ᠳᠡᠭᠡᠵᠢ ᠪᠠᠷᠢᠬᠤ ᠶᠣᠰᠣᠨ ᠢ ᠡᠷᠬᠢᠮᠯᠡᠰᠦᠭᠡᠢ | ᠵᠣᠬᠢᠶᠠᠭᠴᠢ᠄ ᠄ ᠯᠢ ᠪᠤᠶᠠᠨᠴᠤᠬᠯᠠ | ᠮᠤᠩᠭᠤᠯ ᠬᠦᠮᠦᠨ ᠡᠳᠦᠷ ᠲᠣᠳᠤᠮ ᠤᠨ ᠠᠮᠢᠳᠤᠷᠠᠯ ᠳᠤᠮᠳᠠ᠂ ᠬᠤᠭᠤᠯᠠ ᠪᠤᠳᠠᠭ᠎ᠠ ᠢᠳᠡᠬᠦ ᠪᠦᠷᠢ ᠳᠡᠭᠡᠵᠢ | ᠪᠠᠷᠢᠬᠤ ᠶᠣᠰᠣ ᠶᠢ ᠮᠠᠰᠢ ᠴᠢᠩᠭ᠎ᠠ ᠪᠠᠷᠢᠮᠲᠠᠯᠠᠳᠠᠭ ᠵᠠᠩᠰᠢᠯ ᠲᠠᠢ ᠪᠠᠶᠢᠳᠠᠭ᠃ ᠴᠠᠭ ᠪᠦᠷᠢ ᠶᠢᠨ ᠴᠠᠢ ᠬᠤᠭᠤᠯᠠᠨ ᠤ | ᠳᠡᠭᠡᠵᠢ ᠶᠢ ᠵᠠᠪᠠᠯ ᠠᠬᠠᠮᠠᠳ ᠨᠠᠰᠤᠲᠠᠨ᠂ ᠠᠪᠤ ᠡᠵᠢ᠂ ᠠᠬ᠎ᠠ ᠡᠭᠡᠴᠢ ᠭᠡᠬᠦᠴᠢᠯᠡᠨ ᠳᠡᠰ ᠳᠠᠷᠠᠭᠠᠯᠠᠨ ᠪᠠᠷᠢᠳᠠᠭ ᠶᠤᠮ᠃ | ᠠᠬᠠᠮᠠᠳ ᠬᠦᠮᠦᠨ ᠠᠴᠠ ᠤᠷᠢᠳ ᠢᠶᠠᠷ ᠰᠢᠷᠡᠭᠡᠨ ᠳᠤ ᠰᠠᠭᠤᠵᠤ ᠢᠳᠡᠭᠡᠨ ᠤᠮᠳᠠᠭᠠᠨ ᠪᠠ ᠳᠡᠭᠡᠵᠢ ᠳᠤ ᠭᠠᠷ ᠬᠦᠷᠬᠦ | ᠶᠣᠰᠣ ᠦᠭᠡᠢ᠃ ︽ᠮᠤᠩᠭᠤᠯ ᠤᠨ ᠨᠢᠭᠤᠴᠠ ᠳᠣᠪᠴᠢᠶᠠᠨ︾ ᠳᠤ ᠴᠢᠩᠭᠢᠰ ᠬᠠᠭᠠᠨ᠂ ᠥᠭᠡᠯᠦᠨ ᠦᠵᠢᠨ | ᠲᠡᠷᠢᠭᠦᠲᠡᠢ ᠣᠯᠠᠨ ᠬᠦᠮᠦᠨ ᠨᠢᠭᠡ ᠤᠳᠠᠭ᠎ᠠ ᠣᠨᠣᠨ ᠮᠦᠷᠡᠨ ᠤ ᠬᠦᠪᠡᠭᠡᠨ ᠳᠤ ᠨᠠᠶᠢᠷᠠᠯᠳᠤᠨ ᠰᠠᠭᠤᠵᠠᠢ᠃ ᠰᠡᠴᠡᠨ | ᠪᠦᠬᠡ ᠶᠢᠨ ᠭᠤᠷᠪᠠᠨ ᠡᠬᠡ ᠳᠤ ᠲᠣᠭᠤᠭᠠᠴᠢ ᠴᠡᠭᠡ ᠪᠠᠷᠢᠬᠤ ᠳᠠᠭᠠᠨ ᠤᠷᠢᠳ ᠢᠶᠠᠷ ᠪᠠᠭ᠎ᠠ ᠡᠬᠡ ᠡᠪᠡᠬᠡᠢ ᠳᠤ ᠡᠷᠭᠦᠨ | ᠪᠠᠷᠢᠵᠠᠢ᠃ ᠡᠭᠦᠨ ᠳᠤ ᠬᠤᠶᠠᠷ ᠶᠡᠭᠡ ᠡᠬᠡ ᠊᠊᠊᠊᠊᠊ ᠬᠤᠷᠢᠵᠢᠨ ᠬᠠᠳᠤᠨ᠂ ᠬᠤᠷᠭᠤᠴᠠᠨ ᠬᠠᠳᠤᠨ ᠠᠭᠤᠷᠯᠠᠵᠤ | ᠰᠢᠬᠢᠭᠦᠷ ᠢ ᠵᠣᠳᠤᠬᠰᠠᠨ ᠤᠴᠢᠷ ᠢ ᠲᠡᠮᠳᠡᠭᠯᠡᠭᠰᠡᠨ ᠪᠠᠶᠢᠳᠠᠭ᠃ ᠡᠨᠡ ᠪᠣᠯ ᠳᠠᠷᠤᠢ ᠳᠡᠭᠡᠵᠢ ᠪᠠᠷᠢᠬᠤ ᠶᠢᠨ ᠳᠡᠰ | ᠳᠠᠷᠠᠭᠠᠯᠠᠯ ᠠᠴᠠ ᠡᠭᠦᠰᠦᠭᠰᠡᠨ ᠤᠴᠢᠷ ᠪᠣᠯᠤᠨ᠎ᠠ᠃ ᠡᠭᠦᠨ ᠠᠴᠠ ᠪᠢᠳᠡ ᠮᠠᠨ ᠤ ᠮᠤᠩᠭᠤᠯᠴᠣᠤᠨ ᠳᠡᠭᠡᠵᠢ ᠪᠠᠷᠢᠬᠤ | ᠶᠣᠰᠣᠨ ᠢ ᠡᠷᠬᠢᠮᠯᠡᠨ᠂ ᠳᠡᠭᠡᠵᠢ ᠪᠠᠷᠢᠬᠤ ᠳᠡᠰ ᠳᠠᠷᠠᠭᠠᠯᠠᠯ ᠢ ᠬᠦᠨᠳᠦᠦᠨᠬᠡᠯ ᠳᠣᠷᠤᠮᠵᠢᠯᠠᠯ ᠤᠨ ᠴᠢᠬᠤᠯᠠ ᠨᠢᠭᠡᠨ | ᠢᠯᠡᠷᠡᠯ ᠪᠣᠯᠭᠠᠨ ᠦᠵᠡᠵᠦ᠂ ᠪᠣᠯᠪᠠᠰᠤᠨ ᠮᠣᠷᠠᠯ ᠢ ᠪᠣᠳᠠᠲᠠᠢ ᠡᠷᠬᠢᠮᠯᠡᠳᠡᠭ ᠭᠡᠰᠡᠨ ᠢ ᠤᠬᠠᠨ ᠮᠡᠳᠡᠵᠦ ᠪᠣᠯᠤᠨ᠎ᠠ᠃ | ᠣᠳᠣᠬᠠᠨ ᠤ ᠵᠠᠷᠢᠮ ᠭᠠᠵᠠᠷ ᠲᠤ ᠡᠨᠡ ᠬᠦ ᠳᠡᠭᠡᠵᠢ ᠪᠠᠷᠢᠬᠤ ᠬᠦᠨᠳᠦᠦᠨᠬᠡᠯ ᠤᠨ ᠶᠣᠰᠣ ᠬᠠᠷᠢᠨ ᠣᠷᠣᠨ ᠵᠠᠢ ᠪᠠᠨ | ᠠᠯᠳᠠᠵᠤ᠂ ᠨᠠᠰᠤᠲᠠᠨ ᠲᠣᠮᠤᠭᠠᠲᠠᠳ ᠤᠨ ᠳᠤᠷ᠎ᠠ ᠦᠭᠡᠶᠢᠴᠡᠯ ᠢ ᠬᠦᠷᠭᠡᠵᠦ ᠪᠠᠶᠢᠨ᠎ᠠ᠃ ᠨᠠᠰᠤᠲᠠᠨ ᠠᠴᠠ ᠪᠠᠨ | ᠤᠷᠢᠳ ᠢᠶᠠᠷ ᠦᠷ᠎ᠡ ᠬᠡᠦᠬᠡᠳ ᠲᠡᠭᠡᠨ ᠢᠳᠡᠭᠡᠨ ᠤ ᠳᠡᠭᠡᠵᠢ ᠪᠠᠨ ᠠᠮᠰᠠᠭᠤᠯᠬᠤ᠂ ᠬᠡᠦᠬᠡᠳ ᠰᠢᠷᠡᠭᠡᠨ᠎ᠡ ᠰᠠᠭᠤᠬᠰᠠᠭᠠᠷ | ᠰᠠᠪᠬ᠎ᠠ ᠶᠢ ᠪᠣᠰᠣᠤᠨ ᠠᠴᠠ ᠤᠷᠢᠳ ᠢᠶᠠᠷ ᠬᠦᠳᠡᠯᠭᠡᠬᠦ ᠵᠢᠴᠢ ᠬᠤᠷᠢᠮ ᠨᠠᠶᠢᠷ ᠤᠨ ᠰᠢᠷᠡᠭᠡᠨ ᠳᠤ ᠠᠷᠢᠬᠢ ᠳᠠᠷᠠᠰᠤ | ᠪᠠᠷᠢᠬᠤ ᠳᠠᠭᠠᠨ ᠨᠠᠰᠤ ᠵᠢᠯ᠂ ᠦᠶ᠎ᠡ ᠵᠡᠷᠭᠡ ᠢᠯᠭᠠᠯ ᠦᠭᠡᠢ ᠪᠠᠷ ᠠᠯᠪᠠ ᠶᠢᠨ ᠲᠡᠳᠦᠢ ᠨᠢᠭᠡ ᠵᠠᠬ᠎ᠠ ᠠᠴᠠ ᠨᠢ | ᠪᠠᠷᠢᠴᠢᠬᠠᠶ᠎ᠠ ᠭᠡᠳ ᠮᠤᠩᠭᠤᠯ ᠤᠨ ᠰᠠᠶᠢᠬᠠᠨ ᠬᠦᠨᠳᠦᠦᠨᠬᠡᠯ ᠤᠨ ᠶᠣᠰᠣᠨ ᠢᠶᠠᠨ ᠮᠠᠩᠬᠠᠨ ᠳᠤ ᠪᠤᠯᠠᠭᠠᠣᠨ | ᠬᠠᠶᠠᠴᠢᠬᠠᠳᠠᠭ᠃ | ᠢᠳᠡᠭᠡᠨ ᠤᠮᠳᠠᠭᠠᠨ ᠤ ᠳᠡᠭᠡᠵᠢ ᠶᠢ ᠡᠷᠬᠢᠮᠯᠡᠨ ᠬᠦᠨᠳᠦᠦᠨᠬᠡᠬᠦ ᠵᠠᠩ ᠤᠶᠢᠯᠡ ᠪᠣᠯ ᠮᠤᠩᠭᠤᠯ ᠰᠣᠶᠣᠯ | ᠵᠠᠩᠰᠢᠯ ᠤᠨ ᠴᠢᠬᠤᠯᠠ ᠠᠭᠤᠯᠭ᠎ᠠ ᠶᠢᠨ ᠨᠢᠭᠡ ᠨᠢ ᠮᠦᠨ᠃ ᠡᠶᠢᠮᠦ ᠠᠴᠠ ᠢᠳᠡᠭᠡᠨ ᠤᠮᠳᠠᠭᠠᠨ ᠤ ᠳᠡᠭᠡᠵᠢ | ᠪᠠᠷᠢᠬᠤ ᠳᠤ ᠵᠠᠪᠠᠯ ᠲᠥᠪ ᠬᠢᠴᠢᠶᠡᠩᠭᠦᠢ ᠬᠠᠨᠳᠤᠵᠤ ᠦᠷ᠎ᠡ ᠬᠤᠶᠢᠴᠢᠰ ᠲᠠᠭᠠᠨ ᠪᠣᠯᠪᠠᠰᠤᠨ ᠳᠠᠷᠣᠤ ᠶᠣᠰᠤᠷᠬᠠᠭ | ᠬᠦᠮᠦᠵᠢᠯ ᠬᠦᠷᠲᠡᠭᠡᠪᠡᠯ ᠵᠣᠬᠢᠨ᠎ᠠ᠃ ᠮᠤᠩᠭᠤᠯᠴᠣᠤᠨ ᠤᠨ ᠳᠡᠭᠡᠵᠢ ᠪᠠᠷᠢᠬᠤ ᠶᠣᠰᠣᠨ ᠢ ᠡᠷᠬᠢᠮᠯᠡᠰᠦᠭᠡᠢ︕ |