| | | ᠮᠣᠩᠭᠤᠯ ᠤᠨ ᠠᠷᠬᠢᠲ᠋ᠧᠺᠲ᠋ᠣᠷ ︵ᠪᠠᠷᠢᠯᠭ᠎ᠠ ᠶᠢᠨ ᠵᠢᠷᠤᠭ ᠵᠦᠢᠴᠢ︶ ᠶᠢᠨ ᠮᠣᠩᠭᠤᠯᠴᠤᠳ ᠤᠨ ᠦᠨᠳᠦᠰᠦᠨ ᠤ | ᠭᠡᠷ ᠠᠰᠤᠷᠤ ᠶᠡᠭᠡ ᠡᠭᠦᠷᠭᠡ ᠭᠦᠢᠴᠡᠳᠬᠡᠵᠡᠢ᠃ ᠡᠨᠡ ᠨᠢ ᠮᠣᠩᠭᠤᠯ ᠭᠡᠷ ᠤᠨ ᠥᠪᠡᠷ ᠤᠨ ᠨᠥᠯᠥᠭᠡ ᠶᠢ | ᠮᠣᠩᠭᠤᠯ ᠤᠨ ᠠᠷᠬᠢᠲ᠋ᠧᠺᠲ᠋ᠣᠷ ᠲᠤ ᠠᠯᠢ ᠬᠢᠷᠢ ᠲᠤᠰᠬᠠᠭᠳᠠᠭᠰᠠᠨ ᠢᠶᠠᠷ ᠬᠡᠮᠵᠢᠭᠳᠡᠨ᠎ᠡ᠃ | ᠮᠣᠩᠭᠤᠯ ᠤᠨ ᠨᠤᠲᠤᠭ ᠳᠡᠪᠢᠰᠬᠡᠷ ᠲᠤ ᠨᠤᠲᠤᠭᠯᠠᠵᠤ ᠪᠠᠶᠢᠭᠰᠠᠨ ᠡᠷᠲᠡᠨ ᠤ ᠣᠪᠣᠭ ᠠᠶᠢᠮᠠᠭ ᠤᠳ ᠤᠨ ᠣᠷᠣᠨ | ᠰᠠᠭᠤᠴᠠ ᠪᠣᠯᠬᠤ ᠢᠰᠡᠭᠡᠢ ᠭᠡᠷ ᠤᠨ ᠲᠡᠦᠬᠡ ᠪᠣᠯ ᠮᠠᠨ ᠤ ᠣᠨ ᠲᠣᠭᠠᠯᠠᠯ ᠠᠴᠠ 500 ᠵᠢᠯ ᠤᠨ ᠲᠡᠷᠲᠡᠭᠡ ᠪᠤᠶᠤ | ᠢᠰᠡᠭᠡᠢ ᠬᠢᠵᠦ ᠭᠡᠷ ᠢᠶᠠᠨ ᠪᠦᠷᠢᠳᠡᠭ ᠪᠣᠯᠤᠭᠰᠠᠨ ᠴᠠᠭ ᠠᠴᠠ ᠡᠬᠢᠯᠡᠬᠦ ᠶᠤᠮ᠃ ᠡᠶᠢᠮᠦ ᠳᠤ ᠮᠣᠩᠭᠤᠯ ᠭᠡᠷ ᠤᠨ | ᠬᠥᠭᠵᠢᠯ ᠨᠢ 2500-3000 ᠵᠢᠯ ᠤᠨ ᠲᠡᠦᠬᠡ ᠲᠠᠢ᠃ | ᠠᠷᠪᠠᠨ ᠭᠤᠷᠪᠠᠳᠤᠭᠠᠷ ᠵᠠᠭᠤᠨ ᠤ ᠮᠣᠩᠭᠤᠯ ᠭᠡᠷ᠂ ᠣᠷᠴᠢᠨ ᠦᠶ᠎ᠡ ᠶᠢᠨ ᠮᠣᠩᠭᠤᠯ ᠭᠡᠷ ᠲᠠᠢ ᠨᠡᠯᠢᠶᠡᠳ | ᠲᠥᠰᠲᠡᠢ ᠪᠠᠶᠢᠭᠰᠠᠨ ᠪᠠᠶᠢᠨ᠎ᠠ᠃ ᠬᠠᠭᠤᠴᠢᠨ ᠨᠡᠶᠢᠭᠡᠮ ᠤᠨ ᠦᠶ᠎ᠡ ᠳᠤ ᠨᠣᠶᠠᠳ ᠠᠷᠠᠳ ᠣᠯᠠᠨ ᠢ ᠵᠠᠬᠢᠷᠬᠤ᠂ ᠡᠷᠬᠡ | ᠮᠠᠲᠠᠯ ᠢᠶᠠᠨ ᠪᠠᠲᠤᠳᠬᠠᠬᠤ ᠦᠵᠡᠯ ᠰᠠᠨᠠᠭ᠎ᠠ ᠶᠢ ᠢᠯᠡᠷᠬᠡᠶᠢᠯᠡᠬᠦ ᠶᠢᠨ ᠲᠤᠯᠠᠳᠠ ᠭᠡᠷ ᠤᠨ ᠭᠠᠳᠠᠭᠠᠳᠤ ᠪᠠᠶᠢᠳᠠᠯ ᠢ | ᠬᠦᠷᠲᠡᠯ᠎ᠡ ᠡᠩ ᠤᠨ ᠠᠷᠠᠳ ᠤᠨ ᠬᠢ ᠠᠴᠠ ᠥᠭᠡᠷ᠎ᠡ ᠪᠣᠯᠭᠠᠵᠤ᠂ ᠤᠯᠠᠭᠠᠨ ᠢᠶᠠᠷ ᠬᠠᠯᠵᠠᠯᠠᠭᠠᠳ ᠥᠷᠭᠦᠭᠡ ᠭᠡᠵᠦ | ᠨᠡᠷᠡᠯᠡᠬᠦ ᠪᠣᠯᠵᠠᠢ᠃ ᠨᠡᠭᠦᠳᠡᠯ ᠤᠨ ᠠᠮᠢᠳᠤᠷᠠᠯ ᠲᠠᠢ ᠠᠶᠢᠯ ᠤᠳ ᠤᠨ ᠭᠡᠷ ᠨᠢ ᠠᠴᠢᠵᠤ ᠨᠡᠭᠦᠬᠦ ᠳᠤ ᠠᠯᠢ ᠪᠣᠯᠬᠤ ᠪᠠᠷ | ᠬᠥᠩᠭᠡᠨ᠂ ᠪᠠᠷᠢᠬᠤ ᠳᠤ ᠬᠢᠯᠪᠠᠷ ᠪᠠᠶᠢᠳᠠᠯ ᠢ ᠬᠠᠷᠠᠭᠠᠯᠵᠠᠭᠰᠠᠨ ᠪᠠᠶᠢᠳᠠᠭ ᠪᠣᠯ ᠬᠤᠲᠠ ᠰᠠᠭᠤᠷᠢᠨ ᠠᠶᠢᠯ ᠤᠨ ᠭᠡᠷ ᠨᠢ | ᠲᠣᠬᠢᠯᠢᠭ᠋᠂ ᠭᠤᠶᠣᠮᠰᠤᠭ ᠪᠠᠶᠢᠳᠠᠯ ᠢ ᠡᠷᠬᠢᠮᠯᠡᠳᠡᠭ ᠤᠴᠢᠷ ᠠᠴᠠ ᠭᠡᠷ ᠤᠨ ᠬᠢᠴᠡ ᠬᠡᠰᠡᠭ ᠦᠦᠨ ᠮᠠᠰᠢ ᠨᠠᠷᠢᠨ | ᠠᠵᠢᠯᠯᠠᠭ᠎ᠠ ᠲᠠᠢ ᠪᠣᠯᠵᠠᠢ᠃ ᠬᠤᠲᠠ ᠰᠠᠭᠤᠷᠢᠨ ᠭᠠᠵᠠᠷ ᠤᠨ ᠬᠥᠮᠥᠰ ᠭᠡᠷ ᠢ ᠪᠣᠷᠤᠭ᠎ᠠ᠂ ᠴᠠᠰᠤᠨ ᠠᠴᠠ ᠬᠠᠮᠠᠭᠠᠯᠠᠵᠤ | ᠰᠠᠷᠠᠪᠴᠢ ᠪᠠᠷᠢᠬᠤ᠂ ᠱᠠᠯᠠᠨ ᠳᠡᠭᠡᠷ᠎ᠡ ᠪᠠᠷᠢᠬᠤ᠂ ᠮᠥᠨ ᠬᠠᠲᠠᠪᠴᠢᠨ ᠳᠤ ᠭᠡᠭᠡᠪᠴᠢ ᠬᠢᠬᠦ ᠵᠡᠷᠭᠡ ᠪᠠᠷ ᠭᠡᠷ ᠤᠨ | ᠬᠢᠴᠡ ᠶᠢᠨ ᠬᠡᠰᠡᠭ ᠦᠦᠨ ᠢ ᠥᠭᠡᠷᠡᠴᠢᠯᠡᠵᠦ ᠢᠷᠡᠵᠡᠢ᠃ ᠡᠷᠲᠡ ᠳᠡᠭᠡᠷ᠎ᠡ ᠦᠶ᠎ᠡ ᠳᠤ ᠢᠰᠡᠭᠡᠢ ᠭᠡᠷ ᠢ ᠮᠣᠩᠭᠤᠯ ᠪᠠ | ᠲᠥᠷᠥᠭ ᠤᠨ ᠭᠡᠵᠦ ᠢᠯᠭᠠᠳᠠᠭ ᠪᠠᠶᠢᠭᠰᠠᠨ ᠪᠠᠶᠢᠨ᠎ᠠ᠃ | ᠮᠣᠩᠭᠤᠯ ᠭᠡᠷ ᠪᠣᠯ ᠲᠥᠷᠥᠭ ᠦᠨᠳᠦᠰᠦᠲᠡᠨ ᠤ ᠭᠡᠷ ᠠᠴᠠ ᠬᠢᠯᠪᠠᠷ ᠪᠠ ᠬᠢᠴᠡ ᠪᠠᠷ ᠢᠶᠠᠨ ᠢᠯᠭᠠᠭᠳᠠᠨ᠎ᠠ᠃ | ᠲᠥᠷᠥᠭ ᠭᠡᠷ ᠨᠢ ᠪᠦᠩᠬᠦᠭᠡᠷ ᠪᠥᠭᠡᠳ ᠵᠢᠵᠢᠭᠬᠡᠨ ᠲᠣᠭᠤᠨᠣ ᠲᠠᠢ᠂ ᠣᠨᠢ ᠨᠢ ᠤᠷᠲᠤ᠂ ᠰᠠᠭᠠᠯᠳᠤᠷᠭ᠎ᠠ ᠲᠠᠢ ᠲᠠᠯ᠎ᠠ ᠨᠢ | ᠲᠠᠬᠢᠷ᠂ ᠬᠠᠨ᠎ᠠ ᠨᠢ ᠨᠠᠮᠬᠠᠨ ᠪᠠᠶᠢᠳᠠᠭ ᠪᠣᠯ ᠮᠣᠩᠭᠤᠯ ᠭᠡᠷ ᠨᠢ ᠲᠣᠮᠣ ᠲᠣᠭᠤᠨᠣ ᠲᠠᠢ᠂ ᠪᠣᠭᠤᠨᠢᠬᠠᠨ ᠰᠢᠯᠤᠭᠤᠨ | ᠣᠨᠢ ᠲᠠᠢ᠂ ᠬᠠᠨ᠎ᠠ ᠨᠢ ᠥᠨᠳᠥᠷᠳᠡᠭᠦᠦ ᠪᠠᠶᠢᠳᠠᠭ᠃ ᠮᠣᠩᠭᠤᠯ ᠭᠡᠷ ᠨᠢ ᠬᠢᠭᠰᠡᠨ ᠮᠠᠲ᠋ᠧᠷᠢᠶᠠᠯ᠂ ᠭᠤᠶᠣᠯ ᠴᠢᠮᠡᠭᠯᠡᠯ | ᠵᠠᠷᠢᠮ ᠬᠢᠴᠡ ᠬᠡᠰᠡᠭ ᠤᠨ ᠬᠤᠪᠢ ᠳᠤ ᠬᠠᠷᠢᠯᠴᠠᠨ ᠠᠳᠠᠯᠢ ᠦᠭᠡᠢ ᠪᠠᠶᠢᠭᠰᠠᠨ ᠠᠴᠠ ︽ᠮᠣᠩᠭᠤᠯ ᠤᠨ ᠨᠢᠭᠤᠴᠠ | ᠲᠣᠪᠴᠢᠶᠠᠨ ᠪᠠ ᠪᠤᠰᠤᠳ ᠨᠣᠮ ᠵᠣᠬᠢᠶᠠᠯ ᠳᠤ ᠶᠠᠩᠵᠤ ᠪᠦᠷᠢ ᠶᠢᠨ ᠨᠡᠷ᠎ᠡ ᠪᠠᠷ ᠨᠡᠷᠡᠯᠡᠭᠳᠡᠨ ᠢᠷᠡᠵᠡᠢ᠃ ᠵᠢᠰᠢᠷᠡ ᠨᠢ᠂ | ᠬᠠᠷᠠᠴᠤ ᠶᠢᠨ ᠭᠡᠷ᠂ ᠴᠣᠷᠬᠠᠨ᠂ ᠲᠠᠷᠮ᠎ᠠ᠂ ᠰᠣᠶᠣᠳᠠ ᠭᠡᠷ ᠭᠡᠬᠦ ᠮᠡᠲᠦ᠃ ᠭᠡᠷ ᠢ ᠲᠠᠷᠬᠠᠯᠲᠠ ᠶᠢᠨ ᠪᠠᠶᠢᠳᠠᠯ ᠢᠶᠠᠷ ᠨᠢ | ᠦᠵᠡᠪᠡᠯ ᠠᠷᠤ᠂ ᠥᠪᠥᠷ ᠮᠣᠩᠭᠤᠯ᠂ ᠪᠤᠷᠢᠶᠠᠳ᠂ ᠬᠠᠯᠢᠮᠠᠭ᠂ ᠠᠯᠲᠠᠶᠢᠴᠤᠳ᠂ ᠬᠠᠰᠠᠭ᠂ ᠺᠢᠷᠭᠢᠽᠤᠳ ᠤᠨ | ᠳᠤᠮᠳᠠ ᠳᠡᠯᠭᠡᠷᠡᠵᠡᠢ᠃ ᠭᠡᠷ ᠤᠨ ᠬᠤᠶᠢᠮᠤᠷ ᠢᠶᠠᠷ ᠬᠡ ᠤᠭᠠᠯᠵᠠ ᠪᠦᠬᠦᠢ ᠰᠢᠷᠢᠮᠡᠯ ᠰᠢᠷᠲᠡᠭ᠂ ᠢᠰᠡᠭᠡᠢ ᠳᠡᠪᠢᠰᠬᠡᠷ᠂ | ᠬᠡᠪᠢᠰ ᠳᠡᠪᠢᠰᠦᠨ᠎ᠡ᠃ ᠪᠠᠰᠠ ᠬᠦᠨᠳᠦᠲᠦ ᠵᠣᠴᠢᠨ ᠳᠤ ᠣᠯᠪᠣᠭ ᠳᠡᠪᠢᠰᠳᠡᠭ ᠵᠠᠩᠰᠢᠯ ᠲᠠᠢ ᠪᠠᠶᠢᠪᠠ᠃ | ᠪᠤᠳᠳᡁᠠ ᠶᠢᠨ ᠱᠠᠰᠢᠨ ᠳᠡᠯᠭᠡᠷᠡᠭᠰᠡᠨ ᠠᠴᠠ ᠬᠤᠶᠢᠰᠢ ᠭᠡᠷ ᠤᠨ ᠬᠤᠶᠢᠮᠤᠷ ᠲᠤ ᠡᠷᠦᠬᠡ ᠶᠢᠨ ᠲᠡᠷᠢᠭᠦᠯᠡᠭᠴᠢ | ᠰᠠᠭᠤᠳᠠᠭ ᠭᠠᠵᠠᠷ ᠲᠤ ᠭᠦᠩᠭᠠᠷᠠᠸ᠎ᠠ ᠲᠠᠢ ᠪᠤᠷᠬᠠᠨ ᠪᠠ ᠲᠠᠬᠢᠯ ᠤᠨ ᠬᠡᠷᠡᠭᠯᠡᠯ ᠲᠠᠯᠪᠢᠬᠤ ᠪᠣᠯᠵᠠᠢ᠃ ᠭᠡᠷ ᠪᠦᠯᠢ ᠶᠢᠨ | ᠬᠥᠮᠥᠰ ᠨᠢ ᠭᠡᠷ ᠤᠨ ᠵᠡᠭᠦᠨ ᠲᠠᠯ᠎ᠠ ᠪᠠᠷ ᠰᠠᠭᠤᠵᠠᠭᠠᠵᠤ᠂ ᠪᠠᠷᠠᠭᠤᠨ ᠲᠠᠯ᠎ᠠ ᠳᠤ ᠨᠢ ᠵᠣᠴᠢᠳ ᠰᠠᠭᠤᠳᠠᠭ ᠪᠠ | ᠬᠠᠮᠤᠭ ᠤᠨ ᠬᠦᠨᠳᠦ ᠲᠠᠢ ᠵᠣᠴᠢᠨ ᠨᠢ ᠪᠠᠷᠠᠭᠤᠨ ᠬᠤᠶᠢᠲᠤ ᠲᠠᠯ᠎ᠠ ᠳᠤ ᠪᠤᠷᠬᠠᠨ ᠤ ᠣᠶᠢᠷᠠᠯᠴᠠᠭ᠎ᠠ ᠰᠠᠭᠤᠳᠠᠭ ᠪᠣᠯᠵᠠᠢ | ᠃ ᠡᠷᠲᠡᠨ ᠤ ᠮᠣᠩᠭᠤᠯ ᠤᠨ ᠵᠠᠩᠰᠢᠯ ᠢᠶᠠᠷ ᠶᠠᠮᠠᠷ ᠨᠢᠭᠡᠨ ᠬᠥᠮᠥᠨ ᠤᠷᠢᠯᠭ᠎ᠠ ᠦᠭᠡᠢ ᠪᠠᠷ ᠬᠤᠶᠢᠮᠤᠷ ᠲᠤ ᠰᠠᠭᠤᠬᠤ ᠶᠢ | ᠡᠶᠡᠯᠳᠡᠭ ᠪᠤᠰᠤ ᠵᠠᠩ ᠭᠡᠵᠦ ᠦᠵᠡᠳᠡᠭ ᠪᠠᠶᠢᠨ᠎ᠠ᠃ | ᠮᠣᠩᠭᠤᠯ ᠭᠡᠷ ᠳᠤᠭᠤᠢ ᠬᠡᠯᠪᠡᠷᠢ ᠲᠠᠢ ᠪᠠᠶᠢᠳᠠᠭ ᠨᠢ ᠰᠠᠭᠤᠴᠠᠨ ᠤ ᠲᠠᠯᠠᠪᠠᠢ ᠶᠢ ᠪᠦᠷᠢᠨ ᠡᠵᠡᠮᠰᠢᠬᠦ ᠳᠤ | ᠠᠰᠢᠭᠲᠠᠢ᠂ ᠨᠠᠮᠬᠠᠨ ᠪᠠᠶᠢᠳᠠᠭ ᠨᠢ ᠰᠠᠯᠬᠢᠨ ᠳᠤ ᠲᠣᠭᠲᠠᠪᠤᠷᠢᠲᠠᠢ᠂ ᠢᠰᠡᠭᠡᠢ ᠪᠠᠷ ᠪᠦᠷᠢᠳᠡᠭ ᠨᠢ ᠳᠤᠯᠠᠭᠠᠨ᠂ | ᠲᠣᠭᠤᠨᠣᠨ ᠤ ᠨᠦᠬᠡ ᠨᠢ ᠰᠠᠯᠬᠢ ᠣᠷᠣᠭᠤᠯᠬᠤ᠂ ᠭᠡᠷᠡᠯᠲᠦᠭᠦᠯᠬᠦ ᠲᠠᠯ᠎ᠠ ᠲᠠᠢ᠃ ᠮᠣᠩᠭᠤᠯ ᠳᠤ ᠵᠢᠯ ᠤᠨ 300 | ᠣᠷᠴᠢᠮ ᠡᠳᠦᠷ ᠨᠢ ᠨᠠᠷᠠ ᠲᠠᠢ ᠪᠠᠶᠢᠳᠠᠭ ᠠᠴᠠ ᠨᠠᠮᠤᠷ᠂ ᠡᠪᠦᠯ᠂ ᠬᠠᠪᠤᠷ ᠤᠨ ᠬᠦᠢᠲᠡᠨ ᠤᠯᠠᠷᠢᠯ ᠳᠤ ᠲᠣᠭᠤᠨᠣ ᠪᠠᠷ | ᠣᠷᠣᠵᠤ ᠪᠠᠶᠢᠭ᠎ᠠ ᠨᠠᠷᠠᠨ ᠢᠯᠴᠢ ᠨᠢ ᠭᠡᠷ ᠳᠤᠯᠠᠭᠠᠴᠠᠭᠤᠯᠤᠨ᠎ᠠ᠃ ᠮᠣᠩᠭᠤᠯᠴᠤᠳ ᠡᠷᠲᠡ ᠦᠶ᠎ᠡ ᠠᠴᠠ ᠲᠣᠭᠤᠨᠣ ᠪᠠᠷ | ᠳᠤᠰᠤᠭᠰᠠᠨ ᠨᠠᠷᠠᠨ ᠤ ᠪᠠᠶᠢᠳᠠᠯ ᠢᠶᠠᠷ ᠡᠳᠦᠷ ᠤᠨ ᠴᠠᠭ ᠢ ᠲᠣᠳᠣᠷᠬᠠᠶᠢᠯᠠᠳᠠᠭ ᠪᠠᠶᠢᠵᠠᠢ᠃ ᠵᠢᠱᠢᠶ᠎ᠡ ᠨᠢ᠂ ᠥᠷᠯᠥᠭᠡᠨ | ᠨᠠᠷᠠ ᠬᠠᠨᠠᠨ ᠤ ᠲᠣᠯᠣᠭᠠᠢ ᠳᠤ ᠲᠤᠰᠬᠤ ᠲᠤᠯᠠ ᠦᠳᠡ ᠠᠴᠠ ᠡᠮᠦᠨ᠎ᠡ ᠴᠠᠭ ᠮᠥᠴᠡ ᠶᠢ ᠬᠠᠨᠠᠨ ᠤ ᠲᠣᠯᠣᠭᠠᠢ ᠪᠠᠷ | ᠲᠣᠭᠠᠯᠠᠵᠤ ᠭᠠᠷᠭᠠᠳᠠᠭ ᠪᠥᠭᠡᠳ ᠦᠳᠡ ᠠᠴᠠ ᠬᠤᠶᠢᠰᠢ ᠭᠡᠷ ᠤᠨ ᠵᠡᠭᠦᠨ ᠬᠤᠶᠢᠮᠤᠷ ᠳᠡᠪᠢᠰᠦᠭᠰᠡᠨ ᠰᠢᠷᠢᠮᠡᠯ ᠰᠢᠷᠲᠡᠭ | ᠳᠡᠭᠡᠷ᠎ᠡ ᠳᠤᠰᠤᠭᠰᠠᠨ ᠪᠠᠶᠢᠷᠢᠯᠠᠯ ᠢᠶᠠᠷ ᠦᠳᠡᠰᠢ ᠬᠦᠷᠲᠡᠯᠡᠬᠢ ᠴᠠᠭ ᠢ ᠪᠠᠷᠢᠮᠵᠢᠶ᠎ᠠ ᠪᠠᠷ ᠭᠠᠷᠭᠠᠳᠠᠭ᠃ ᠮᠥᠨ | ᠡᠭᠦᠨ ᠲᠠᠢ ᠬᠤᠯᠪᠣᠭᠳᠠᠭᠤᠯᠤᠨ ᠳᠤᠷᠠᠳᠬᠤ ᠳᠤ ᠰᠠᠶᠢᠨ ᠨᠣᠶᠠᠨ ᠬᠠᠨ ᠠᠶᠢᠮᠠᠭ ᠤᠨ ᠳᠠᠯᠠᠢ ᠴᠦᠢᠩᠬᠤᠷ ᠸᠠᠩ ᠤᠨ | ᠵᠠᠷᠢᠮ ᠤᠷᠠᠴᠤᠳ ᠬᠤᠶᠢᠮᠤᠷ ᠤᠨ ᠲᠠᠯ᠎ᠠ ᠳᠤᠭᠤᠢ ᠰᠢᠷᠢᠮᠡᠯ ᠰᠢᠷᠲᠡᠭ ᠢ ᠨᠠᠷᠠᠨ ᠤ ᠴᠠᠭ ᠤᠨ ᠬᠤᠪᠢᠶᠠᠷᠢ ᠪᠠᠷ ᠰᠢᠷᠢᠵᠦ | ᠪᠠᠶᠢᠭᠰᠠᠨ ᠭᠡᠳᠡᠭ᠃ | ᠮᠣᠩᠭᠤᠯ ᠳᠤ ᠭᠡᠷ ᠤᠨ ᠪᠠᠭᠲᠠᠭᠠᠮᠵᠢ ᠶᠢ ᠬᠠᠨ᠎ᠠ ᠶᠢᠨ ᠲᠤᠭ᠎ᠠ ᠪᠠᠷ ᠲᠣᠭᠲᠠᠭᠠᠳᠠᠭ᠃ ᠳᠡᠭᠡᠷ᠎ᠡ ᠦᠶ᠎ᠡ ᠳᠤ ᠭᠡᠷ | ᠤᠨ ᠬᠠᠨ᠎ᠠ ᠶᠢ ᠰᠣᠨᠳᠣᠭᠤᠢ ᠲᠤᠭ᠎ᠠ ᠪᠠᠷ ᠲᠣᠭᠲᠠᠭᠠᠳᠠᠭ ᠪᠠᠶᠢᠭᠰᠠᠨ ᠪᠣᠯ ᠰᠡᠭᠦᠯ ᠤᠨ ᠦᠶ᠎ᠡ ᠳᠤ ᠲᠡᠭᠰᠢ | ᠲᠤᠭ᠎ᠠ ᠲᠠᠢ ᠬᠢᠳᠡᠭ ᠪᠣᠯᠵᠠᠢ᠃ ᠵᠢᠱᠢᠶ᠎ᠡ ᠨᠢ᠂ ᠤᠲᠦ ᠶᠢᠨ ᠮᠣᠩᠭᠤᠯ ᠭᠡᠷ ᠤᠨ ᠪᠠᠭᠲᠠᠭᠠᠮᠵᠢ ᠨᠢ 4᠂ 6᠂ 8᠂ | 12 ᠬᠠᠨ᠎ᠠ ᠲᠠᠢ ᠪᠠᠶᠢᠳᠠᠭ᠃ ᠬᠠᠮᠤᠭ ᠤᠨ ᠲᠣᠮᠣ ᠭᠡᠷ ᠲᠤ ᠬᠠᠨ᠎ᠠ ᠲᠤᠲᠤᠮ ᠨᠢᠭᠡ ᠬᠥᠮᠥᠨ ᠣᠷᠣ | ᠬᠤᠭᠰᠢᠯ ᠲᠠᠢ ᠪᠠᠨ ᠪᠠᠭᠲᠠᠳᠠᠭ ᠭᠡᠵᠦ ᠦᠵᠡᠳᠡᠭ ᠪᠥᠭᠡᠳ ᠡᠭᠦᠪᠡᠷ ᠪᠣᠳᠣᠬᠤ ᠳᠤ ᠬᠠᠮᠤᠭ ᠲᠣᠮᠣ ᠭᠡᠷ ᠲᠤ 12 | ᠬᠥᠮᠥᠨ ᠣᠷᠣ ᠳᠡᠪᠢᠰᠬᠡᠷ᠂ ᠡᠳ᠋ ᠬᠤᠭᠰᠢᠯ ᠲᠠᠢ ᠪᠠᠨ ᠪᠠᠭᠲᠠᠬᠤ ᠶᠤᠮ᠃ | ᠮᠣᠩᠭᠤᠯ ᠭᠡᠷ ᠨᠢ ᠥᠪᠡᠷ ᠤᠨ ᠬᠥᠭᠵᠢᠯ ᠤᠨ ᠡᠴᠦᠰ ᠲᠤ ᠭᠤᠣᠯᠯᠠᠬᠤ ᠬᠢᠴᠡ ᠬᠡᠰᠡᠭ ᠦᠦᠨ ᠢᠶᠠᠷ ᠠᠮᠠᠷᠬᠠᠨ | ᠨᠡᠶᠢᠯᠡᠵᠦ ᠰᠠᠯᠭᠠᠬᠤ ᠪᠣᠯᠣᠮᠵᠢ ᠲᠠᠢ ᠪᠥᠭᠡᠳ ᠵᠥᠭᠡᠭᠡᠬᠦ᠂ ᠪᠠᠷᠢᠬᠤ᠂ ᠪᠠᠭᠤᠯᠭᠠᠬᠤ ᠳᠤ ᠬᠠᠮᠤᠭ ᠤᠨ ᠬᠢᠯᠪᠠᠷ ᠪᠣᠯᠵᠠᠢ᠃ | ᠵᠢᠯ ᠤᠨ ᠳᠥᠷᠪᠡᠨ ᠤᠯᠠᠷᠢᠯ ᠳᠤ ᠪᠣᠷᠤᠭ᠎ᠠ᠂ ᠴᠠᠰᠤ᠂ ᠰᠠᠯᠬᠢ ᠰᠢᠭᠤᠷᠭᠠᠨ ᠠᠴᠠ ᠬᠠᠮᠠᠭᠠᠯᠠᠬᠤ᠂ ᠭᠡᠷ ᠤᠨ | ᠭᠡᠷᠡᠯᠲᠦᠭᠦᠯᠭᠡ ᠶᠢ ᠲᠣᠬᠢᠷᠠᠭᠤᠯᠬᠤ ᠵᠣᠷᠢᠯᠭ᠎ᠠ ᠪᠠᠷ ᠲᠣᠭᠤᠨᠣ ᠶᠢ ᠪᠦᠲᠡᠭᠡᠬᠦ ᠡᠷᠦᠬᠡ ᠲᠠᠢ ᠪᠣᠯᠭᠠᠵᠠᠢ᠃ ᠳᠡᠭᠡᠷ᠎ᠡ | ᠦᠶ᠎ᠡ ᠶᠢᠨ ᠵᠠᠷᠢᠮ ᠮᠣᠩᠭᠤᠯᠴᠤᠳ ᠥᠪᠡᠷ ᠤᠨ ᠭᠡᠷ ᠤᠨ ᠢᠰᠡᠭᠡᠢ ᠪᠦᠷᠢᠶᠡᠰᠦ ᠶᠢ ᠬᠡ ᠤᠭᠠᠯᠵᠠ ᠪᠠᠷ ᠴᠢᠮᠡᠭᠯᠡᠳᠡᠭ | ᠪᠠᠶᠢᠭᠰᠠᠨ ᠪᠣᠯ ᠡᠳᠦᠭᠡ ᠭᠡᠷ ᠢ ᠭᠤᠣᠯᠳᠠᠭᠤ ᠴᠠᠭᠠᠨ ᠳᠠᠪᠤᠤ ᠪᠠᠷ ᠪᠦᠷᠢᠵᠦ᠂ ᠮᠥᠨ ᠬᠡ ᠤᠭᠠᠯᠵᠠ ᠪᠠᠷ ᠵᠡᠭᠡᠭᠯᠡᠳᠡᠭ | ᠪᠣᠯᠵᠠᠢ᠃ ᠮᠣᠩᠭᠤᠯ ᠭᠡᠷ ᠢ ᠪᠠᠷᠢᠬᠤ᠂ ᠪᠠᠭᠤᠯᠭᠠᠬᠤ ᠨᠢ ᠨᠠᠷᠢᠨ ᠳᠡᠰ ᠳᠠᠷᠠᠭᠠᠯᠠᠯ ᠲᠠᠢ ᠪᠠᠶᠢᠳᠠᠭ᠃ ᠡᠶᠢᠮᠦ ᠳᠤ ᠭᠡᠷ ᠢ | ᠪᠠᠷᠢᠬᠤ ᠳᠤ᠄ 1 ᠱᠠᠯᠠ ᠲᠠᠯᠪᠢᠬᠤ᠂ 2 ᠬᠠᠭᠠᠯᠭ᠎ᠠ ᠪᠣᠰᠬᠠᠬᠤ᠂ 3 ᠬᠠᠨ᠎ᠠ ᠳᠤᠭᠤᠶᠢᠯᠠᠬᠤ᠂ 4 ᠪᠦᠰᠡᠯᠡᠭᠦᠷ | ᠲᠠᠲᠠᠬᠤ᠂ 5 ᠲᠣᠭᠤᠨᠣ ᠪᠠ ᠪᠠᠭᠠᠨ᠎ᠠ ᠪᠣᠰᠬᠠᠬᠤ᠂ 6 ᠣᠨᠢ ᠬᠠᠳᠬᠤᠬᠤ᠂ 7 ᠳᠣᠲᠣᠭᠤᠷ ᠪᠦᠷᠢᠶᠡᠰᠦ ᠲᠠᠯᠪᠢᠬᠤ᠂ | 8 ᠲᠤᠭᠤᠷᠭ᠎ᠠ ᠨᠥᠮᠥᠷᠭᠡᠬᠦ᠂ 9 ᠴᠠᠪᠤᠭ ᠲᠠᠯᠪᠢᠬᠤ᠂ 10 ᠳᠡᠭᠡᠪᠦᠷ ᠲᠠᠯᠪᠢᠬᠤ᠂ 11 ᠭᠠᠳᠠᠭᠤᠷ ᠪᠦᠷᠢᠶᠡᠰᠦ | ᠨᠥᠮᠥᠷᠭᠡᠬᠦ 12 ᠡᠷᠦᠬᠡ ᠲᠠᠯᠪᠢᠬᠤ᠂ 13 ᠬᠠᠶᠠᠭᠠᠪᠴᠢ ᠲᠠᠲᠠᠬᠤ᠂ 14 ᠣᠭᠤᠰᠣᠷ ᠤᠳ ᠢ ᠪᠠᠬᠢᠯᠡᠬᠦ ᠵᠡᠷᠭᠡ | ᠳᠠᠷᠠᠭᠠᠯᠠᠯ ᠲᠠᠢ ᠪᠠᠶᠢᠳᠠᠭ ᠪᠠᠶᠢᠨ᠎ᠠ᠃ | ᠢᠷᠡᠯᠲᠡ᠄ ︽ᠮᠣᠩᠭᠤᠯ ᠠᠮᠢᠳᠤᠷᠠᠯ︾ ᠸᠢᠴᠠᠲ ᠲᠠᠪᠴᠠᠩ |