ᠬᠤᠷᠴᠢᠨ ᠲᠠᠷᠢᠶᠠᠴᠢᠳ ᠤᠨ ᠨᠠᠪᠳᠠᠬ ᠰᠠᠪᠳᠠᠬ ᠤᠨ ᠰᠢᠳᠦᠯᠭᠡ ︵ᠲᠡᠭᠡᠳᠦ︶ | | ᠮᠣᠩᠭᠤᠯᠴᠣᠳ ᠲᠦᠮᠡᠨ ᠪᠣᠳᠠᠰ ᠲᠤ ᠰᠦᠨᠡᠰᠦ ᠪᠣᠢ ᠭᠡᠬᠦ ᠦᠵᠡᠯ ᠢ ᠦᠨᠳᠦᠰᠦᠯᠡᠨ ᠪᠣᠢ ᠪᠦᠬᠦᠢ ᠭᠠᠵᠠᠷ ᠰᠢᠷᠣᠢ | ᠴᠦᠮ ᠦᠯᠵᠡᠢ ᠪᠡᠯᠭᠡ ᠪᠠ ᠭᠠᠢ ᠪᠠᠷᠴᠢᠳ ᠤᠨ ᠬᠦᠴᠦᠨ ᠤ ᠬᠠᠷᠠᠭ᠎ᠠ ᠪᠠᠷ ᠠᠮᠢ ᠣᠷᠣᠵᠦ᠂ ᠨᠦᠭᠴᠢᠭᠰᠡᠨ | ᠲᠡᠭᠡᠳᠦᠰ ᠤᠨ ᠪᠦᠷᠢᠯᠸ᠎ᠠ ᠪᠣᠯᠳᠠᠬ ᠭᠡᠵᠦ ᠦᠵᠡᠳᠡᠭ᠃ ᠮᠣᠩᠭᠤᠯ ᠰᠣᠶᠣᠯ ᠤᠨ ᠬᠦᠷᠦᠰᠦᠨ ᠳᠤ ᠰᠣᠶᠣᠭᠠᠯᠠᠨ | ᠴᠡᠴᠡᠭᠯᠡᠭᠰᠡᠨ ᠬᠤᠷᠴᠢᠨᠴᠣᠳ ᠨᠢ ᠴᠦ ᠦᠶ᠎ᠡ ᠣᠯᠠᠷᠢᠨ ᠠᠮᠢᠳᠣᠷᠠᠨ ᠣᠷᠣᠰᠢᠬᠤ ᠳᠠᠭᠠᠨ ᠪᠠᠰᠠ ᠭᠠᠵᠠᠷ ᠲᠠᠷᠢᠶ᠎ᠠ᠂ | ᠮᠦᠷᠡᠨ ᠭᠤᠣᠯ᠂ ᠠᠭᠤᠯᠠ ᠬᠠᠶᠢᠷᠬᠠᠨ᠂ ᠲᠠᠪᠠᠭ᠎ᠠ ᠨᠢᠷᠣᠭᠤ᠂ ᠨᠠᠭᠤᠷ ᠣᠰᠣᠨ ᠳᠤ ᠶᠠᠮᠠᠷ ᠨᠢᠭᠡᠨ ᠬᠦᠴᠦᠨ ᠪᠦᠬᠦᠢ | ᠡᠵᠡᠳ ᠰᠠᠬᠢᠭᠤᠰᠣ ᠣᠷᠣᠰᠢᠵᠦ ᠪᠠᠶᠢᠨ᠎ᠠ ᠬᠡᠮᠡᠨ ᠦᠵᠡᠵᠦ ᠡᠭᠦᠨ ᠢᠶᠠᠨ ᠨᠠᠪᠳᠠᠬ ᠰᠠᠪᠳᠠᠬ ᠭᠡᠵᠦ ᠶᠠᠷᠢᠳᠠᠬ᠃ | ᠬᠤᠷᠴᠢᠨᠴᠣᠳ ᠤᠨ ᠨᠠᠪᠳᠠᠬ ᠰᠠᠪᠳᠠᠬ ᠤᠨ ᠰᠢᠳᠦᠯᠭᠡ ᠨᠢ ᠪᠣᠰᠣᠳ ᠦᠨᠳᠦᠰᠦᠳᠡᠨ ᠶᠠᠰᠣᠳᠠᠨ ᠤ ᠰᠣᠶᠣᠯ ᠠᠴᠠ | ᠣᠯᠠᠮᠵᠢᠯᠠᠬᠳᠠᠨ ᠣᠷᠣᠵᠦ ᠢᠷᠡᠭᠰᠡᠨ ᠪᠢᠰᠢ ᠬᠠᠷᠢᠨ ᠮᠣᠩᠭᠤᠯᠴᠣᠳ ᠤᠨ ᠣᠣᠭᠠᠯ ᠰᠤᠶᠤᠯ ᠠᠴᠠ ᠣᠯᠠᠮᠵᠢᠯᠠᠬᠳᠠᠵᠦ | ᠢᠷᠡᠭᠰᠡᠨ ᠰᠢᠳᠦᠯᠭᠡ ᠪᠣᠯᠣᠨ᠎ᠠ᠃ | ᠭᠠᠵᠠᠷ ᠡᠳᠦᠬᠡᠨ ᠤ ᠰᠢᠳᠦᠯᠭᠡ | ᠬᠤᠷᠴᠢᠨᠴᠣᠳ ᠤᠨ ᠨᠠᠪᠳᠠᠬ ᠰᠠᠪᠳᠠᠬ ᠤᠨ ᠰᠢᠳᠦᠯᠭᠡ ᠶᠢᠨ ᠲᠣᠬᠠᠢ ᠶᠠᠷᠢᠬᠤ ᠳᠤ ᠡᠩ ᠲᠡᠷᠢᠭᠦᠨ ᠳᠤ | ᠮᠣᠩᠭᠤᠯᠴᠣᠳ ᠤᠨ ᠭᠠᠵᠠᠷ ᠡᠳᠦᠬᠡᠨ ᠤ ᠰᠢᠳᠦᠯᠭᠡ ᠶᠢᠨ ᠲᠣᠬᠠᠢ ᠶᠠᠷᠢᠬᠤ ᠴᠢᠬᠤᠯᠠᠳᠠᠢ᠃ ᠣᠴᠢᠷ ᠨᠢ ᠨᠠᠪᠳᠠᠬ | ᠰᠠᠪᠳᠠᠬ ᠤᠨ ᠰᠢᠳᠦᠯᠭᠡ ᠨᠢ ᠭᠠᠵᠠᠷ ᠡᠳᠦᠬᠡᠨ ᠤ ᠰᠢᠳᠦᠯᠭᠡ ᠲᠠᠢ ᠨᠢᠬᠳᠠ ᠬᠤᠯᠪᠣᠭ᠎ᠠ ᠲᠠᠢ ᠶᠣᠮ᠃ ᠭᠠᠵᠠᠷ | ᠡᠳᠦᠭᠡᠨ ᠤ ᠰᠢᠳᠦᠯᠭᠡ ᠭᠡᠳᠡᠭ ᠨᠢ ᠭᠠᠵᠠᠷ ᠲᠠᠷᠢᠶ᠎ᠠ᠂ ᠮᠦᠷᠡᠨ ᠭᠤᠣᠯ᠂ ᠠᠭᠤᠯᠠ ᠬᠠᠶᠢᠷᠬᠠᠨ᠂ ᠲᠠᠪᠠᠭ᠎ᠠ ᠨᠢᠷᠣᠭᠤ᠂ | ᠨᠠᠭᠤᠷ ᠣᠰᠣᠨ ᠳᠤ ᠶᠠᠮᠠᠷ ᠨᠢᠭᠡᠨ ᠬᠦᠴᠦᠨ ᠪᠦᠬᠦᠢ ᠰᠠᠬᠢᠭᠤᠰᠣ ᠣᠷᠣᠰᠢᠵᠦ ᠪᠠᠶᠢᠨ᠎ᠠ ᠭᠡᠵᠦ ᠦᠵᠡᠭᠡᠳ ᠭᠠᠵᠠᠷ ᠢ | ᠡᠬᠡ ᠭᠡᠵᠦ ᠬᠦᠨᠳᠦᠳᠭᠡᠨ ᠰᠢᠳᠦᠭᠰᠡᠨ ᠨᠡᠷ᠎ᠡ ᠪᠣᠯᠣᠨ᠎ᠠ᠃ ᠮᠣᠩᠭᠤᠯᠴᠣᠳ ᠭᠠᠵᠠᠷ ᠡᠳᠦᠭᠡᠨ ᠢ ᠰᠠᠬᠢᠭᠤᠰᠣ ᠪᠣᠯᠭᠠᠨ | ᠰᠢᠳᠦᠵᠦ ᠪᠠᠶᠢᠬᠰᠠᠨ ᠢ ᠲᠣᠮᠳᠠᠳᠦ ᠵᠠᠭᠤᠨ ᠤ ᠦᠶ᠎ᠡ ᠶᠢᠨ ᠵᠢᠭᠤᠯᠴᠢᠯᠠᠬᠴᠢᠤᠠ ᠠᠯᠢ ᠡᠷᠳᠡ ᠲᠠᠨᠢᠯᠴᠠᠭᠤᠯᠵᠦ | ᠦᠡᠭᠭᠡᠷᠡᠭᠰᠡᠨ ᠪᠢᠯᠡ᠃ ᠮᠠᠷᠺᠦ ᠫᠣᠯᠦ ᠶᠢᠨ ᠵᠢᠭᠤᠯᠴᠢᠯᠠᠯ ᠤᠨ ᠲᠡᠮᠳᠡᠭᠯᠡᠯ ᠳᠤ᠄ ︽ᠲᠡᠳᠡ ᠪᠠᠰᠠ ᠨᠢᠭᠡᠨ ᠨᠠᠳᠠᠭᠠᠢ | ᠬᠡᠮᠡᠬᠦ ᠰᠠᠬᠢᠭᠤᠯᠰᠣᠨ ᠢ ᠲᠠᠬᠢᠮᠣᠢ᠃ ᠲᠡᠭᠦᠨ ᠤ ᠲᠦᠷᠢ ᠶᠢ ᠢᠨᠦ ᠢᠰᠡᠭᠡᠢ ᠪᠣᠶᠣ ᠪᠦᠰ ᠮᠡᠳᠦᠰ ᠤᠨ ᠶᠠᠭᠤᠮ᠎ᠠ ᠪᠠᠷ | ᠪᠦᠳᠦᠭᠡᠵᠦ᠂ ᠠᠶᠢᠯ ᠪᠣᠯᠭᠠᠨ ᠳᠤ ᠲᠠᠬᠢᠵᠦ ᠠᠮᠣᠢ ᠁ ᠲᠡᠳᠡ ᠡᠨᠡ ᠰᠠᠬᠢᠭᠤᠯᠰᠣᠨ ᠢᠶᠠᠨ ᠲᠡᠳᠡᠨ ᠤ ᠦᠷ᠎ᠡ | ᠬᠦᠪᠡᠭᠦᠳ ᠢ ᠬᠠᠮᠠᠭᠠᠯᠠᠨ ᠰᠠᠬᠢᠬᠤ ᠪᠦᠭᠡᠳ ᠢᠯᠠᠩᠭᠤᠶ᠎ᠠ ᠭᠠᠵᠠᠷ ᠨᠣᠳᠤᠬ᠂ ᠮᠠᠯ ᠲᠡᠵᠢᠭᠡᠪᠦᠷᠢ ᠲᠠᠷᠢᠶ᠎ᠠ ᠲᠦᠮᠦᠰᠦ ᠶᠢ | ᠰᠠᠬᠢᠨ ᠬᠠᠷᠠᠮᠣᠢ ᠬᠡᠮᠡᠮᠦᠢ︾ ᠭᠡᠵᠦ ᠲᠡᠮᠳᠡᠭᠯᠡᠭᠰᠡᠨ ᠪᠠᠶᠢᠳᠠᠬ᠃ ᠡᠨᠡ ᠬᠦ ᠵᠢᠭᠤᠯᠴᠢᠯᠠᠯ ᠤᠨ ᠲᠡᠮᠳᠡᠭᠯᠡᠯ ᠳᠠᠬᠢ ᠨᠠᠳᠠᠭᠠᠢ | ᠭᠡᠬᠦ ᠰᠢᠳᠦᠭᠡᠨ ᠢ ᠵᠠᠷᠢᠮ ᠡᠷᠳᠡᠮᠳᠡᠳ ᠠᠴᠠ ︽ᠮᠣᠩᠭᠤᠯᠴᠣᠳ ᠤᠨ ᠶᠡᠷᠦ ᠳᠡᠭᠡᠨ ᠰᠢᠳᠦᠵᠦ ᠪᠠᠶᠢᠬᠰᠠᠨ ᠵᠣᠯ | ᠵᠠᠶᠠᠭᠠᠴᠢ ᠶᠢ ᠶᠠᠷᠢᠯ᠎ᠠ᠃ ᠵᠠᠶᠠᠭᠠᠴᠢ ᠨᠢ ᠪᠠᠰᠠ ᠭᠠᠭᠴᠠ ᠠᠳᠣᠭᠤ ᠮᠠᠯ ᠬᠠᠮᠢᠶᠠᠷᠬᠤ ᠠᠴᠠ ᠪᠠᠨ ᠬᠦᠮᠦᠨ ᠮᠠᠯ ᠢ | ᠵᠡᠷᠭᠡ ᠪᠠᠷ ᠬᠠᠮᠠᠭᠠᠯᠠᠬᠤ ᠪᠣᠯᠵᠦ ᠴᠢᠨᠠᠬᠰᠢᠯᠠᠭᠠᠳ ᠣᠷᠣᠨ ᠰᠠᠭᠤᠴᠠ ᠲᠠᠷᠢᠶᠠᠯᠠᠩ ᠵᠡᠷᠭᠡ ᠨᠡᠩ ᠣᠯᠠᠨ ᠲᠠᠯ᠎ᠠ ᠶᠢ | ᠬᠠᠮᠢᠶᠠᠷᠬᠤ ᠪᠣᠯᠵᠦ ᠬᠦᠭᠵᠢᠵᠡᠢ︾ ᠭᠡᠵᠦ ᠲᠣᠳᠣᠷᠬᠠᠢᠢᠯᠠᠵᠦ ᠦᠡᠭᠭᠡᠷᠡᠪᠡ᠃ ᠡᠭᠦᠨ ᠠᠴᠠ ᠭᠠᠳᠠᠨ᠎ᠠ ᠫᠠᠯᠠ ᠺᠠᠷᠫᠠᠨᠢ | ᠲᠡᠭᠦᠨ ᠢ ︽ᠢᠳᠤᠬᠠ︾ ᠭᠡᠵᠦ ᠨᠡᠷᠡᠯᠡᠳᠡᠭ ᠭᠡᠵᠦ ᠲᠡᠮᠳᠡᠭᠯᠡᠭᠰᠨ ᠨᠢ ︽ᠪᠠᠨᠵᠠᠷᠣᠸ᠋ ᠤᠨ ᠪᠦᠷᠢᠨ ᠵᠣᠬᠢᠶᠠᠯ︾ ᠪᠣᠯᠣᠨ | ︽ᠮᠣᠩᠭᠤᠯ ᠳᠤ ᠢᠯᠡᠴᠢᠯᠡᠭᠰᠡᠨ︾ ᠲᠡᠮᠳᠡᠭᠯᠡᠯ ᠳᠤ ᠪᠠᠶᠢᠭ᠎ᠠ ᠶᠣᠮ᠃ ᠡᠭᠦᠨ ᠢᠶᠠᠷ ᠦᠵᠡᠪᠡᠯ ᠵᠢᠭᠤᠯᠴᠢᠯᠠᠬᠴᠢᠤᠠ ᠤᠨ | ᠲᠡᠮᠳᠡᠭᠯᠡᠭᠰᠡᠨ ︽ᠨᠠᠳᠠᠭᠠᠢ︾ ᠭᠡᠬᠦ ᠰᠢᠳᠦᠭᠡᠨ ᠨᠢ ᠮᠣᠩᠭᠤᠯᠴᠣᠳ ᠤᠨ ᠬᠡᠯᠡᠳᠡᠭ ᠡᠳᠦᠬᠡᠨ ᠡᠬᠡ ᠭᠡᠳᠡᠭ | ᠰᠠᠬᠢᠭᠤᠯᠰᠣᠨ ᠪᠠᠶᠢᠬᠰᠠᠨ ᠪᠣᠯᠣᠯᠴᠠᠭ᠎ᠠ ᠶᠡᠭᠡ ᠪᠠᠶᠢᠨ᠎ᠠ᠃ ᠮᠣᠩᠭᠤᠯᠴᠣᠳ ᠤᠨ ᠱᠠᠰᠢᠨ ᠤ ᠨᠣᠮ ᠳᠤ | ᠲᠡᠮᠳᠡᠭᠯᠡᠭᠰᠡᠨ ᠢᠶᠠᠷ ᠡᠳᠦᠬᠡᠨ ᠡᠬᠡ ᠶᠢ ᠠᠯᠳᠠᠨ ᠵᠢᠷᠦᠬᠡᠳᠦ ᠶᠢᠨ ᠣᠷᠣᠨ ᠤ ᠡᠵᠡᠯᠡᠭᠴᠢ ᠭᠡᠵᠦ ᠲᠡᠮᠳᠡᠭᠯᠡᠭᠰᠡᠨ ᠪᠦᠭᠡᠳ | ᠡᠳᠦᠬᠡᠨ ᠡᠬᠡ ᠪᠠ ᠭᠠᠵᠠᠷ ᠤᠨ ᠰᠠᠬᠢᠭᠤᠯᠰᠣᠨ ᠤ ᠬᠤᠭᠤᠷᠣᠨᠳᠦ ᠪᠠᠰᠠ ᠡᠯᠪᠡᠭ ᠲᠡᠯᠪᠡᠭ ᠡᠳ᠋ ᠠᠭᠤᠷᠰᠣᠨ ᠲᠠᠢ ᠨᠢᠭᠡ | ᠶᠢᠷᠳᠢᠨᠴᠦ ᠪᠠᠶᠢᠳᠠᠬ ᠪᠦᠭᠡᠳ ᠠᠯᠢᠪᠠ ᠪᠦᠬᠦᠨ ᠲᠡᠭᠦᠨ ᠠᠴᠠ ᠡᠭᠦᠰᠬᠦ ᠪᠣᠯᠬᠤᠷ ︽ᠲᠡᠭᠡᠷ᠎ᠡ ᠶᠡᠷᠡ ᠶᠢᠰᠦᠨ ᠲᠡᠭᠷᠢ᠂ | ᠲᠣᠣᠷ᠎ᠠ ᠲᠠᠯᠠᠨ ᠲᠣᠯᠣᠭᠠᠨ ᠡᠳᠦᠬᠡᠨ ᠡᠬᠡ︾ ᠭᠡᠳᠡᠭ ᠭᠡᠵᠦ ᠲᠡᠮᠳᠡᠭᠯᠡᠵᠦ ᠪᠠᠶᠢᠨ᠎ᠠ᠃ ᠲᠡᠭᠡᠷᠡᠬᠢ | ᠪᠠᠷᠢᠮᠳᠠ ᠨᠤᠭᠤᠳ ᠠᠴᠠ ᠦᠵᠡᠪᠡᠯ ᠮᠣᠩᠭᠤᠯᠴᠣᠳ ᠤᠨ ᠭᠠᠵᠠᠷ ᠡᠳᠦᠬᠡᠨ ᠤ ᠰᠢᠳᠦᠯᠭᠡ ᠨᠢ ᠪᠠᠯᠠᠷ ᠡᠷᠳᠡᠨ ᠤ ᠴᠠᠬ | ᠦᠶ᠎ᠡ ᠴᠢᠨᠠᠬᠰᠢᠯᠠᠭᠠᠳ ᠲᠡᠭᠦᠨ ᠠᠴᠠ ᠴᠦ ᠡᠷᠳᠡ ᠪᠣᠢ ᠪᠣᠯᠣᠬᠰᠠᠨ ᠰᠢᠳᠦᠯᠭᠡ ᠶᠢᠨ ᠨᠢᠭᠡ ᠲᠦᠷᠦᠯ ᠪᠣᠯᠣᠨ᠎ᠠ᠃ | ᠡᠷᠳᠡᠮᠳᠡᠳ ᠤᠨ ᠰᠣᠳᠣᠯᠣᠬᠰᠠᠨ ᠢᠶᠠᠷ ︽ᠮᠣᠩᠭᠤᠯᠴᠣᠳ ᠤᠨ ᠬᠠᠮᠳᠦ ᠶᠢᠨ ᠱᠠᠰᠢᠨ ᠪᠣᠯᠬᠤ ᠪᠦᠭᠡ ᠶᠢᠨ ᠱᠠᠰᠢᠨ ᠨᠢ | ᠶᠡᠭᠡ ᠲᠦᠯᠦᠪ ᠪᠠᠯᠠᠷ ᠡᠷᠳᠡᠨ ᠤ ᠦᠶ᠎ᠡ ᠳᠠᠬᠢ ᠡᠭᠡᠴᠢᠯᠡᠯ ᠤᠨ ᠨᠡᠶᠢᠭᠡᠮ ᠤᠨ ᠦᠶ᠎ᠡ ᠳᠤ ᠪᠣᠢ ᠪᠣᠯᠣᠬᠰᠠᠨ ᠮᠦᠷᠳᠡᠭᠡᠨ | ᠡᠷᠡᠭᠳᠡᠢ ᠶᠢ ᠨᠢ ᠪᠦᠭᠡ ᠭᠡᠳᠡᠭ᠂ ᠡᠮᠡᠭᠳᠡᠢ ᠶᠢ ᠨᠢ ᠢᠳᠣᠭᠠᠨ ᠭᠡᠳᠡᠭ᠃ ᠪᠦᠭᠡ ᠮᠦᠷᠭᠦᠯ ᠠᠩᠬ᠎ᠠ ᠪᠣᠢ ᠪᠣᠯᠬᠤ ᠳᠤ | ᠲᠡᠭᠦᠨ ᠤ ᠱᠠᠰᠢᠨ ᠤ ᠦᠢᠯᠡ ᠶᠢ ᠡᠷᠬᠢᠯᠡᠳᠡᠭ ᠨᠢ ᠪᠦᠷ ᠢᠳᠣᠭᠠᠨ ᠨᠠᠷ ᠪᠠᠶᠢᠵᠦ ᠬᠤᠵᠢᠮ ᠨᠢ ᠰᠠᠶ᠋ᠢ ᠡᠷᠡᠭᠳᠡᠢ ᠬᠦᠮᠦᠨ | ᠪᠦᠭᠡ ᠡᠷᠬᠢᠯᠡᠬᠦ ᠪᠣᠯᠵᠠᠢ︾ ᠭᠡᠵᠡᠢ᠃ ᠡᠭᠦᠨ ᠤ ᠲᠣᠬᠠᠢ ᠭᠠᠳᠠᠰᠣ ᠠᠴᠠ᠄ ︽ᠢᠳᠣᠭᠠᠨ ᠪᠡ ᠡᠳᠦᠭᠡᠨ ᠭᠡᠳᠡᠭ | ᠦᠭᠡ ᠨᠢ ᠦᠨᠡᠨ ᠳᠡᠭᠡᠨ ᠡᠬᠡ ᠪᠣᠶᠣ ᠡᠮᠡᠭᠳᠡᠢ ᠭᠡᠳᠡᠭ ᠦᠭᠡᠨ ᠠᠴᠠ ᠡᠭᠦᠰᠦᠯᠳᠡᠢ᠃ ᠡᠳᠦᠭᠡᠨ ᠢ ᠵᠠᠷᠢᠮ ᠨᠣᠮ ᠳᠤ | ᠢᠳᠤᠬᠠ ᠭᠡᠵᠦ ᠲᠡᠮᠳᠡᠭᠯᠡᠵᠦ ᠪᠠᠶᠢᠨ᠎ᠠ᠃ ᠢᠳᠤᠬᠠ ᠨᠢ ᠢᠳᠣᠭᠠᠨ ᠲᠠᠢ ᠨᠡᠯᠢᠶᠡᠳ ᠣᠢᠢᠷᠠᠯᠴᠠᠭ᠎ᠠ ᠦᠭᠡ ᠮᠦᠨ᠃ ︿ | ᠢᠳᠣᠭᠠᠨ﹀ ᠭᠡᠳᠡᠭ ᠨᠢ ᠪᠦᠭᠡ ᠮᠦᠷᠭᠦᠯ ᠤᠨ ᠲᠣᠳᠣᠷᠠᠬᠢ ᠡᠮᠡᠭᠳᠡᠢ ᠪᠦᠭᠡ ᠶᠢ ᠵᠢᠭᠠᠳᠠᠬ᠃ ︿ᠡᠳᠦᠭᠡᠨ﹀ ᠭᠡᠳᠡᠭ | ᠦᠭᠡ ᠶᠢ ᠨᠠᠷᠢᠨ ᠰᠢᠨᠵᠢᠪᠡᠯ ᠡᠭᠦᠳᠦᠭᠰᠡᠨ᠂ ᠪᠦᠳᠦᠭᠡᠭᠰᠡᠨ ᠭᠡᠳᠡᠭ ᠦᠭᠡ ᠲᠠᠢ ᠣᠢᠢᠷᠠᠯᠴᠠᠭ᠎ᠠ ᠰᠢᠬ ᠰᠠᠨᠠᠬᠳᠠᠨ᠎ᠠ᠃ | ᠲᠠᠷᠣᠢ ᠪᠠᠯᠠᠷ ᠡᠷᠳᠡᠨ ᠤ ᠬᠦᠮᠦᠰ ᠡᠮᠡᠭᠳᠡᠢ ᠬᠦᠮᠦᠨ ᠨᠢ ᠬᠦᠮᠦᠨ ᠢ ᠲᠦᠷᠦᠵᠦ ᠡᠭᠦᠳᠦᠭᠰᠡᠨ᠂ ᠭᠠᠵᠠᠷ ᠨᠢ ᠲᠦᠮᠡᠨ | ᠪᠣᠳᠠᠰ ᠢ ᠡᠭᠦᠳᠦᠨ ᠪᠦᠳᠦᠭᠡᠭᠰᠡᠨ ᠭᠡᠵᠦ ᠦᠵᠡᠭᠡᠳ ᠭᠠᠵᠠᠷ ᠢ ︿ᠡᠭᠦᠳᠦᠭᠰᠡᠨ ᠡᠬᠡ﹀ ᠭᠡᠵᠦ ᠬᠦᠨᠳᠦᠳᠭᠡᠨ | ᠰᠢᠳᠦᠭᠰᠡᠨ ᠠᠴᠠ ᠪᠣᠢ ᠪᠣᠯᠣᠬᠰᠠᠨ ᠦᠭᠡ ᠪᠣᠯᠣᠨ᠎ᠠ᠃ ᠣᠳᠣ ᠴᠦ ᠭᠡᠰᠡᠨ ᠮᠠᠨ ᠤ ᠮᠣᠩᠭᠤᠯᠴᠣᠳ ᠲᠡᠭᠷᠢ ᠶᠢ | ᠡᠴᠢᠭᠡ ᠲᠡᠭᠷᠢ᠂ ᠭᠠᠵᠠᠷ ᠢ ᠡᠬᠡ ᠭᠠᠵᠠᠷ ᠭᠡᠵᠦ ᠬᠦᠨᠳᠦᠳᠭᠡᠨ ᠶᠠᠷᠢᠬᠰᠠᠭᠠᠷ ᠪᠠᠶᠢᠨ᠎ᠠ᠃ ᠢᠳᠣᠭᠠᠨ ᠪᠠ ᠡᠳᠦᠭᠡᠨ | ᠭᠡᠳᠡᠭ ᠨᠢ ᠪᠦᠷ ᠡᠮᠡᠭᠳᠡᠢ᠂ ᠡᠭᠦᠳᠦᠭᠰᠡᠨ᠂ ᠪᠦᠳᠦᠭᠡᠭᠰᠡᠨ ᠭᠡᠰᠡᠨ ᠣᠳᠬ᠎ᠠ ᠲᠠᠢ ᠦᠭᠡ︾ ᠭᠡᠵᠡᠢ᠃ | ᠮᠣᠩᠭᠤᠯ ᠤᠨ ᠡᠪᠦᠭᠡ ᠲᠡᠭᠡᠳᠦᠰ ᠡᠷᠳᠡ ᠦᠶ᠎ᠡ ᠠᠴᠠ ᠪᠠᠨ ᠪᠠᠶᠢᠭᠠᠯᠢ ᠶᠢ ᠰᠢᠳᠦᠨ ᠪᠢᠰᠢᠷᠡᠵᠦ ᠡᠬᠡ | ᠲᠡᠯᠡᠬᠡᠢ ᠶᠢᠨ ᠲᠦᠮᠡᠨ ᠪᠣᠳᠠᠰ ᠲᠤ ᠡᠵᠡᠳ ᠣᠡᠭᠭᠤᠳ ᠲᠠᠢ ᠭᠡᠬᠦ ᠠᠩᠬᠠᠨ ᠤ ᠰᠦᠰᠦᠭ ᠪᠢᠰᠢᠷᠡᠯ ᠢ ᠪᠣᠢ ᠪᠣᠯᠭᠠᠵᠦ | ᠲᠦᠮᠡᠨ ᠪᠣᠳᠠᠰ ᠨᠢ ᠭᠠᠯ᠂ ᠰᠢᠷᠣᠢ᠂ ᠲᠡᠮᠦᠷ᠂ ᠣᠰᠣ᠂ ᠮᠣᠳᠣ ᠭᠡᠬᠦ ᠲᠠᠪᠣᠨ ᠮᠠᠬᠠᠪᠣᠳ ᠢᠶᠠᠷ ᠪᠦᠳᠦᠯᠡ ᠭᠡᠵᠦ | ᠦᠵᠡᠵᠡᠢ᠃ ᠡᠨᠡ ᠬᠦ ᠲᠠᠪᠣᠨ ᠮᠠᠬᠠᠪᠣᠳ ᠤᠨ ᠲᠣᠳᠣᠷᠠᠬᠢ ᠰᠢᠷᠣᠢ ᠨᠢ ᠲᠠᠷᠣᠢ ᠪᠠᠶᠢᠭᠠᠯᠢ ᠶᠢᠨ ᠲᠦᠮᠡᠨ ᠪᠣᠳᠠᠰ ᠤᠨ | ᠡᠬᠡ ᠪᠣᠯᠬᠤ ᠭᠠᠵᠠᠷ ᠢ ᠵᠢᠭᠠᠬᠰᠠᠨ ᠦᠭᠡ ᠪᠠᠶᠢᠵᠦ᠂ ᠰᠢᠷᠣᠢ ᠨᠢ ᠲᠠᠪᠣᠨ ᠮᠠᠬᠠᠪᠣᠳ ᠤᠨ ᠲᠣᠮᠳᠠ | ᠪᠠᠶᠢᠷᠢᠰᠢᠳᠠᠬ ᠠᠴᠠ ᠭᠠᠵᠠᠷ ᠨᠢ ᠪᠣᠳᠠᠰ ᠤᠨ ᠰᠢᠳᠦᠯᠭᠡ ᠶᠢᠨ ᠲᠣᠳᠣᠷ᠎ᠠ ᠴᠦ ᠣᠷᠦ᠋ᠢᠯᠠᠬᠤ ᠪᠠᠶᠢᠷᠢ ᠰᠠᠭᠤᠷᠢ ᠲᠠᠢ | ᠪᠠᠶᠢᠬᠰᠠᠨ ᠢ ᠮᠡᠳᠡᠵᠦ ᠪᠣᠯᠣᠨ᠎ᠠ᠃ ᠬᠦᠮᠦᠨ ᠲᠦᠷᠦᠯᠬᠢᠳᠡᠨ ᠠᠴᠠ ᠪᠠᠶᠢᠭᠠᠯᠢ ᠶᠢᠨ ᠪᠣᠳᠠᠰ ᠢ ᠰᠢᠳᠦᠬᠦ ᠪᠣᠯᠣᠬᠰᠠᠨ ᠨᠢ | ᠱᠠᠰᠢᠨ ᠪᠣᠢ ᠪᠣᠯᠬᠤ ᠠᠴᠠ ᠡᠮᠦᠨᠡᠬᠢ ᠣᠴᠢᠷ ᠶᠤᠮ᠃ ᠬᠦᠮᠦᠨ ᠲᠦᠷᠦᠯᠬᠢᠳᠡᠨ ᠠᠴᠠ ᠡᠬᠢᠯᠡᠨ ᠠᠮᠢᠳᠠᠨ ᠠᠷᠢᠶᠠᠳᠠᠨ | ᠬᠦᠷᠳᠡᠯ᠎ᠡ ᠠᠮᠢ ᠨᠠᠰᠣ ᠶᠢ ᠣᠯᠣᠮᠠᠬᠴᠠ ᠲᠦᠷᠦᠭᠦᠯᠦᠭᠰᠡᠨ ᠡᠬᠡ ᠶᠢᠨ ᠢᠶᠠᠨ ᠣᠭᠤᠷᠠᠬ ᠰᠦᠨ ᠢᠶᠠᠷ ᠲᠣᠷᠨᠢᠵᠦ | ᠡᠬᠡ ᠪᠠᠨ ᠰᠢᠳᠦᠨ ᠪᠢᠰᠢᠷᠡᠳᠡᠭ᠃ ᠨᠡᠩ ᠴᠢᠨᠠᠬᠰᠢᠯᠠᠭᠠᠳ ᠬᠦᠮᠦᠨ ᠤ ᠣᠢ ᠲᠠᠷᠢᠬᠢ ᠵᠢᠭᠠᠬᠠᠨ ᠬᠦᠭᠵᠢᠯᠳᠡ ᠪᠠᠨ | ᠣᠯᠣᠮᠠᠬᠴᠠ ᠢᠳᠡᠰᠢ ᠣᠣᠭᠤᠰᠢ᠂ ᠣᠷᠣᠨ ᠰᠠᠭᠤᠴᠠ᠂ ᠠᠮᠢᠳᠣᠷᠠᠯ ᠤᠨ ᠬᠡᠷᠡᠭᠰᠡᠯ ᠁ ᠶᠠᠭᠤ ᠪᠦᠬᠦᠨ ᠢ | ᠬᠠᠨᠭ᠍ᠭᠠᠳᠠᠬ ᠭᠠᠵᠠᠷ ᠢ ᠡᠬᠡ ᠬᠡᠮᠡᠨ ᠰᠢᠳᠦᠬᠦ ᠨᠢ ᠠᠶᠠᠨᠳᠠᠭᠠᠨ ᠤ ᠣᠴᠢᠷ ᠪᠣᠯᠣᠨ᠎ᠠ᠃ ︽ᠮᠠᠷᠺᠤ ᠫᠣᠯᠣ ᠶᠢᠨ | ᠠᠶᠠᠯᠠᠯ ᠤᠨ ᠲᠡᠮᠳᠡᠭᠯᠡᠯ︾ ᠳᠤ ᠡᠬᠡ ᠨᠢ ᠠᠯᠢᠪᠠ ᠪᠦᠬᠦᠨ ᠢ ᠬᠠᠮᠠᠭᠠᠯᠠᠨ ᠰᠣᠶᠣᠷᠬᠠᠵᠦ ᠶᠠᠭᠤ ᠪᠦᠬᠦᠨ ᠢ ᠣᠯᠭᠤᠳᠠᠬ | ᠪᠣᠯᠬᠤᠷ ᠮᠣᠩᠭᠤᠯᠴᠣᠳ ᠲᠡᠭᠦᠨ ᠢ ᠮᠠᠰᠢ ᠬᠦᠨᠳᠦᠳᠭᠡᠨ ᠲᠠᠬᠢᠳᠠᠬ ᠭᠡᠵᠦ ᠪᠢᠴᠢᠵᠡᠢ᠃ ᠲᠡᠦᠬᠡ ᠶᠢᠨ ᠪᠠᠷᠢᠮᠳᠠ ᠵᠢᠴᠢ | ᠠᠷᠠᠳ ᠤᠨ ᠲᠣᠮᠳᠠᠬᠢ ᠦᠯᠢᠭᠡᠷ ᠲᠣᠮᠤᠬ ᠢ ᠦᠨᠳᠦᠰᠦᠯᠡᠪᠡᠯ ᠡᠳᠦᠭᠡᠨ ᠭᠡᠳᠡᠭ ᠦᠭᠡ ᠨᠢ ᠪᠦᠬᠡ ᠶᠢᠨ ᠱᠠᠰᠢᠨ ᠪᠣᠢ | ᠪᠣᠯᠬᠤ ᠶᠢ ᠲᠠᠭᠠᠯᠳᠣᠨ ᠢᠳᠣᠭᠠᠨ ᠲᠠᠢ ᠠᠳᠠᠯᠢ ᠪᠠᠷ ᠡᠬᠡᠴᠢᠯᠡᠯ ᠤᠨ ᠨᠡᠶᠢᠭᠡᠮ ᠤᠨ ᠦᠶ᠎ᠡ ᠳᠤ ᠪᠣᠢ ᠪᠣᠯᠣᠬᠰᠠᠨ | ᠪᠣᠯᠣᠯᠴᠠᠭ᠎ᠠ ᠶᠡᠭᠡ ᠪᠣᠯᠪᠠᠴᠦ ᠬᠦᠮᠦᠨ ᠲᠦᠷᠦᠯᠬᠢᠳᠡᠨ ᠠᠴᠠ ᠭᠠᠵᠠᠷ ᠪᠠ ᠣᠰᠣ᠂ ᠮᠣᠳᠣ ᠵᠡᠷᠭᠡ ᠶᠢᠨ ᠪᠣᠳᠠᠰ ᠢ | ᠰᠢᠳᠦᠵᠦ ᠡᠬᠢᠯᠡᠭᠰᠡᠨ ᠨᠢ ᠡᠭᠦᠨ ᠠᠴᠠ ᠴᠦ ᠡᠷᠳᠡ ᠪᠣᠢ ᠪᠣᠯᠣᠬᠰᠠᠨ ᠣᠴᠢᠷ ᠪᠠᠶᠢᠵᠦ ᠲᠠᠭᠠᠷᠠᠨ᠎ᠠ᠃ | ᠡᠬᠡ ᠡᠳᠦᠭᠡᠨ ᠢ ᠪᠠᠰᠠ ︽ᠬᠦᠷᠡᠩ ᠬᠤᠨᠢᠶᠠᠰᠣᠳᠦ ᠡᠳᠦᠬᠡᠨ ᠡᠬᠡ︾ ᠭᠡᠳᠡᠭ ᠪᠦᠭᠡᠳ ᠬᠦᠷᠡᠩ ᠬᠤᠨᠢᠶᠠᠰᠣ | ᠲᠦᠭᠦᠷᠦᠭᠰᠡᠨ ᠠᠯᠳᠠᠨ ᠵᠢᠷᠦᠬᠡᠳᠦ ᠶᠢᠨ ᠣᠷᠣᠨ ᠭᠡᠳᠡᠭ ᠭᠡᠵᠦ ︽ᠣᠯᠠᠨᠰᠦ᠋ᠮᠡ ᠠᠴᠠ ᠣᠯᠠᠳᠠᠬᠰᠠᠨ ᠮᠣᠩᠭᠤᠯ | ᠬᠦᠰᠢᠶᠡᠨ ᠤ ᠪᠢᠴᠢᠭᠡᠰᠦ ᠪᠠ ᠬᠠᠭᠤᠯᠣᠮᠠᠯ ᠲᠡᠪᠳᠡᠷ ᠤᠨ ᠲᠠᠮᠳᠣᠷᠬᠠᠢ ᠨᠤᠭᠤᠳ︾ ᠭᠡᠬᠦ ᠨᠣᠮ ᠳᠤ ᠲᠡᠮᠳᠡᠭᠯᠡᠵᠦ | ᠪᠠᠶᠢᠳᠠᠬ᠃ ᠯᠠᠮᠠ ᠶᠢᠨ ᠱᠠᠰᠢᠨ ᠨᠢ ᠮᠣᠩᠭᠤᠯ ᠣᠷᠣᠨ ᠳᠤ ᠣᠯᠠᠮᠵᠢᠯᠠᠬᠳᠠᠬᠰᠠᠨ ᠤ ᠲᠠᠷᠠᠭ᠎ᠠ ᠪᠦᠭᠡ ᠶᠢᠨ ᠱᠠᠰᠢᠨ ᠤ | ᠵᠠᠷᠢᠮ ᠵᠦᠢᠯᠡᠰ ᠨᠢ ᠪᠣᠷᠬᠠᠨ ᠤ ᠱᠠᠰᠢᠨ ᠤ ᠦᠡᠭᠭᠡ ᠪᠣᠳᠤᠬ ᠲᠠᠢ ᠪᠣᠯᠣᠨ ᠬᠤᠪᠢᠷᠠᠵᠠᠢ᠃ ᠮᠣᠩᠭᠤᠯᠴᠣᠳ ᠤᠨ | ᠭᠠᠵᠠᠷ ᠣᠰᠣᠨ ᠤ ᠰᠢᠳᠦᠯᠭᠡ ᠶᠢᠨ ᠵᠠᠷᠢᠮ ᠵᠦᠢᠯ ᠢ ᠴᠦ ᠯᠠᠮᠠ ᠶᠢᠨ ᠱᠠᠰᠢᠨ ᠨᠢ ᠠᠯᠢ ᠡᠷᠳᠡ ᠡᠵᠡᠮᠰᠢᠨ ᠠᠪᠣᠭᠠᠳ | ᠱᠠᠰᠢᠨ ᠤ ᠣᠯᠠᠨ ᠰᠠᠬᠢᠭᠤᠯᠰᠣᠨ ᠢ ᠯᠠᠮᠠ ᠶᠢᠨ ᠱᠠᠰᠢᠨ ᠤ ᠰᠢᠰᠲ᠋ᠧᠮ ᠳᠡᠭᠡᠨ ᠣᠷᠣᠭᠤᠯᠣᠨ ᠠᠪᠴᠠᠢ᠃ ᠡᠨᠡ ᠨᠢ | ᠮᠣᠩᠭᠤᠯ ᠳᠠᠬᠢ ᠯᠠᠮᠠ ᠶᠢᠨ ᠱᠠᠰᠢᠨ ᠤ ᠭᠡᠭᠡᠨ ᠬᠤᠪᠢᠯᠭᠠᠳ ᠤᠨ ᠠᠵᠢᠯᠯᠠᠭᠠᠨ ᠳᠤ ᠵᠢᠷᠣᠮᠯᠠᠬᠤ ᠬᠡᠪ ᠵᠠᠬᠪᠣᠷ | ᠪᠣᠯᠣᠬᠰᠠᠨ ᠶᠣᠮ᠃ ᠠᠷᠪᠠᠨ ᠵᠢᠷᠭᠤᠳᠣᠭᠠᠷ ᠵᠠᠭᠤᠨ ᠤ ᠦᠶ᠎ᠡ ᠳᠤ ᠪᠢᠴᠢᠭᠳᠡᠭᠰᠡᠨ ᠡᠳᠦᠭᠡᠨ ᠰᠠᠬᠢᠭᠤᠯᠰᠣᠨ ᠪᠠ | ᠭᠠᠯ ᠤᠨ ᠲᠠᠬᠢᠯᠭ᠎ᠠ ᠶᠢᠨ ᠡᠷᠳᠡᠨ ᠤ ᠰᠣᠳᠣᠷ ᠤᠳ ᠲᠤ ᠯᠠᠮᠠ ᠶᠢᠨ ᠱᠠᠰᠢᠨ ᠤ ᠨᠦᠯᠦᠭᠡ ᠮᠡᠷ ᠰᠡᠷ ᠮᠡᠳᠡᠭᠳᠡᠵᠦ | ᠪᠠᠶᠢᠨ᠎ᠠ᠃ | ᠬᠤᠷᠴᠢᠨ ᠲᠠᠷᠢᠶᠠᠴᠢᠳ ᠤᠨ ᠨᠠᠪᠳᠠᠬ ᠰᠠᠪᠳᠠᠬ ᠤᠨ ᠲᠣᠬᠠᠢ ᠣᠢᠢᠯᠠᠭᠠᠯᠳᠠ | ᠮᠣᠩᠭᠤᠯᠴᠣᠳ ᠨᠢ ᠠᠯᠢ ᠡᠷᠳᠡᠨ ᠠᠴᠠ ᠪᠠᠶᠢᠭᠠᠯᠢ ᠶᠢᠨ ᠲᠦᠮᠡᠨ ᠪᠣᠳᠠᠰ ᠲᠤ ᠡᠵᠡᠳ ᠰᠠᠬᠢᠭᠤᠰᠣ ᠲᠠᠢ ᠭᠡᠵᠦ | ᠦᠵᠡᠭᠡᠳ ᠠᠩᠬᠠᠨ ᠤ ᠰᠢᠳᠦᠯᠭᠡ ᠶᠢ ᠪᠣᠢ ᠪᠣᠯᠭᠠᠬᠰᠠᠨ ᠶᠣᠮ᠃ ᠨᠠᠪᠳᠠᠬ ᠰᠠᠪᠳᠠᠬ ᠭᠡᠳᠡᠭ ᠨᠢ ᠲᠠᠷᠣᠢ ᠭᠠᠵᠠᠷ | ᠣᠰᠣᠨ ᠤ ᠡᠵᠡᠳ ᠰᠠᠬᠢᠭᠤᠰᠣ ᠶᠢ ᠵᠢᠭᠠᠵᠦ ᠪᠠᠶᠢᠭ᠎ᠠ ᠦᠭᠡ ᠪᠣᠯᠣᠨ᠎ᠠ᠃ ᠡᠭᠦᠨ ᠤ ᠲᠣᠬᠠᠢ ᠭᠠᠳᠠᠰᠣ ᠠᠴᠠ᠄ ︽ | ᠨᠠᠪᠳᠠᠬ ᠰᠠᠪᠳᠠᠬ ᠨᠢ ᠮᠣᠩᠭᠤᠯ ᠣᠷᠣᠨ ᠤ ᠭᠠᠵᠠᠷ ᠨᠣᠳᠤᠬ ᠢ ᠲᠤᠭ᠎ᠠ ᠲᠣᠮᠰᠢ ᠦᠭᠡᠢ ᠣᠯᠠᠨ ᠬᠡᠰᠡᠭᠯᠡᠨ | ᠵᠠᠬᠢᠷᠣᠬᠰᠠᠨ ᠵᠢᠵᠢᠭ ᠰᠠᠬᠢᠭᠤᠯᠰᠣᠨ ᠨᠤᠭᠤᠳ ᠪᠠᠶᠢᠭ᠎ᠠ ᠶᠣᠮ᠃ ᠨᠠᠪᠳᠠᠬ ᠨᠢ ᠵᠠᠷᠢᠮ ᠳᠠᠭᠠᠨ ᠶᠡᠷᠦᠩᠬᠡᠶᠢᠯᠡᠭᠰᠡᠨ | ᠰᠢᠳᠦᠭᠡᠨ ᠤ ᠨᠡᠷᠡᠶᠢᠳᠦᠯ ᠪᠣᠯᠵᠦ ᠡᠵᠡᠳ ᠪᠠ ᠯᠣᠣᠰ ᠢ ᠪᠠᠭᠳᠠᠭᠠᠳᠠᠬ᠃ ᠭᠡᠪᠡᠴᠦ ᠶᠡᠷᠦ ᠳᠡᠭᠡᠨ ᠲᠡᠳᠡᠭᠡᠷ ᠤᠨ | ᠬᠤᠭᠤᠷᠣᠨᠳᠦ ᠨᠠᠷᠢᠨ ᠢᠯᠭᠠᠭ᠎ᠠ ᠲᠠᠢ᠃ ᠡᠵᠡᠳ ᠨᠢ ᠠᠭᠤᠯᠠ᠂ ᠣᠪᠣᠭ᠎ᠠ᠂ ᠮᠣᠳᠣ ᠵᠡᠷᠭᠡ ᠪᠣᠳᠠᠳᠠᠢ ᠪᠡᠶ᠎ᠡ ᠳᠤ | ᠣᠷᠣᠰᠢᠵᠦ᠂ ᠯᠣᠣᠰ ᠨᠢ ᠭᠤᠣᠯ ᠮᠦᠷᠡᠨ᠂ ᠨᠠᠭᠤᠷ ᠪᠣᠯᠠᠬ᠂ ᠬᠤᠳᠳᠤᠬ ᠵᠡᠷᠭᠡ ᠪᠣᠳᠠᠳᠠᠢ ᠪᠡᠶ᠎ᠡ ᠳᠤ ᠣᠷᠣᠰᠢᠵᠦ | ᠪᠠᠶᠢᠬᠤ ᠳᠤ᠂ ᠨᠠᠪᠳᠠᠬ ᠰᠠᠪᠳᠠᠬ ᠪᠣᠯ ᠬᠠᠷᠢᠨ ᠵᠠᠪᠠᠯ ᠪᠣᠳᠠᠳᠠᠢ ᠪᠣᠳᠠᠰ ᠲᠤ ᠣᠷᠤᠰᠢᠳᠠᠬ ᠪᠢᠰᠢ᠂ ᠭᠠᠵᠠᠷ ᠤᠨ ᠪᠠᠶᠢᠷᠢ | ᠪᠠᠶᠢᠴᠠ ᠢᠯᠭᠠᠳᠠᠬ ᠦᠭᠡᠢ᠂ ᠭᠠᠵᠠᠷ ᠨᠣᠳᠤᠬ ᠪᠣᠯᠭᠠᠨ ᠳᠤ ᠡᠵᠡᠯᠡᠨ ᠰᠠᠭᠤᠵᠦ ᠪᠠᠶᠢᠳᠠᠬ᠃ ᠡᠶᠢᠮᠦ ᠠᠴᠠ ᠨᠠᠪᠳᠠᠬ | ᠰᠠᠪᠳᠠᠬ ᠢ ᠪᠠᠰᠠ ᠭᠠᠵᠠᠷ ᠤᠨ ᠡᠵᠡᠨ ᠪᠣᠶᠣ ᠭᠠᠵᠠᠷ ᠡᠳᠦᠭᠡᠨ ᠭᠡᠳᠡᠭ᠃ ᠨᠠᠪᠳᠠᠬ ᠰᠠᠪᠳᠠᠬ ᠨᠢ ᠬᠡᠳᠦᠢ ᠶᠡᠭᠡ | ᠭᠠᠵᠠᠷ ᠢ ᠡᠷᠬᠡᠰᠢᠶᠡᠳᠡᠭ ᠪᠣᠢ ᠭᠡᠪᠡᠯ ᠶᠡᠷᠦᠩᠬᠡᠢ ᠳᠡᠭᠡᠨ ᠬᠤᠷᠢ ᠠᠴᠠ ᠲᠦᠴᠢᠨ ᠺᠢᠯᠣᠮᠧᠲᠷ ᠤᠨ ᠭᠠᠵᠠᠷ ᠲᠤ ᠨᠠᠪᠳᠠᠬ | ᠰᠠᠪᠳᠠᠬ ᠤᠨ ᠡᠷᠬᠡᠰᠢᠶᠡᠯ ᠤᠨ ᠬᠦᠴᠦᠨ ᠲᠠᠢ ᠶᠠᠪᠣᠬᠳᠠᠳᠠᠬ ᠭᠡᠨ᠎ᠡ᠃ ᠭᠡᠪᠡᠴᠦ ᠡᠭᠦᠨ ᠳᠤ ᠨᠠᠷᠢᠨ ᠲᠣᠬᠳᠠᠭᠠᠯ | ᠪᠠᠶᠢᠭ᠎ᠠ ᠦᠭᠡᠢ᠃ ᠨᠢᠭᠡ ᠡᠷᠦᠬᠡ ᠶᠢᠨ ᠭᠠᠵᠠᠷ ᠲᠤ ᠴᠦ ᠲᠣᠰᠬᠠᠢ ᠨᠠᠪᠳᠠᠬ ᠰᠠᠪᠳᠠᠬ ᠲᠠᠢ ᠪᠠᠶᠢᠵᠦ᠂ ᠡᠵᠡᠭᠦᠢ | ᠭᠠᠵᠠᠷ ᠨᠢ ᠴᠦ ᠬᠡᠰᠡᠭ ᠬᠡᠰᠡᠭ ᠬᠤᠪᠢᠶᠠᠬᠳᠠᠨ ᠨᠡᠷᠡᠯᠡᠭᠳᠡᠭᠰᠡᠨ ᠲᠣᠰ ᠪᠦᠷᠢ ᠳᠡᠭᠡᠨ ᠨᠠᠪᠳᠠᠬ ᠰᠠᠪᠳᠠᠬ ᠲᠠᠢ ᠪᠠᠶᠢᠳᠠᠬ | ᠠᠵᠢ︾ ᠭᠡᠵᠡᠢ᠃ | ᠠᠯᠢ ᠡᠷᠳᠡᠨ ᠠᠴᠠ ᠮᠣᠩᠭᠤᠯᠴᠣᠳ ᠠᠭᠤᠯᠠ ᠬᠠᠶᠢᠷᠬᠠᠨ ᠲᠠᠪᠠᠭ᠎ᠠ ᠨᠢᠷᠣᠭᠤ ᠳᠤ ᠨᠠᠪᠳᠠᠬ ᠰᠠᠪᠳᠠᠬ ᠣᠷᠣᠰᠢᠵᠦ | ᠪᠣᠢ ᠭᠡᠵᠦ ᠦᠵᠡᠭᠰᠡᠭᠡᠷ ᠢᠷᠡᠵᠡᠢ᠃ ᠲᠡᠳᠡ ᠪᠠᠰᠠ ᠠᠭᠤᠯᠠ ᠣᠰᠣᠨ ᠤ ᠨᠠᠪᠳᠠᠬ ᠨᠢ ᠬᠦᠮᠦᠨ ᠠᠮᠢᠳᠠᠨ ᠤ ᠬᠦᠭᠵᠢᠯ | ᠪᠠᠳᠠᠷᠠᠯ ᠢ ᠢᠪᠡᠭᠡᠨ᠎ᠡ ᠭᠡᠵᠦ ᠪᠣᠳᠣᠳᠠᠬ᠃ ᠪ᠊ · ᠠ᠊ · ᠺᠠᠽᠡᠭᠧᠧᠴᠢ ︽ᠭᠠᠵᠠᠷ ᠤᠨ ᠨᠡᠷᠡᠰ ᠤᠨ ᠰᠢᠨᠵᠢᠯᠡᠭᠡᠨ︾ ᠭᠡᠬᠦ | ᠨᠣᠮ ᠳᠠᠭᠠᠨ ︽ᠮᠣᠩᠭᠤᠯᠴᠣᠳ ᠠᠭᠤᠯᠠ ᠶᠢᠨ ᠰᠠᠪᠳᠠᠬ ᠠᠴᠠ ᠮᠠᠰᠢ ᠠᠶᠣᠨ ᠡᠮᠢᠶᠡᠵᠦ ᠨᠡᠷ᠎ᠡ ᠶᠢ ᠨᠢ ᠬᠦᠷᠳᠡᠯ᠎ᠡ ︿ | ᠬᠠᠶᠢᠷᠬᠠᠨ﹀ ︿ᠦᠨᠳᠦᠷ ᠪᠣᠬᠳᠠ﹀ ᠭᠡᠬᠦ ᠮᠡᠳᠦᠴᠢᠯᠡᠨ ᠲᠠᠭᠤᠳᠠᠳᠠᠬ︾ ᠭᠡᠰᠡᠨ ᠪᠠᠶᠢᠨ᠎ᠠ᠃ ︽ᠮᠣᠩᠭᠤᠯ ᠤᠨ | ᠨᠢᠭᠤᠴᠠ ᠲᠣᠪᠴᠢᠶᠠᠨ︾ ᠳᠤ ᠪᠠᠰᠠ ᠴᠢᠩᠬᠢᠰ ᠬᠠᠭᠠᠨ ᠠᠴᠠ ᠪᠣᠷᠬᠠᠨ ᠬᠠᠯᠳᠣᠨ ᠠᠭᠤᠯᠠ ᠶᠢ ᠰᠢᠳᠦᠵᠦ | ᠪᠠᠶᠢᠬᠰᠠᠨ ᠢ ᠲᠡᠮᠳᠡᠭᠯᠡᠬᠦ ᠳᠡᠭᠡᠨ᠄ ︽ᠬᠠᠯᠳᠣᠨ ᠠᠭᠤᠯᠠᠨ ᠳᠤ ᠨᠢᠭᠤᠬᠳᠠᠵᠦ᠂ ᠬᠠᠷᠢᠶᠠᠴᠠᠢ ᠶᠢᠨ ᠲᠡᠳᠦᠢ ᠠᠮᠢ ᠪᠠᠨ | ᠬᠠᠯᠬᠠᠯᠠᠨ ᠭᠠᠷᠪᠠ᠃ ᠮᠠᠰᠢ ᠠᠶᠣᠵᠦ ᠶᠡᠭᠡ ᠰᠠᠨᠳᠣᠷᠪᠠ᠃ ᠪᠣᠷᠬᠠᠨ ᠬᠠᠯᠳᠣᠨ ᠠᠭᠤᠯᠠ ᠶᠢ ᠦᠷᠯᠦᠭᠡ ᠪᠦᠷᠢ | ᠮᠢᠯᠢᠶᠡᠶᠡ︕ ᠡᠳᠦᠷ ᠡᠳᠦᠷ ᠦᠴᠢᠶᠡ︕ ᠦᠶ᠎ᠡ ᠶᠢᠨ ᠦᠶ᠎ᠡ ᠳᠡᠭᠡᠨ ᠦᠨᠢᠳᠡ ᠲᠠᠬᠢᠶ᠎ᠠ ᠭᠡᠵᠡᠢ᠃ ᠢᠡᠭᠭᠢᠵᠦ | ᠲᠠᠭᠠᠳᠬᠠᠬᠤ ᠳᠠᠭᠠᠨ ᠪᠦᠰᠡ ᠪᠠᠨ ᠬᠦᠵᠦᠭᠦᠨ ᠳᠡᠭᠡᠨ ᠡᠭᠡᠯᠳᠦᠷᠭᠡᠯᠡᠵᠦ᠂ ᠮᠠᠯᠠᠭᠠᠢ ᠪᠠᠨ ᠭᠠᠷ ᠲᠠᠭᠠᠨ | ᠰᠡᠭᠡᠯᠳᠦᠷᠭᠡᠯᠡᠵᠦ᠂ ᠭᠠᠷ ᠢᠶᠠᠷ ᠢᠶᠠᠨ ᠡᠪᠴᠢᠭᠦᠦ ᠪᠠᠨ ᠲᠠᠷᠣᠵᠦ᠂ ᠨᠠᠷᠠ ᠦᠭᠡᠳᠡ ᠬᠠᠨᠳᠣᠨ ᠰᠦᠭᠦᠳᠴᠦ᠂ | ᠶᠢᠰᠦᠨᠳᠡ ᠮᠦᠷᠭᠦᠵᠦ᠂ ᠰᠡᠷᠵᠢᠮ ᠡᠷᠭᠦᠵᠦ ᠵᠠᠯᠪᠠᠷᠢᠳᠠᠬ︾ ᠭᠡᠵᠦ ᠲᠡᠮᠳᠡᠭᠯᠡᠵᠦ ᠪᠠᠶᠢᠳᠠᠬ᠃ ᠨᠠᠪᠳᠠᠬ ᠰᠠᠪᠳᠠᠬ ᠤᠨ | ᠲᠣᠬᠠᠢ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠲᠠᠷᠢᠶᠠᠴᠢᠨ ᠪᠠᠢ ᠬᠤ᠋ ᠠᠴᠠ᠄ ︽ᠮᠠᠨ ᠤ ᠨᠣᠳᠤᠬ ᠲᠤ | ᠢᠳᠡᠰᠢᠨ ᠮᠢᠬ᠎ᠠ ᠪᠠᠨ ᠢᠳᠡᠬᠦ ᠠᠴᠠ ᠪᠠᠨ ᠡᠮᠦᠨ᠎ᠡ ᠲᠡᠭᠡᠵᠢ ᠶᠢ ᠨᠢ ᠵᠠᠪᠠᠯ ᠪᠣᠷᠬᠠᠨ᠂ ᠡᠵᠡᠳ ᠰᠠᠬᠢᠭᠤᠯᠰᠣᠨ᠂ | ᠲᠡᠭᠡᠳᠦᠰ᠂ ᠨᠠᠪᠳᠠᠬ ᠰᠠᠪᠳᠠᠬ ᠲᠤ ᠡᠷᠭᠦᠨ᠎ᠡ ᠭᠡᠵᠦ ᠡᠪᠴᠢᠭᠦᠦ ᠣᠭᠤᠴᠠ ᠠᠴᠠ ᠣᠬᠳᠣᠯᠣᠨ ᠠᠪᠴᠦ ᠭᠡᠷ ᠤᠨ | ᠣᠷᠣᠢ ᠲᠡᠭᠡᠷ᠎ᠡ ᠪᠠᠨ ᠬᠠᠶᠠᠳᠠᠬ᠃ ᠵᠠᠷᠢᠮ ᠬᠦᠮᠦᠰ ᠪᠠᠰᠠ ᠬᠤᠨᠢ ᠭᠠᠷᠭᠠᠪᠠᠯ ᠵᠢᠷᠦᠬᠡ ᠶᠢ ᠨᠢ ᠡᠷᠭᠦᠳᠡᠭ᠃ ᠡᠳᠡᠭᠡᠷ | ᠢᠳᠡᠭᠡᠨ ᠢ ᠱᠠᠭᠠᠵᠠᠭᠠᠢ ᠢᠳᠡᠪᠡᠯ ᠰᠠᠶᠢᠨ᠂ ᠬᠤᠨᠭ᠌ ᠬᠡᠷᠢᠶ᠎ᠡ ᠢᠳᠡᠪᠡᠯ ᠮᠠᠭᠤ ᠭᠡᠳᠡᠭ︾ ᠭᠡᠵᠡᠢ᠃ | ᠬᠤᠷᠴᠢᠨ ᠳᠤ ᠨᠠᠪᠳᠠᠬ ᠰᠠᠪᠳᠠᠬ ᠨᠢ ᠵᠠᠷᠢᠮ ᠦᠶᠡᠰ ᠪᠠᠰᠠ ᠠᠮᠢᠳᠠᠨ ᠤ ᠲᠦᠷᠰᠦ ᠲᠠᠢ ᠮᠡᠳᠦ ᠣᠢᠢᠯᠠᠭᠠᠬᠳᠠᠵᠦ | ᠨᠠᠪᠳᠠᠬ ᠰᠠᠪᠳᠠᠬ ᠤᠨ ᠲᠣᠬᠠᠢ ᠦᠯᠢᠭᠡᠷ ᠲᠣᠮᠤᠬ ᠣᠯᠠᠮᠵᠢᠯᠠᠬᠳᠠᠬᠰᠠᠭᠠᠷ ᠪᠠᠶᠢᠨ᠎ᠠ᠃ ᠡᠭᠦᠨ ᠤ ᠲᠣᠬᠠᠢ | ᠭᠠᠳᠠᠰᠣ ᠠᠴᠠ᠄ ︽ᠭᠠᠵᠠᠷ ᠭᠠᠵᠠᠷ ᠤᠨ ᠨᠠᠪᠳᠠᠬ ᠰᠠᠪᠳᠠᠬ ᠨᠢ ᠠᠳᠠᠯᠢ ᠦᠭᠡᠢ ᠪᠠᠶᠢᠳᠠᠬ᠃ ᠵᠠᠷᠢᠮ ᠭᠠᠵᠠᠷ ᠤᠨ | ᠨᠠᠪᠳᠠᠬ ᠰᠠᠪᠳᠠᠬ ᠨᠢ ᠲᠠᠦᠯᠠᠢ ᠪᠠᠶᠢᠬᠤ ᠳᠤ ᠵᠠᠷᠢᠮ ᠭᠠᠵᠠᠷ ᠤᠨ ᠬᠢᠨᠢ ᠴᠢᠨ᠋ᠸ᠎ᠠ ᠶᠢᠨ ᠬᠦᠳᠦᠯ᠂ ᠵᠠᠷᠢᠮ ᠠᠶᠢᠯ ᠤᠨ ᠬᠢᠨᠢ | ᠬᠦᠷᠡᠭᠴᠢ ᠦᠨᠢᠶ᠎ᠡ᠂ ᠵᠠᠷᠢᠮ ᠠᠶᠢᠯ ᠤᠨ ᠬᠢᠨᠢ ᠰᠢᠷᠭ᠎ᠠ ᠠᠵᠢᠷᠭ᠎ᠠ᠂ ᠯᠣᠣᠰ ᠁ ᠭᠡᠬᠦ ᠮᠡᠳᠦ ᠪᠠᠷ ᠣᠯᠠᠨ | ᠵᠦᠢᠯ ᠤᠨ ᠨᠠᠪᠳᠠᠬ ᠰᠠᠪᠳᠠᠬ ᠪᠠᠶᠢᠳᠠᠬ ᠶᠣᠮ᠃ ᠵᠢᠱᠢᠶᠡᠯᠡᠭᠡᠳ ᠬᠡᠯᠡᠪᠡᠯ᠂ ᠮᠠᠨ ᠤ ᠠᠶᠢᠯ ᠠᠴᠠ ᠪᠠᠷᠠᠭᠤᠨ ᠵᠦᠭ ᠲᠤ | ᠠᠷᠪᠠᠭᠠᠳ ᠭᠠᠵᠠᠷ ᠤᠨ ᠠᠯᠣᠰ ᠲᠤ ᠨᠢᠭᠡ ᠬᠤᠸᠠ ᠠᠵᠢᠷᠭ᠎ᠠ ᠶᠢᠨ ᠲᠠᠯ᠎ᠠ ᠭᠡᠵᠦ ᠪᠠᠶᠢᠳᠠᠬ᠃ ᠵᠠᠷᠢᠮ ᠬᠦᠮᠦᠰ ᠤᠨ | ᠬᠡᠯᠡᠬᠦ ᠪᠠᠷ ᠡᠨᠡ ᠲᠠᠯ᠎ᠠ ᠶᠢᠨ ᠨᠠᠪᠳᠠᠬ ᠰᠠᠪᠳᠠᠬ ᠨᠢ ᠬᠤᠸᠠ ᠵᠢᠰᠣᠮ ᠤᠨ ᠠᠵᠢᠷᠭ᠎ᠠ ᠶᠣᠮ ᠭᠡᠨ᠎ᠡ᠃ ᠪᠠᠰᠠ ᠮᠠᠨ ᠤ | ᠠᠶᠢᠯ ᠤᠨ ᠣᠷᠴᠢᠮ ᠢᠶᠠᠷ ᠲᠠᠣᠯᠠᠢ ᠶᠢᠨ ᠨᠠᠪᠳᠠᠬ ᠰᠠᠪᠳᠠᠬ ᠲᠠᠢ ᠭᠠᠵᠠᠷ ᠪᠠᠶᠢᠬᠰᠠᠨ ᠶᠣᠮ ᠭᠡᠨ᠎ᠡ᠃ ᠡᠶᠢᠮᠦᠷᠬᠦᠦ | ᠭᠠᠵᠠᠷ ᠢ ᠪᠠᠰᠠ ᠮᠠᠨ ᠤ ᠨᠣᠳᠤᠬ ᠲᠤ ᠲᠠᠦᠯᠠᠢ ᠶᠢᠨ ᠵᠣ ᠭᠡᠵᠦ ᠶᠠᠷᠢᠳᠠᠬ᠃ ᠬᠦᠮᠦᠰ ᠲᠠᠦᠯᠠᠢ ᠶᠢᠨ ᠵᠣ ᠲᠡᠭᠡᠷ᠎ᠡ ᠭᠡᠷ | ᠬᠤᠷᠤᠭ᠎ᠠ ᠪᠠᠷᠢᠵᠦ ᠨᠣᠳᠣᠬᠯᠠᠵᠦ ᠰᠠᠭᠤᠪᠠᠯ ᠶᠡᠬᠡᠯ᠎ᠡ ᠦᠭᠡᠶᠢᠷᠡᠨ᠎ᠡ ᠭᠡᠳᠡᠭ᠃ ᠲᠠᠦᠯᠠᠢ ᠶᠢᠨ ᠵᠣ ᠶᠢᠨ ᠲᠣᠬᠠᠢ ᠮᠠᠨ ᠤ | ᠨᠣᠳᠤᠬ ᠲᠤ ᠨᠢᠭᠡᠨ ᠮᠠᠰᠢ ᠰᠣᠨᠢᠷᠬᠠᠯᠳᠠᠢ ᠦᠯᠢᠭᠡᠷ ᠣᠯᠠᠮᠵᠢᠯᠠᠬᠳᠠᠬᠰᠠᠭᠠᠷ ᠪᠠᠶᠢᠨ᠎ᠠ᠃ ᠵᠠᠭᠤ ᠭᠠᠷᠣᠢ ᠵᠢᠯ ᠤᠨ | ᠡᠮᠦᠨ᠎ᠡ ᠮᠠᠨ ᠤ ᠨᠣᠳᠤᠬ ᠢᠶᠠᠷ ᠡᠮᠦᠨ᠎ᠡ ᠭᠠᠵᠠᠷ ᠤᠨ ᠨᠣᠳᠤᠬ ᠰᠢᠨᠵᠢᠭᠡᠴᠢ ᠪᠠᠶᠢᠨ ᠲᠠᠬᠢᠨ ᠢᠷᠡᠳᠡᠭ ᠪᠠᠶᠢᠬᠰᠠᠨ ᠭᠡᠨ᠎ᠡ | ᠃ ᠡᠭᠦᠨ ᠢ ᠨᠣᠳᠤᠬ ᠤᠨ ᠬᠦᠮᠦᠰ ᠨᠠᠨᠮᠠᠨᠽᠢ ᠭᠡᠵᠦ ᠶᠠᠷᠢᠳᠠᠬ᠃ ᠨᠢᠭᠡᠨ ᠵᠣᠨ ᠤ ᠡᠳᠦᠷ ᠤᠨ ᠭᠤᠣᠯ ᠦᠳᠡ ᠶᠢᠨ | ᠬᠠᠯᠠᠭᠤᠨ ᠤ ᠦᠶ᠎ᠡ ᠪᠠᠷ ᠶᠠᠬ ᠨᠢᠭᠡᠨ ᠨᠠᠨᠮᠠᠨᠽᠢ ᠮᠠᠨ ᠤ ᠨᠣᠳᠤᠬ ᠢᠶᠠᠷ ᠦᠡᠭᠭᠡᠷᠡᠬᠦ ᠲᠠᠭᠠᠷᠠᠵᠦ ᠠᠩᠭᠠᠵᠦ | ᠤᠮᠳᠠᠭᠠᠰᠤᠭᠠᠳ ᠣᠰᠣ ᠣᠯᠵᠦ ᠣᠣᠭᠤᠬᠤ ᠭᠡᠵᠦ ᠨᠢᠭᠡ ᠲᠠᠷᠢᠶᠠᠴᠢᠨ ᠤ ᠭᠡᠷ ᠲᠤ ᠣᠷᠣᠵᠦ ᠢᠷᠡᠭᠰᠡᠨ ᠭᠡᠨ᠎ᠡ᠃ | ᠡᠨᠡ ᠲᠠᠷᠢᠶᠠᠴᠢᠨ ᠨᠢ ᠴᠣᠬᠤᠮ ᠶᠠᠮᠠᠷ ᠨᠡᠷ᠎ᠡ ᠲᠠᠢ ᠪᠠᠶᠢᠬᠰᠠᠨ ᠳᠤᠨᠢ ᠬᠦᠷᠳᠡᠯ᠎ᠡ ᠨᠣᠳᠤᠬ ᠤᠨ ᠪᠣᠭᠤᠷᠣᠯᠴᠣᠳ | ᠬᠠᠭᠤᠴᠢᠯᠠᠵᠦ ᠪᠠᠶᠢᠬᠰᠠᠨ ᠶᠣᠮ᠃ ᠭᠡᠪᠡᠴᠦ ᠦᠯᠢᠭᠡᠷ ᠡᠭᠦᠰᠦᠭᠡᠳ ᠨᠡᠯᠢᠶᠡᠳ ᠵᠢᠯ ᠣᠳᠠᠴᠢᠬᠠᠬᠰᠠᠨ ᠪᠣᠯᠬᠤᠷ | ᠨᠣᠳᠤᠬ ᠤᠨ ᠬᠦᠮᠦᠰ ᠴᠦ ᠮᠠᠷᠳᠠᠯ ᠪᠣᠯᠴᠢᠬᠠᠵᠠᠢ᠃ ᠮᠠᠨ ᠤ ᠨᠣᠳᠤᠬ ᠤᠨ ᠬᠦᠮᠦᠰ ᠠᠩᠭᠠᠬᠰᠠᠨ ᠬᠦᠮᠦᠨ ᠳᠤ | ᠣᠰᠣ ᠪᠠᠨ ᠬᠠᠷᠠᠮᠨᠠᠪᠠᠯ ᠡᠷᠭᠢᠬᠦ ᠲᠦᠷᠦᠯ ᠳᠡᠭᠡᠨ ᠮᠡᠯᠡᠬᠡᠢ ᠪᠣᠯᠵᠦ ᠲᠦᠷᠦᠨ᠎ᠡ ᠭᠡᠵᠦ ᠦᠵᠡᠳᠡᠭ ᠠᠴᠠ ᠣᠰᠣ ᠴᠠᠢ ᠪᠠᠨ | ᠪᠣᠰᠣᠳ ᠠᠴᠠ ᠬᠠᠷᠠᠮᠨᠠᠳᠠᠬ ᠦᠭᠡᠢ ᠶᠣᠰᠣ ᠪᠠᠶᠢᠳᠠᠬ᠃ ᠶᠠᠭᠤ ᠴᠦ ᠭᠡᠰᠡᠨ ᠭᠠᠳᠠᠨ᠎ᠠ ᠠᠴᠠ ᠠᠩᠭᠠᠬᠰᠠᠨ ᠬᠦᠮᠦᠨ | ᠣᠷᠣᠵᠦ ᠢᠷᠡᠭᠰᠡᠨ ᠢ ᠦᠵᠡᠭᠡᠳ ᠭᠡᠷ ᠤᠨ ᠡᠵᠡᠭᠳᠡᠢ ᠶᠡᠭᠡ ᠯᠡ ᠦᠷᠦᠪᠳᠡᠵᠦ ᠬᠤᠯᠣ ᠪᠠᠷ ᠢᠶᠠᠨ ᠣᠰᠣ ᠬᠤᠳᠬᠤᠵᠦ | ᠦᠭᠭᠦ ᠳᠡᠭᠡᠨ ᠲᠣᠳᠣᠷ᠎ᠠ ᠨᠢ ᠴᠢᠮᠬᠢ ᠰᠢᠷᠣᠢ ᠣᠷᠬᠢᠭᠠᠳ ᠦᠭᠭᠦᠭᠰᠡᠨ ᠶᠣᠮ ᠭᠡᠨ᠎ᠡ᠃ ᠡᠨᠡ ᠨᠢ ᠬᠡᠳᠦᠷᠬᠡᠢ | ᠠᠩᠭᠠᠬᠰᠠᠨ ᠬᠦᠮᠦᠨ ᠣᠰᠣ ᠶᠢ ᠨᠢᠭᠡ ᠯᠡ ᠠᠮᠢᠰᠬᠤᠭ᠎ᠠ ᠪᠠᠷ ᠣᠣᠭᠤᠪᠠᠯ ᠬᠠᠭ᠋ᠠᠵᠦ ᠵᠠᠩᠭᠢᠷᠠᠭᠠᠳ ᠬᠠᠷᠠᠯᠠᠨ | ᠣᠨᠠᠬᠤ ᠠᠴᠠ ᠬᠢᠴᠢᠶᠡᠭᠰᠡᠨ ᠠᠷᠭ᠎ᠠ ᠶᠣᠮ᠃ ᠬᠤᠯᠣ ᠲᠠᠢ ᠣᠰᠣᠨ ᠳᠤ ᠰᠢᠷᠣᠢ ᠶᠢ ᠪᠠᠭ᠎ᠠ ᠴᠢᠮᠬᠢᠵᠦ ᠠᠪᠣᠭᠠᠳ | ᠬᠢᠪᠡᠯ ᠠᠩᠭᠠᠬᠰᠠᠨ ᠬᠦᠮᠦᠨ ᠰᠢᠷᠣᠢ ᠲᠠᠢ ᠣᠰᠣ ᠣᠣᠭᠤᠬᠤ ᠠᠴᠠ ᠬᠢᠴᠢᠶᠡᠨ ᠣᠰᠣᠨ ᠲᠡᠭᠡᠷ᠎ᠡ ᠲᠡᠭᠳᠡᠭᠰᠡᠨ | ᠰᠢᠷᠣᠢ ᠶᠢ ᠨᠢ ᠦᠯᠢᠶᠡᠨ ᠪᠠᠭ᠎ᠠ ᠪᠠᠭ᠎ᠠ ᠪᠠᠷ ᠣᠰᠣ ᠶᠢ ᠨᠢ ᠣᠣᠭᠤᠳᠠᠬ ᠠᠴᠠ ᠬᠠᠭ᠋ᠠᠵᠦ ᠵᠠᠩᠭᠢᠷᠠᠬᠤ ᠠᠶᠣᠯ ᠦᠭᠡᠢ | ᠪᠣᠯᠳᠠᠬ᠃ ᠭᠡᠳᠡᠯ᠎ᠡ ᠣᠰᠣ ᠶᠢ ᠨᠢ ᠲᠣᠰᠴᠦ ᠠᠪᠣᠬᠰᠠᠨ ᠨᠠᠨᠮᠠᠨᠽᠢ ᠡᠨᠡ ᠣᠴᠢᠷ ᠢ ᠮᠡᠳᠡᠬᠦ ᠦᠭᠡᠢ ᠪᠣᠯᠬᠤᠷ ᠭᠡᠷ ᠤᠨ | ᠡᠵᠡᠭᠳᠡᠢ ᠶᠢ ᠣᠰᠣ ᠪᠠᠨ ᠬᠠᠷᠠᠮᠨᠠᠭᠠᠳ ᠲᠣᠳᠣᠷ᠎ᠠ ᠨᠢ ᠰᠢᠷᠣᠢ ᠬᠤᠯᠢᠯᠠ ᠭᠡᠵᠦ ᠪᠣᠳᠣᠭᠠᠳ ᠬᠠᠷ᠎ᠠ ᠰᠠᠨᠠᠬᠤ ᠳᠠᠭᠠᠨ | ᠣᠰᠣ ᠪᠠᠨ ᠬᠠᠷᠠᠮᠨᠠᠬᠰᠠᠨ ᠲᠠᠨ ᠢ ᠲᠣᠯᠣᠭᠠᠨ ᠵᠢᠯ ᠤᠨ ᠲᠣᠳᠣᠷ᠎ᠠ ᠲᠣᠯᠢᠶᠠᠬᠤ ᠶᠠᠭᠤᠮ᠎ᠠ ᠦᠭᠡᠢ ᠪᠣᠯᠳᠠᠯ᠎ᠠ | ᠦᠭᠡᠶᠢᠷᠡᠭᠦᠯᠦᠨᠡ ᠭᠡᠵᠦ ᠬᠠᠳᠠᠭᠤᠬᠠᠨ ᠪᠣᠳᠣᠬᠰᠠᠨ ᠪᠠᠶᠢᠵᠠᠢ᠃ ᠲᠡᠷᠡ ᠬᠤᠯᠣ ᠲᠠᠢ ᠣᠰᠣ ᠶᠢ ᠠᠶᠠᠷᠬᠠᠨ ᠣᠣᠭᠤᠵᠦ | ᠣᠮᠳᠠ ᠪᠠᠨ ᠲᠠᠷᠣᠬᠰᠠᠨ ᠤ ᠲᠠᠷᠠᠭ᠎ᠠ ᠬᠡᠰᠡᠭ ᠣᠳᠠᠬᠰᠠᠨ ᠢᠶᠠᠨ ︿ᠵᠠ᠂ ᠣᠰᠣ ᠶᠢ ᠴᠢᠨᠢ ᠣᠣᠭᠤᠭᠠᠳ ᠣᠮᠳᠠ | ᠬᠠᠷᠢᠭᠠᠳ ᠶᠡᠭᠡ ᠪᠠᠶᠠᠷᠯᠠᠯ᠎ᠠ᠃ ᠣᠰᠣᠨ ᠤ ᠴᠢᠨᠢ ᠬᠠᠷᠢᠭᠤ ᠳᠤ ᠲᠠᠨ ᠳᠤ ᠨᠣᠳᠤᠬ ᠦᠵᠡᠵᠦ ᠦᠭᠭᠦᠶ᠎ᠡ﹀ ᠭᠡᠵᠦ | ᠶᠠᠷᠢᠬᠰᠠᠨ ᠢᠶᠠᠨ ᠭᠡᠷ ᠤᠨ ᠠᠷᠣ ᠶᠢᠨ ᠬᠢᠨᠢ ᠦᠨᠳᠦᠷ ᠵᠣ ᠶᠢ ᠵᠢᠭᠠᠵᠦ᠂ ︿ᠲᠠ ᠡᠨᠡ ᠵᠣ ᠲᠡᠭᠡᠷ᠎ᠡ ᠨᠣᠳᠣᠬᠯᠠᠪᠠᠯ | ᠭᠤᠷᠪᠠᠨ ᠵᠢᠯ ᠳᠤ ᠯᠠᠪᠳᠠᠢ ᠶᠡᠭᠡ ᠪᠠᠶᠠᠨ ᠪᠣᠯᠣᠨ᠎ᠠ﹀ ᠭᠡᠵᠦ ᠬᠡᠯᠡᠭᠡᠳ ᠰᠡᠮᠬᠡᠨ ᠢᠨᠢᠶᠡᠭᠰᠡᠭᠡᠷ ᠶᠠᠪᠣᠬᠰᠠᠨ ᠭᠡᠨ᠎ᠡ᠃ | ᠴᠠᠭᠠᠪᠣᠷ ᠰᠡᠳᠭᠢᠯ ᠲᠠᠢ ᠡᠷ᠎ᠡ ᠡᠮ᠎ᠡ ᠬᠤᠶᠠᠭᠤᠯᠠ ᠪᠠᠨ ᠨᠡᠬᠡᠷᠡᠨ ᠨᠠᠮᠨᠬᠽᠢ ᠶᠢᠨ ᠦᠭᠡ ᠶᠢ ᠢᠳᠡᠭᠡᠵᠦ ᠬᠡᠳᠦᠨ | ᠡᠳᠦᠷ ᠤᠨ ᠬᠢᠨᠢ ᠲᠠᠷᠠᠭ᠎ᠠ ᠭᠡᠷ ᠡᠷᠦᠬᠡ ᠪᠠᠨ ᠪᠠᠭᠤᠯᠭᠠᠵᠦ ᠠᠷᠣ ᠶᠢᠨ ᠵᠣ ᠲᠡᠭᠡᠷ᠎ᠡ ᠪᠠᠨ ᠨᠣᠳᠤᠬ ᠰᠢᠯᠵᠢᠵᠦ | ᠰᠠᠭᠤᠬᠰᠠᠨ ᠭᠡᠨ᠎ᠡ᠃ ᠣᠨ ᠵᠢᠯ ᠣᠷᠣᠰᠣᠬᠰᠠᠭᠠᠷ ᠠᠷᠪᠠ ᠰᠢᠬᠠᠮ ᠵᠢᠯ ᠦᠡᠭᠭᠡᠷᠡᠪᠡ᠃ ︿ᠭᠠᠵᠠᠷ ᠢ ᠪᠠᠷᠠᠵᠦ | ᠭᠠᠭ᠋ᠠᠢ ᠶᠢᠨ ᠲᠣᠯᠣᠭᠠᠢ ᠬᠡᠮᠡᠯᠢᠵᠦ ᠶᠠᠪᠣᠬᠰᠠᠨ﹀ ᠨᠠᠨᠮᠠᠨᠽᠢ ᠭᠤᠸᠠᠢ ᠬᠠᠪᠴᠢᠬ ᠲᠠᠷᠢᠶᠠᠴᠢᠨ ᠤ ᠲᠠᠦᠯᠠᠢ ᠶᠢᠨ ᠵᠣ ᠳᠤ | ᠨᠣᠳᠣᠬᠯᠠᠭᠠᠳ ᠬᠢᠷᠢ ᠵᠡᠷᠭᠡ ᠪᠠᠷ ᠦᠭᠡᠶᠢᠷᠡᠭᠰᠡᠨ ᠢ ᠨᠢ ᠬᠠᠷᠠᠶ᠎ᠠ ᠭᠡᠵᠦ ᠪᠣᠳᠣᠭᠠᠳ ᠪᠣᠴᠠᠵᠦ ᠢᠷᠡᠭᠰᠡᠨ ᠢᠶᠠᠨ ᠭᠠᠶᠢᠬᠠᠯ | ᠪᠣᠯᠵᠦ ᠰᠣᠴᠢᠬᠤ ᠳᠠᠭᠠᠨ ᠪᠡᠶ᠎ᠡ ᠠᠴᠠ ᠨᠢ ᠬᠦᠢᠳᠡᠨ ᠬᠦᠯᠦᠰᠦ ᠴᠢᠳᠬᠤᠯᠠᠬᠰᠠᠨ ᠭᠡᠨ᠎ᠡ᠃ ᠣᠴᠢᠷ ᠨᠢ ᠲᠠᠦᠯᠠᠢ ᠶᠢᠨ | ᠵᠣ ᠲᠡᠭᠡᠷ᠎ᠡ ᠨᠣᠳᠣᠬᠯᠠᠬᠰᠠᠨ ᠲᠠᠷᠢᠶᠠᠴᠢᠨ ᠬᠠᠷᠢᠨ ᠦᠭᠡᠶᠢᠷᠡᠭᠰᠡᠨ ᠦᠭᠡᠢ ᠮᠦᠷᠳᠡᠭᠡᠨ ᠲᠠᠷᠢᠶ᠎ᠠ ᠪᠣᠳᠠᠭ᠎ᠠ ᠨᠢ ᠰᠠᠩ ᠨᠢ | ᠪᠠᠭᠳᠠᠬᠤ ᠦᠭᠡᠢ ᠪᠢᠯᠬᠠᠯᠠᠵᠦ᠂ ᠠᠳᠣᠭᠤ ᠮᠠᠯ ᠨᠢ ᠵᠣ ᠲᠦᠭᠦᠷᠳᠡᠯ᠎ᠡ ᠪᠡᠯᠴᠢᠭᠡᠳ ᠣᠢᠢᠷ᠎ᠠ ᠣᠷᠴᠢᠮ ᠳᠠᠭᠠᠨ ᠨᠡᠷᠡᠳᠦ | ᠶᠡᠭᠡ ᠪᠠᠶᠠᠨ ᠪᠣᠯᠴᠢᠬᠠᠭᠠᠳ ᠪᠠᠶᠢᠵᠠᠢ᠃ ᠲᠠᠦᠯᠠᠢ ᠶᠢᠨ ᠵᠣ ᠳᠤ ᠨᠣᠳᠣᠬᠯᠠᠬᠰᠠᠨ ᠬᠦᠮᠦᠨ ᠵᠠᠪᠠᠯ ᠦᠭᠡᠶᠢᠷᠡᠬᠦ ᠶᠣᠰᠣᠳᠠᠢ | ᠪᠠᠶᠢᠳᠠᠯ᠎ᠠ ᠡᠨᠡ ᠬᠠᠷᠠᠮᠴᠢ ᠶᠠᠭᠠᠬᠢᠭᠠᠳ ᠡᠳᠦᠢ ᠶᠡᠭᠡ ᠪᠠᠶᠠᠵᠢᠬᠰᠠᠨ ᠪᠣᠢ ᠭᠡᠵᠦ ᠰᠡᠵᠢᠭ ᠲᠦᠷᠦᠭᠰᠡᠨ ᠨᠠᠨᠮᠠᠨᠽᠢ | ᠭᠤᠸᠠᠢ ᠲᠠᠷᠢᠶᠠᠴᠢᠨ ᠤ ᠬᠦᠷᠢᠶᠡᠨ ᠭᠠᠳᠠᠨ᠎ᠠ ᠨᠢ ᠬᠦᠷᠬᠦ ᠳᠤ ᠲᠠᠷᠢᠶᠠᠴᠢᠨ ᠤ ᠡᠬᠡᠨᠡᠷ ᠨᠢ ︿ᠬᠠᠷᠴᠠᠭᠠᠢ᠂ ᠪᠦᠷᠭᠦᠳ ᠡ | ︕ ᠮᠢᠨᠦ ᠬᠡᠦᠬᠡᠳ ᠬᠤᠷᠳᠣᠨ ᠢᠷᠡᠵᠦ ᠬᠤᠭᠤᠯᠠ ᠪᠠᠨ ᠢᠳᠡ︕﹀ ᠭᠡᠵᠦ ᠬᠡᠦᠬᠡᠳ ᠢᠶᠠᠨ ᠲᠠᠭᠤᠳᠠᠵᠦ | ᠪᠠᠶᠢᠬᠤ ᠶᠢ ᠨᠢ ᠰᠣᠨᠣᠰᠣᠭᠠᠳ ᠪᠠᠶᠠᠵᠢᠬᠰᠠᠨ ᠣᠴᠢᠷ ᠢ ᠨᠢ ᠮᠡᠳᠡᠵᠦ ︿ᠪᠣᠶᠠᠨ ᠲᠠᠢ ᠬᠦᠮᠦᠨ ᠢ ᠲᠠᠷᠣᠵᠦ ᠪᠣᠯᠬᠤ | ᠦᠭᠡᠢ᠂ ᠪᠣᠯᠠᠬ ᠤᠨ ᠣᠰᠣ ᠶᠢ ᠬᠠᠰᠢᠵᠦ ᠪᠣᠯᠳᠠᠬ ᠦᠭᠡᠢ﹀ ᠭᠡᠳᠡᠭ ᠨᠢ ᠦᠨᠡᠨ ᠪᠠᠶᠢᠵᠠᠢ ᠭᠡᠵᠦ ᠶᠠᠷᠢᠬᠰᠠᠭᠠᠷ | ᠡᠷᠭᠢᠵᠦ ᠬᠠᠷᠠᠯ ᠦᠭᠡᠢ ᠪᠣᠴᠠᠬᠰᠠᠨ ᠭᠡᠨ᠎ᠡ᠃ ᠬᠠᠷᠴᠠᠭᠠᠢ ᠪᠦᠷᠭᠦᠳ ᠭᠡᠳᠡᠭ ᠪᠣᠯ ᠲᠠᠦᠯᠠᠢ ᠶᠢᠨ ᠲᠠᠷᠣᠯᠭ᠎ᠠ ᠨᠢ ᠶᠣᠮ᠃ | ᠲᠠᠷᠢᠶᠠᠴᠢᠨ ᠵᠦᠢᠷᠡᠢ ᠬᠦᠦ ᠳᠡᠭᠡᠨ ᠬᠠᠷᠴᠠᠭᠠᠢ᠂ ᠪᠦᠷᠭᠦᠳ ᠭᠡᠳᠡᠭ ᠨᠡᠷ᠎ᠡ ᠬᠠᠶᠢᠷᠠᠯᠠᠬᠰᠠᠨ ᠨᠢ ᠲᠠᠦᠯᠠᠢ ᠶᠢᠨ ᠵᠣ ᠶᠢᠨ | ᠲᠠᠷᠣᠯᠭ᠎ᠠ ᠪᠣᠯᠣᠭᠠᠳ ᠦᠭᠡᠶᠢᠷᠡᠭᠰᠡᠨ ᠦᠭᠡᠢ ᠮᠦᠷᠳᠡᠭᠡᠳ ᠪᠠᠶᠠᠵᠢᠬᠰᠠᠨ ᠣᠴᠢᠷ ᠨᠢ ᠡᠨᠡ ᠪᠠᠶᠢᠵᠠᠢ︾ ᠭᠡᠪᠡ᠃ | ᠡᠭᠦᠨ ᠠᠴᠠ ᠭᠠᠳᠠᠨ᠎ᠠ ᠬᠤᠷᠴᠢᠨ ᠠᠷᠠᠳ ᠤᠨ ᠲᠠᠭᠤᠣ ︽ᠵᠠᠭᠠᠨ᠎ᠠ ᠪᠠᠯᠵᠢᠨᠢᠮ᠎ᠠ︾ ᠳᠤ ᠬᠤᠷᠴᠢᠨ ᠵᠡᠭᠦᠨ ᠭᠠᠷᠣᠨ | ᠬᠤᠶᠢᠳᠦ ᠬᠤᠰᠢᠭᠤᠨ ᠤ ᠱᠣᠩᠬᠤᠷ ᠠᠭᠤᠯᠠᠨ ᠳᠤ ᠰᠣᠪᠣᠷᠭ᠎ᠠ ᠪᠣᠰᠬᠠᠬᠰᠠᠨ ᠲᠣᠬᠠᠢ ︽ᠠᠯᠳᠠᠨ ᠭᠤᠷᠭᠤᠤᠯᠳᠠᠢ ᠶᠢᠨ | ᠲᠣᠩᠭᠤᠳᠣᠬᠰᠠᠨ ᠨᠠᠪᠳᠠᠬ ᠰᠠᠪᠳᠠᠬ ᠢ ᠨᠢ ᠲᠠᠷᠣᠨ᠎ᠠ ᠭᠡᠳ ᠠᠷᠪᠠᠨ ᠭᠤᠷᠪᠠᠨ ᠦᠶᠡᠳᠦ ᠠᠯᠳᠠᠨ ᠰᠣᠪᠣᠷᠭ᠎ᠠ ᠶᠢ | ᠱᠣᠩᠬᠤᠷ ᠤᠨ ᠠᠭᠤᠯᠠᠨ ᠳᠤ ᠪᠣᠰᠬᠠᠯ᠎ᠠ︾ ᠭᠡᠵᠦ ᠲᠠᠭᠤᠯᠠᠳᠠᠬ᠃ ᠪᠠᠰᠠ ︽ᠲᠣᠬᠳᠠᠬᠤ︾ ᠭᠡᠬᠦ ᠠᠷᠠᠳ ᠤᠨ | ᠲᠠᠭᠤᠣ ᠳᠤ ︽ᠲᠠᠬᠤ ᠶᠢᠨ ᠬᠤᠳᠠ ᠶᠢᠨ ᠨᠠᠪᠳᠠᠬ ᠰᠠᠪᠳᠠᠬ ᠢ ᠲᠠᠷᠣᠨ᠎ᠠ ᠭᠡᠳ ᠲᠠᠶᠢᠽᠦ᠋ᠡᠭ ᠬᠠᠭᠠᠨ ᠤ ᠮᠡᠷᠭᠡᠨ | ᠪᠠᠭᠰᠢ ᠰᠢᠤᠢ ᠮᠣᠣ ᠭᠦᠡᠭ ᠠᠴᠠ ᠲᠠᠪᠣᠨ ᠦᠶᠡᠳᠦ ᠡᠷᠳᠡᠨᠢ ᠶᠢᠨ ᠰᠣᠪᠣᠷᠭ᠎ᠠ ᠪᠣᠰᠬᠠᠬᠰᠠᠨ ᠲᠣᠬᠠᠢ︾ ᠶᠠᠷᠢᠳᠠᠬ᠃ | ᠡᠭᠦᠨ ᠠᠴᠠ ᠭᠠᠳᠠᠨ᠎ᠠ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠰᠣᠪᠣᠷᠭᠠᠨᠳᠠᠯᠠ ᠭᠡᠳᠡᠭ ᠠᠶᠢᠯ ᠳᠤ ᠰᠣᠪᠣᠷᠭ᠎ᠠ | ᠪᠣᠰᠬᠠᠬᠰᠠᠨ ᠲᠣᠬᠠᠢ ᠠᠷᠠᠳ ᠤᠨ ᠲᠣᠮᠳᠠ ᠡᠶᠢᠮᠦ ᠨᠢᠭᠡ ᠦᠯᠢᠭᠡᠷ ᠣᠯᠠᠮᠵᠢᠯᠬᠠᠳᠠᠵᠦ ᠪᠠᠶᠢᠨ᠎ᠠ᠃ ︽ᠰᠣᠪᠣᠷᠭᠠᠨᠳᠠᠯᠠ | ᠭᠡᠳᠡᠭ ᠠᠶᠢᠯ ᠳᠤ ᠣᠣᠯ ᠨᠢ ᠴᠣᠬᠤᠷ ᠬᠠᠯᠬ᠎ᠠ ᠶᠢᠨ ᠬᠤᠰᠢᠭᠤᠨ ᠤ ᠵᠠᠬᠢᠷᠣᠬᠴᠢ ᠰᠠᠭᠤᠵᠦ ᠪᠠᠶᠢᠬᠰᠠᠨ ᠭᠡᠨ᠎ᠡ᠃ | ᠰᠣᠪᠣᠷᠭᠠᠨᠳᠠᠯᠠ ᠠᠶᠢᠯ ᠤᠨ ᠨᠠᠪᠳᠠᠬ ᠰᠠᠪᠳᠠᠬ ᠨᠢ ᠨᠣᠭᠤᠭᠠᠨ ᠮᠣᠷᠢ ᠪᠣᠯᠬᠤᠷ ᠵᠠᠬᠢᠷᠣᠬᠴᠢ ᠶᠢᠨ ᠦᠬᠡᠷ ᠮᠠᠯ ᠨᠢ | ᠦᠨᠢᠷ ᠦᠰᠴᠦ ᠠᠳᠣᠭᠤᠨ ᠤ ᠬᠢᠨᠢ ᠲᠣᠮᠳᠠ ᠠᠴᠠ ᠨᠢ ᠵᠢᠭᠦᠷᠳᠦ ᠬᠦᠯᠦᠭ ᠭᠠᠷᠣᠬᠰᠠᠨ ᠪᠠᠶᠢᠵᠠᠢ᠃ ᠵᠠᠬᠢᠷᠣᠬᠴᠢ | ᠭᠤᠸᠠᠢ ᠮᠠᠨᠵᠦ ᠶᠢᠨ ᠬᠠᠭᠠᠨ ᠲᠠᠢ ᠪᠠᠷᠠᠭᠠᠳᠠᠬᠤ ᠭᠡᠪᠡᠯ ᠵᠢᠭᠦᠷᠳᠦ ᠬᠦᠯᠦᠭ ᠲᠡᠭᠡᠨ ᠮᠣᠷᠳᠠᠭᠠᠳ ᠭᠠᠷᠪᠠᠯ ᠪᠡᠭᠡᠵᠢᠩ | ᠬᠤᠳᠠ ᠳᠤ ᠨᠠᠷᠠ ᠮᠠᠨᠳᠣᠬᠤ ᠠᠴᠠ ᠡᠮᠦᠨ᠎ᠡ ᠬᠦᠷᠴᠦ ᠬᠠᠭᠠᠨ ᠲᠠᠢ ᠪᠠᠷᠠᠭᠠᠳᠠᠨ ᠣᠴᠠᠷᠠᠭᠠᠳ ᠦᠳᠡ ᠶᠢᠨ ᠨᠠᠷᠠ | ᠪᠣᠯᠬᠤ ᠠᠴᠠ ᠡᠮᠦᠨ᠎ᠡ ᠭᠡᠷ ᠲᠡᠭᠡᠨ ᠪᠣᠴᠠᠭᠠᠳ ᠢᠷᠡᠴᠢᠬᠡᠳᠡᠭ ᠭᠡᠨ᠎ᠡ᠃ ᠨᠢᠭᠡᠨ ᠡᠳᠦᠷ ᠵᠠᠬᠢᠷᠣᠬᠴᠢ ᠨᠣᠶᠠᠨ ᠢ | ᠬᠠᠭᠠᠨ ᠲᠠᠢ ᠪᠠᠷᠠᠭᠠᠳᠠᠬᠤ ᠦᠶ᠎ᠡ ᠳᠤ ᠬᠠᠭᠠᠨ ᠤ ᠯᠣᠣ ᠶᠢᠨ ᠰᠢᠷᠡᠭᠡ ᠨᠢ ᠭᠡᠨᠡᠳᠳᠡ ᠲᠣᠯᠬᠢᠰᠣᠨ ᠬᠦᠳᠡᠯᠦᠭᠰᠡᠨ ᠳᠤ | ᠡᠵᠡᠨ ᠬᠠᠭᠠᠨ ᠶᠡᠬᠡᠳᠡ ᠰᠣᠴᠢᠭᠠᠳ ᠵᠠᠬᠢᠷᠣᠬᠴᠢ ᠶᠢ ᠭᠠᠷᠣᠬᠰᠠᠨ ᠤ ᠲᠠᠷᠤᠭ᠎ᠠ ᠮᠡᠷᠭᠡᠨ ᠲᠦᠰᠢᠮᠡᠳ ᠠᠴᠠ ᠪᠠᠨ | ᠠᠰᠠᠭᠤᠪᠠ᠃ ᠮᠡᠷᠭᠡᠨ ᠲᠦᠰᠢᠮᠡᠯ ᠨᠢ ᠬᠤᠷᠣᠭᠤ ᠲᠠᠷᠣᠵᠦ ᠬᠢᠮᠦᠰᠣ ᠨᠢᠰᠠᠯᠣᠬᠰᠠᠨ ᠢᠶᠠᠨ ︿ᠰᠣᠪᠣᠷᠭᠠᠨᠳᠠᠯᠠ ᠶᠢᠨ | ᠨᠠᠪᠳᠠᠬ ᠰᠠᠪᠳᠠᠬ ᠨᠢ ᠨᠣᠭᠤᠭᠠᠨ ᠦᠡᠭᠭᠡᠳᠦ ᠬᠤᠪᠢᠯᠭᠠᠨ ᠮᠣᠷᠢ ᠪᠣᠯᠣᠨ᠎ᠠ᠃ ᠡᠵᠡᠨ ᠬᠠᠭᠠᠨ ᠬᠡᠷᠪᠡ ᠨᠠᠪᠳᠠᠬ | ᠰᠠᠪᠳᠠᠬ ᠢ ᠨᠢ ᠲᠠᠷᠣᠵᠦ ᠰᠣᠪᠣᠷᠭ᠎ᠠ ᠪᠣᠰᠬᠠᠬᠤ ᠦᠭᠡᠢ ᠪᠣᠯ ᠡᠨᠡ ᠬᠦ ᠭᠠᠵᠠᠷ ᠠᠴᠠ ᠬᠠᠭᠠᠨ ᠲᠦᠷᠦ ᠶᠢ ᠪᠣᠯᠢᠶᠠᠬᠤ | ᠬᠦᠴᠦᠳᠦ ᠡᠷ᠎ᠡ ᠭᠠᠷᠬᠤ ᠪᠣᠯᠣᠨ᠎ᠠ﹀ ᠭᠡᠵᠦ ᠮᠡᠳᠡᠭᠦᠯᠦᠭᠰᠡᠨ ᠠᠴᠠ ᠮᠠᠨᠵᠣ ᠶᠢᠨ ᠬᠠᠭᠠᠨ ᠶᠡᠬᠡᠳᠡ ᠰᠠᠨᠳᠣᠷᠴᠦ ᠠᠷᠪᠠᠨ | ᠨᠠᠢᠮᠠᠨ ᠨᠠᠰᠣᠳᠠᠢ ᠬᠡᠦᠬᠡᠨ ᠢ ᠠᠮᠢᠳᠦ ᠪᠠᠷ ᠨᠢ ᠪᠣᠯᠠᠵᠦ ᠪᠠᠶᠢᠭᠠᠳ ᠨᠠᠪᠳᠠᠬ ᠰᠠᠪᠳᠠᠬ ᠢ ᠨᠢ ᠲᠠᠷᠣᠬᠤ ᠰᠣᠪᠣᠷᠭ᠎ᠠ | ᠪᠣᠰᠬᠠᠬᠰᠠᠨ ᠭᠡᠨ᠎ᠡ᠃ ᠪᠠᠰᠠ ᠬᠦᠷᠢᠶ᠎ᠡ ᠬᠤᠰᠢᠭᠤᠨ ᠤ ᠭᠠᠭ᠋ᠠᠢ ᠶᠢᠨ ᠠᠭᠤᠯᠠ ᠶᠢᠨ ᠨᠠᠪᠳᠠᠬ ᠰᠠᠪᠳᠠᠬ ᠨᠢ ᠠᠷᠪᠠᠨ | ᠬᠤᠶᠠᠷ ᠲᠣᠷᠣᠢ ᠲᠠᠢ ᠠᠯᠳᠠᠨ ᠭᠠᠭ᠋ᠠᠢ ᠭᠡᠬᠦ᠂ ᠲᠠᠯᠣ ᠶᠢᠨ ᠠᠭᠤᠯᠠ ᠶᠢᠨ ᠨᠠᠪᠳᠠᠬ ᠰᠠᠪᠳᠠᠬ ᠨᠢ ᠠᠯᠳᠠᠨ ᠪᠢᠯᠵᠣᠣᠬᠠᠢ | ᠭᠡᠬᠦ ᠁ ᠮᠡᠳᠦ ᠶᠢᠨ ᠣᠯᠠᠨ ᠣᠯᠠᠨ ᠨᠠᠪᠳᠠᠭ ᠰᠠᠪᠳᠠᠬ ᠤᠨ ᠲᠣᠬᠠᠢ ᠦᠯᠢᠭᠡᠷ ᠲᠣᠮᠤᠬ ᠬᠤᠷᠴᠢᠨ ᠨᠣᠳᠤᠬ ᠲᠤ | ᠶᠠᠷᠢᠬᠳᠠᠵᠦ᠂ ᠲᠠᠭᠤᠯᠠᠬᠳᠠᠵᠦ᠂ ᠣᠯᠠᠮᠵᠢᠯᠠᠬᠳᠠᠬᠰᠠᠭᠠᠷ ᠪᠠᠶᠢᠨ᠎ᠠ᠃ ᠬᠤᠷᠴᠢᠨ ᠤ ᠵᠠᠷᠢᠮ ᠭᠠᠵᠠᠷ ᠲᠤ ᠪᠠᠰᠠ ᠨᠠᠪᠳᠠᠬ | ᠰᠠᠪᠳᠠᠬ ᠨᠢ ᠬᠦᠮᠦᠨ ᠤ ᠲᠦᠷᠢ ᠪᠠᠷ ᠢᠯᠡᠷᠡᠳᠡᠭ᠃ ᠵᠢᠱᠢᠶᠡᠯᠡᠪᠡᠯ ᠬᠤᠷᠴᠢᠨ ᠪᠠᠷᠠᠭᠤᠨ ᠭᠠᠷᠣᠨ ᠲᠣᠮᠳᠠᠳᠦ | ᠬᠤᠰᠢᠭᠤᠨ ᠤ ᠪᠠᠯᠵᠣᠣᠷ ᠭᠡᠳᠡᠭ ᠠᠶᠢᠯ ᠨᠢ ᠪᠠᠯᠵᠣᠣᠷ ᠭᠡᠳᠡᠭ ᠪᠠᠶᠠᠨ ᠪᠣᠰᠤᠭ᠎ᠠ ᠪᠤᠡᠭ ᠪᠣᠰᠣᠭᠠᠳ ᠡᠨᠡ ᠭᠠᠵᠠᠷ | ᠲᠠᠷᠣᠬᠰᠠᠨ ᠠᠴᠠ ᠡᠭᠦᠰᠦᠯᠳᠡᠢ ᠭᠡᠳᠡᠭ᠃ | ᠦᠯᠢᠭᠡᠷ ᠲᠣᠮᠤᠬ ᠨᠢ ᠬᠡᠳᠦ᠋ᠢᠪᠡᠷ ᠪᠣᠳᠠᠳᠠᠢ ᠵᠦᠢᠯ ᠲᠠᠢ ᠨᠡᠶᠢᠴᠡᠬᠦ ᠦᠭᠡᠢ ᠵᠦᠢᠯ ᠣᠯᠠᠨ ᠪᠠᠶᠢᠭ᠎ᠠ ᠪᠣᠯᠪᠠᠴᠦ | ᠦᠨᠡᠨ ᠣᠴᠢᠷ ᠠᠴᠠ ᠡᠭᠦᠰᠦᠯᠲᠠᠢ ᠭᠡᠳᠡᠭ᠃ ᠪᠢᠳᠡ ᠨᠣᠳᠤᠬ ᠣᠰᠣᠨ ᠤ ᠦᠯᠢᠭᠡᠷ ᠵᠢᠴᠢ ᠠᠷᠠᠳ ᠤᠨ ᠲᠠᠭᠤᠣ | ᠵᠡᠷᠭᠡ ᠠᠴᠠ ᠨᠣᠳᠤᠬ ᠣᠰᠣᠨ ᠤ ᠵᠠᠩ ᠠᠭᠠᠯᠢ᠂ ᠠᠮᠢᠳᠣᠷᠠᠯ ᠤᠨ ᠠᠷᠭ᠎ᠠ ᠬᠡᠯᠪᠡᠷᠢ ᠵᠡᠷᠭᠡ ᠶᠢ ᠰᠢᠨᠵᠢᠨ ᠮᠡᠳᠡᠵᠦ | ᠪᠣᠯᠣᠨ᠎ᠠ᠃ | ᠶᠡᠷᠦᠩᠬᠡᠶᠢᠯᠡᠭᠡᠳ ᠬᠡᠯᠡᠪᠡᠯ᠂ ᠨᠠᠪᠳᠠᠬ ᠰᠠᠪᠳᠠᠬ ᠪᠣᠯ ᠡᠷᠳᠡᠨ ᠤ ᠭᠠᠵᠠᠷ ᠡᠳᠦᠭᠡᠨ ᠠᠴᠠ ᠡᠭᠦᠰᠦᠯᠲᠠᠢ ᠨᠢ ᠦᠨᠡᠨ | ᠃ ︽ᠮᠣᠩᠭᠤᠯ ᠤᠨ ᠨᠢᠭᠤᠴᠠ ᠲᠣᠪᠴᠢᠶᠠᠨ︾ ᠳᠤ ᠲᠡᠮᠳᠡᠭᠯᠡᠵᠦ ᠪᠠᠶᠢᠬᠤ ︽ᠭᠠᠵᠠᠷ ᠣᠰᠣᠨ ᠤ ᠡᠵᠡᠳ ᠬᠠᠭᠠᠳ︾ | ᠭᠡᠳᠡᠭ ᠣᠢᠢᠯᠠᠭᠠᠯᠳᠠ ᠪᠣᠯᠣᠨ ᠯᠠᠮᠠ ᠶᠢᠨ ᠱᠠᠰᠢᠨ ᠤ ᠭᠠᠵᠠᠷ ᠤᠨ ᠡᠵᠡᠳ ᠢ ᠰᠢᠳᠦᠬᠦ ᠣᠢᠢᠯᠠᠭᠠᠯᠳᠠ ᠶᠢᠨ | ᠣᠶᠣᠯᠳᠣᠯ ᠠᠴᠠ ᠨᠠᠪᠳᠠᠬ ᠰᠠᠪᠳᠠᠬ ᠤᠨ ᠭᠡᠳᠡᠭ ᠣᠢᠢᠯᠠᠭᠠᠯᠳᠠ ᠪᠣᠢ ᠪᠣᠯᠵᠠᠢ᠃ | ᠬᠤᠷᠴᠢᠨ ᠲᠠᠷᠢᠶᠠᠴᠢᠳ ᠤᠨ ᠨᠠᠪᠳᠠᠬ ᠰᠠᠪᠳᠠᠬ ᠢ ᠰᠢᠳᠦᠬᠦ ᠶᠢᠨ ᠣᠴᠢᠷ | ᠨᠠᠪᠳᠠᠬ ᠰᠠᠪᠳᠠᠬ ᠨᠢ ᠬᠤᠷᠴᠢᠨ ᠮᠣᠩᠭᠤᠯᠴᠣᠳ ᠤᠨ ᠵᠠᠩ ᠦᠢᠯᠡ ᠳᠤ ᠦᠷᠭᠦᠯᠵᠢ ᠬᠤᠯᠪᠣᠬᠳᠠᠳᠠᠬ ᠰᠢᠳᠦᠭᠡᠨ | ᠪᠣᠯᠣᠨ᠎ᠠ᠃ ᠭᠡᠪᠡᠴᠦ ᠬᠤᠷᠴᠢᠨᠴᠣᠳ ᠨᠠᠪᠳᠠᠬ ᠰᠠᠪᠳᠠᠬ ᠢ ᠪᠣᠰᠣᠳ ᠦᠨᠳᠦᠰᠦᠳᠡᠨ ᠤ ᠬᠢ ᠰᠢᠬ ︿ᠭᠠᠵᠠᠷ ᠤᠨ | ᠡᠵᠡᠨ﹀ ᠤ ᠰᠦᠮ᠎ᠡ ᠪᠣᠰᠬᠠᠵᠦ ᠲᠠᠬᠢᠵᠦ ᠪᠠᠶᠢᠭ᠎ᠠ ᠨᠢ ᠣᠳᠣ ᠪᠣᠯᠳᠠᠯ᠎ᠠ ᠬᠠᠷᠠᠬᠳᠠᠭᠠ ᠦᠭᠡᠢ ᠪᠠᠶᠢᠬᠰᠠᠭᠠᠷ᠃ | ᠬᠤᠷᠴᠢᠨᠴᠣᠳ ᠨᠠᠪᠳᠠᠬ ᠰᠠᠪᠳᠠᠬ ᠢ ᠲᠠᠬᠢᠵᠦ ᠪᠠᠶᠠᠰᠬᠠᠬᠤ ᠳᠠᠭᠠᠨ ᠦᠪᠡᠷ ᠤᠨ ᠢᠶᠠᠨ ᠭᠡᠰᠡᠨ ᠵᠠᠩ ᠵᠠᠩᠰᠢᠯ ᠶᠣᠰᠣ | ᠭᠤᠷᠢᠮ ᠪᠠᠶᠢᠳᠠᠬ᠃ ᠡᠭᠦᠨ ᠳᠤ ᠰᠢᠨ᠎ᠡ ᠨᠣᠳᠤᠬ ᠲᠤ ᠪᠠᠭᠤᠪᠠᠯ ᠨᠠᠪᠳᠠᠬ ᠰᠠᠪᠳᠠᠬ ᠲᠤ ᠴᠠᠭᠠᠨ ᠪᠠᠯᠢᠩ ᠡᠷᠭᠦᠳᠡᠭ᠃ | ᠠᠶᠠᠨ ᠤ ᠬᠦᠮᠦᠰ ᠨᠠᠪᠳᠠᠬ ᠰᠠᠪᠳᠠᠬ ᠠᠴᠠ ᠡᠮᠢᠶᠡᠨ ᠵᠣᠣᠬᠠᠨ ᠨᠦᠬᠡ ᠪᠠᠨ ᠡᠷᠡᠭᠦᠯ ᠬᠦᠷᠦᠰᠦ ᠪᠠᠷ ᠨᠢ ᠡᠳᠡᠭᠡᠭᠡᠵᠦ | ᠲᠠᠯᠪᠢᠳᠠᠬ᠃ ᠶᠠᠮᠠᠷ ᠴᠦ ᠦᠶ᠎ᠡ ᠬᠠᠮᠢᠶ᠎ᠠ ᠦᠭᠡᠢ ᠨᠦᠬᠡ ᠮᠠᠯᠳᠠᠬᠤ᠂ ᠭᠠᠵᠠᠷ ᠲᠤ ᠶᠠᠭᠤᠮ᠎ᠠ ᠵᠢᠷᠣᠬᠤ᠂ ᠭᠠᠵᠠᠷ ᠢ | ᠲᠣᠬᠰᠢᠬᠤ᠂ ᠴᠢᠴᠢᠯᠡᠬᠦ᠂ ᠲᠠᠰᠢᠭᠤᠷᠳᠠᠬᠤ ᠨᠢ ᠴᠡᠭᠡᠷ ᠲᠠᠢ ᠪᠠᠶᠢᠳᠠᠬ᠃ | ᠬᠤᠷᠴᠢᠨ ᠲᠠᠷᠢᠶᠠᠴᠢᠳ ᠠᠴᠠ ᠨᠠᠪᠳᠠᠬ ᠰᠠᠪᠳᠠᠬ ᠰᠠᠶᠢᠨ ᠭᠠᠵᠠᠷ ᠨᠣᠳᠣᠬᠯᠠᠬᠤ ᠪᠣᠶᠣ ᠬᠡᠭᠦᠷ ᠣᠡᠭᠭᠤᠨ | ᠲᠠᠯᠪᠢᠪᠠᠯ ᠠᠮᠢᠳᠣᠷᠠᠯ ᠠᠬᠤᠢ ᠨᠢ ᠲᠡᠭᠡᠭᠰᠢᠯᠡᠵᠦ ᠦᠷ᠎ᠡ ᠬᠤᠶᠢᠴᠢᠰ ᠠᠴᠠ ᠨᠢ ᠡᠷᠳᠡᠮᠳᠡᠨ᠂ ᠮᠡᠷᠭᠡᠳ᠂ ᠨᠣᠶᠠᠳ᠂ | ᠲᠦᠰᠢᠮᠡᠳ ᠴᠣᠯᠭᠤᠷᠠᠨ ᠭᠠᠷᠣᠨ᠎ᠠ ᠭᠡᠵᠦ ᠦᠵᠡᠳᠡᠭ ᠠᠴᠠ ᠨᠣᠳᠤᠬ ᠰᠢᠯᠵᠢᠬᠦ᠂ ᠣᠡᠭᠭᠤᠨ ᠲᠠᠯᠪᠢᠬᠤ ᠨᠠᠪᠳᠠᠬ | ᠰᠠᠪᠳᠠᠬ ᠲᠤ ᠬᠦᠷᠳᠡᠯ᠎ᠡ ᠦᠵᠡᠭᠡᠴᠢ ᠲᠦᠯᠭᠡᠴᠢ ᠪᠠᠷ ᠰᠢᠨᠵᠢᠭᠦᠯᠵᠦ ᠠᠶᠢᠯᠠᠳᠣᠭᠤᠯᠬᠤ ᠶᠢ ᠡᠷᠬᠢᠮᠯᠡᠳᠡᠭ᠃ | ᠵᠢᠱᠢᠶᠡᠯᠡᠪᠡᠯ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠴᠣᠬᠴᠢᠭᠦᠦ ᠭᠡᠬᠦ ᠠᠶᠢᠯ ᠤᠨ ᠡᠮᠦᠨ᠎ᠡ ᠵᠠᠬ᠎ᠠ ᠳᠤ ᠨᠢᠭᠡ | ᠵᠢᠵᠢᠭ ᠠᠯᠠᠭᠠᠬ ᠭᠠᠵᠠᠷ ᠪᠠᠶᠢᠳᠠᠬ᠃ ᠨᠣᠳᠤᠬ ᠤᠨ ᠬᠦᠮᠦᠰ ᠤᠨ ᠶᠠᠷᠢᠬᠤ ᠪᠠᠷ ᠵᠢᠵᠢᠭ ᠠᠯᠠᠭᠠᠬ ᠤᠨ ᠨᠠᠪᠳᠠᠬ ᠨᠢ | ᠠᠯᠠᠬ ᠱᠠᠭᠠᠵᠠᠭᠠᠢ ᠪᠣᠯᠬᠤᠷ ᠡᠨᠡ ᠭᠠᠵᠠᠷ ᠲᠤ ᠨᠣᠳᠣᠬᠰᠢᠪᠠᠯ ᠠᠯᠠᠬ ᠵᠢᠰᠦᠮ ᠤᠨ ᠮᠠᠯ ᠰᠠᠶᠢᠨ ᠦᠷᠡᠵᠢᠨ᠎ᠡ ᠭᠡᠳᠡᠭ᠃ | ᠭᠡᠪᠡᠴᠦ ᠡᠨᠡ ᠠᠯᠠᠭᠠᠬ ᠲᠤ ᠦᠰᠦ ᠪᠠᠨ ᠣᠷᠢᠶᠠᠬᠰᠠᠨ ᠡᠬᠡᠨᠡᠷ ᠬᠦᠮᠦᠨ ᠭᠤᠷᠪᠠ ᠠᠴᠠ ᠢᠯᠡᠭᠦᠦ ᠰᠠᠭᠤᠵᠦ | ᠲᠣᠬᠳᠠᠬᠤ ᠦᠭᠡᠢ ᠭᠡᠨ᠎ᠠ᠃ | ᠬᠤᠷᠴᠢᠨᠴᠣᠳ ᠪᠠᠰᠠ ᠨᠠᠪᠳᠠᠬ ᠰᠠᠪᠳᠠᠬ ᠨᠢ ᠲᠣᠬᠰᠢᠨ ᠭᠠᠵᠠᠷ ᠲᠤ ᠨᠣᠳᠣᠬᠯᠠᠬᠤ ᠠᠴᠠ ᠵᠠᠶᠢᠯᠠᠰᠭᠢᠵᠦ | ᠡᠶᠢᠮᠦᠷᠬᠦᠤ ᠭᠠᠵᠠᠷ ᠲᠤ ᠡᠳ᠋ᠯᠡᠬᠦ ᠪᠣᠶᠠᠨ ᠲᠠᠢ ᠬᠦᠮᠦᠨ ᠰᠠᠶ᠋ᠢ ᠨᠣᠳᠣᠬᠯᠠᠵᠦ ᠪᠣᠯᠬᠤ ᠠᠴᠠ ᠪᠢᠰᠢ ᠡᠭᠡᠯ ᠬᠦᠮᠦᠨ | ᠨᠣᠳᠣᠬᠯᠠᠪᠠᠯ ᠡᠪᠡᠳᠴᠢᠨ ᠵᠤᠪᠠᠯᠠᠩ ᠲᠠᠰᠣᠷᠠᠬᠤ ᠦᠭᠡᠢ ᠪᠣᠯᠬᠤ ᠪᠣᠶᠣ ᠦᠭᠡᠶᠢᠷᠡᠵᠦ ᠬᠤᠭᠤᠰᠣᠷᠠᠨ᠎ᠠ ᠭᠡᠳᠡᠭ᠃ | ᠲᠣᠰ ᠠᠶᠢᠯ ᠤᠨ ᠪᠠᠷᠠᠭᠤᠨ ᠵᠠᠬ᠎ᠠ ᠳᠤ ᠣᠣᠯ ᠳᠠᠭᠠᠨ ᠬᠠᠨᠵᠦ ᠰᠢᠬ ᠲᠡᠭᠰᠢᠬᠡᠨ ᠠᠯᠠᠭᠠᠬ ᠭᠠᠵᠠᠷ ᠪᠠᠶᠢᠬᠰᠠᠨ ᠠᠴᠠ | ᠬᠦᠮᠦᠰ ︽ᠬᠠᠨᠵᠦ ᠶᠢᠨ ᠠᠯᠠᠭᠠᠬ︾ ᠭᠡᠵᠦ ᠨᠡᠷᠡᠯᠡᠳᠡᠭ ᠪᠠᠶᠢᠬᠰᠠᠨ ᠭᠡᠨ᠎ᠡ᠃ ᠨᠣᠳᠤᠬ ᠤᠨ ᠪᠣᠭᠤᠷᠣᠯᠴᠣᠳ ᠤᠨ | ᠬᠠᠭᠤᠴᠢᠯᠠᠬᠤ ᠪᠠᠷ᠄ ︽ᠬᠠᠨᠵᠣ ᠶᠢᠨ ᠠᠯᠠᠭᠠᠬ ᠤᠨ ᠨᠠᠪᠳᠠᠬ ᠰᠠᠪᠳᠠᠬ ᠨᠢ ᠨᠠᠢᠮᠠᠨ ᠬᠦᠯᠢᠰ ᠤᠨ ᠲᠣᠮᠳᠠ | ᠠᠷᠬᠢᠷᠠᠬᠰᠠᠨ ᠴᠠᠭᠠᠨ ᠪᠠᠷᠰ ᠪᠣᠯᠬᠤᠷ ᠶᠡᠭᠡ ᠲᠣᠬᠰᠢᠨ ᠶᠣᠮ᠃ ᠴᠢᠩ ᠣᠯᠣᠰ ᠤᠨ ᠰᠡᠭᠦᠯᠴᠢ ᠶᠢᠨ ᠦᠶ᠎ᠡ ᠪᠠᠷ | ᠬᠠᠭᠠᠨ ᠡᠵᠡᠨ ᠤ ᠨᠣᠳᠤᠬ ᠰᠢᠨᠵᠢᠭᠡᠴᠢ ᠲᠦᠰᠢᠮᠡᠯ ᠨᠢ ᠬᠠᠨᠵᠦ ᠶᠢᠨ ᠠᠯᠠᠭᠠᠬ ᠢᠶᠠᠷ ᠦᠡᠭᠭᠡᠷᠡᠬᠦ ᠦᠶᠡᠰ ᠡᠨᠡ ᠭᠠᠵᠠᠷ | ᠶᠡᠭᠡ ᠰᠠᠯᠬᠢ ᠲᠡᠭᠳᠡᠵᠦ ᠶᠠᠪᠣᠬᠤ ᠵᠠᠮ ᠳᠤᠨᠢ ᠬᠠᠷᠰᠢ ᠰᠠᠭᠠᠳ ᠣᠴᠡᠷᠡᠭᠤᠯᠣᠬᠰᠠ ᠭᠡᠨ᠎ᠡ᠃ ᠰᠢᠨᠵᠢᠭᠡᠴᠢ ᠠᠴᠠ ᠡᠨᠡ | ᠭᠠᠵᠠᠷ ᠢ ᠨᠠᠷᠢᠨ ᠰᠢᠨᠵᠢᠭᠡᠳ ᠨᠠᠪᠳᠠᠬ ᠰᠠᠪᠳᠠᠬ ᠨᠢ ᠠᠮᠠ ᠪᠠᠨ ᠠᠩᠭᠠᠢᠢᠬᠰᠠᠨ ᠴᠠᠭᠠᠨ ᠪᠠᠷᠰ ᠪᠣᠯᠬᠤ ᠶᠢ ᠮᠡᠳᠡᠭᠡᠳ | ᠶᠡᠬᠡᠳᠡ ᠰᠣᠴᠢᠵᠦ ᠡᠵᠡᠨ ᠬᠤᠳᠠᠠ ᠳᠠᠭᠠᠨ ᠪᠣᠴᠠᠬᠰᠠᠨ ᠤ ᠪᠠᠨ ᠲᠠᠷᠠᠭ᠎ᠠ ︿ᠴᠣᠬᠤᠷ ᠬᠠᠯᠬ᠎ᠠ ᠶᠢᠨ ᠬᠠᠷᠢᠶᠠᠳᠦ | ᠭᠠᠵᠠᠷ ᠲᠤ ᠴᠠᠭᠠᠨ ᠪᠠᠷᠰ ᠠᠮᠠ ᠪᠠᠨ ᠠᠩᠭᠠᠢᠢᠬᠰᠠᠨ ᠨᠠᠪᠳᠠᠬ ᠰᠠᠪᠳᠠᠬ ᠲᠠᠢ ᠬᠠᠨᠵᠦ ᠰᠢᠬ ᠲᠡᠭᠰᠢᠬᠡᠨ ᠭᠠᠵᠠᠷ ᠢ | ᠬᠠᠷᠠᠯ᠎ᠠ᠃ ᠡᠨᠡ ᠭᠠᠵᠠᠷ ᠰᠦᠮ᠎ᠡ ᠪᠣᠰᠬᠠᠵᠦ ᠲᠠᠷᠣᠯᠭ᠎ᠠ ᠬᠢᠬᠦ ᠦᠬᠡᠢ ᠪᠣᠯ ᠵᠠᠭᠤᠨ ᠵᠢᠯ ᠤᠨ ᠲᠠᠷᠠᠭ᠎ᠠ ᠡᠨᠡ | ᠨᠣᠳᠤᠬ ᠲᠤ ᠰᠦᠰᠦ ᠶᠡᠭᠡ ᠬᠦᠮᠦᠨ ᠲᠦᠷᠦᠵᠦ ᠬᠠᠭᠠᠨ ᠲᠦᠷᠦ ᠲᠠᠢ ᠬᠠᠷᠰᠢᠯᠳᠣᠬᠤ ᠲᠠᠶᠢᠰᠣᠨ ᠪᠣᠰᠬᠤ ᠪᠣᠯᠣᠨ᠎ᠠ﹀ | ᠭᠡᠵᠦ ᠪᠣᠬᠳᠠ ᠡᠵᠡᠨ ᠳᠡᠭᠡᠨ ᠮᠡᠳᠡᠭᠦᠯᠦᠭᠰᠡᠨ ᠠᠴᠠ ᠣᠯᠣᠰ ᠤᠨ ᠰᠠᠩ ᠠᠴᠠ ᠡᠳ᠋ ᠮᠦᠡᠭᠬᠦ ᠭᠠᠷᠭᠠᠵᠦ ᠬᠠᠨᠵᠦ ᠶᠢᠨ | ᠠᠯᠠᠭᠠᠬ ᠤᠨ ᠪᠠᠷᠠᠭᠤᠨ ᠬᠤᠶᠢᠳᠦ ᠲᠠᠯ᠎ᠠ ᠳᠤ ᠨᠢᠭᠡᠨ ᠨᠡᠢᠮᠠᠨ ᠲᠠᠯᠠᠳᠦ ᠰᠦᠮ᠎ᠡ ᠪᠣᠰᠬᠠᠬᠤ ᠪᠠᠷ ᠪᠣᠯᠵᠠᠢ᠃ ᠬᠠᠭᠠᠨ ᠤ | ᠵᠠᠷᠯᠢᠬ ᠢᠶᠠᠷ ᠢᠷᠡᠭᠰᠡᠨ ᠪᠠᠷᠢᠯᠭᠠᠴᠢᠳ ᠠᠴᠠ ᠬᠤᠶᠠᠷ ᠭᠤᠷᠪᠠᠨ ᠰᠠᠷ᠎ᠠ ᠶᠢᠨ ᠬᠤᠭᠤᠴᠠᠭ᠎ᠠ ᠬᠡᠷᠡᠭᠰᠡᠵᠦ ᠰᠦᠮ᠎ᠡ ᠶᠢ | ᠠᠷᠠᠢ ᠭᠡᠵᠦ ᠪᠣᠰᠬᠠᠭᠠᠳ ᠪᠠᠶᠢᠳᠠᠯ᠎ᠠ ᠭᠡᠨᠡᠳᠳᠡ ᠪᠠᠷ ᠬᠦᠷᠦᠰᠦᠳᠦ ᠭᠠᠵᠠᠷ ᠲᠣᠷᠭᠢᠨ ᠴᠡᠴᠡᠷᠡᠵᠦ ᠪᠣᠰᠬᠠᠬᠰᠠᠨ ᠨᠠᠢᠮᠠᠨ | ᠲᠠᠯᠠᠳᠦ ᠰᠦᠮ᠎ᠡ ᠨᠢ ᠪᠦᠬᠦᠨ ᠢᠶᠠᠷ ᠢᠶᠠᠨ ᠶᠡᠭᠦᠷᠡᠵᠦ ᠣᠨᠠᠬᠰᠠᠨ ᠭᠡᠨ᠎ᠡ᠃ ᠬᠤᠶᠠᠳᠣᠭᠠᠷ ᠣᠳᠠᠭ᠎ᠠ ᠨᠢ | ᠪᠠᠷᠢᠯᠭᠠᠴᠢᠳ ᠠᠴᠠ ᠰᠦᠮ᠎ᠡ ᠶᠢᠨ ᠬᠡᠷᠡᠮ ᠢ ᠬᠠᠭᠠᠰ ᠪᠣᠰᠬᠠᠭᠠᠳ ᠪᠠᠶᠢᠳᠠᠯ᠎ᠠ ᠶᠡᠭᠡ ᠰᠠᠯᠬᠢ ᠬᠦᠳᠡᠯᠵᠦ ᠪᠣᠰᠬᠠᠬᠰᠠᠨ | ᠬᠡᠷᠡᠮ ᠢ ᠨᠢ ᠬᠤᠬ ᠲᠠᠰᠣ ᠬᠡᠶᠢᠰᠭᠡᠵᠦ ᠣᠷᠬᠢᠬᠰᠠᠨ ᠭᠡᠨ᠎ᠡ᠃ ᠭᠤᠷᠪᠠᠳᠣᠭᠠᠷ ᠣᠳᠠᠭ᠎ᠠ ᠨᠢ ᠰᠦᠮ᠎ᠡ ᠶᠢᠨ ᠰᠠᠭᠤᠷᠢ ᠶᠢ | ᠠᠷᠠᠢ ᠭᠡᠵᠦ ᠲᠠᠯᠪᠢᠵᠦ ᠲᠠᠭᠤᠰᠳᠠᠯ᠎ᠠ ᠡᠯᠡᠰᠦᠨ ᠰᠢᠭᠤᠷᠭ᠎ᠠ ᠬᠤᠮᠠᠬ ᠰᠢᠷᠣᠢ ᠪᠣᠳᠠᠷᠠᠭᠠᠳ ᠰᠦᠮ᠎ᠡ ᠶᠢᠨ ᠰᠠᠭᠤᠷᠢ ᠶᠢ | ᠪᠦᠬᠦᠨ ᠢᠶᠠᠷ ᠨᠢ ᠡᠯᠡᠰᠦ ᠰᠢᠷᠣᠢ ᠪᠠᠷ ᠲᠠᠷᠣᠵᠦ ᠬᠠᠶᠠᠭᠠᠳ ᠶᠡᠭᠡ ᠮᠠᠩᠬ᠎ᠠ ᠪᠣᠯᠭᠠᠬᠰᠠᠨ ᠠᠴᠠ ᠡᠨᠡ ᠭᠠᠵᠠᠷ ᠰᠦᠮ᠎ᠡ | ᠪᠣᠰᠬᠠᠵᠦ ᠲᠡᠶᠢᠯᠦᠭᠰᠡᠨ ᠦᠭᠡᠢ ᠭᠡᠳᠡᠭ᠃ ᠴᠢᠯᠦᠭᠡᠯᠡᠭᠳᠡᠭᠰᠡᠨ ᠤ ᠲᠠᠷᠠᠭ᠎ᠠ ᠨᠢᠭᠡᠨ ᠰᠦᠰᠦ ᠪᠦᠳᠦᠭᠦᠨ ᠲᠠᠷᠢᠶᠠᠴᠢᠨ | ᠡᠷ᠎ᠡ ᠪᠣᠰᠣᠳ ᠤᠨ ᠬᠤᠷᠢᠬᠯᠠᠬᠤ ᠶᠢ ᠰᠣᠨᠣᠰᠣᠯ ᠦᠭᠡᠢ ᠪᠠᠷ ᠡᠨᠡ ᠭᠠᠵᠠᠷ ᠲᠤ ᠨᠣᠳᠣᠬᠯᠠᠬᠤ ᠭᠡᠵᠦ ᠭᠡᠷ ᠪᠣᠰᠬᠠᠭᠠᠳ | ᠠᠷᠠᠢ ᠬᠤᠶᠠᠷ ᠬᠤᠨᠣᠬᠰᠠᠨ ᠦᠭᠡᠢ ᠪᠠᠷ ᠡᠷᠦᠬᠡ ᠭᠡᠷ ᠤᠨ ᠬᠢᠨᠢ ᠡᠷᠡᠭᠳᠡᠢ ᠡᠮᠡᠭᠳᠡᠢ ᠢᠯᠭᠠᠯ ᠦᠭᠡᠢ ᠦᠰᠦ ᠨᠢ | ᠪᠦᠬᠦᠨ ᠢᠶᠠᠷ ᠢᠶᠠᠨ ᠣᠨᠠᠭᠠᠳ ᠭᠢᠯᠠᠶᠢᠮᠠ ᠬᠤᠵᠢᠭᠢᠷ ᠪᠣᠯᠣᠬᠰᠠᠨ ᠠᠴᠠ ᠶᠡᠬᠡᠯ᠎ᠡ ᠠᠶᠣᠵᠦ ᠨᠣᠳᠤᠬ ᠰᠢᠯᠵᠢᠭᠰᠡᠨ ᠶᠣᠮ | ᠃ ᠮᠠᠨ ᠤ ᠠᠶᠢᠯ ᠤᠨ ᠬᠢᠨᠢ ᠣᠳᠣ ᠪᠣᠯᠳᠠᠯ᠎ᠠ ᠡᠨᠡ ᠭᠠᠵᠠᠷ ᠤᠨ ᠨᠠᠪᠳᠠᠬ ᠰᠠᠪᠳᠠᠬ ᠢ ᠲᠣᠬᠰᠢᠨ ᠭᠡᠳ ᠨᠣᠳᠣᠬᠯᠠᠬᠰᠠᠨ | ᠬᠦᠮᠦᠨ ᠭᠠᠷᠤᠭ᠎ᠠ ᠦᠭᠡᠢ ᠪᠠᠶᠢᠬᠰᠠᠭᠠᠷ︾ ᠭᠡᠨ᠎ᠡ᠃ ᠪᠠᠰᠠ ︽ᠭᠠᠭ᠋ᠠᠢ ᠶᠢᠨ ᠠᠭᠤᠯᠠ ᠶᠢᠨ ᠨᠠᠪᠳᠠᠬ ᠰᠠᠪᠳᠠᠬ ᠨᠢ | ᠠᠷᠪᠠᠨ ᠬᠤᠶᠠᠷ ᠲᠣᠷᠣᠢ ᠲᠠᠢ ᠠᠯᠳᠠᠨ ᠮᠡᠭᠡᠵᠢ ᠪᠣᠯᠬᠤᠷ ᠵᠠᠩᠵᠣᠨ ᠬᠦᠮᠦᠨ ᠲᠡᠭᠡᠷ᠎ᠡ ᠨᠢ ᠭᠠᠷᠪᠠᠯ ᠬᠡᠢ ᠮᠣᠷᠢ ᠨᠢ | ᠬᠡᠪᠳᠡᠵᠦ ᠲᠠᠶᠢᠨ ᠳᠤ ᠢᠯᠠᠬᠳᠠᠨᠠ᠃ ᠭᠡᠪᠡᠴᠦ ᠠᠭᠤᠯᠠ ᠶᠢᠨ ᠲᠡᠭᠡᠷᠡᠬᠢ ᠬᠠᠳᠠᠨ ᠤ ᠬᠠᠬ ᠢ ᠨᠢ ᠬᠠᠮᠣᠵᠦ ᠠᠪᠣᠭᠠᠳ | ᠪᠣᠴᠠᠯᠣᠬᠰᠠᠨ ᠣᠰᠣ ᠪᠠᠷ ᠲᠠᠷᠣᠭᠤᠯᠵᠦ ᠣᠣᠭᠤᠪᠠᠯ ᠬᠦᠮᠦᠨ ᠤ ᠬᠦᠢᠳᠡᠨ ᠬᠡᠢ ᠡᠪᠡᠳᠴᠢᠨ ᠳᠤ ᠲᠣᠰᠠᠳᠠᠢ︾ ᠭᠡᠵᠦ | ᠨᠠᠰᠣᠳᠠᠶᠢᠴᠣᠣᠯ ᠬᠠᠭᠤᠴᠢᠯᠠᠳᠠᠬ᠃ | ᠬᠤᠷᠴᠢᠨᠴᠣᠳ ᠤᠨ ᠨᠣᠳᠤᠬ ᠣᠰᠣᠨ ᠤ ᠲᠣᠮᠤᠬ ᠲᠤ ᠡᠮᠦᠨ᠎ᠡ ᠭᠠᠵᠠᠷ ᠠᠴᠠ ᠢᠷᠡᠭᠰᠡᠨ ᠨᠣᠳᠤᠬ ᠣᠰᠣ | ᠰᠢᠡᠵᠢᠭᠴᠢ᠂ ᠬᠤᠳᠠᠯᠳᠣᠭᠠᠴᠢᠳ ᠮᠣᠩᠭᠤᠯ ᠣᠷᠣᠨ ᠤ ᠨᠠᠪᠳᠠᠬ ᠰᠠᠪᠳᠠᠬ ᠢ ᠬᠤᠯᠠᠭᠠᠢᠢᠯᠠᠬᠤ᠂ ᠡᠵᠡᠯᠡᠬᠦ᠂ | ᠰᠢᠯᠵᠢᠭᠦᠯᠬᠦ᠂ ᠲᠠᠷᠣᠬᠤ ᠦᠢᠯᠡ ᠶᠢ ᠣᠯᠠᠨ ᠦᠢᠯᠡᠳᠴᠡᠢ ᠭᠡᠳᠡᠭ᠃ ᠵᠢᠱᠢᠶᠡᠯᠡᠪᠡᠯ᠂ ᠬᠦᠷᠢᠶ᠎ᠡ ᠬᠤᠰᠢᠭᠤᠨ ᠤ | ᠲᠠᠯᠣ ᠶᠢᠨ ᠠᠭᠤᠯᠠᠨ ᠤ ᠨᠠᠪᠳᠠᠬ ᠰᠠᠪᠳᠠᠬ ᠨᠢ ᠠᠯᠳᠠᠨ ᠵᠢᠭᠦᠷᠳᠡᠢ ᠪᠢᠯᠵᠣᠣᠬᠠᠢ ᠶᠣᠮ ᠭᠡᠨ᠎ᠡ᠃ ᠡᠨᠡ ᠠᠭᠤᠯᠠᠨ ᠤ | ᠨᠠᠪᠳᠠᠬ ᠰᠠᠪᠳᠠᠬ ᠢ ᠨᠢᠭᠡᠨ ᠨᠠᠨᠮᠠᠨᠽᠢ ᠰᠢᠨᠵᠢᠵᠦ ᠮᠡᠳᠡᠭᠡᠳ ᠬᠤᠯᠠᠭᠠᠢᠢᠯᠠᠵᠦ ᠠᠪᠠᠴᠢᠬᠤ ᠭᠡᠳ ᠴᠢᠳᠠᠯ ᠨᠢ ᠬᠦᠷᠦᠭᠰᠡᠨ | ᠦᠭᠡᠢ ᠠᠭᠤᠯᠠᠨ ᠳᠤ ᠬᠤᠷᠢᠬᠳᠠᠵᠦ ᠦᠬᠦᠭᠰᠡᠨ ᠭᠡᠳᠡᠭ᠃ ᠣᠣᠯ ᠤᠨ ︽ᠪᠢᠡᠭᠳᠦ ᠶᠢᠨ ᠬᠤᠰᠢᠭᠤᠨ︾ ᠤ ᠨᠠᠪᠳᠠᠬ | ᠰᠠᠪᠳᠠᠬ ᠨᠢ ᠠᠯᠳᠠᠨ ᠣᠨᠠᠭ᠎ᠠ ᠶᠣᠮ ᠭᠡᠨ᠎ᠡ᠃ ᠡᠮᠦᠨ᠎ᠡ ᠭᠠᠵᠠᠷ ᠤᠨ ᠨᠠᠮᠨᠨᠽᠢ ᠢᠷᠡᠭᠡᠳ ᠠᠯᠳᠠᠨ ᠣᠨᠠᠭ᠎ᠠ ᠶᠢᠨ | ᠲᠣᠬᠯᠠᠵᠦ ᠪᠠᠶᠢᠬᠰᠠᠨ ᠭᠠᠵᠠᠷ ᠢ ᠨᠢ ᠰᠢᠨᠵᠢᠵᠦ ᠮᠡᠳᠡᠭᠡᠳ ᠬᠤᠯᠠᠭᠠᠢᠢᠯᠠᠵᠦ ᠠᠪᠠᠴᠢᠬᠤ ᠭᠡᠳ ᠪᠦᠳᠦᠭᠰᠡᠨ ᠦᠭᠡᠢ | ᠪᠣᠯᠬᠤᠷ ᠠᠯᠳᠠᠨ ᠣᠨᠠᠭᠠᠨ ᠤ ᠪᠣᠷᠣᠭᠤᠳᠠᠢ ᠲᠣᠭᠤᠷᠠᠢ ᠶᠢ ᠨᠢ ᠭᠡᠮᠳᠦᠭᠡᠭᠰᠡᠨ ᠶᠣᠮ ᠭᠡᠨ᠎ᠡ ᠁ ᠭᠡᠬᠦ ᠮᠡᠳᠦ᠃ | ᠨᠠᠪᠳᠠᠬ ᠰᠠᠪᠳᠠᠬ ᠨᠢ ᠬᠦᠮᠦᠨ ᠠᠮᠢᠳᠠᠨ ᠳᠤ ᠬᠤᠣᠷᠯᠠᠯ ᠬᠢᠳᠡᠭ ᠣᠳᠠᠭ᠎ᠠ ᠲᠠᠢ ᠲᠣᠯᠠ ᠬᠤᠷᠴᠢᠨᠴᠣᠳ ᠤᠨ | ᠲᠣᠮᠳᠠ ᠪᠠᠰᠠ ᠨᠠᠪᠳᠠᠬ ᠰᠠᠪᠳᠠᠬ ᠢ ᠠᠶᠣᠯᠭᠠᠨ ᠰᠦᠷᠳᠡᠭᠦᠯᠬᠦ ᠪᠣᠶᠣ ᠲᠠᠷᠣᠯᠭ᠎ᠠ ᠬᠢᠳᠡᠭ ᠪᠠᠶᠢᠪᠠ᠃ ᠵᠢᠱᠢᠶᠡᠯᠡᠪᠡᠯ᠂ | ᠬᠡᠦᠬᠡᠨ ᠬᠦᠷᠭᠡᠬᠦ ᠬᠦᠮᠦᠰ ᠲᠡᠷᠭᠡᠨ ᠤ ᠪᠠᠨ ᠡᠮᠦᠨ᠎ᠡ ᠮᠡᠯᠡᠬᠡᠢ ᠶᠢᠨ ᠵᠢᠷᠤᠬ ᠡᠯᠭᠦᠵᠦ᠂ ᠲᠡᠭᠦᠨ ᠢ ᠪᠠᠨ ᠨᠠᠪᠳᠠᠬ | ᠰᠠᠪᠳᠠᠬ ᠤᠨ ᠲᠠᠷᠣᠯᠭ᠎ᠠ ᠭᠡᠳᠡᠭ᠃ ᠠᠮᠢᠳᠣᠷᠠᠯ ᠨᠢ ᠦᠭᠡᠳᠡ ᠦᠭᠡᠢ᠂ ᠬᠢᠵᠢᠭ ᠲᠠᠬᠤᠯ᠂ ᠬᠡᠷᠡᠭᠦᠯ ᠱᠣᠣᠭᠢᠶᠠᠨ | ᠲᠠᠰᠣᠷᠠᠬᠤ ᠦᠭᠡᠢ ᠪᠣᠯ ᠰᠠᠭᠤᠬᠰᠠᠨ ᠨᠣᠳᠤᠬ ᠤᠨ ᠨᠠᠪᠳᠠᠬ ᠰᠠᠪᠳᠠᠬ ᠨᠢ ᠲᠣᠬᠰᠢᠨ ᠭᠡᠵᠦ ᠪᠦᠭᠡ ᠵᠠᠯᠠᠵᠦ ᠲᠠᠷᠣᠯᠭ᠎ᠠ | ᠬᠢᠯᠭᠡᠳᠡᠭ ᠪᠠᠶᠢᠵᠠᠢ᠃ ᠪᠦᠭᠡ ᠨᠠᠷ ᠠᠴᠠ ︽ᠲᠠᠦᠯᠠᠢ ᠶᠢᠨ ᠬᠡᠪᠳᠡᠰᠢ︾ ᠳᠤ ᠰᠠᠭᠤᠬᠰᠠᠨ ᠬᠦᠮᠦᠨ ᠤ ᠨᠠᠪᠳᠠᠬ | ᠰᠠᠪᠳᠠᠬ ᠲᠤ ᠲᠠᠷᠣᠯᠭ᠎ᠠ ᠬᠢᠬᠦ ᠳᠡᠭᠡᠨ ᠠᠯᠠᠵᠦ ᠢᠳᠡᠭᠰᠡᠨ ᠠᠳᠣᠭᠤᠰᠣ ᠠᠮᠢᠳᠠᠨ ᠤ ᠶᠠᠰᠣ ᠶᠢ ᠪᠠᠷᠠᠭᠤᠨ ᠬᠤᠶᠢᠳᠦ | ᠵᠦᠭ ᠲᠤ ᠬᠠᠶᠠᠭᠤᠯᠳᠠᠬ᠃ ᠡᠷᠳᠡ ᠳᠡᠭᠡᠨ ᠶᠡᠭᠡ ᠵᠠᠮ ᠦᠡᠭᠭᠡᠷᠡᠵᠦ ᠪᠠᠶᠢᠬᠰᠠᠨ ᠪᠣᠶᠣ ᠭᠤᠣᠯ ᠣᠷᠣᠰᠴᠦ ᠪᠠᠶᠢᠬᠰᠠᠨ | ᠭᠠᠵᠠᠷ ᠨᠣᠳᠣᠬᠯᠠᠬᠰᠠᠨ ᠬᠦᠮᠦᠨ ᠢ ︽ᠭᠦᠶᠦᠳᠡᠯ︾ ᠲᠡᠭᠡᠷ᠎ᠡ ᠰᠠᠭᠤᠬᠰᠠᠨ ᠪᠣᠯᠬᠤᠷ ᠨᠠᠪᠳᠠᠬ ᠰᠠᠪᠳᠠᠬ ᠨᠢ ᠬᠠᠳᠠᠭᠤ | ᠭᠡᠵᠦ ᠭᠡᠷ ᠤᠨ ᠢᠶᠠᠨ ᠬᠠᠵᠠᠭᠤ ᠪᠣᠶᠣ ᠠᠷᠣ ᠪᠠᠷ ᠨᠣᠶᠠᠨ ᠮᠣᠳᠣ ᠵᠠᠶᠢᠯᠠᠬᠤ ᠪᠣᠶᠣ ᠬᠠᠰᠢᠶ᠎ᠠ ᠰᠠᠷᠠᠪᠴᠢ ᠪᠣᠰᠬᠤ | ᠮᠡᠳᠦ ᠶᠢᠨ ᠠᠷᠭ᠎ᠠ ᠪᠠᠷ ᠨᠠᠪᠳᠠᠬ ᠰᠠᠪᠳᠠᠬ ᠢ ᠨᠢ ᠵᠦᠬᠡᠯᠡᠷᠡᠭᠦᠯᠳᠡᠭ ᠶᠣᠮ᠃ | ᠬᠤᠷᠴᠢᠨ ᠲᠠᠷᠢᠶᠠᠴᠢᠳ ᠠᠴᠠ ᠨᠠᠪᠳᠠᠬ ᠰᠠᠪᠳᠠᠬ ᠢ ᠲᠠᠷᠢᠶ᠎ᠠ ᠲᠦᠮᠦᠰᠦ᠂ ᠬᠤᠨᠢ ᠮᠠᠯ᠂ ᠡᠪᠡᠳᠴᠢᠨ ᠬᠢᠵᠢᠭ ᠁ | ᠵᠡᠷᠭᠡ ᠶᠢᠨ ᠠᠮᠢᠳᠣᠷᠠᠯ ᠠᠬᠤᠢ ᠶᠢᠨ ᠲᠡᠭᠡᠭᠰᠢᠯᠡᠯᠳᠡ ᠳᠤ ᠣᠶᠣᠨ ᠰᠠᠨᠠᠭᠠᠨ ᠤ ᠲᠦᠰᠢᠭ ᠲᠣᠯᠭᠠᠭᠤᠷᠢ ᠪᠣᠯᠳᠠᠬ | ᠰᠠᠬᠢᠭᠤᠰᠣ ᠭᠡᠵᠦ ᠦᠵᠡᠳᠡᠭ ᠠᠴᠠ ᠭᠡᠮᠳᠦᠭᠡᠬᠦ ᠪᠣᠶᠣ ᠲᠠᠷᠣᠯᠭ᠎ᠠ ᠬᠢᠬᠦ ᠠᠴᠠ ᠪᠠᠶᠠᠰᠬᠠᠬᠤ ᠪᠣᠶᠣ ᠬᠠᠶᠢᠷᠠᠯᠠᠵᠦ | ᠬᠠᠮᠭᠠᠯᠠᠬᠤ ᠶᠢ ᠡᠷᠬᠢᠮ ᠪᠣᠯᠭᠠᠬᠰᠠᠭᠠᠷ ᠢᠷᠡᠵᠡᠢ᠃ ᠣᠯᠠᠩᠬᠢ ᠬᠤᠷᠴᠢᠨᠴᠣᠳ ᠠᠴᠠ ᠴᠠᠬ ᠪᠦᠷᠢ ᠶᠢᠨ ᠴᠠᠢ ᠶᠢᠨ | ᠲᠡᠭᠡᠵᠢ ᠪᠠᠨ ᠨᠠᠪᠳᠠᠬ ᠰᠠᠪᠳᠠᠬ ᠲᠠᠭᠠᠨ ᠰᠠᠴᠣᠨ ᠡᠷᠭᠦᠬᠦ᠂ ᠠᠷᠢᠬᠢ ᠶᠢᠨ ᠢᠶᠠᠨ ᠲᠡᠭᠡᠵᠢ ᠶᠢ ᠢᠳᠠᠮ | ᠬᠤᠷᠣᠭᠤ ᠪᠠᠷ ᠢᠶᠠᠨ ᠨᠣᠳᠤᠬ ᠣᠰᠣᠨ ᠤ ᠪᠠᠨ ᠨᠠᠪᠳᠠᠬ ᠰᠠᠪᠳᠠᠬ ᠲᠤ ᠰᠡᠷᠵᠢᠮᠯᠡᠨ ᠡᠷᠭᠦᠵᠦ᠂ ᠬᠦᠮᠦᠨ ᠮᠠᠯ ᠤᠨ ᠢᠶᠠᠨ | ᠡᠷᠡᠭᠦᠯ ᠡᠩᠬᠡ ᠠᠯᠢᠪᠠ ᠰᠠᠶᠢᠨ ᠰᠠᠶᠢᠬᠠᠨ ᠪᠠᠶᠢᠬᠤ ᠪᠠᠨ ᠲᠠᠭᠠᠳᠬᠠᠳᠠᠬ᠃ ᠡᠭᠦᠨ ᠠᠴᠠ ᠭᠠᠳᠠᠨ᠎ᠠ ᠬᠤᠷᠴᠢᠨ | ᠲᠠᠷᠢᠶᠠᠴᠢᠳ ᠪᠠᠰᠠ ᠲᠠᠷᠢᠶ᠎ᠠ ᠲᠠᠷᠢᠬᠤ ᠠᠴᠠ ᠪᠠᠨ ᠡᠮᠦᠨ᠎ᠡ ᠡᠳᠦᠷ ᠰᠣᠳᠣᠷ ᠣᠷᠪᠠᠭᠤᠯᠵᠦ ᠠᠨᠵᠢᠰᠣ ᠬᠦᠳᠡᠯᠭᠡᠬᠦ | ᠰᠠᠶᠢᠨ ᠡᠳᠦᠷ ᠢᠶᠠᠨ ᠦᠵᠡᠬᠦ ᠪᠦᠭᠡᠳ ᠬᠡᠷ ᠪᠠᠷᠢᠬᠤ᠂ ᠬᠡᠭᠦᠷ ᠲᠠᠯᠪᠢᠬᠤ᠂ ᠠᠳᠠᠷ ᠬᠠᠭᠠᠯᠪᠣᠷᠢᠯᠠᠬᠤ᠂ ᠭᠤᠣ ᠮᠠᠯᠳᠠᠬᠤ | ᠵᠡᠷᠭᠡ ᠪᠠᠷ ᠰᠢᠷᠣᠢ ᠬᠦᠳᠡᠯᠭᠡᠬᠦ ᠦᠶ᠎ᠡ ᠳᠤ ᠨᠠᠪᠳᠠᠬ ᠰᠠᠪᠳᠠᠬ ᠢᠶᠠᠨ ᠪᠠᠶᠠᠰᠬᠠᠬᠤ ᠭᠡᠵᠦ ᠯᠠᠮᠠ ᠵᠠᠯᠠᠵᠦ ᠰᠠᠩ | ᠣᠡᠭᠰᠢᠭᠤᠯᠳᠠᠬ ᠪᠠᠶᠢᠪᠠ᠃ ᠰᠠᠩ ᠣᠡᠭᠰᠢᠭᠤᠯᠬᠤ ᠭᠡᠳᠡᠭ ᠨᠢ ᠠᠷᠴᠠ ᠬᠦᠵᠢ ᠠᠰᠠᠭᠠᠵᠦ ᠯᠠᠮᠠ ᠠᠴᠠ ᠨᠣᠳᠤᠬ | ᠣᠰᠣᠨ ᠤ ᠨᠠᠪᠳᠠᠬ ᠰᠠᠪᠳᠠᠬ ᠢ ᠪᠠᠶᠠᠰᠬᠠᠬᠤ ᠨᠣᠮ ᠣᠡᠭᠰᠢᠬᠤ ᠶᠠᠪᠣᠳᠠᠯ ᠪᠣᠯᠣᠨ᠎ᠠ᠃ ᠢᠡᠭᠭᠢᠵᠦ ᠲᠠᠬᠢᠵᠦ ᠪᠠᠶᠠᠰᠬᠠᠪᠠᠯ | ᠡᠭᠦᠰᠦᠭᠰᠡᠨ ᠦᠢᠯᠡᠰ ᠨᠢ ᠦᠭᠡᠳᠡ ᠡᠰᠡᠷᠡᠭ ᠭᠠᠢ ᠪᠠᠷᠴᠢᠳ ᠦᠭᠡᠢ ᠪᠣᠯᠣᠨ᠎ᠠ ᠭᠡᠵᠦ ᠶᠠᠷᠢᠳᠠᠬ᠃ ᠶᠠᠮᠠᠷ ᠨᠢᠭᠡᠨ | ᠨᠠᠶᠢᠷ ᠨᠠᠭᠠᠳᠣᠮ᠂ ᠲᠠᠬᠢᠯᠭ᠎ᠠ᠂ ᠪᠠᠶᠠᠷ ᠲᠣᠷᠠᠰᠬᠠᠯ ᠤᠨ ᠡᠳᠦᠷ᠂ ᠬᠤᠷᠢᠮ ᠬᠤᠷᠠᠯ ᠲᠡᠭᠡᠷ᠎ᠡ ᠭᠠᠵᠠᠷ ᠣᠰᠣᠨ ᠤ | ᠨᠠᠪᠳᠠᠬ ᠰᠠᠪᠳᠠᠬ ᠢᠶᠠᠨ ᠵᠠᠯᠠᠵᠦ ᠡᠷᠭᠦᠴᠡ ᠲᠠᠬᠢᠯᠭ᠎ᠠ ᠡᠷᠭᠦᠬᠦ ᠪᠠᠨ ᠮᠠᠷᠳᠠᠪᠠᠯ ᠬᠡᠷᠡᠭᠦᠯ ᠱᠣᠣᠭᠢᠶᠠᠨ ᠪᠣᠯᠵᠦ ᠭᠠᠢ | ᠪᠠᠷᠴᠢᠳ ᠡᠭᠦᠰᠦᠨ᠎ᠡ ᠭᠡᠳᠡᠭ᠃ ᠪᠠᠰᠠ ᠨᠠᠪᠳᠠᠬ ᠰᠠᠪᠳᠠᠬ ᠤᠨ ᠣᠷᠣᠰᠢᠵᠦ ᠰᠠᠭᠤᠳᠠᠬ ᠨᠣᠳᠤᠬ ᠣᠰᠣᠨ ᠤ ᠪᠠᠨ | ᠮᠣᠳᠣ ᠰᠢᠭᠤᠢ ᠶᠢ ᠲᠣᠷ᠎ᠠ ᠪᠠᠷ ᠣᠬᠳᠣᠯᠵᠦ ᠰᠦᠢᠳᠭᠡᠳᠡᠭ ᠦᠭᠡᠢ᠃ ᠪᠣᠷᠭᠠᠰᠣ᠂ ᠰᠢᠪᠠᠬ᠂ ᠬᠠᠷᠭᠠᠨ᠎ᠠ᠂ ᠪᠣᠳᠠ᠂ | ᠪᠣᠷᠣᠯᠵᠢ᠂ ᠴᠡᠴᠡᠭ ᠬᠤᠸᠠᠷ᠂ ᠵᠡᠷᠭᠡ ᠶᠢ ᠲᠣᠷ᠎ᠠ ᠪᠠᠷ ᠬᠠᠳᠣᠵᠦ᠂ ᠠᠳᠠᠷ ᠭᠠᠵᠠᠷ ᠢ ᠲᠣᠷ᠎ᠠ ᠪᠠᠷ ᠡᠪᠳᠡᠵᠦ ᠲᠠᠷᠢᠶᠠᠨ | ᠭᠠᠵᠠᠷ ᠪᠣᠯᠭᠠᠬᠤ ᠨᠢ ᠨᠣᠳᠤᠬ ᠣᠰᠣᠨ ᠤ ᠨᠠᠪᠳᠠᠬ ᠰᠠᠪᠳᠠᠬ ᠢ ᠭᠡᠮᠳᠦᠭᠡᠵᠦ ᠪᠠᠶᠢᠨ᠎ᠠ ᠬᠡᠮᠡᠨ ᠦᠵᠡᠳᠡᠭ᠃ ᠨᠡᠩ | ᠢᠯᠠᠩᠭᠤᠶ᠎ᠠ ᠲᠣᠪᠤ ᠲᠣᠪᠣᠴᠠᠬ᠂ ᠠᠮᠠᠷᠬᠠᠨ ᠰᠠᠯᠬᠢᠨ ᠳᠤ ᠬᠡᠶᠢᠰᠬᠦ ᠮᠠᠩᠬ᠎ᠠ ᠵᠣ ᠲᠡᠭᠡᠷ᠎ᠡ ᠣᠷᠭᠤᠵᠦ ᠪᠠᠶᠢᠭ᠎ᠠ ᠡᠪᠡᠰᠦ | ᠮᠣᠳᠣ᠂ ᠣᠳᠠᠭᠠᠨ ᠵᠢᠯ ᠪᠣᠯᠣᠬᠰᠠᠨ ᠱᠠᠩᠰᠢ ᠵᠡᠷᠭᠡ ᠶᠢ ᠲᠣᠷ᠎ᠠ ᠪᠠᠷ ᠣᠬᠳᠣᠯᠵᠦ ᠬᠠᠳᠣᠪᠠᠯ ᠨᠣᠳᠤᠬ ᠣᠰᠣᠨ ᠤ | ᠨᠠᠪᠳᠠᠬ ᠰᠠᠪᠳᠠᠬ ᠬᠢᠯᠢᠩᠨᠡᠬᠦ ᠪᠣᠶᠣ ᠪᠣᠰᠣᠳ ᠭᠠᠵᠠᠷ ᠲᠤ ᠵᠠᠶᠢᠯᠠᠨ᠎ᠠ ᠭᠡᠵᠦ ᠦᠵᠡᠳᠡᠭ ᠠᠴᠠ ᠨᠣᠳᠤᠭ | ᠣᠰᠣᠨ ᠤ ᠪᠠᠨ ᠰᠢᠷᠬᠡᠭ ᠡᠪᠡᠰᠦ ᠮᠦᠬᠦᠯᠢᠭ ᠰᠢᠷᠣᠢ ᠳᠠᠭᠠᠨ ᠬᠦᠷᠳᠡᠯ᠎ᠡ ᠠᠮᠢ ᠪᠠᠨ ᠰᠢᠬ ᠬᠠᠶᠢᠷᠠᠯᠠᠵᠦ | ᠬᠠᠮᠠᠭᠠᠯᠠᠬᠰᠠᠭᠠᠷ ᠢᠷᠡᠪᠡ᠃ | ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ | | |