ᠦᠷ ᠤᠨ ᠭᠡᠭᠡ ᠲᠠᠢ ᠴᠢᠴᠡᠦᠯᠡᠨ ᠪᠤᠰᠤᠭᠰᠠᠨ ᠡᠳᠦᠷ ᠤᠳ
ᠨᠡᠶᠢᠲᠡᠯᠡᠭᠰᠡᠨ ᠴᠠᠭ᠄
2021/3/9
        ᠦᠷ ᠤᠨ ᠭᠡᠭᠡ ᠲᠠᠢ ᠴᠢᠴᠡᠦᠯᠡᠨ ᠪᠤᠰᠤᠭᠰᠠᠨ ᠡᠳᠦᠷ ᠤᠳ                               — ᠮᠢᠨᠦ ᠡᠩ ᠤᠨ ᠨᠢᠭᠡᠨ ᠠᠵᠢᠯ ᠤᠨ ᠲᠡᠮᠳᠡᠭᠯᠡᠯ                                             ᠵᠤᠬᠢᠶᠠᠭᠴᠢ᠄   ᠬᠦᠭᠵᠢᠯᠳᠦ             ᠠᠩᠬ᠎ᠠ ᠵᠡᠷᠭᠡ ᠶᠢᠨ ᠲᠡᠭᠦᠰᠬᠦ ᠰᠤᠷᠤᠭᠴᠢ ᠶᠢ ᠡᠷᠳᠡ ᠰᠡᠷᠢᠬᠡᠬᠦ ᠭᠡᠳᠡᠭ ᠨᠢ ᠤᠳᠤ ᠪᠤᠯᠲᠠᠯ᠎ᠠ ᠮᠠᠷᠭᠤᠯᠳᠤᠭᠠᠨ  ᠲᠠᠢ ᠠᠰᠠᠭᠤᠳᠠᠯ ᠪᠠᠶᠢᠵᠦ᠂ ᠦᠨᠡᠨᠳᠡᠭᠡᠨ ᠠᠷᠭ᠎ᠠ ᠦᠭᠡᠢ ᠶᠢᠨ ᠠᠷᠭ᠎ᠠ ᠪᠠᠶᠢᠵᠦ ᠮᠡᠳᠡᠬᠦ ᠶᠤᠮ᠃     ᠪᠡᠶ᠎ᠡ ᠮᠢᠨᠢ ᠬᠠᠯᠳᠠᠪᠤᠷᠢᠳᠦ ᠲᠠᠭᠰᠢᠭᠤᠷ ᠲᠤ ᠪᠠᠷᠢᠭᠳᠠᠭᠠᠳ ᠰᠦᠨᠢ ᠲᠤᠵᠢ ᠬᠠᠨᠢᠶᠠᠵᠦ᠂ ᠦᠷᠯᠦᠭᠡ ᠶᠢᠨ ᠨᠠᠮᠳᠠᠬᠤ ᠭᠱᠠᠨ ᠢ ᠪᠠᠷᠢᠵᠦ ᠤᠨᠳᠠᠭᠰᠠᠨ ᠪᠠᠶᠢᠯ᠎ᠠ᠃ ᠡᠭᠦᠨ ᠢ ᠭᠠᠷ ᠤᠳᠠᠰᠦᠨ ᠬᠤᠩᠬᠤᠨ ᠲᠠᠭᠤᠨ ᠶᠠᠭᠤᠨ‌ᠦᠳᠡᠭᠡᠷᠡᠬᠦ ᠠᠵᠡᠢ︕ ᠭᠠᠵᠠᠷ ᠲᠠᠢ ᠨᠠᠭᠠᠯᠳᠤᠭᠰᠠᠨ ᠪᠢᠳᠡᠭᠦᠭᠡᠨ ᠲᠠᠭᠤᠨ ᠳᠤ ᠪᠢ ᠮᠦᠨ ᠬᠦ ᠤᠤᠯ ᠶᠤᠰᠤᠭᠠᠷ ᠰᠡᠷᠢᠴᠢᠭᠡᠯ᠎ᠡ᠃ ᠪᠠᠰᠠ ᠨᠢᠭᠡ ᠲᠠᠪᠤᠨ ᠮᠢᠨᠦᠲ ᠤᠨᠳᠠᠶ᠎ᠠ ᠭᠡᠰᠡᠨ ᠪᠤᠳᠤᠯ ᠢᠶᠠᠷ ᠦᠭᠡ ᠲᠠᠭᠤᠨ ᠦᠭᠡᠢ ᠤᠤᠯ ᠶᠤᠰᠤᠭᠠᠷ ᠬᠡᠪᠳᠡᠭᠰᠡᠨ ᠪᠤᠯᠪᠠᠴᠦ ᠪᠤᠰᠬᠤ ᠦᠭᠡᠢ ᠪᠤᠯᠬᠤ ᠦᠭᠡᠢ ᠦᠯᠦ ᠮᠡᠳᠡᠭ ᠵᠠᠷᠯᠢᠭ ᠲᠤ ᠨᠤᠶᠢᠷ ᠢᠶᠠᠨ ᠠᠪᠴᠦ ᠬᠤᠪᠴᠠᠰᠤᠯᠠᠵᠦ ᠪᠤᠰᠤᠭᠰᠠᠨ ᠮᠢᠨᠢ ᠭᠡᠷᠭᠡᠢ ᠶᠢᠨ ᠢᠶᠠᠨ ᠰᠡᠷᠢᠭᠰᠡᠨ ᠡᠰᠡᠬᠦ ᠶᠢ ᠮᠡᠳᠡᠬᠦ ᠦᠭᠡᠢ᠂ ᠬᠦᠩᠭᠡᠨ ᠲᠠᠷᠤᠭᠰᠠᠨ ︽ᠳᠤᠱ︾ ᠭᠡᠰᠡᠨ ᠪᠠᠳᠤᠯᠠᠭᠠᠳᠦ ᠡᠭᠦᠳᠡᠨ ᠤ ᠲᠠᠭᠤᠨ ᠢᠶᠠᠷ ᠪᠢ ᠮᠦᠨ ᠬᠦ ᠨᠤᠶᠢᠷᠮᠤᠭᠯᠡᠨ ᠲᠠᠪᠤᠨ ᠲᠠᠪᠬᠤᠷ ᠠᠰᠠᠷ ᠢᠶᠠᠷ ᠪᠡᠶ᠎ᠡ ᠶᠢᠨ ᠬᠦᠨᠳᠦ ᠪᠠᠨ ᠠᠰᠢᠭᠯᠡᠨ‌ᠡᠷᠬᠢᠭᠡ ᠪᠦᠳᠦᠴᠡ ᠪᠠᠷ ︽ᠠᠶᠢᠵᠢᠮ︾ ᠲᠠᠢ ᠲᠡᠨᠳᠦᠷᠬᠡᠶᠢᠯᠡᠨ ᠪᠠᠭᠤᠯ᠎ᠠ᠃ ᠦᠨᠡᠨᠳᠡᠭᠡᠨ ᠲᠤᠭᠤᠢ ᠤᠨᠤᠵᠦ ᠪᠠᠶ᠎ᠡ ᠪᠤᠯᠪᠠᠰᠤᠷᠠᠬᠤ ᠲᠠᠢ ᠬᠤᠤᠰᠯᠠᠭᠤᠯᠵᠦ ᠪᠠᠶᠢᠭᠰᠠᠨ ᠮᠢᠨᠢ᠂ ᠦᠨᠦᠳᠦᠷ ᠲᠡᠭᠷᠢ ᠠᠪᠤ ᠴᠠᠭ ᠠᠴᠠ ᠡᠷᠳᠡ ᠬᠠᠯᠠᠭᠤᠷᠠᠵᠦ ᠪᠠᠶᠢᠭᠠᠯᠢ ᠶᠢ ᠲᠠᠭᠤᠳᠠᠨ ᠰᠡᠷᠢᠭᠡᠴᠢᠭᠡᠳ ᠤᠳᠤ ᠬᠠᠷᠢᠨ ᠭᠦᠢᠳᠡᠨ ᠲᠠᠰᠢᠭᠤᠷ ᠪᠠᠷ ᠭᠤᠶᠠᠳᠠᠵᠦ ᠰᠢᠢᠳᠭᠡᠵᠦ ᠪᠠᠶᠢᠭ᠎ᠠ ᠴᠠᠭ᠂ ᠪᠢ ᠴᠦ ᠨᠢᠭᠡᠨ ᠡᠷᠭᠡ ᠲᠦᠷᠦᠯᠳᠡᠨ ᠤ ᠨᠢᠭᠡ ᠪᠤᠯᠤᠭᠰᠠᠨ ᠲᠤᠯᠠ ᠪᠡᠶ᠎ᠡ ᠵᠢᠭᠡᠬᠦᠰᠴᠦ ᠠᠷᠭ᠎ᠠ ᠪᠤᠰᠦ ᠲᠡᠷᠭᠡ ᠪᠠᠨ ᠨᠤᠴᠤᠭᠠᠯ᠎ᠠ᠃      ᠪᠢ ᠡᠨᠡᠬᠦ ᠮᠦᠨ ᠬᠦ ᠲᠤᠭ ᠨᠤᠶᠢᠷ ᠲᠠᠭᠠᠨ ᠪᠠᠶᠢᠭ᠎ᠠ ᠬᠤᠳᠠ ᠵᠡᠭᠡᠯᠢ ᠶᠢᠨ ᠨᠤᠭᠤᠭᠠᠨ ᠤᠯᠠᠭᠠᠨ ᠳ᠋ᠧᠩ ᠦᠭᠡᠢ ᠬᠦᠮᠦᠨ ᠬᠠᠷ᠎ᠠ ᠴᠦᠬᠡᠨ ᠵᠠᠮ ᠢᠶᠠᠷ ᠲᠡᠷᠭᠡᠨ ᠵᠠᠯᠠᠭᠤᠷ ᠢᠶᠠᠨ ᠠᠳᠬᠤᠬᠤ ᠲᠡᠳᠦᠢ ᠨᠤᠶᠢᠷᠮᠤᠭᠯᠡᠨ ᠶᠠᠪᠤᠪᠠᠴᠦ᠂ ᠲᠤᠨᠤᠯᠵᠢᠨ ᠵᠠᠮ ᠢᠶᠠᠷ ᠭᠡᠨᠡᠳᠳᠡ ᠭᠠᠷᠴᠦ ᠢᠷᠡᠬᠦ ᠮᠦᠨ ᠬᠦ ᠨᠤᠶᠢᠷᠮᠤᠭᠯᠡᠵᠦ ᠪᠠᠶᠢᠭ᠎ᠠ ᠲᠡᠷᠭᠡᠨ ᠤ ᠡᠰᠡᠷᠭᠦᠯᠡᠨ ᠢᠷᠡᠬᠦ  ᠠᠴᠠ ᠡᠮᠢᠶᠡᠨ ᠪᠠᠭ᠋ᠠᠨ ︽ᠬᠢᠴᠢᠶᠡᠩᠭᠦᠶᠢᠯᠡᠨ︾ ᠶᠠᠪᠤᠬᠤ ᠬᠡᠷᠡᠭᠲᠡᠢ ᠪᠠᠶᠢᠯ᠎ᠠ᠂ ᠰᠤᠷᠭᠠᠭᠤᠯᠢ ᠶᠢᠨ ᠡᠭᠦᠳᠡ ᠬᠦᠷᠬᠦ ᠳᠤ ᠮᠠᠨᠠᠭᠠᠴᠢ ᠡᠪᠦᠭᠡᠨ ᠰᠠᠶ᠋ᠢᠬᠠᠨ ᠪᠤᠰᠴᠦ ᠡᠭᠦᠳᠡᠨ ᠭᠡᠷ ᠲᠡᠭᠡᠨ ᠪᠠᠶᠢᠭᠰᠠᠨ ᠦᠭᠡᠢ ᠪᠠᠶᠢᠯ᠎ᠠ᠃ ᠪᠢ ᠲᠡᠷᠭᠡ ᠪᠠᠨ ᠵᠤᠭᠰᠤᠭᠠᠵᠦ ᠠᠦ᠋ᠲ ᠡᠵᠡᠮᠰᠢᠯ ᠨᠡᠭᠡᠭᠡᠭᠦᠷ ᠢᠶᠠᠷ ᠨᠢ ᠨᠡᠭᠡᠭᠡᠵᠦ᠂ ᠱᠦᠢᠨᠢ ᠵᠠᠮ ᠤᠨ ᠲᠡᠷᠭᠡᠨ ᠬᠦᠷᠳᠦᠨ ᠤ ᠬᠦᠷᠴᠢᠬᠢᠨᠡᠬᠦ ᠲᠠᠭᠤᠨ ᠳᠤ ᠠᠰᠠᠷ ᠤᠨ ᠡᠭᠦᠳᠡᠨ ᠳᠤ ᠬᠦᠷᠬᠦ ᠳᠤ ᠰᠤᠷᠤᠭᠴᠢ ᠰᠠᠶ᠋ᠢ ᠪᠤᠰᠬᠤ ᠨᠢ ᠪᠤᠰᠴᠦ ᠪᠠᠶᠢᠯ᠎ᠠ᠃ ᠪᠢ ᠵᠤᠷᠰᠢᠯ ᠶᠤᠰᠤᠭᠠᠷ 103 ᠪᠠᠶᠢᠷᠢᠨ ᠤ ᠡᠭᠦᠳᠡ ᠶᠢ ᠬᠦᠴᠦᠯᠡᠨ‌‍ᠲ᠋ᠤᠭᠰᠢᠬᠤ ᠳᠤ ᠡᠭᠦᠳᠡ ᠪᠠᠨ ᠨᠡᠭᠡᠭᠡᠨ ᠦᠭᠭᠦᠯ᠎ᠡ ᠃ ᠡᠨᠡᠬᠦ ᠪᠠᠶᠢᠷᠢ ᠶᠢᠨ ᠬᠢᠨ ᠨᠠᠮᠠᠢ ᠶᠢ ᠪᠤᠰᠬᠠᠵᠦ ᠪᠠᠷᠠᠮᠠᠭᠴᠠ ᠪᠦᠬᠦᠳᠡᠭᠡᠷ ᠵᠠᠯᠭᠠᠭᠠᠳ ᠤᠨᠳᠠᠳᠠᠭ ᠵᠠᠩ ᠲᠠᠢ ᠪᠠᠶᠢᠳᠠᠭ ᠶᠤᠮ᠃ ᠤᠷᠵᠢᠳᠦᠷ ᠰᠡᠷᠢᠭᠡᠭᠡᠳ ᠬᠤᠯᠠᠳᠤᠯ ᠦᠭᠡᠢ ᠲᠤᠤᠷ᠎ᠠ ᠪᠠᠨ ᠡᠷᠭᠢᠨ ᠪᠤᠴᠠᠭᠰᠠᠨ ᠳᠤ ᠸᠧᠨ ᠪᠢᠶᠤᠤ ᠭᠡᠳᠡᠭ ᠠᠯᠢᠶ᠎ᠠ ᠰᠤᠷᠤᠭᠴᠢ ᠰᠠᠶ᠋ᠢᠬᠠᠨ ᠬᠡᠪᠳᠡᠭᠰᠡᠨ ᠢᠶᠠᠷ ᠨᠠᠮᠠᠢ ᠶᠢ ᠦᠵᠡᠮᠡᠭᠴᠡ ᠲᠠᠩᠭᠠᠶᠢᠨ ᠪᠤᠰᠬᠤ ᠲᠠᠮᠢᠷ ᠪᠤᠯᠭᠠᠨ ᠤᠪᠯᠠᠵᠦ ᠪᠠᠶᠢᠭᠰᠠᠨ ᠢ ᠬᠠᠷᠠᠭᠠᠳ ᠨᠢᠭᠡ ᠪᠠᠶᠢᠷᠢ ᠤᠨ ᠬᠢᠨᠢ ᠬᠦᠬᠦᠷᠡᠳᠡᠯ᠎ᠡ ᠢᠨᠢᠶᠡᠭᠰᠡᠨ ᠪᠦᠭᠡᠳ ᠮᠢᠨᠦ ᠢᠨᠢᠶᠡᠳᠦ ᠴᠦ ᠬᠦᠷᠴᠦ ᠸᠧᠨ ᠪᠢᠶᠤᠤ ᠤᠯᠠᠮ ᠴᠦ ᠲᠤᠩ ᠬᠦᠬᠡᠷᠦᠭᠦᠢ ᠰᠠᠨᠠᠭᠳᠠᠯ᠎ᠠ᠃ ᠦᠨᠦᠳᠦᠷ ᠰᠤᠷᠤᠭᠴᠢᠳ ᠮᠢᠨᠢ ᠨᠠᠮᠠᠢ ᠶᠢ ᠦᠵᠡᠭᠡᠳ ᠪᠦᠷ ᠪᠤᠰᠵᠠᠭᠠᠯ᠎ᠠ᠃ ᠪᠢ ᠡᠨᠡᠦᠬᠡᠨ ᠵᠠᠭᠤᠷ᠎ᠠ ᠦᠴᠦᠭᠡᠳᠦᠷᠬᠡᠨ ᠠᠯᠪᠠᠨ ᠭᠡᠷ ᠲᠤ ᠢᠷᠡᠭᠰᠡᠨ ᠲᠡᠭᠡᠷ᠎ᠡ ᠤᠨ  ᠤ ᠲᠦᠩᠯᠢᠶᠤᠤ ᠮᠤᠩᠭᠤᠯ ᠲᠤᠮᠳᠠᠳᠦ ᠰᠤᠷᠭᠠᠭᠤᠯᠢ ᠶᠢᠨ ᠲᠤᠷᠰᠢᠯᠳᠠ ᠶᠢᠨ ᠠᠩᠭᠢ ᠳᠤ ᠪᠠᠶᠢᠭ᠎ᠠ ᠮᠧᠩ ᠴᠡᠯᠮᠡᠭ ᠭᠡᠳᠡᠭ ᠰᠤᠷᠤᠭᠴᠢ ᠶᠢᠨ ᠡᠷᠳᠡᠯᠡᠨ ᠪᠤᠰᠴᠦ ᠪᠠᠶᠢᠭ᠎ᠠ ᠶᠢ ᠶᠠᠷᠢᠵᠦ ᠦᠭᠬᠦ ᠲᠡᠳᠦᠬᠡᠨ ᠵᠠᠭᠤᠷ᠎ᠠ ᠪᠤᠰᠤᠳ ᠠᠩᠭᠢ ᠶᠢᠨ ᠪᠠᠶᠢᠷᠢ ᠪᠠᠷ ᠤᠷᠤᠬᠤ ᠳᠤ ᠨᠠᠮᠠᠢ ᠡᠭᠦᠳᠡ ᠲᠦᠯᠬᠢᠨ ᠤᠷᠤᠮᠠᠭᠴᠠ ᠲᠤᠤᠷ᠎ᠠ ᠲᠠᠯ᠎ᠠ ᠵᠢᠨ‌‍ᠲ᠋ᠤᠮᠳᠠ‌ᠤᠷᠤ ᠳᠤ ᠬᠡᠪᠳᠡᠵᠦ ᠪᠠᠶᠢᠭᠰᠠᠨ ᠨᠢᠭᠡᠨ ᠰᠤᠷᠤᠭᠴᠢ ᠨᠤᠶᠢᠷᠮᠤᠭᠯᠠᠵᠦ ᠪᠠᠶᠢᠭᠰᠠᠨ ᠴᠦ ᠭᠦᠶᠦᠨ ᠪᠤᠰᠴᠦ ᠰᠠᠭᠤᠬᠤ ᠶᠢ ᠬᠠᠷᠠᠭᠠᠳ ᠰᠠᠶ᠋ᠢᠬᠠᠨ ᠠᠵᠢᠭᠯᠠᠪᠠᠯ ᠲᠠᠯ᠎ᠠ ᠮᠢᠨᠢ ᠪᠠᠶᠢᠯ᠎ᠠ᠃ ᠡᠨᠡᠬᠦ ᠰᠤᠷᠤᠭᠴᠢ ᠤᠤᠯ ᠳᠠᠭᠠᠨ ᠪᠠᠰᠠ ᠨᠢᠭᠡ ᠨᠠᠳᠠ ᠳᠤ ᠰᠢᠭᠦᠮᠵᠢᠯᠡᠭᠳᠡᠭᠰᠡᠨ ᠰᠤᠷᠤᠭᠴᠢ ᠪᠠᠶᠢᠭᠰᠠᠨ ᠶᠤᠮ᠃      ᠲᠡᠷᠡ ᠨᠢ ᠬᠤᠶᠠᠷ ᠵᠢᠯ ᠤᠨ ᠡᠮᠦᠨ᠎ᠡ ᠪᠠᠶᠢᠭᠰᠠᠨ᠃ ᠮᠢᠨᠦ ᠵᠢᠵᠢᠭᠦᠷ ᠤᠨ ᠡᠭᠡᠯᠵᠢ ᠲᠤᠯᠠ ᠭᠠᠷᠠᠭ ᠤᠨ ᠡᠳᠦᠷ ᠪᠠᠶᠢᠷᠢ ᠶᠢᠨ ᠠᠰᠠᠷ ᠤᠨ ᠭᠤᠷᠪᠠᠳᠤᠭᠠᠷ ᠲᠠᠪᠬᠤᠷ ᠲᠤ ᠴᠠᠭᠳᠠᠨ ᠶᠠᠪᠤᠵᠦ ᠪᠠᠶᠢᠳᠠᠯ᠎ᠠ᠂ ᠨᠢᠭᠡᠨ ᠪᠠᠶᠢᠷᠢ ᠳᠤ ᠰᠤᠷᠤᠭᠴᠢ ᠤᠪᠤᠭᠠᠷᠠᠯᠳᠤᠨ ᠪᠠᠶᠢᠯ᠎ᠠ᠃ ᠪᠠᠰᠠ ᠯᠡ ᠬᠡᠷᠡᠭᠦᠯ ᠡᠰᠡᠭᠦᠯ᠎ᠡ ᠶᠠᠮᠠᠷ ᠰᠠᠨᠠᠭᠠᠨ ᠳᠤ ᠦᠭᠡᠢ ᠤᠴᠢᠷ ᠪᠤᠯᠤᠭᠤᠵᠡᠢ ᠭᠡᠵᠦ ᠪᠠᠶᠢᠷᠢᠨ ᠳᠤ ᠨᠢ ᠰᠡᠮᠡᠬᠡᠷ ᠤᠷᠤᠬᠤ ᠳᠤ ᠨᠢᠭᠡ ᠪᠦᠯᠦᠭ ᠰᠤᠷᠤᠭᠴᠢ ᠭᠦᠵᠦᠷ ᠨᠠᠭᠠᠳᠴᠦ ᠪᠠᠶᠢᠯ᠎ᠠ ᠃ ᠲᠡᠳᠡᠨ ᠤ ᠤᠷᠮᠠᠲᠡᠢ ᠨᠠᠭᠠᠳᠴᠦ ᠪᠠᠶᠢᠬᠤ ᠶᠢ ᠬᠠᠷᠠᠭᠠᠳ ᠪᠢ ᠲᠤᠮᠳᠠ ᠨᠢ ᠪᠠᠶᠢᠭ᠎ᠠ ᠶᠢ ᠠᠵᠢᠶᠠᠷᠠᠭᠰᠠᠨ ᠬᠦᠮᠦᠨ ᠪᠠᠶᠢᠭᠰᠠᠨ ᠦᠭᠡᠢ ᠪᠠᠶᠢᠵᠡᠢ᠃ ᠭᠡᠨᠡᠳᠳᠡ ᠨᠢᠭᠡ ᠨᠢ ᠨᠠᠮᠠᠢ ᠶᠢ ᠬᠠᠷᠠᠭᠠᠳ ︽ᠪᠠᠭᠰᠢ︾ ᠭᠡᠵᠦ ᠬᠡᠯᠡᠮᠡᠭᠴᠡ ᠴᠦᠮ ᠶᠠᠯ᠎ᠠ ᠬᠢᠭᠰᠡᠨ ᠰᠢᠭ ᠤᠷᠦ ᠤᠷᠦ ᠳᠠᠭᠠᠨ ᠤᠷᠤᠵᠦ ᠰᠠᠭᠤᠨ ᠲᠠᠭᠤᠨ ᠦᠭᠡᠢ ᠴᠤᠩᠨᠤᠶᠢᠨ ᠪᠠᠶᠢᠯ᠎ᠠ᠃ ᠪᠢ ᠭᠦᠵᠦᠷ ᠢ  ᠨᠢ ᠠᠪᠴᠦ ︽ᠨᠠᠳᠠ ᠳᠤ ᠦᠭᠴᠢᠭᠡ︾ ᠭᠡᠵᠦ ᠰᠤᠷᠤᠭᠴᠢ ᠶᠢ ᠬᠡᠯᠡᠬᠦ ᠶᠢᠨ ᠲᠠᠭᠠᠦ ᠲᠠ ᠨᠠᠷ ᠡᠭᠦᠨ ᠢ ᠨᠠᠭᠠᠳᠬᠤ  ᠨᠢ ᠵᠦᠢ ᠦᠭᠡᠢ ᠬᠡᠬᠦ ᠳᠤ ᠨᠢᠭᠡᠨ‌ᠢᠪᠡᠭᠡᠯ ᠭᠡᠳᠡᠭ ᠰᠤᠷᠤᠭᠴᠢ ︽ᠪᠢᠳᠡ ᠲᠡᠭᠡᠭᠡᠳ ᠭᠠᠷᠠᠭ ᠤᠨ ᠡᠳᠦᠷ ᠶᠠᠭᠤ ᠬᠢᠬᠦ ᠪᠤᠢ︖ ᠵᠡᠭᠡᠯᠢ ᠳᠤ ᠪᠠᠰᠠ‌ᠭᠠᠷᠭᠠᠬᠤ ᠦᠭᠡᠢ︾ ᠭᠡᠬᠦ ᠳᠤ ᠪᠢ ᠶᠡᠬᠡᠳᠡ ᠠᠭᠤᠷ ᠬᠦᠷᠴᠦ᠂ ᠲᠡᠭᠦᠨ ᠢ ᠲᠠᠪᠳᠠᠯᠭ᠎ᠠ  ᠠᠴᠠ ᠡᠮᠦᠨ᠎ᠡ ᠵᠢᠵᠢᠭᠦᠷᠯᠡᠬᠦ ᠭᠡᠷ ᠲᠤ ᠤᠴᠢᠭᠤᠯᠬᠤ ᠪᠠᠷ ᠪᠤᠯᠵᠤᠵᠡᠢ᠃ ᠰᠤᠷᠭᠠᠭᠤᠯᠢ ᠶᠢᠨ ᠵᠢᠵᠢᠭᠦᠷᠯᠡᠬᠦ ᠭᠡᠷ ᠨᠢ ᠭᠤᠷᠪᠠᠨ ᠲᠠᠯ᠎ᠠ ᠪᠠᠷ ᠢᠶᠠᠨ ᠡᠭᠦᠳᠡ ᠴᠤᠩᠬᠤ ᠪᠠᠶᠢᠵᠦ᠂ ᠪᠤᠯᠤᠷ ᠲᠠᠢ ᠶᠠᠷᠢᠯᠴᠡᠵᠦ ᠪᠠᠶᠢᠳᠠᠯ᠎ᠠ ᠢᠪᠡᠭᠡᠯ ᠭᠡᠨᠡᠳᠳᠡ ᠭᠠᠳᠠᠨ᠎ᠠ ᠬᠠᠷᠠᠵᠦ ᠵᠤᠮᠠᠯᠵᠡᠨ ᠢᠨᠢᠶᠡᠬᠦ ᠳᠤ ᠪᠢ ᠦᠯᠦ ᠮᠡᠳᠡᠭ ᠭᠠᠳᠠᠨ᠎ᠠ ᠠᠴᠠ ᠱᠤᠤᠯᠠᠵᠦ ᠪᠠᠶᠢᠬᠤ ᠶᠢ ᠪᠠᠷᠤᠭᠯᠡᠵᠦ᠂ ᠲᠤᠯᠭᠠᠨ ᠠᠰᠠᠭᠤᠬᠤ ᠳᠤ ᠢᠪᠡᠭᠡᠯ ᠮᠠᠨ ᠤ ᠠᠩᠭᠢ ᠶᠢᠨ ᠬᠡᠳᠦᠨ ᠰᠤᠷᠤᠭᠴᠢ ᠪᠠᠶᠢᠨ᠎ᠠ᠂ ᠬᠡᠨ ᠨᠢ ᠪᠤᠯᠬᠤ ᠶᠢ ᠤᠪᠠᠶᠢᠯᠠᠭᠰᠠᠨ ᠦᠭᠡᠢ ᠭᠡᠵᠦ ᠬᠡᠯᠡᠯ᠎ᠡ᠃ ᠲᠠᠯ᠎ᠠ ᠶᠢ ᠪᠠᠭᠳᠠᠭᠠᠭᠰᠠᠨ ᠬᠡᠳᠦᠭᠦᠯᠡ ᠶᠢ ᠲᠠᠭᠤᠳᠠᠨ ᠠᠪᠴᠢᠷᠠᠵᠦ ᠠᠰᠠᠭᠤᠨ ᠠᠭᠤᠷᠯᠠᠭᠰᠠᠨ ᠦᠶ᠎ᠡ ᠳᠤ ᠬᠡᠳᠦᠷᠡᠳᠡᠯ᠎ᠡ ᠬᠡᠯᠡᠭᠰᠡᠨ ᠮᠢᠨᠢ ᠲᠠᠯ᠎ᠠ ᠬᠡᠵᠢᠶᠡᠳᠡ ᠨᠠᠳᠠ ᠠᠴᠠ ᠵᠠᠶᠢᠳᠡᠨ ᠶᠠᠪᠤᠬᠤ ᠪᠤᠯᠤᠭᠰᠠᠨ ᠶᠤᠮ᠃ ︽ᠮᠢᠨᠦ ᠲᠠᠯ᠎ᠠ ᠨᠠᠮᠠᠢ ᠪᠠᠨ ᠬᠠᠷᠠᠮᠠᠭᠴᠠ ᠪᠤᠰᠴᠢᠬᠠᠳᠠᠭ︾ ᠭᠡᠵᠦ ᠬᠡᠯᠡᠬᠦ ᠳᠤ ᠲᠠᠯ᠎ᠠ ᠨᠤᠶᠢᠷᠮᠤᠭ ᠨᠢᠳᠦᠨ ᠢᠶᠠᠷ ᠴᠠᠶᠢᠯᠵᠡᠨ ᠢᠨᠢᠶᠡᠬᠦ ᠳᠤ ᠲᠤᠳᠤᠷ᠎ᠠ ᠮᠢᠨᠢ ᠲᠤᠩ ᠬᠦᠬᠡᠷᠦᠭᠦᠨ ᠰᠠᠨᠠᠭᠳᠠᠯ᠎ᠠ᠃       ᠵᠠᠯᠭᠠᠭᠠᠳ ᠡᠨᠡᠳᠦᠭᠡ ᠪᠠᠶᠢᠷᠢ ᠳᠤ ᠤᠷᠤᠬᠤ ᠳᠤ ᠬᠤᠷᠴᠢᠨᠬᠦᠦ ᠨᠠᠮᠠᠢ ᠶᠢ ᠬᠠᠷᠠᠭᠠᠳ ᠮᠦᠨ ᠬᠦ ᠪᠤᠰᠤᠯ᠎ᠠ᠃ ᠲᠡᠷᠡ ᠮᠢᠨᠢ ᠪᠠᠢ ᠰᠡᠴᠡᠨ ᠪᠠᠭᠰᠢ ᠶᠢᠨ ᠠᠭᠤᠴᠢᠯᠡᠯ ᠲᠤᠤᠷ᠎ᠠ ᠪᠠᠰᠠ ᠬᠦᠷᠦᠭᠡᠳ ᠢᠷᠡᠯ᠎ᠡ᠃ ᠪᠠᠭᠰᠢ ᠬᠦᠮᠦᠨ ᠤ ᠵᠢᠷᠤᠬᠡ ᠰᠡᠳᠭᠢᠯ ᠵᠠᠷᠢᠮ ᠳᠠᠭᠠᠨ ᠡᠵᠢ ᠬᠦᠮᠦᠨ ᠲᠠᠢ ᠲᠠᠪᠬᠤᠴᠠᠳᠠᠭ ᠢᠶᠠᠨ ᠪᠠᠢ ᠪᠠᠭᠰᠢ ᠡᠴᠦᠰ ᠲᠡᠭᠡᠨ ᠬᠤᠷᠴᠢᠨᠬᠦᠦ  ᠶᠢ ᠠᠭᠤᠴᠢᠯᠠᠴᠢᠬᠠᠯ᠎ᠠ᠃ ᠪᠠᠢ ᠰᠡᠴᠡᠨ ᠪᠠᠭᠰᠢ ᠭᠡᠳᠡᠭ ᠲᠠᠪᠢ ᠭᠠᠷᠤᠭᠰᠠᠨ ᠴᠦ ᠠᠵᠢᠯ ᠬᠢᠳᠡᠯ ᠭᠡᠳ ᠴᠢᠷᠮᠠᠶᠢᠭᠠᠳ ᠭᠦᠶᠦᠳᠡᠭ ᠨᠢᠭᠡᠨ ᠪᠢᠰᠢᠷᠡᠮᠡᠷ ᠬᠠᠷᠢᠭᠤᠴᠠᠯᠭ᠎ᠠ ᠲᠠᠢ ᠪᠠᠭᠰᠢ ᠶᠤᠮ᠃ ᠲᠡᠷᠡᠦᠬᠡᠨ ᠬᠤᠷᠴᠢᠨᠬᠦᠦ ᠶᠢ ᠬᠢᠴᠢᠶᠡᠯ ᠲᠡᠭᠡᠷ᠎ᠡ ᠰᠢᠭᠦᠮᠵᠢᠯᠡᠭᠰᠡᠨ ᠳᠤ ᠬᠤᠷᠴᠢᠨᠬᠦᠦ ᠪᠠᠢ ᠪᠠᠭᠰᠢ ᠶᠢ ᠲᠦᠯᠬᠢᠨ ᠤᠨᠠᠭᠠᠵᠦ ᠵᠤᠳᠤᠬᠤ ᠪᠠᠭᠠᠰᠢ ᠭᠠᠷᠭᠠᠭᠰᠠᠨ ᠪᠠᠶᠢᠯ᠎ᠠ᠃ ᠡᠨᠡ ᠨᠢ ᠮᠠᠨ ᠤ ᠰᠤᠷᠭᠠᠭᠤᠯᠢ ᠳᠤ ᠲᠡᠭᠷᠢ ᠴᠢᠨᠡᠭᠡ ᠴᠤᠤ ᠪᠤᠯᠵᠦ᠂ ᠬᠤᠷᠴᠢᠨᠬᠦᠦ ᠶᠢ ᠰᠢᠭᠦᠮᠵᠢᠯᠡᠬᠦ ᠦᠭᠡᠢ ᠬᠦᠮᠦᠨ ᠠᠯᠠᠭ᠎ᠠ ᠪᠤᠯᠵᠡᠢ᠃ ᠮᠤᠷᠠᠯ ᠬᠦᠮᠦᠵᠢᠯ ᠤᠨ ᠭᠠᠵᠠᠷ ᠢ ᠡᠷᠢᠵᠦ ᠡᠵᠢ ᠠᠪᠤ ᠶᠢ ᠨᠢ ᠲᠠᠭᠤᠳᠠᠭᠤᠯᠤᠭᠠᠳ ᠭᠡᠷ ᠳᠤᠨᠢ ᠪᠤᠴᠠᠭᠠᠭᠰᠠᠨ ᠪᠠᠶᠢᠬᠤ ᠨᠢ ᠰᠠᠨᠠᠭᠠᠨ ᠤ ᠭᠠᠳᠠᠭᠤᠷᠬᠢ ᠶᠠᠪᠤᠳᠠᠯ ᠪᠢᠰᠢ ᠪᠠᠶᠢᠯ᠎ᠠ᠃ ᠭᠡᠳᠡᠯ᠎ᠡ ᠪᠠᠢ ᠪᠠᠭᠰᠢ ᠶᠢ ᠲᠠᠨᠢᠯ ᠬᠦᠮᠦᠨ ᠢᠶᠠᠷ ᠲᠠᠮᠵᠢᠨ ᠪᠤᠷᠤᠭᠤ ᠪᠠᠨ ᠮᠡᠳᠡᠯ᠎ᠡ ᠭᠡᠵᠦ ᠰᠤᠨᠤᠰᠤᠭᠰᠠᠨ ᠪᠤᠯᠪᠠᠴᠦ ᠠᠭᠤᠴᠢᠯᠠᠬᠤ ᠳᠤ ᠪᠡᠷᠭᠡ ᠭᠡᠵᠦ ᠪᠤᠳᠤᠵᠦ ᠪᠠᠶᠢᠭᠰᠠᠨ ᠮᠢᠨᠢ ᠪᠠᠢ ᠪᠠᠭᠰᠢ ᠰᠠᠨᠠᠭᠠᠨ ᠠᠴᠠ ᠭᠠᠳᠠᠭᠤᠷ ᠠᠭᠤᠴᠢᠯᠠᠴᠢᠬᠠᠯ᠎ᠠ᠃ ᠬᠤᠷᠴᠢᠨᠬᠦᠦ ᠬᠤᠵᠢᠮ ᠶᠠᠮᠠᠷ ᠴᠦ ᠪᠤᠯᠤᠭ ᠪᠠᠭᠰᠢ ᠶᠢᠨ ᠠᠭᠤᠴᠢᠯᠡᠯ ᠲᠤᠤᠷ᠎ᠠ ᠬᠦᠷᠦᠭᠡᠳ ᠢᠷᠡᠯ᠎ᠡ᠃ ᠬᠤᠭᠤᠰᠤᠨ ᠪᠠᠶᠢᠭᠰᠠᠨ ᠤᠷᠤ ᠲᠡᠭᠡᠷ᠎ᠡ ᠬᠤᠷᠴᠢᠨᠬᠦᠦ ᠪᠤᠰᠬᠤ ᠦᠶ᠎ᠡ ᠲᠤᠳᠤᠷ᠎ᠠ ᠶᠠᠭᠤ ᠨᠢᠭᠡ ᠲᠦᠭᠦᠷᠡᠩ ᠰᠠᠨᠠᠭᠳᠠᠨ᠎ᠠ᠃       ᠬᠤᠶᠠᠳᠤᠭᠠᠷ ᠲᠠᠪᠬᠤᠷ ᠲᠤ ᠭᠠᠷᠬᠤ ᠳᠤ ᠠᠩᠭᠢ ᠶᠢᠨ ᠪᠠᠶᠢᠷᠢ ᠳᠤ ᠰᠤᠶᠤᠯ ᠬᠢᠵᠢᠶᠡᠨᠡᠢ ᠪᠤᠰᠴᠢᠬᠠᠭᠰᠠᠨ ᠪᠠᠶᠢᠯ᠎ᠠ᠃ ᠸᠧᠨ ᠭᠤᠸᠠᠩ ᠨᠠᠮᠠᠢ ᠶᠢ ᠬᠠᠷᠠᠭᠠᠳ ᠮᠦᠨ ᠬᠦ ᠠᠶᠠᠷᠬᠠᠨ ᠪᠤᠰᠴᠢᠬᠠᠯ᠎ᠠ᠃ ᠡᠨᠡ ᠬᠤᠶᠠᠷ ᠲᠠᠮᠰᠢᠭ ᠮᠢᠨᠢ ᠬᠤᠶᠠᠷ ᠵᠢᠯ ᠤᠨ ᠡᠮᠦᠨ᠎ᠡ ᠨᠠᠳᠠ ᠶᠢ ᠶᠡᠭᠡ ᠠᠭᠤᠷᠯᠠᠭᠤᠯᠤᠭᠰᠠᠨ ᠤᠳᠠᠭ᠎ᠠ ᠪᠠᠶᠢᠳᠠᠭ ᠶᠤᠮ᠃ ᠠᠩᠬ᠎ᠠ ᠵᠡᠷᠭᠡ ᠶᠢᠨ ᠨᠢᠭᠡᠳᠦᠭᠡᠷ ᠤᠨ ᠳᠤ ᠬᠤᠭᠤᠯᠡᠨ ᠭᠡᠷ ᠤᠨ ᠡᠮᠬᠢ ᠵᠢᠷᠤᠮ ᠢ ᠪᠠᠶᠢᠴᠠᠭᠠᠵᠦ ᠪᠠᠶᠢᠳᠠᠯ᠎ᠠ ᠭᠡᠨᠡᠳᠳᠡ ᠰᠤᠷᠤᠭᠴᠢ ᠬᠤᠭᠤᠯᠡᠨ ᠫᠠᠨᠰᠠ ᠪᠠᠷ ᠢᠶᠠᠨ ᠴᠤᠬᠢᠯᠳᠦᠵᠦ ᠡᠬᠢᠯᠡᠯ᠎ᠡ᠃ ᠵᠡᠷᠭᠡᠯᠳᠡᠭᠡ ᠠᠩᠭᠢ ᠶᠢᠨ ᠨᠢᠭᠡᠨ ᠰᠤᠷᠤᠭᠴᠢ ᠶᠢᠨ ᠬᠠᠮᠠᠷ  ᠶᠢ ᠲᠡᠰᠦᠷᠡᠳᠡᠯ᠎ᠡ ᠴᠤᠬᠢᠵᠦ ᠬᠤᠶᠠᠷ ᠲᠠᠮᠰᠢᠭ ᠮᠢᠨᠢ ᠠᠰᠠᠭᠤᠬᠤ ᠳᠤ ᠰᠠᠭᠤᠳᠠᠯ ᠤᠷᠤ ᠪᠤᠯᠢᠶᠠᠯᠳᠤᠭᠰᠠᠨ ᠶᠠᠪᠤᠳᠠᠯ ᠲᠡᠳᠦᠢ ᠪᠠᠶᠢᠵᠡᠢ᠃ ᠮᠢᠨᠦ ᠵᠢᠵᠢᠭᠦᠷ ᠡᠬᠡᠯᠵᠢ ᠳᠤ ᠬᠡᠷᠡᠭᠦᠯ ᠱᠤᠷᠤᠭᠤᠯ ᠡᠳᠦᠢ ᠲᠡᠳᠦᠢ ᠭᠠᠷᠤᠭᠰᠠᠨ ᠲᠤᠯᠠ ᠲᠤᠲᠤᠷ᠎ᠠ ᠲᠤᠩ ᠠᠭᠤᠷᠯᠡᠨ ᠪᠤᠭᠰᠠᠵᠦ᠂ ᠬᠤᠶᠠᠷ ᠲᠠᠮᠰᠢᠭ ᠢ ᠠᠯᠪᠠᠨ ᠭᠡᠷ ᠲᠤ ᠠᠪᠴᠢᠷᠠᠵᠦ ᠬᠠᠴᠠᠷ ᠲᠦᠭᠦᠰᠢ ᠶᠢ ᠨᠢ ᠠᠯᠠᠭᠠᠲᠠᠯ᠎ᠠ᠃ ᠦᠨᠦᠬᠡᠨ ᠪᠤᠳᠤᠬᠤ ᠳᠤ ᠶᠠᠮᠠᠷᠬᠠᠨ ᠤᠴᠢᠷ ᠪᠠᠶᠢᠯ᠎ᠠ ᠴᠦ ᠬᠡᠦᠬᠡᠳ ᠢ ᠵᠤᠳᠤᠬᠤ ᠨᠢ  ᠲᠤᠶᠢᠯ ᠤᠨ ᠵᠤᠬᠢᠰ ᠦᠭᠡᠢ ᠶᠠᠪᠤᠳᠠᠯ ᠪᠤᠯᠬᠤ ᠪᠦᠭᠡᠳ ᠬᠦᠮᠦᠵᠢᠯ ᠤᠬᠠᠭᠠᠨ ᠳᠤ ᠴᠡᠭᠡᠷᠯᠡᠬᠦ ᠶᠤᠰᠤᠲᠡᠢ ᠵᠤᠶᠢᠯ ᠪᠤᠯᠬᠤ ᠶᠤᠮ᠃ ᠪᠠᠶᠠᠷᠯᠠᠭᠤᠰᠢᠲᠡᠢ ᠶᠠᠪᠤᠳᠠᠯ ᠪᠤᠯᠬᠤ ᠨᠢ ᠬᠤᠶᠠᠷ ᠲᠠᠮᠰᠢᠭ ᠮᠢᠨᠢ ᠨᠠᠳᠠ ᠠᠴᠠ ᠬᠤᠯᠠᠳᠤᠭ᠎ᠠ ᠦᠭᠡᠢ᠂ ᠠᠭᠤᠯᠵᠡᠬᠤ ᠪᠤᠯᠭᠠᠨ ᠢᠨᠢᠶᠡᠪᠬᠢᠯᠡᠨ ᠬᠢᠭᠰᠡᠨ ᠬᠡᠷᠡᠭ ᠤᠨ ᠢᠶᠠᠨ ᠤᠰᠤᠯ ᠬᠦᠯᠢᠶᠡᠬᠦ‍ ᠰᠢᠭ ᠪᠠᠶᠢᠯ᠎ᠠ᠃ ᠵᠠᠷᠢᠮ ᠦᠶᠡᠰ ᠬᠡᠦᠬᠡᠳ ᠭᠡᠵᠦ ᠡᠶᠢᠨᠬᠦ ᠴᠠᠶᠢᠯᠭᠠᠨ ᠴᠠᠭᠠᠪᠤᠷᠢ ᠪᠠᠷ ᠢᠶᠠᠨ ᠮᠠᠨᠤᠰ ᠤᠨ ᠤᠰᠤᠯ ᠢ ᠲᠠᠰᠢᠭᠤᠷᠳᠠᠳᠠᠭ ᠪᠠᠶᠢᠵᠦ ᠳ᠋ᠠ︕       ᠡᠰᠡᠷᠭᠦ ᠪᠠᠶᠢᠷᠢᠨ ᠡᠭᠦᠳᠡ ᠶᠢ ᠲᠤᠭᠰᠢᠬᠤ ᠳᠤ ᠪᠤᠤ ᠸᠧᠨ ᠵᠢᠶᠦ᠋ᠨ ᠮᠢᠨᠢ ᠪᠤᠰᠤᠭᠠᠳᠤᠢ ᠪᠠᠶᠢᠵᠡᠢ᠃ ︽ᠸᠧᠨ ᠵᠢᠶᠦ᠋ᠨ ᠡ ᠬᠦ᠋︾ ᠭᠡᠵᠦ ᠬᠦᠨᠵᠢᠯᠡ ᠶᠢ ᠨᠢ ᠲᠠᠲᠠᠵᠦ ᠪᠤᠰᠬᠠᠬᠤ ᠳᠤ ᠬᠦᠬᠡᠷᠦᠭᠦᠨ ᠪᠤᠯᠳᠠᠭᠠᠷ ᠪᠡᠶ᠎ᠡ ᠶᠢ ᠨᠢ ᠬᠠᠷᠠᠭᠠᠳ ᠡᠨᠡᠬᠦ ᠲᠤᠳᠠᠭᠳᠠᠯ ᠤᠯᠡᠨ ᠪᠦᠭᠡᠳ ᠬᠡᠷᠡᠭ ᠲᠠᠰᠤᠷᠠᠬᠤ ᠦᠭᠡᠢ ᠠᠯᠢᠶ᠎ᠠ ᠶᠢ ᠰᠠᠨᠠᠬᠤ ᠦᠭᠡᠢ ᠪᠠᠶᠢᠬᠤ ᠶᠢᠨ ᠠᠷᠭ᠎ᠠ ᠦᠭᠡᠢ ᠪᠠᠶᠢᠯ᠎ᠠ᠃ ᠬᠦᠮᠦᠨ ᠤ ᠬᠦᠯ ᠢ ᠬᠤᠭᠤ ᠲᠡᠪᠰᠡᠵᠦ᠂ ᠡᠮᠨᠡᠯᠭᠡ ᠶᠢᠨ ᠬᠤᠷᠢᠶᠡᠨ ᠳᠤ ᠠᠪᠠᠴᠢᠵᠦ ᠭᠦᠶᠦᠭᠰᠡᠨ ᠤᠳᠠᠭ᠎ᠠ ᠲᠠᠢ᠂ ᠪᠠᠰᠠ ᠬᠡᠷᠡᠭᠦᠯ ᠪᠤᠯᠭᠠᠨ ᠬᠤᠴᠤᠷᠠᠳᠠᠭ ᠦᠭᠡᠢ ᠪᠤᠯᠪᠠᠴᠦ ᠪᠠᠭᠰᠢ ᠶᠢᠨ ᠢᠶᠠᠨ ᠠᠭᠤᠴᠢᠯᠡᠯ ᠲᠤᠤᠷ᠎ᠠ ᠪᠠᠭᠳᠠᠭᠰᠠᠭᠠᠷ ᠢᠷᠡᠭᠰᠡᠨ ᠪᠤᠤ ᠸᠧᠨ ᠵᠢᠶᠦ᠋ᠨ ᠲᠠᠬᠢᠵᠦ ᠬᠡᠷᠡᠭ ᠲᠠᠳᠠᠬᠤ ᠦᠭᠡᠢ ᠪᠤᠯᠵᠦ᠂ ᠬᠦᠬᠡᠷᠦᠭᠦᠨ ᠰᠠᠶᠢᠬᠠᠨ ᠪᠠᠭ᠋ᠠᠨ ᠠᠯᠢᠶ᠎ᠠ ᠲᠦᠷᠰᠦ ᠨᠢ ᠬᠡᠵᠢᠶᠡᠳᠡ ᠮᠢᠨᠦ ᠨᠢᠳᠦᠨ ᠠᠴᠠ ᠭᠠᠷᠬᠤ ᠦᠭᠡᠢ ᠪᠤᠯᠤᠭᠰᠠᠨ ᠪᠠᠶᠢᠨ᠎ᠠ᠃ ᠤᠨᠴᠠᠭᠠᠶᠢᠯᠡᠨ ᠠᠩᠬ᠎ᠠ ᠭᠤᠷᠪᠠ ᠶᠢᠨ ᠲᠠᠮᠢᠷ ᠤᠨ ᠪᠤᠯᠪᠠᠰᠤᠷᠠᠯ ᠳᠤ ᠪᠤᠯᠳᠤᠭᠴᠢᠨ ᠭᠦᠶᠦᠵᠦ ᠬᠦᠴᠦᠯᠡᠨ ᠪᠤᠯᠪᠠᠰᠤᠷᠠᠵᠦ ᠪᠠᠶᠢᠭ᠎ᠠ ᠶᠢ ᠬᠠᠷᠠᠭᠠᠳ᠂ ᠰᠤᠷᠤᠭᠴᠢ ᠭᠡᠳᠡᠭ ᠬᠦᠮᠦᠵᠢᠯ ᠲᠤᠮᠳᠠ ᠪᠠᠶᠢᠭ᠎ᠠ ᠬᠡᠦᠬᠡᠳ ᠠᠭᠤᠴᠢᠯᠡᠯ ᠬᠡᠴᠢᠨᠡᠨ ᠴᠢᠬᠤᠯᠠ ᠪᠠᠶᠢᠭ᠎ᠠ ᠶᠢ ᠮᠡᠳᠡᠵᠦ ᠪᠢᠯᠡ᠃       ᠲᠦᠷᠪᠡᠳᠦᠭᠡᠷ ᠠᠩᠭᠢ ᠶᠢᠨ204.209.210 ᠪᠠᠶᠢᠷᠢ   ᠳᠤ ᠤᠷᠤᠯ᠎ᠠ᠃ ᠪᠤᠰᠬᠤ ᠲᠤᠷ᠎ᠠ ᠦᠭᠡᠢ ᠪᠠᠶᠢᠷᠢ  ᠶᠢᠨ ᠨᠢᠭᠡ ᠪᠤᠯᠤᠨ᠎ᠠ᠃ ᠲᠡᠳᠡ ᠨᠠᠷ ᠦᠷᠬᠦᠯᠵᠢ ᠤᠷᠤᠢ ᠪᠤᠰᠳᠠᠭ ᠳᠤᠨᠢ ᠪᠢ ᠬᠡᠳᠦ ᠤᠳᠠᠭ᠎ᠠ ᠰᠠᠶᠢᠬᠠᠨ ᠮᠠᠭᠤᠬᠠᠢ  ᠪᠠᠷ ᠬᠡᠯᠡᠵᠦ ᠦᠩᠭᠡᠷᠡᠯ᠎ᠡ᠃ ᠦᠷᠭᠡᠨ ᠮᠡᠳᠦ ᠶᠢᠨ ᠬᠡᠳᠦᠨ ᠰᠤᠷᠤᠭᠴᠢ ᠨᠠᠳᠠ ᠭᠤᠷᠪᠠ ᠤᠳᠠᠭ᠎ᠠ ᠵᠤᠷᠢᠭᠵᠢᠯ ᠤᠨ ᠪᠢᠴᠢᠭ ᠦᠭᠴᠦ ᠪᠢᠴᠢᠭ ᠲᠡᠭᠡᠨ ᠪᠠᠰᠠ ᠬᠡᠳᠦ ᠤᠳᠠᠭ᠎ᠠ ᠪᠠᠨ ᠪᠢᠴᠢᠵᠦ ᠪᠠᠶᠢᠬᠤ ᠳ᠋ᠠᠭᠠᠨ‌ᠡᠪ ᠦᠭᠡᠶᠢᠳᠡᠵᠦ ᠪᠠᠶᠢᠬᠤ  ᠪᠠᠨ ᠬᠦᠷᠳᠡᠯ᠎ᠡ ᠲᠤᠳᠤᠷᠬᠠᠶᠢᠯᠠᠭᠰᠠᠨ ᠪᠤᠯᠪᠠᠴᠦ ᠬᠠᠶᠠ ᠤᠷᠤᠶᠢᠳᠠᠬᠤ ᠪᠠᠷ ᠢᠶᠠᠨ ᠪᠠᠰᠠ ᠤᠷᠤᠶᠢᠳᠠᠳᠠᠭ ᠪᠠᠶᠢᠯ᠎ᠠ᠃ ︽ᠮᠠᠨᠠᠶᠢᠬᠢᠳ ᠶᠠᠭᠠᠬᠢᠵᠦ ᠪᠠᠶᠢᠬᠤ ᠪᠢᠯᠡ︕ ᠪᠤᠰᠬᠤ ᠦᠭᠡᠢ ᠤᠤ︖︾ ᠭᠡᠭᠰᠡᠭᠡᠷ ᠤᠨᠳᠤᠢ ᠰᠤᠨᠳᠤᠢ ᠪᠠᠶᠢᠪᠠᠴᠦ ᠱᠦ ᠯᠢᠶᠠᠩ ᠭᠡᠳᠡᠭ ᠪᠢᠯᠳᠡᠷ ᠰᠠᠶᠢᠲᠡᠢ ᠬᠦᠦ ᠠᠴᠠ ᠡᠬᠢᠯᠡᠨ ᠪᠤᠰᠴᠠᠭᠠᠵᠦ ᠡᠬᠢᠯᠡᠨ᠎ᠡ᠃ ᠲᠡᠷᠡ ᠪᠠᠷᠤᠭ ᠠᠩᠭᠢ ᠳᠠᠭᠠᠨ ᠬᠦᠷᠦᠭᠰᠡᠭᠡᠷ ᠤᠨᠳᠠᠴᠢᠬᠠᠳᠠᠭ ᠢ ᠮᠡᠳᠡᠪᠡᠴᠦ ᠲᠠᠮᠢᠷ ᠤᠨ ᠪᠠᠭᠰᠢ ᠨᠠᠳᠠ ᠶᠢ ᠬᠦᠬᠡᠬᠤᠳᠠ ᠶᠢᠨ ᠪᠦᠬᠡ ᠶᠢᠨ ᠰᠤᠷᠭᠠᠭᠤᠯᠢ ᠳᠤ ᠬᠦᠷᠭᠡᠬᠦ ᠭᠡᠵᠦ ᠪᠠᠶᠢᠨ᠎ᠠ ᠭᠡᠵᠦ ᠨᠠᠳᠠ ᠬᠡᠯᠡᠭᠰᠡᠨ ᠢ ᠰᠤᠨᠤᠰᠤᠭᠠᠳ ᠪᠢ ᠵᠦᠪᠬᠡᠨ ᠲᠡᠭᠦᠨ ᠤ ᠠᠮᠢᠳᠤᠷᠠᠯ ᠵᠠᠮ ᠰᠠᠭᠠᠳ ᠦᠭᠡᠢ ᠰᠢᠯᠤᠭᠤᠨ ᠪᠠᠶᠢᠬᠤ ᠶᠢ ᠵᠦᠩᠨᠡᠬᠦ ᠠᠴᠠ ᠦᠭᠡᠷ᠎ᠡ ᠬᠡᠯᠡᠬᠦ ᠦᠭᠡ ᠦᠭᠡᠢ ᠪᠠᠶᠢᠯ᠎ᠠ᠃       ᠭᠤᠷᠪᠠᠳᠤᠭᠠᠷ ᠠᠩᠭᠢ ᠶᠢᠨ ︽ᠲᠤᠭᠠᠨ ᠤ ᠳ᠋ᠤᠺᠲ᠋ᠤᠷ︾ ᠭᠡᠵᠦ ᠮᠢᠨᠦ ᠨᠡᠷᠡᠯᠡᠭᠰᠡᠨ ᠨᠢᠭᠡᠨ ᠰᠤᠷᠤᠭᠴᠢ ᠪᠠᠶᠢᠳᠠᠭ᠃ ᠦᠨᠡᠨᠳᠡᠭᠡᠨ ᠪᠢ ᠨᠡᠷ᠎ᠡ ᠶᠢ ᠨᠢ ᠠᠰᠠᠭᠤᠵᠦ ᠦᠩᠭᠡᠷᠡᠭᠰᠡᠨ ᠪᠤᠯᠪᠠᠴᠦ ᠠᠷᠠᠢ ᠴᠡᠭᠡᠵᠢᠯᠡᠵᠦ ᠴᠢᠳᠠᠭᠰᠠᠨ ᠦᠭᠡᠢ᠂ ᠲᠡᠷᠡ ᠮᠢᠨᠢ ᠮᠢᠨᠦ ᠲᠤᠳᠤᠷ᠎ᠠ ᠴᠤᠬᠤᠮ ︽ᠳ᠋ᠤᠺᠲ᠋ᠤᠷ︾ ᠰᠢᠭ ᠪᠠᠶᠢᠵᠦ ᠬᠠᠷᠠᠮᠠᠭᠴᠠ ᠬᠤᠷᠴᠠ ᠰᠡᠷᠭᠦᠯᠡᠩ  ᠶᠢ ᠮᠡᠳᠡᠵᠦ ᠪᠤᠯᠬᠤ ᠪᠦᠭᠡᠳ‌ᠦᠷᠭᠦᠯᠵᠢ ᠬᠦᠮᠦᠨ ᠠᠴᠠ ᠡᠷᠳᠡ ᠪᠤᠰᠳᠠᠭ ᠳᠤ ᠨᠢ ᠪᠢ ᠲᠤᠩ ᠪᠢᠰᠢᠷᠡᠳᠡᠭ ᠪᠤᠯᠵᠦ᠂ ᠬᠠᠷᠠᠬᠤ ᠪᠤᠯᠭᠠᠨ ᠬᠡᠵᠢᠶᠡᠳᠡ ᠲᠤᠳᠤᠷ᠎ᠠ ᠪᠠᠨ ᠪᠠᠭ᠋ᠠᠷᠬᠠᠳᠠᠭ ᠪᠠᠶᠢᠭᠰᠠᠨ ᠶᠤᠮ᠃ ᠭᠡᠪᠡᠴᠦ ᠨᠢᠭᠡᠨ ᠤᠳᠠᠭ᠎ᠠ ᠪᠢ ᠭᠤᠷᠪᠠᠳᠤᠭᠠᠷ ᠤᠨ ᠤ ᠠᠩᠭᠢ ᠪᠠᠷ ᠵᠤᠷᠰᠢᠯ ᠪᠠᠶᠢᠴᠠᠭᠠᠯᠳᠠ ᠬᠢᠵᠦ ᠪᠠᠶᠢᠬᠤ ᠦᠶᠡᠰ ᠲᠡᠷᠡ ᠠᠩᠬᠠᠨ ᠰᠢᠷᠡᠭᠡᠨ ᠳᠤ ᠰᠠᠭᠤᠳᠠᠯᠳᠠᠢ ᠪᠠᠶᠢᠵᠦ ︽ᠲᠠ ᠶᠠᠭᠤ ᠬᠢᠵᠦ ᠪᠠᠶᠢᠬᠤ ᠪᠤᠢ︖︾ ᠭᠡᠵᠦ ᠨᠠᠳᠠ ᠠᠴᠠ ᠠᠰᠠᠭᠤᠯ᠎ᠠ᠃ ᠪᠢ ᠪᠠᠭ᠋ᠠᠨ ᠤᠴᠠᠭᠠᠷ ᠬᠦᠷᠴᠦ᠄ ︽ᠬᠦᠮᠦᠨ ᠤ ᠬᠤᠷᠴᠠ ᠰᠡᠷᠭᠦᠯᠡᠩ ᠬᠡᠳᠦᠶᠢᠳᠡᠪᠡᠯ ᠵᠠᠷᠢᠮ ᠳᠠᠭᠠᠨ ᠡᠪ ᠦᠭᠡᠢ ᠪᠤᠯᠴᠢᠬᠠᠳᠠᠭ︾ ᠭᠡᠵᠦ ᠶᠠᠮᠠᠷ ᠨᠢᠭᠡᠨ ᠤᠶᠢᠯᠠᠭᠠᠭᠳᠠᠰᠢ ᠦᠭᠡᠢ ᠦᠭᠡ ᠪᠠᠷ ᠬᠦᠢᠳᠡᠮᠰᠦᠭ ᠬᠡᠯᠡᠭᠰᠡᠨ ᠳᠤ ︽ᠳ᠋ᠤᠺᠲ᠋ᠤᠷ︾ ᠮᠢᠨᠢ ᠴᠢᠷᠠᠢ  ᠠᠴᠠ ᠦᠦ᠂ ᠦᠬᠡ ᠠᠴᠠ ᠦᠦ ᠪᠤᠤ ᠮᠡᠳᠡ ᠲᠤᠷᠤᠭᠰᠢ ᠬᠠᠨᠳᠤᠵᠦ ᠲᠠᠬᠢᠨ ᠲᠤᠤᠭᠠᠷᠤᠭᠰᠠᠨ ᠦᠭᠡᠢ᠃ ᠪᠢ ᠴᠦ ᠢᠯᠡᠯᠳᠡ ᠤᠯᠤᠭᠰᠠᠨ ᠮᠠᠶ᠋ᠢᠭᠲᠡᠢ ᠪᠠᠶᠢᠭᠰᠠᠨ ᠢᠶᠠᠨ ᠴᠡᠭᠡᠵᠢᠯᠡᠵᠦ ᠪᠠᠶᠢᠭᠰᠠᠭᠠᠷ ᠪᠢᠯᠡ᠃ ᠶᠠᠮᠠᠷ ᠨᠢᠭᠡᠨ ᠡᠪᠲᠡᠢ ᠦᠬᠡ  ᠪᠠᠷ ᠬᠠᠷᠢᠭᠤᠯᠬᠤ ᠶᠢ ᠤᠳᠤᠬᠠᠨ ᠪᠠᠰᠠ ᠪᠤᠳᠤᠵᠦ ᠤᠯᠤᠭᠠᠳᠤᠢ᠃ ᠮᠢᠨᠦ ︽ᠳ᠋ᠤᠺᠲ᠋ᠤᠷ︾ ᠶᠡᠭᠡ ᠪᠤᠯᠤᠭᠰᠠᠨ ᠬᠤᠶᠢᠨ᠎ᠠ ᠦᠨᠡᠬᠡᠷ ᠨᠢᠭᠡᠨ ᠳ᠋ᠤᠺᠲ᠋ᠤᠷ ᠪᠤᠯᠬᠤ ᠶᠢ ᠬᠦᠰᠡᠨ᠎ᠡ᠃ ᠪᠢᠳᠡ ᠬᠡᠦᠬᠡᠳ ᠲᠤ ᠲᠠᠯᠪᠢᠬᠤ ᠬᠦᠰᠡᠯ ᠪᠤᠯ ᠬᠠᠮᠤᠭ ᠴᠢᠬᠤᠯᠠ ᠪᠠᠭᠰᠢ ᠬᠦᠮᠦᠨ ᠤ ᠠᠵᠢᠯ ᠤᠨ ᠴᠢᠨᠡᠷ ᠪᠠᠶᠢᠬᠤ ᠶᠤᠰᠤᠲᠡᠢ᠃      ᠴᠢᠨᠠᠭᠰᠢ ᠬᠠᠮᠤᠭ ᠬᠤᠶᠢᠨ᠎ᠠ ᠪᠤᠯᠤᠩ ᠢ ᠲᠦᠰᠢᠵᠦ᠂ ᠮᠢᠨᠦ ᠬᠠᠮᠤᠭ ᠲᠦᠪᠡᠭᠲᠡᠢ ᠪᠤᠰᠳᠠᠭ ᠪᠠᠶᠢᠷᠢ ᠪᠠᠶᠢᠳᠠᠭ ᠶᠤᠮ᠃ ᠬᠦᠬᠡ᠂ ᠽᠦᠩ ᠯᠠ᠂ ᠬᠦᠰᠡᠯᠡᠩ ᠮᠢᠨᠢ ᠲᠡᠨᠳᠡ ᠪᠠᠶᠢᠳᠠᠭ᠃ ᠬᠦᠬᠡ ᠬᠡᠵᠦ ᠦᠬᠡ ᠶᠢ ᠬᠠᠮᠤᠭ ᠰᠠᠶᠢᠬᠠᠨ ᠬᠡᠯᠡᠭᠡᠳ ᠭᠡᠷᠡᠭ ᠢ ᠬᠠᠮᠤᠭ ᠲᠤᠳᠠᠭᠤᠯᠳᠠᠭ ᠦᠭᠡᠢ ᠨᠢᠭᠡ ᠠᠯᠢᠶ᠎ᠠ ᠲᠠᠮᠰᠢᠭ ᠶᠤᠮ᠃ ᠭᠡᠪᠡᠴᠦ ᠲᠡᠷᠡ ᠮᠢᠨᠢ ᠲᠤᠩ ᠦᠨᠡᠨᠴᠢ ᠪᠠᠶᠢᠳᠠᠭ ᠪᠦᠭᠡᠳ ᠠᠪᠤ ᠨᠢ ᠨᠢᠭᠡᠨ ᠲᠤᠶᠢᠯ ᠤᠨ ᠬᠦᠳᠡᠭᠡᠪᠤᠷᠢ ᠪᠦᠭᠡᠳ ᠪᠤᠷᠤᠭᠵᠢᠭᠤᠨ ᠰᠢᠭᠤᠳ ᠰᠢᠯᠤᠭᠤᠨ ᠪᠠᠶᠢᠵᠦ᠂ ᠬᠦᠦ ᠪᠠᠨ ᠪᠢᠴᠢᠭ ᠨᠤᠮ ᠠᠴᠠ ᠰᠠᠯᠭᠠᠬᠤ ᠲᠤᠷ᠎ᠠ ᠦᠭᠡᠢ ᠪᠠᠶᠢᠳᠠᠭ ᠨᠢ ᠪᠢᠳᠡᠨ ᠤ ᠰᠡᠳᠭᠢᠯ ᠢ ᠤᠳᠠᠭ᠎ᠠ ᠲᠠᠷᠠᠭᠠᠯᠠᠨ ᠬᠦᠳᠡᠯᠭᠡᠵᠦ᠂ ᠨᠢᠭᠡ ᠦᠰᠦᠭ ᠦᠵᠡᠬᠦ ᠦᠭᠡᠢ ᠴᠦ ᠭᠡᠷ ᠲᠡᠭᠡᠨ ᠶᠠᠪᠤᠭ᠎ᠠ ᠦᠭᠡᠢ ᠰᠢᠯᠳᠠᠭᠠᠨ  ᠨᠢ ᠡᠨᠡ ᠪᠢᠯᠡ᠃ ᠦᠵᠦᠭᠦᠷ ᠲᠠᠬᠢ ᠲᠤᠤᠷ᠎ᠠ ᠤᠷᠤ ᠶᠢᠨ ᠽᠦᠩ ᠯᠠ ᠪᠤᠯ ᠮᠢᠨᠦ ᠬᠠᠷᠠᠭᠠᠨ ᠳᠠᠬᠢ ᠨᠢᠭᠡᠨ ᠨᠡᠶᠢᠳᠡᠯᠢᠭ ᠬᠦᠳᠡᠭᠡ ᠬᠡᠦᠬᠡᠳ ᠪᠤᠯᠤᠨ᠎ᠠ᠃ ᠴᠢᠷᠠᠢ ᠨᠢ ᠪᠤᠷᠤᠯᠠᠵᠦ ᠬᠠᠷᠠᠯᠠᠨ ᠬᠤᠪᠴᠠᠰᠦ ᠵᠠᠰᠠᠯ ᠨᠢ ᠴᠦ ᠪᠤᠰᠤᠳ ᠰᠤᠷᠤᠭᠴᠢ ᠲᠠᠢ ᠬᠠᠷᠢᠴᠠᠭᠤᠯᠪᠠᠯ ᠪᠤᠷᠤᠭᠵᠢᠭᠤᠨ ᠶᠡᠷᠦᠮᠳᠡᠭ ᠪᠠᠶᠢᠵᠦ᠂ ᠬᠠᠮᠤᠭ ᠲᠤᠳᠤᠷᠬᠠᠢ ᠲᠡᠮᠳᠡᠭ ᠭᠡᠪᠡᠯ ᠠᠮᠠᠨ  ᠠᠴᠠ ᠨᠢ ᠬᠠᠷᠢᠶᠠᠳᠦ ᠲᠤᠳᠠᠳᠠᠭ ᠦᠭᠡᠢ ᠪᠢᠯᠡ᠃ ᠨᠢᠭᠡᠨ ᠤᠳᠠᠭ᠎ᠠ ᠬᠤᠭᠤᠯᠡᠨ ᠭᠡᠷ ᠤᠨ ᠨᠠᠰᠤᠲᠡᠢ ᠠᠵᠢᠯᠳᠡᠨ ᠢ ᠬᠠᠷᠢᠶᠠᠵᠦ ᠬᠡᠷᠡᠭᠦᠯ ᠪᠤᠯᠤᠭᠠᠳ ᠠᠷᠠᠶᠢᠬᠠᠨ ᠰᠠᠯᠭᠠᠵᠦ᠂ ᠪᠤᠷᠤᠭᠤ ᠮᠡᠳᠡᠭᠦᠯᠮᠡᠨᠵᠢᠨ ᠬᠡᠷᠡᠭ ᠲᠠᠭᠤᠰᠤᠭᠰᠠᠨ ᠶᠤᠮ᠃ ᠲᠡᠷᠡ ᠪᠤᠰᠤᠳ ᠠᠴᠠ ᠠᠯᠢᠶ᠎ᠠ ᠤᠨᠲᠠᠩᠬᠠᠢ ᠪᠠᠶᠢᠭᠰᠠᠨ ᠪᠤᠯᠪᠠᠴᠦ ᠪᠢ ᠽᠦᠩ ᠯᠠ ᠶᠢᠨ ᠪᠡᠶ᠎ᠡ ᠲᠡᠭᠡᠷ᠎ᠡ ᠠᠴᠠ ᠬᠦᠳᠡᠭᠡ ᠴᠠᠶᠢᠯᠭᠠᠨ ᠬᠡᠦᠬᠡᠳ ᠤᠨ ᠰᠡᠭᠦᠳᠡᠷ ᠪᠠ ᠮᠢᠨᠦᠬᠢ ᠪᠠᠭ᠎ᠠ ᠨᠠᠰᠦ ᠪᠠᠨ ᠤᠯᠵᠦ ᠬᠠᠷᠠᠳᠠᠭ ᠠᠴᠠ ᠲᠡᠭᠦᠨ ᠢ ᠬᠡᠵᠢᠶᠡᠳᠡ ᠬᠦᠬᠡᠷᠦᠭᠦᠶᠢᠯᠡᠨ ᠦᠷᠦᠪᠳᠡᠳᠡᠭ᠃ ᠡᠭᠦᠳᠡᠨ ᠲᠤᠰᠢᠶᠠᠬᠢ ᠲᠡᠭᠡᠷ᠎ᠡ ᠤᠷᠦ ᠳᠠᠬᠢ ᠬᠦᠰᠡᠯᠡᠩ ᠤᠨ ᠠᠯᠵᠠᠭᠤᠷᠡᠨ ᠤᠨᠳᠠᠳᠠᠭ ᠪᠠᠶᠢᠳᠠᠯ ᠨᠢ ᠮᠢᠨᠦ ᠲᠠᠷᠢᠬᠢᠨ ᠠᠴᠠ ᠭᠠᠷᠳᠠᠭ ᠦᠭᠡᠢ᠃ ᠪᠢ ᠲᠡᠭᠦᠨ ᠠᠴᠠ ᠬᠡᠵᠢᠶᠡᠳᠡ ᠬᠦᠰᠡᠯᠡᠩ ᠪᠠᠶᠢᠳᠠᠭ ᠪᠤᠯᠪᠠᠦ ᠭᠡᠵᠦ ᠰᠡᠵᠢᠭᠯᠡᠬᠦ ᠪᠤᠯᠪᠠᠴᠦ ᠮᠢᠨᠦ ᠪᠤᠳᠤᠬᠤ ᠪᠠᠷ ᠲᠠᠷᠡ ᠶᠠᠭᠠᠬᠢᠭᠰᠡᠨ ᠴᠦ ᠡᠷᠳᠡ ᠤᠷᠤᠢ ᠦᠭᠡᠢ ᠬᠦᠰᠡᠯᠡᠩ ᠤᠷᠭᠤᠬᠤ ᠶᠤᠮ ᠭᠡᠵᠦ ᠪᠤᠳᠤᠳᠠᠭ᠃ ᠬᠦᠳᠡᠭᠡ ᠬᠡᠦᠬᠡᠳ ᠲᠤ ᠬᠦᠰᠡᠯᠡᠩ ᠪᠠᠶᠢᠬᠤ ᠶᠠᠭᠤᠲᠡᠢ ᠴᠢᠬᠤᠯᠠ᠂ ᠬᠦᠰᠡᠯᠡᠩ ᠮᠢᠨᠢ ︽ᠬᠦᠰᠡᠯᠡᠩ︾ ᠤᠷᠭᠤᠬᠤ ᠪᠤᠯᠤᠭᠠᠰᠠᠢ︕       ᠮᠢᠨᠦ ᠡᠷᠳᠡ ᠶᠢᠨ ᠨᠠᠷᠠ ᠢᠩᠭᠢᠵᠦ ᠮᠠᠨᠳᠤᠳᠠᠭ᠃ ᠬᠡᠦᠬᠡᠳ ᠨᠠᠷᠠ ᠬᠤᠶᠠᠷ ᠨᠠᠳᠠ ᠬᠡᠵᠢᠶᠡᠳᠡ ᠲᠡᠩᠴᠡᠭᠦᠦ ᠪᠠᠶᠢᠳᠠᠭ᠃ ᠬᠡᠦᠬᠡᠳ ᠨᠠᠷᠠ ᠠᠴᠠ ᠬᠦᠰᠡᠯᠡᠩ ᠤᠷᠭᠤᠳᠠᠭ᠃ ᠨᠠᠷᠠ ᠤᠷᠭᠤᠭᠰᠠᠨ ᠤ ᠰᠡᠭᠦᠯᠡᠷ ᠤᠷᠴᠢᠯᠡᠩ ᠲᠡᠯᠡᠬᠡᠢ ᠨᠤᠷᠭᠢᠯᠳᠦᠵᠦ᠂ ᠪᠤᠯᠵᠤᠮᠤᠷ ᠵᠢᠷᠭᠢᠨ᠂ ᠴᠡᠴᠡᠭ ᠮᠢᠷᠠᠯᠵᠠᠳᠠᠭ᠃ ᠬᠡᠦᠬᠡᠳ ᠦᠭᠡᠯᠡᠢ ᠪᠤᠯᠤᠭᠰᠠᠨ ᠤ ᠰᠡᠭᠦᠯᠡᠷ ᠡᠮᠴᠢ᠂ ᠪᠠᠭᠰᠢ᠂ ᠬᠠᠦᠯᠢᠴᠢ ᠵᠡᠷᠭᠡ ᠵᠡᠷᠭᠡ ᠤᠯᠡᠨ ᠴᠢᠳᠠᠪᠤᠷᠢᠳᠡᠨ ᠴᠤᠯᠭᠤᠷᠠᠨ ᠭᠠᠷᠳᠠᠭ᠃ ᠳᠡᠳᠡ ᠪᠦᠷ ᠤᠬᠢ ᠰᠢᠯᠢᠳᠡᠭ ᠪᠠᠭ᠎ᠠ ᠨᠠᠰᠦ ᠦᠭᠡᠢ ᠪᠠᠶᠢᠵᠦ ᠮᠡᠳᠡᠬᠦ ᠶᠤᠮ᠃ ᠲᠡᠳᠡ ᠪᠦᠷ ᠦᠪᠡᠷ ᠦᠪᠡᠷ ᠶᠢᠨ ᠢᠶᠠᠨ ᠬᠡᠯᠪᠡᠷᠢ ᠪᠠᠷ ᠦᠰᠦᠨ ᠪᠤᠶᠢᠵᠢᠵᠦ ᠪᠠᠶᠢᠳᠠᠭ᠃ ᠪᠢᠳᠡ ᠵᠦᠪᠬᠡᠨ ᠲᠡᠳᠡᠨ ᠢ ᠢᠷᠡᠭᠡᠳᠦᠢ ᠶᠢᠨ ᠵᠦᠭ ᠵᠠᠮᠨᠠᠬᠤ ᠬᠡᠰᠡᠭ ᠬᠤᠭᠤᠴᠠᠭᠠᠨ ᠳᠤ ᠮᠦᠷᠳᠡᠨ‌‍ᠲ᠋ᠠᠭᠠᠵᠦ ᠬᠠᠨᠢ ᠪᠤᠯᠵᠦ ᠢᠷᠡᠭᠡᠳᠦᠢ ᠵᠦᠭ ᠨᠢ ᠮᠤᠷᠳᠠᠭᠤᠯᠳᠠᠭ ᠬᠦᠮᠦᠰ ᠲᠡᠳᠦᠢ ᠪᠠᠶᠢᠳᠠᠭ᠃ ᠬᠡᠦᠬᠡᠳ ᠮᠢᠨᠢ ᠢᠷᠡᠭᠡᠳᠦᠢ ᠶᠢᠨ ᠴᠢᠨᠢ ᠰᠠᠷᠠᠭᠤᠯ ᠵᠠᠮ ᠲᠠᠷᠳᠠᠩ ᠪᠠᠶᠢᠭᠠᠰᠠᠢ︕ ᠲᠠ ᠨᠠᠷ ᠢ ᠪᠢᠳᠡ ᠦᠷᠭᠦᠯᠵᠢᠯᠡᠨ ᠲᠠᠭᠠᠵᠦ ᠦᠷᠯᠦᠭᠡ ᠠᠴᠠ ᠴᠢᠨᠢ ᠲᠠᠭᠤᠳᠠᠨ ᠰᠡᠷᠢᠭᠡᠵᠦ ᠴᠢᠳᠠᠬᠤ ᠦᠭᠡᠢ ᠶᠤᠮ᠃  ᠵᠦᠪᠬᠡᠨ ᠬᠦᠰᠡᠯᠡᠩ ᠨᠠᠷᠠ ᠬᠤᠶᠠᠷ ᠯᠠ‌‍ᠲ᠋ᠠᠨᠤᠰ ᠢ ᠦᠷᠬᠦᠯᠵᠢᠯᠡᠨ‌‍ᠲ᠋ᠠᠭᠠᠵᠦ ᠲᠠᠭᠤᠳᠠᠨ ᠰᠡᠷᠢᠭᠡᠳᠡᠭ᠃ ᠲᠡᠳᠡ ᠬᠤᠶᠠᠷ ᠲᠠᠨᠠᠷ ᠢ ᠵᠡᠭᠦᠳᠦᠨ ᠠᠴᠠ ᠴᠢᠨᠢ ᠪᠤᠳᠠᠳᠦ ᠶᠢᠷᠳᠡᠨᠴᠦ ᠳᠤ ᠲᠠᠭᠤᠳᠠᠨ ᠪᠤᠰᠬᠠᠬᠤ ᠶᠤᠮ᠃ ᠢᠩᠭᠢᠵᠦ ᠮᠢᠨᠦ ᠶᠢᠨ ᠢᠶᠠᠨ ᠦᠷ ᠢᠶᠠᠨ ᠨᠤᠶᠢᠷ ᠬᠦᠢᠴᠡᠬᠦ ᠦᠭᠡᠢ ᠦᠩᠭᠡᠷᠡᠵᠦ ᠪᠡᠶ᠎ᠡ ᠡᠴᠡᠵᠦ ᠶᠠᠳᠠᠪᠡᠴᠦ ᠰᠤᠷᠤᠭᠴᠢ ᠵᠢᠨ‌ᠦᠷ ᠢ ᠳᠠᠭᠤᠳᠠᠨ ᠪᠤᠰᠬᠠᠳᠠᠭ ᠭᠡᠵᠦ ᠪᠢ ᠢᠳᠡᠭᠡᠵᠦ ᠶᠠᠪᠤᠨ᠎ᠠ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号