ᠮᠤᠩᠭᠤᠯ ᠡᠮᠨᠡᠯᠬᠡ ᠶᠢᠨ ᠰᠤᠶᠢᠬ᠎ᠠ ᠡᠪᠡᠰᠤ ᠪᠠᠷ ᠤᠳᠤᠬᠤ ᠵᠠᠰᠠᠯᠭ᠎ᠠ | | | | ᠰᠤᠶᠢᠬ᠎ᠠ ︵ 艾叶︶ ᠨᠢ ᠮᠤᠩᠭᠤᠯ ᠡᠮᠴᠢ ᠬᠢᠬᠡᠤᠨ ᠠᠷᠠᠤᠨ ᠤᠨ ᠲᠤᠮᠳᠠ ᠥᠷᠬᠦᠯᠵᠢ ᠲᠤᠬᠢᠶᠠᠯᠳᠤᠵᠤ | ᠬᠡᠷᠡᠭᠯᠡᠳᠡᠭ ᠃ ᠲᠠᠷᠬᠠᠯᠳᠠ ᠨᠢ ᠥᠷᠬᠡᠨ ᠠᠮᠠᠷᠬᠠᠨ ᠤᠯᠳᠠᠬᠤ ᠨᠢᠬᠡᠨ ᠡᠩ ᠤᠨ ᠮᠤᠩᠭᠤᠯ ᠡᠮ ᠪᠠᠶᠢᠵᠤ ᠂ | ᠮᠠᠨ ᠤ ᠤᠯᠤᠰ ᠤᠨ ᠵᠡᠬᠦᠨ ᠬᠤᠶᠢᠳᠤ ᠪᠡᠶ᠎ᠡ ᠂ ᠤᠮᠠᠷᠠᠳᠤ ᠤᠷᠤᠨ ᠵᠡᠷᠬᠡ ᠂ ᠨᠡᠩ ᠴᠤ ᠮᠠᠨ ᠤ ᠨᠤᠳᠤᠭ | ᠢᠶᠠᠷ ᠲᠡᠩᠳᠡ ᠬᠠᠷᠠᠭᠳᠠᠳᠠᠭ ᠃ ᠮᠠᠯᠴᠢᠤᠨ ᠵᠤᠰᠠᠯᠠᠩ ᠳᠤ ᠮᠠᠯ ᠮᠠᠯᠵᠢᠵᠤ ᠡᠬᠢᠯᠡᠬᠦ ᠥᠶᠡᠰ ᠰᠤᠶᠢᠬ᠎ᠠ ᠶᠢᠨ | ᠥᠨᠤᠷ ᠬᠠᠩᠬᠤᠯᠵᠤ ᠤᠷᠮ᠎ᠠ ᠶᠢ ᠰᠡᠷᠬᠦᠬᠡᠮᠡᠷ ᠃ | ᠵᠢᠯ ᠪᠥᠷᠢ ᠶᠢᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠪᠤᠯᠬᠤ ᠪᠠᠷ ᠮᠤᠩᠭᠤᠯᠴᠤᠤᠨ ᠠᠶᠢᠯ ᠬᠡᠷ ᠢᠶᠠᠷ ᠢᠶᠠᠨ | ᠡᠷᠳᠡᠯᠡᠨ ᠪᠤᠰᠴᠤ ᠬᠡᠬᠡᠷ᠎ᠠ ᠲᠠᠯ᠎ᠠ ᠠᠴᠠ ᠰᠤᠶᠢᠬ᠎ᠠ ︵ ᠡᠪᠡᠰᠤ ︶ ᠤᠯᠠᠨ ᠲᠡᠬᠦᠵᠤ ᠠᠪᠴᠢᠷᠠᠭᠠᠤᠨ ᠡᠬᠦᠳᠡᠨ ᠤ | ᠪᠠᠨ ᠲᠤᠳᠤᠭᠤᠨ ᠲᠡᠬᠡᠷ᠎ᠠ ᠬᠠᠪᠴᠢᠭᠤᠯᠬᠤ ᠂ ᠴᠤᠩᠬᠤ ᠬᠡᠬᠡᠪᠴᠢᠨ ᠳᠤ ᠵᠡᠬᠦᠯᠬᠡᠬᠦ ᠂ ᠵᠢᠭᠠᠯ ᠬᠡᠤᠬᠡᠤᠨ ᠲᠤ ᠪᠠᠨ | ᠤᠨᠳᠠᠭ᠎ᠠ ᠥᠯᠤᠬᠡᠢ ᠶᠢᠨ ᠮᠠᠬᠠᠷᠠᠭᠠ ︵ ᠵᠠᠷᠢᠮ ᠭᠠᠵᠠᠷ ᠲᠤ ᠬᠠᠷᠠᠭ᠎ᠠ ᠬᠡᠳᠡᠭ ︶ ᠳᠤ ᠨᠢ ᠬᠠᠪᠴᠢᠭᠤᠯᠬᠤ | ᠪᠤᠶᠤ ᠴᠢᠬᠢᠨ ᠳᠤ ᠨᠢ ᠬᠥᠩᠭᠡᠭᠡᠨ ᠬᠠᠳᠬᠤᠵᠤ ᠵᠡᠬᠦᠯᠬᠡᠬᠡᠤᠨ ᠡᠪᠡᠳᠴᠢᠨ ᠢ ᠰᠡᠷᠬᠡᠶᠢᠯᠡᠵᠤ ᠵᠠᠩᠰᠢᠵᠠᠢ ᠃ | ᠮᠤᠩᠭᠤᠯ ᠡᠮ ᠪᠠᠷᠢᠭᠴᠢ ᠰᠤᠶᠢᠬ᠎ᠠ ᠡᠪᠡᠰᠤᠨ ᠤ ᠬᠥᠷᠤᠰᠤᠨ ᠲᠡᠬᠡᠷᠡᠬᠢ ᠬᠡᠰᠡᠭ ᠢ ᠠᠪᠤᠭᠠᠤᠨ ᠨᠢᠯᠬ᠎ᠠ ᠨᠠᠪᠴᠢ | ᠨᠠᠬᠢᠶ᠎ᠠ ᠶᠢ ᠨᠢ ᠥᠯᠡᠳᠡᠬᠡᠵᠤ ᠬᠡᠷᠡᠭᠯᠡᠨ᠎ᠡ ᠃ ᠠᠬᠢ ᠡᠪᠡᠰᠤ ᠨᠢ ᠤᠯᠠᠮᠵᠢᠯᠠᠯᠳᠤ ᠲᠥᠬᠡᠨᠡᠬᠦ ᠵᠠᠰᠠᠯ ᠤᠨ ᠴᠢᠬᠤᠯᠠ | ᠬᠡᠷᠡᠭᠯᠡᠬᠦᠨ ᠮᠥᠷᠳᠡᠬᠡᠨ ᠮᠤᠩᠭᠤᠯᠴᠤᠤᠨ ᠡᠳᠤᠷ ᠲᠤᠳᠤᠮ ᠤᠨ ᠤᠷᠴᠢᠨ ᠲᠤᠭᠤᠷᠢᠨ ᠤ ᠠᠷᠢᠭᠤᠳᠬᠠᠯ ᠂ | ᠬᠢᠵᠢᠭ ᠢ ᠰᠡᠷᠬᠡᠶᠢᠯᠡᠬᠦ ᠳᠤ ᠤᠷᠢᠳ ᠢᠶᠠᠷ ᠰᠤᠩᠭᠤᠳᠠᠭ ᠪᠠᠶᠢᠨ᠎ᠠ ᠃ | ᠰᠤᠶᠢᠬ᠎ᠠ ᠡᠪᠡᠰᠤ ᠨᠢ ᠠᠶᠠᠨᠳᠠᠭᠠᠨ ᠵᠢᠷᠭᠤᠭᠠᠨ ᠵᠦᠢᠯ ᠠᠴᠠ ᠲᠡᠬᠡᠭᠰᠢ ᠲᠡᠭᠳᠡᠮᠡᠬᠡᠢ ᠲᠤᠰᠤ ︵ ᠪᠤᠳᠠᠰ ︶ | ᠠᠭᠤᠯᠤᠭᠳᠠᠬᠤ ᠪᠥᠬᠡᠤᠨ ᠲᠥᠯᠡᠬᠡᠤᠨ ᠭᠠᠷᠬᠤ ᠤᠳᠤᠭ᠎ᠠ ᠨᠢ ᠠᠩᠭᠢᠯᠤᠮ᠎ᠠ ᠰᠠᠶᠢᠬᠠᠨ ᠥᠨᠤᠷ ᠲᠠᠢ ᠪᠠᠶᠢᠵᠤ ᠬᠥᠮᠤᠰ | ᠲᠤ ᠲᠠᠭᠠᠰᠢᠶᠠᠭᠳᠠᠵᠤ ᠢᠷᠠᠵᠠᠢ ᠃ ᠠᠵᠢᠯᠯᠠᠬᠤ ᠲᠠᠯᠠᠪᠤᠷ ᠂ ᠡᠷᠤᠬᠡ ᠬᠡᠷ ᠂ ᠤᠯᠠᠨ ᠨᠡᠶᠢᠳᠡ ᠶᠢᠨ ᠭᠠᠵᠠᠷ ᠲᠤ | ᠪᠠᠨ ᠬᠠᠳᠠᠭᠠᠵᠤ ᠥᠯᠡᠳᠡᠬᠡᠭᠰᠡᠨ ᠰᠤᠶᠢᠬ᠎ᠠ ᠡᠪᠡᠰᠤ ᠪᠠᠨ ᠨᠤᠴᠤᠭᠠᠨ ᠲᠠᠯᠪᠢᠪᠠᠯ ᠶᠠᠷᠤᠩᠭᠡᠢ ᠳᠤ ᠨᠢ ᠠᠷᠢᠭᠤᠳᠬᠠᠬᠤ | ᠪᠥᠬᠡᠤᠨ ᠰᠤᠳᠤᠯᠭᠠᠨ ᠢ ᠥᠨᠳᠤᠰᠤᠯᠠᠪᠠᠯ ᠂ ᠰᠤᠶᠢᠬ᠎ᠠ ᠡᠪᠡᠰᠤᠨ ᠤ ᠤᠳᠤᠭ᠎ᠠ ᠨᠢ ᠠᠯᠳᠠᠨ ᠰᠢᠷ᠎ᠠ ᠥᠩᠭᠡᠳᠤ | ᠥᠵᠤᠮ ᠤᠨ ᠪᠥᠮᠪᠤᠬᠡᠨᠴᠢᠷ ᠪᠠᠺᠲ᠋ᠧᠷᠢ ᠂ ᠪᠥᠳᠤᠬᠦᠨ ᠬᠡᠳᠡᠰᠤᠨ ᠤ ᠰᠠᠪᠬᠠᠨᠴᠢᠷ ᠪᠠᠺᠲ᠋ᠧᠷᠢ ᠵᠡᠷᠬᠡ ᠶᠢ | ᠤᠰᠠᠳᠬᠠᠬᠤ ᠪᠤᠶᠤ ᠬᠤᠷᠢᠭᠯᠠᠬᠤ ᠪᠠᠷ ᠪᠠᠷᠠᠬᠤ ᠥᠬᠡᠢ ᠂ ᠪᠤᠰᠤᠤᠨ ᠤᠯᠠᠨ ᠵᠦᠢᠯ ᠤᠨ ᠡᠪᠡᠳᠴᠢᠨ ᠡᠬᠦᠰᠬᠡᠬᠦ | ᠵᠢᠩᠭᠢᠨᠢ ᠮᠥᠬᠦᠨ ᠤ ᠵᠦᠢᠯ ᠢ ᠬᠤᠷᠢᠭᠯᠠᠬᠤ ᠂ ᠰᠢᠷᠬ᠎ᠠ ᠬᠡᠮᠳᠤᠯ ᠪᠥᠬᠦᠢ ᠬᠡᠰᠡᠭ ᠤᠨ ᠪᠠᠺᠲ᠋ᠧᠷᠢ ᠶᠢ | ᠪᠠᠭᠠᠰᠬᠠᠬᠤ ᠤᠢᠢᠯᠡᠳᠤᠯ ᠲᠠᠢ ᠃ |