ ᠰᠡᠳᠬᠢᠴᠡ | ᠲᠡᠩᠴᠡᠬᠦᠷᠢᠳᠡᠢ ᠪᠠᠶᠢᠬᠤ ᠪᠤᠯ ᠨᠢᠭᠡᠨ ᠵᠦᠢᠯ ᠤᠨ ᠤᠶᠤᠨᠴᠢ ᠲᠡᠩᠴᠡᠬᠦᠷᠢᠰᠢᠯ ᠪᠤᠯᠬᠤᠷ ᠬᠦᠮᠦᠨᠴᠢ ᠴᠢᠨᠠᠷ ᠲᠤ | ᠦᠰᠦᠷᠦᠯᠳᠡ ᠭᠠᠷᠭᠠᠬᠤ ᠪᠠ ᠰᠡᠳᠬᠢᠯ ᠰᠠᠨᠠᠭ᠎ᠠ ᠴᠡᠪᠡᠷᠰᠢᠭᠰᠡᠨ ᠤ ᠲᠠᠷᠠᠭᠠᠬᠢ ᠡᠷᠬᠢᠮ ᠲᠡᠭᠡᠳᠦ ᠰᠠᠨᠠᠭ᠎ᠠ ᠠᠬᠤᠢ | ᠮᠦᠨ᠂ ᠪᠠᠰᠠ ᠴᠤ ᠠᠭᠤᠴᠢ᠂ ᠠᠯᠤᠰ ᠤᠨ ᠬᠠᠷᠠᠯᠳᠠ ᠲᠠᠢ ᠪᠤᠯᠭᠠᠬᠤ ᠪᠠ ᠰᠤᠳᠤ ᠮᠡᠷᠭᠡᠨ ᠪᠠᠶᠢᠬᠤ ᠶᠢᠨ | ᠲᠠᠯᠠᠰᠳᠤ ᠪᠤᠯᠬᠤ ᠶᠤᠮ᠃ | | ᠢᠷᠡᠯᠳᠡ — ᠠᠷᠠᠳ ᠤᠨ ᠰᠦᠯᠵᠢᠶ᠎ᠡ | |