ᠠᠭᠤᠴᠢᠯᠠᠬᠤ  ᠨᠢ ᠰᠤᠷᠭᠠᠯ ᠪᠣᠯᠤᠶᠤ ᠠᠭᠤᠷᠯᠠᠬᠤ  ᠨᠢ ᠤᠷᠰᠢᠭ ᠳᠠᠲᠠᠶᠤ
ᠨᠡᠶᠢᠲᠡᠯᠡᠭᠰᠡᠨ ᠴᠠᠭ᠄
2021/2/1
     ᠠᠭᠤᠴᠢᠯᠠᠬᠤ ᠨᠢ ᠰᠤᠷᠭᠠᠯ ᠪᠣᠯᠤᠶᠤ ᠠᠭᠤᠷᠯᠠᠬᠤ ᠨᠢ ᠤᠷᠰᠢᠭ ᠳᠠᠲᠠᠶᠤ                                                   ● ᠯᠢ ᠪᠤᠶᠠᠨᠴᠤᠬᠯᠠ   ᠣᠮᠠᠷᠠᠳᠤ ᠸᠧᠢ ᠤᠯᠤᠰ  ᠤᠨ ᠰᠢᠶᠣᠤ ᠸᠧᠨ ᠳ᠋ᠢ ᠬᠠᠭᠠᠨ  ᠤ ᠦᠶ᠎ᠡ  ᠳᠤ ᠬᠢᠯᠢ ᠬᠢᠵᠠᠭᠠᠷ ᠳ᠋ᠢᠩᠵᠸᠦ  ᠳᠤ ᠥᠷᠬᠦᠯᠵᠢ ᠰᠠᠮᠠᠭᠤᠷᠠᠯ ᠭᠠᠷᠳᠠᠭ ᠪᠣᠯᠬᠤᠷ ᠴᠢᠳᠠᠪᠤᠷᠢ  ᠲᠠᠢ ᠵᠠᠩᠵᠤᠨ ᠲᠣᠮᠢᠯᠠᠵᠤ ᠪᠠᠳᠤᠯᠠᠨ ᠰᠠᠬᠢᠭᠤᠯᠬᠤ ᠬᠡᠷᠡᠭᠲᠡᠢ ᠪᠠᠶᠢᠵᠠᠢ ᠃ ᠰᠢᠶᠣᠤ ᠸᠧᠨ ᠳ᠋ᠢ ᠬᠠᠭᠠᠨ ᠳᠠᠬᠢᠨ ᠳᠠᠪᠲᠠᠨ ᠪᠤᠳᠤᠯᠬᠢᠯᠠᠭᠠᠣᠨ ᠳᠠᠷᠤᠢ ᠵᠣᠤ ᠡᠾᠸᠢ  ᠶᠢ ᠲᠣᠮᠢᠯᠠᠨ ᠰᠠᠬᠢᠭᠤᠯᠪᠠᠯ ᠬᠠᠮᠤᠭ ᠰᠠᠶᠢᠨ ᠭᠡᠵᠤ ᠪᠣᠳᠤᠵᠠᠢ ᠃ ᠲᠡᠭᠡᠭᠡᠳ ᠵᠣᠤ ᠡᠾᠸᠢ  ᠶᠢ ᠳᠠᠭᠤᠳᠠᠨ ᠬᠠᠮᠳᠤ ᠪᠠᠷ ᠬᠤᠭᠤᠯᠠ ᠢᠳᠡᠵᠦ ᠪᠣᠳᠤᠯ  ᠢᠶᠠᠨ ᠶᠠᠷᠢᠵᠠᠢ ᠃ ᠵᠣᠤ ᠡᠾᠸᠢ ᠪᠣᠯ ᠰᠡᠷᠭᠦᠯᠡᠩ ᠬᠦᠮᠦᠨ ᠲᠤᠯᠠ ᠣᠷᠪᠠᠯᠭᠠᠨ ᠰᠠᠮᠠᠭᠤᠷᠠᠯ  ᠢ ᠳᠠᠷᠤᠨ᠎ᠠ ᠭᠡᠳᠡᠭ  ᠤᠨ ᠶᠠᠷᠰᠢᠭ ᠲᠥᠪᠡᠭ  ᠲᠠᠢ  ᠶᠢ ᠮᠡᠳᠡᠭᠡᠳ ᠳᠦᠯᠬᠢᠵᠦ ᠄ ︽ ᠮᠢᠨᠤ ᠴᠢᠳᠠᠪᠤᠷᠢ ᠬᠢᠵᠠᠭᠠᠷ  ᠲᠠᠢ ᠂ ᠪᠡᠶ᠎ᠡ  ᠶᠢᠨ ᠭᠠᠷᠤᠯ ᠴᠤ ᠠᠨᠠᠢ ᠂ ᠡᠨᠡ ᠡᠭᠦᠷᠭᠡ  ᠶᠢ ᠬᠦᠯᠢᠶᠡᠵᠦ ᠳᠡᠶᠢᠯᠬᠦ ᠦᠭᠡᠢ ︾ ᠭᠡᠪᠡ ᠃   ᠵᠣᠭᠤᠭ ᠵᠤᠭ᠎ᠠ ᠶᠠᠷᠢᠯᠴᠠᠵᠤ ᠪᠠᠶᠢᠲᠠᠯ᠎ᠠ ᠲᠣᠭᠤᠭᠠᠴᠢ ᠵᠠᠭᠤᠰᠢ ᠠᠪᠣᠭᠠᠣᠨ ᠢᠷᠡᠪᠡ ᠃ ᠬᠠᠷᠢᠨ ᠰᠠᠨᠠᠮᠰᠠᠷ ᠦᠭᠡᠢ ᠨᠢᠭᠡ ᠢᠯᠠᠭ᠎ᠠ ᠵᠠᠭᠤᠰᠢᠨ ᠳᠣᠳᠤᠷ᠎ᠠ ᠬᠥᠪᠴᠦ ᠪᠠᠶᠢᠯ᠎ᠠ ᠃ ᠳᠣᠭᠤᠭᠠᠴᠢ  ᠶᠢᠨ ᠴᠢᠷᠠᠢ ᠲᠡᠷᠡ ᠳᠣᠤᠷ᠎ᠠ  ᠪᠠᠨ ᠬᠤᠵᠢᠢᠵᠤ ᠂ ᠠᠮᠢᠰᠬᠤᠵᠤ ᠭᠠᠷᠬᠤ ᠦᠭᠡᠢ ᠰᠢᠭ ᠪᠣᠯᠪᠠ ᠃ ᠰᠢᠶᠣᠤ ᠸᠧᠨ ᠳ᠋ᠢ ᠬᠠᠭᠠᠨ ᠲᠣᠭᠤᠭᠠᠴᠢ  ᠶᠢ ᠵᠢᠮᠡᠯᠡᠭᠰᠡᠨ ᠦᠭᠡᠢ ᠬᠠᠷᠢᠨ ᠢᠨᠢᠶᠡᠮᠰᠦᠭᠯᠡᠭᠰᠡᠨ  ᠢᠶᠠᠨ ᠰᠠᠪᠬ᠎ᠠ  ᠪᠠᠷ ᠢᠯᠠᠭ᠎ᠠ  ᠶᠢ ᠡᠳᠡᠨ ᠭᠠᠷᠭᠠᠭᠠᠳ ᠥᠷᠬᠦᠯᠵᠢᠯᠡᠨ ᠬᠤᠭᠤᠯᠠ  ᠪᠠᠨ ᠢᠳᠡᠪᠡ ᠃   ᠳᠡᠮᠡᠢ ᠤᠳᠠᠯ ᠦᠭᠡᠢ ᠲᠣᠭᠤᠭᠠᠴᠢ ᠪᠠᠰᠠ ᠨᠢᠭᠡ ᠠᠶᠠᠭ᠎ᠠ ᠬᠠᠯᠠᠭᠤᠨ ᠱᠥᠯᠥ ᠠᠪᠣᠭᠠᠣᠨ ᠢᠷᠡᠪᠡ ᠃ ᠪᠠᠷᠤᠭ ᠠᠩᠬᠠᠨ  ᠤ ᠤᠴᠢᠷ  ᠢ ᠪᠣᠳᠤᠵᠤ ᠭᠤᠤᠯ ᠵᠢᠷᠦᠬᠡ  ᠨᠢ ᠲᠥᠭᠰᠢᠵᠦ ᠪᠠᠶᠢᠬᠰᠠᠨ  ᠠᠴᠠ ᠲᠣᠭᠤᠭᠠᠴᠢ  ᠶᠢᠨ ᠭᠠᠷ ᠴᠡᠴᠡᠷᠬᠢᠯᠡᠵᠦ ᠠᠪᠣᠬᠰᠠᠨ  ᠢᠶᠠᠨ ᠠᠶᠠᠭ᠎ᠠ  ᠲᠠᠢ ᠬᠠᠯᠠᠭᠤᠨ ᠱᠥᠯᠥ  ᠶᠢ ᠴᠠᠯᠭᠢᠭᠤᠯᠵᠤ ᠰᠢᠶᠣᠤ ᠸᠧᠨ ᠳ᠋ᠢ ᠬᠠᠭᠠᠨ  ᠤ ᠭᠠᠷ ᠳᠡᠭᠡᠷ᠎ᠡ ᠠᠰᠬᠠᠪᠠ ᠃ ᠰᠢᠶᠣᠤ ᠸᠧᠨ ᠳ᠋ᠢ ᠬᠠᠭᠠᠨ ᠬᠠᠯᠠᠬᠤ  ᠳᠤ ᠪᠠᠨ ᠬᠠᠰᠬᠢᠷᠤᠭᠠᠳ ᠠᠪᠴᠠᠢ ᠃ ᠲᠣᠭᠤᠭᠠᠴᠢ ᠦᠬᠦᠲᠡᠯ᠎ᠡ ᠠᠶᠤᠵᠤ ᠲᠡᠷᠡ ᠳᠠᠷᠦ᠋ᠢᠬᠠᠨ ᠭᠠᠵᠠᠷ ᠲᠡᠪᠡᠷᠢᠨ ᠰᠦᠭᠦᠦᠨᠴᠦ ᠠᠭᠤᠴᠢᠯᠠᠯ ᠭᠤᠶᠤᠪᠠ ᠃ ᠬᠡᠨ ᠮᠡᠳᠡᠨᠡᠮ ︕ ᠰᠢᠶᠣᠤ ᠸᠧᠨ ᠳ᠋ᠢ ᠬᠠᠭᠠᠨ ᠭᠠᠷ  ᠢᠶᠠᠨ ᠢᠯᠪᠢᠭᠰᠡᠨ  ᠢᠶᠠᠨ ᠡᠯᠢᠭᠡᠰᠡᠭ ᠳᠤᠯᠠᠭᠠᠨ ᠬᠠᠷᠠᠴᠠ  ᠪᠠᠷ ᠲᠣᠭᠤᠭᠠᠴᠢ  ᠶᠢ ᠲᠠᠶᠢᠤᠨᠬᠤᠷᠠᠭᠤᠯᠵᠤ ︽ ᠬᠠᠮᠢᠶ᠎ᠠ ᠦᠭᠡᠢ ᠂ ᠴᠢ ᠪᠣᠰᠤᠭᠠᠴᠢ ︕︾ ᠭᠡᠪᠡ ᠃   ᠵᠣᠤ ᠡᠾᠸᠢ ᠡᠨᠡ ᠪᠦᠬᠦᠨ  ᠢ ᠠᠵᠢᠬᠯᠠᠨ ᠰᠠᠭᠤᠵᠤ ᠪᠠᠶᠢᠯ᠎ᠠ ᠃ ᠡᠬᠢᠯᠡᠩᠭᠦᠲᠡ ᠡᠷᠡᠭᠡᠯᠵᠡᠵᠦ ᠪᠠᠶᠢᠬᠰᠠᠨ ᠲᠡᠷᠡ ᠰᠢᠶᠣᠤ ᠸᠧᠨ ᠳ᠋ᠢ ᠬᠠᠭᠠᠨ  ᠳᠤ ᠳᠠᠷᠦ᠋ᠢᠬᠠᠨ ᠵᠣᠷᠢᠭ  ᠢᠶᠠᠨ ᠢᠯᠡᠦᠨᠬᠡᠨ ︽ ᠳ᠋ᠢᠩᠵᠸᠦ   ᠳᠤ ᠣᠴᠢᠶ᠎ᠠ ᠂ ᠬᠢᠯᠢ ᠬᠢᠵᠠᠭᠠᠷ  ᠢ ᠰᠠᠶᠢᠳᠤᠷ ᠰᠠᠬᠢᠵᠤ ᠂ ᠣᠷᠪᠠᠯᠭᠠᠨ ᠰᠠᠮᠠᠭᠤᠷᠠᠯ  ᠢ ᠳᠠᠷᠤᠶ᠎ᠠ ︾ ᠭᠡᠵᠡᠢ ᠃   ᠡᠭᠦᠨ  ᠠᠴᠠ ᠦᠵᠡᠬᠦ  ᠳᠤ ᠂ ᠠᠭᠤᠴᠢᠯᠠᠯ ᠬᠡᠮᠡᠭᠴᠢ ᠠᠭᠤᠳᠠᠮ ᠪᠠᠭᠲᠠᠭᠠᠮᠵᠢ  ᠲᠠᠢ ᠠᠷᠢᠭᠤᠨ ᠰᠠᠶᠢᠬᠠᠨ ᠰᠤᠷᠲᠠᠯ ᠪᠣᠯᠬᠤ ᠮᠦᠷᠲᠡᠭᠡᠨ ᠨᠢᠭᠡ ᠵᠦᠢᠯ  ᠤᠨ ᠣᠨᠴᠠᠭᠠᠢ ᠳᠠᠲᠠᠬᠤ ᠬᠦᠴᠦᠨ  ᠲᠠᠢ ᠪᠠᠶᠢᠵᠤ ᠂ ᠬᠦᠮᠦᠰ  ᠤᠨ ᠢᠲᠡᠭᠡᠯ  ᠢ ᠣᠯᠵᠤ ᠢᠳᠡᠪᠬᠢᠵᠢᠯ  ᠢ ᠶᠡᠭᠡ ᠪᠠᠷ ᠳᠠᠶᠢᠴᠢᠯᠠᠵᠤ ᠴᠢᠳᠠᠨ᠎ᠠ ᠃ ᠳᠠᠩᠳᠠ ᠡᠷᠬᠡ ᠵᠡᠷᠭᠡ  ᠳᠤ ᠪᠠᠨ ᠡᠷᠲᠦᠵᠦ ᠳᠤᠷ᠎ᠠ ᠵᠣᠷᠢᠭ  ᠢᠶᠠᠷ  ᠢᠶᠠᠨ ᠵᠠᠬᠢᠷᠤᠨ ᠡᠵᠡᠮᠳᠡᠬᠦ  ᠶᠢᠨ ᠣᠷᠣᠨ  ᠳᠤ ᠰᠢᠶᠣᠤ ᠸᠧᠨ ᠳ᠋ᠢ ᠬᠠᠭᠠᠨ ᠰᠢᠭ ᠠᠭᠤᠴᠢᠯᠠᠯ  ᠢ ᠡᠷᠬᠢᠮᠯᠡᠨ ᠪᠣᠰᠣᠤᠨ  ᠤᠨ ᠢᠲᠡᠭᠡᠯ  ᠢ ᠣᠯᠵᠤ ᠢᠳᠡᠪᠬᠢᠵᠢᠯ  ᠢ ᠳᠠᠶᠢᠴᠢᠯᠠᠬᠤ ᠶᠠᠪᠤᠳᠠᠯ  ᠨᠢ ᠣᠳᠣᠬᠠᠨ  ᠤ ᠠᠯᠢ ᠣᠯᠠᠨ ᠤᠳᠤᠷᠢᠣᠨᠬᠤ ᠺᠠᠳ᠋ᠷ ᠪᠦᠬᠦᠨ  ᠤ ᠠᠩᠬᠠᠷᠤᠯ  ᠳᠤ   ᠪᠠᠨ ᠠᠪᠬᠤ ᠴᠢᠬᠤᠯᠠ  ᠲᠠᠢ ᠬᠡᠪ ᠪᠣᠯᠪᠠᠰᠤᠷᠠᠯ ᠪᠣᠯᠵᠤ ᠲᠠᠭᠠᠷᠠᠨ᠎ᠠ ᠃    ᠠᠭᠤᠴᠢᠯᠠᠬᠤ  ᠨᠢ ᠰᠤᠷᠭᠠᠯ ᠪᠣᠯᠵᠤ ᠲᠠᠭᠠᠷᠠᠨ᠎ᠠ ᠂ ᠡᠭᠦᠨ  ᠤ ᠡᠰᠡᠷᠭᠦ  ᠪᠠᠷ ᠠᠭᠤᠷᠯᠠᠬᠤ  ᠨᠢ ᠬᠠᠷᠢᠨ ᠤᠷᠰᠢᠭ ᠲᠠᠲᠠᠵᠤ ᠮᠡᠳᠡᠨ᠎ᠡ ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号