ᠮᠤᠩᠭᠤᠯᠴᠤᠳ ᠤᠨ ᠠᠲᠤᠭᠤᠨ ᠤ ᠲᠤᠬᠠᠢ ᠤᠶᠤᠨ ᠤ ᠰᠤᠶᠤᠯ ᠨᠢ ᠵᠢᠷᠤᠭ ᠱᠤᠭᠤᠮᠠᠯ᠂ ᠦᠯᠢᠭᠡᠷ ᠲᠤᠤᠯᠢ᠂ | ᠲᠠᠭᠤᠤ ᠰᠢᠯᠦᠭ᠂ ᠲᠡᠬᠢᠯ ᠮᠦᠷᠭᠦᠯ᠂ ᠠᠮᠢᠲᠤᠷᠠᠯ ᠬᠡᠷᠡᠭᠰᠡᠯ ᠤᠨ ᠴᠢᠮᠡᠭᠯᠡᠯ ᠭᠡᠬᠦ ᠮᠡᠲᠦ ᠦᠷᠭᠡᠨ ᠬᠡᠪᠴᠢᠶᠡᠨ ᠳᠤ | ᠠᠯᠢᠨ ᠳᠤᠨᠢ ᠴᠦ ᠲᠤᠲᠠᠭᠲᠠᠬᠤ ᠦᠭᠡᠢ ᠠᠭᠤᠯᠤᠬᠲᠠᠵᠤ ᠪᠠᠶᠢᠲᠠᠭ ᠪᠢᠯᠡ᠃ | 1. ᠬᠠᠲᠠᠨ ᠵᠢᠷᠤᠭ ᠲᠤ ᠢᠯᠡᠷᠡᠭᠰᠡᠨ ᠮᠤᠷᠢᠨ ᠤ ᠰᠢᠲᠦᠯᠭᠡ | ᠮᠤᠨᠢ ᠠᠭᠤᠯᠠ ᠶᠢᠨ ᠬᠠᠲᠠᠨ ᠵᠢᠷᠤᠭ ᠲᠤ ᠠᠮᠢᠲᠠᠨ ᠤ ᠵᠢᠷᠤᠭ ᠵᠤᠩᠬᠢ ᠲᠤᠭ᠎ᠠ ᠶᠢ ᠡᠵᠡᠯᠡᠲᠡᠭ᠂ ᠲᠡᠭᠦᠨᠴᠢᠯᠡᠨ | ᠠᠮᠢᠲᠠᠨ ᠤ ᠲᠤᠲᠤᠷ᠎ᠠ ᠨᠢ ᠡᠯ᠎ᠡ ᠵᠤᠶᠢᠯ ᠤᠨ ᠮᠤᠷᠢ ᠪᠤᠯᠤᠨ ᠮᠤᠷᠢᠲᠠᠨ ᠤ ᠵᠢᠷᠤᠭ ᠨᠡᠯᠢᠶᠡᠳ ᠶᠡᠭᠡ ᠬᠠᠷᠢᠴᠠᠯ ᠢ | ᠡᠵᠡᠯᠡᠨ᠎ᠡ᠃ ᠡᠭᠦᠨ ᠠᠴᠠ ᠦᠵᠡᠪᠡᠯ ᠮᠤᠷᠢ ᠨᠢ ᠠᠩ ᠠᠩᠨᠠᠯ᠂ ᠮᠠᠯ ᠮᠠᠯᠯᠠᠭ᠎ᠠ ᠶᠢᠨ ᠴᠢᠬᠤᠯᠠ ᠪᠠᠶᠢᠷᠢ ᠶᠢ ᠡᠵᠡᠯᠡᠵᠤ | ᠪᠠᠶᠢᠵᠠᠢ᠃ | ᠮᠤᠨᠢ ᠠᠭᠤᠯᠠ ᠶᠢᠨ ᠬᠠᠲᠠᠨ ᠵᠢᠷᠤᠭ ᠤᠨ ᠰᠡᠲᠦᠪᠯᠡᠭᠦᠨ ᠨᠢ ᠵᠠᠷᠢᠮ ᠨᠢ ᠬᠡᠷᠡᠭ ᠤᠴᠢᠷ ᠤᠨ ᠲᠡᠮᠲᠡᠭᠯᠡᠯ ᠮᠥᠨ᠂ | ᠭᠡᠪᠡᠴᠦ ᠲᠡᠭᠦᠨ ᠤ ᠲᠤᠲᠤᠷᠠᠬᠢ ᠴᠦᠭᠡᠨ ᠪᠤᠰᠤ ᠨᠢ ᠪᠠᠯᠠᠷᠯᠢᠭ ᠱᠠᠰᠢᠨ ᠲᠠᠢ ᠬᠤᠯᠪᠤᠭ᠎ᠠ ᠲᠠᠢ᠃ ᠲᠤᠭ᠎ᠠ ᠪᠠᠷ | ᠬᠠᠮᠤᠭ ᠤᠨ ᠠᠷᠪᠢᠨ ᠠᠮᠢᠲᠠᠨ ᠤ ᠵᠢᠷᠤᠭ ᠢᠶᠠᠷ ᠠᠪᠴᠦ ᠦᠵᠡᠬᠦ ᠳᠤ ᠨᠡᠭᠦᠲᠡᠯ ᠮᠠᠯᠵᠢᠯ ᠤᠨ ᠶᠢᠷᠲᠢᠨᠴᠦ ᠶᠢᠨ | ᠪᠤᠲᠠᠲᠤ ᠠᠮᠢᠲᠤᠷᠠᠯ ᠤᠨ ᠲᠤᠰᠬᠠᠯ ᠭᠡᠵᠦ ᠬᠡᠯᠡᠬᠦ ᠶᠢᠨ ᠤᠷᠤᠨ ᠳᠤ ᠲᠡᠯᠡᠬᠡᠢ ᠲᠡᠭᠡᠷ᠎ᠡ ᠨᠡᠶᠢᠲᠡᠮ ᠤᠷᠤᠰᠢᠵᠤ | ᠪᠠᠶᠢᠬᠰᠠᠨ ᠠᠮᠢᠲᠠᠨ ᠤ ᠰᠢᠲᠦᠯᠭᠡ ᠶᠢᠨ ᠤᠷᠠᠯᠢᠭ ᠲᠤᠰᠬᠠᠯ ᠭᠡᠵᠦ ᠦᠵᠡᠬᠦ ᠨᠢ ᠢᠲᠡᠭᠡᠮᠵᠲᠡᠢ᠃ ᠮᠤᠨᠢ ᠠᠭᠤᠯᠠ | ᠨᠢᠷᠤᠭᠤ᠂ ᠠᠯᠲᠠᠢ ᠠᠭᠤᠯᠠ ᠨᠢᠷᠤᠭᠤ ᠮᠡᠲᠦ ᠶᠢᠨ ᠮᠤᠩᠭᠤᠯ ᠤᠨ ᠦᠨᠲᠦᠷᠯᠢᠭ ᠤᠨ ᠬᠠᠲᠠᠨ ᠵᠢᠷᠤᠭ ᠲᠠᠬᠢ ᠮᠤᠷᠢ | ᠪᠣᠯ ᠮᠤᠩᠭᠤᠯ ᠤᠨ ᠦᠨᠲᠦᠷᠯᠢᠭ ᠤᠨ ᠪᠠᠯᠠᠷ ᠡᠷᠲᠡᠨ ᠤ ᠤᠵᠤᠭᠤᠷ ᠢᠷᠭᠡᠳ ᠤᠨ ᠮᠤᠷᠢᠨ ᠤ ᠰᠢᠲᠦᠯᠭᠡ ᠶᠢᠨ | ᠲᠤᠰᠬᠠᠯ ᠮᠥᠨ᠃ ᠮᠤᠨᠢ ᠠᠭᠤᠯᠠ ᠶᠢᠨ ᠬᠠᠲᠠᠨ ᠵᠢᠷᠤᠭ ᠲᠤ ᠴᠡᠭᠡᠵᠢᠨ ᠤ ᠡᠮᠤᠨ᠎ᠡ ᠬᠤᠶᠠᠷ ᠭᠠᠷ ᠢᠶᠠᠨ ᠬᠠᠪᠰᠤᠷᠤᠨ | ᠮᠤᠷᠢᠨ ᠳᠤ ᠵᠠᠯᠪᠠᠷᠢᠵᠤ ᠪᠠᠶᠢᠭ᠎ᠠ ᠪᠤᠶᠤ ᠬᠦᠮᠦᠨ ᠤ ᠵᠢᠷᠤᠭ ᠬᠢᠭᠡᠳ ᠵᠡᠷᠯᠢᠭ ᠠᠲᠤᠭᠤᠨ ᠰᠦᠷᠦᠭ ᠤᠨ ᠬᠠᠵᠠᠭᠤᠲᠠ | ᠪᠦᠵᠢᠭᠯᠡᠵᠤ ᠪᠠᠶᠢᠭ᠎ᠠ ᠵᠢᠷᠤᠭ ᠪᠠᠷ ᠴᠦᠮ ᠰᠢᠲᠦᠭᠡᠨ ᠮᠤᠷᠢᠨ ᠳᠠᠭᠠᠨ ᠮᠦᠷᠭᠦᠵᠦ ᠪᠠᠶᠢᠭ᠎ᠠ ᠪᠤᠶᠤ ᠰᠢᠲᠦᠭᠡᠨ ᠮᠤᠷᠢᠨ | ᠳᠠᠭᠠᠨ ᠪᠦᠵᠢᠭ ᠡᠷᠭᠦᠨ ᠪᠠᠶᠠᠰᠬᠠᠵᠤ ᠪᠠᠶᠢᠭ᠎ᠠ ᠰᠠᠨᠠᠭ᠎ᠠ ᠶᠢ ᠭᠠᠷᠭᠠᠬᠰᠠᠨ ᠵᠢᠷᠤᠭ ᠮᠥᠨ᠃ ᠡᠭᠦᠨ ᠢ ᠡᠵᠡᠳ | ᠰᠠᠬᠢᠭᠤᠰᠤ ᠪᠠᠨ ᠪᠠᠶᠠᠰᠬᠠᠬᠤ ᠶᠢᠨ ᠵᠤᠷᠢᠯᠭ᠎ᠠ ᠪᠠᠷ ᠲᠠᠬᠢᠯ ᠮᠦᠷᠭᠦᠯ ᠬᠢᠭᠰᠡᠨ ᠤ ᠲᠠᠷᠠᠭ᠎ᠠ ᠲᠠᠭᠤᠯᠠᠨ ᠪᠦᠵᠢᠭᠯᠡᠵᠦ | ᠨᠠᠶᠢᠷᠯᠠᠬᠤ ᠪᠠ ᠡᠷ᠎ᠡ ᠶᠢᠨ ᠭᠤᠷᠪᠠᠨ ᠨᠠᠭᠠᠲᠤᠮ ᠤᠨ ᠮᠦᠷᠦᠶᠢᠴᠡᠭᠡᠨ ᠪᠤᠯᠲᠠᠭ ᠨᠢ ᠪᠦᠷ ᠰᠢᠲᠦᠭᠡᠨ ᠮᠤᠷᠢᠨ ᠳᠠᠭᠠᠨ | ᠪᠦᠵᠢᠭ ᠡᠷᠭᠦᠭᠦ ᠰᠢᠲᠦᠯᠭᠡ ᠶᠢᠨ ᠠᠲᠠᠯᠢ ᠪᠤᠰᠤ ᠶᠢᠨ ᠲᠡᠥᠬᠡ ᠶᠢᠨ ᠱᠠᠲᠦ ᠳᠠᠬᠢ ᠬᠦᠭᠵᠢᠯ ᠤᠨ ᠬᠡᠯᠪᠡᠷᠢ ᠪᠤᠯᠤᠨ᠎ᠠ᠃ | ᠮᠤᠩᠭᠤᠯ ᠤᠨ ᠦᠨᠲᠦᠷᠯᠢᠭ ᠤᠨ ᠤᠵᠤᠭᠤᠷ ᠢᠷᠭᠡᠳ ᠤᠨ ᠤᠶᠤᠨ ᠰᠡᠷᠡᠯ ᠳᠠᠬᠢ ᠮᠤᠷᠢᠨ ᠤ ᠰᠢᠲᠦᠯᠭᠡ ᠨᠢ | ᠲᠠᠪᠬᠤᠷᠲᠠᠮᠠᠯ ᠰᠤᠶᠤᠯ ᠤᠨ ᠠᠭᠤᠯᠭ᠎ᠠ ᠪᠠᠶᠢᠬᠤ ᠠᠴᠠ ᠠᠯᠢ ᠴᠦ ᠠᠮᠢᠲᠠᠨ ᠤ ᠰᠢᠲᠦᠯᠭᠡ ᠠᠴᠠ ᠤᠷᠤᠶᠢᠯᠠᠵᠤ ᠪᠠᠶᠢᠵᠠᠢ | ᠃ | 2. ᠬᠦᠷᠡᠯ ᠤᠨ ᠰᠤᠶᠤᠯ ᠤᠨ ᠦᠶ᠎ᠡ ᠶᠢᠨ ᠤᠩᠭᠤ ᠰᠢᠲᠦᠭᠡᠨ ᠤ ᠬᠦᠯᠦᠭ | ᠵᠡᠷᠯᠢᠭ ᠠᠲᠤᠭᠤ ᠶᠢ ᠭᠡᠷᠰᠢᠭᠦᠯᠦᠭᠰᠡᠨ ᠨᠢ ᠠᠲᠤᠭᠤᠨ ᠤ ᠲᠤᠬᠠᠢ ᠪᠠᠯᠠᠷ ᠡᠷᠲᠡᠨ ᠤ ᠬᠦᠮᠦᠰ ᠤᠨ ᠦᠵᠡᠯ | ᠤᠬᠠᠮᠰᠠᠷ ᠲᠤ ᠶᠡᠬᠡᠬᠡᠨ ᠬᠤᠪᠢᠷᠠᠯᠲᠠ ᠭᠠᠷᠭᠠᠵᠠᠢ᠃ ᠰᠢᠲᠦᠯᠭᠡ ᠶᠢᠨ ᠬᠤᠪᠢ ᠳᠤ ᠠᠲᠤᠭᠤ ᠨᠢ ᠤᠩᠭᠤᠨ ᠰᠢᠲᠦᠭᠡᠨ | ᠤ ᠪᠠᠶᠢᠷᠢ ᠪᠠᠨ ᠬᠠᠲᠠᠭᠠᠯᠠᠬᠰᠠᠭᠠᠷ ᠪᠤᠯᠪᠠᠴᠦ ᠭᠡᠷ ᠤᠨ ᠮᠠᠯ ᠪᠤᠯᠵᠤ ᠬᠦᠮᠦᠨ ᠳᠤ ᠡᠵᠡᠮᠲᠡᠭᠲᠡᠭᠰᠡᠨ ᠨᠦᠯᠦᠭᠡ ᠪᠠᠷ | ᠪᠡᠶ᠎ᠡ ᠪᠠᠨ ᠲᠠᠭᠠᠭᠠᠭᠰᠠᠨ ᠤᠩᠭᠤ ᠰᠢᠲᠦᠭᠡᠨ ᠤ ᠪᠠᠶᠢᠷᠢ ᠠᠴᠠ ᠪᠠᠨ ᠬᠦᠮᠦᠨ ᠲᠦᠷᠢ ᠲᠠᠢ ᠤᠩᠭᠤ ᠰᠢᠲᠦᠭᠡᠨ ᠤ | ᠬᠦᠯᠦᠭ ᠤᠨᠤᠭ᠎ᠠ ᠶᠢᠨ ᠬᠤᠪᠢ ᠪᠠᠷ ᠤᠯᠠᠨ ᠢᠯᠡᠷᠡᠬᠦ ᠪᠤᠯᠵᠠᠢ᠃ ᠡᠭᠦᠨ ᠠᠴᠠ ᠪᠡᠶ᠎ᠡ ᠪᠠᠨ ᠲᠠᠭᠠᠭᠠᠬᠰᠠᠨ ᠤᠩᠭᠤ | ᠰᠢᠲᠦᠭᠡᠨ ᠤ ᠪᠠᠶᠢᠷᠢ ᠠᠴᠠ ᠲᠡᠳ᠋ ᠪᠠᠶᠢᠷᠢ ᠳᠤ ᠰᠢᠯᠵᠢᠵᠤ ᠪᠠᠶᠢᠬᠤ ᠶᠢᠨ ᠢᠯᠡᠷᠡᠯ ᠢ ᠤᠯᠵᠤ ᠬᠠᠷᠠᠨ᠎ᠠ᠃ | ᠪᠠᠯᠠᠷ ᠡᠷᠲᠡᠨ ᠤ ᠬᠦᠮᠦᠨ ᠲᠦᠷᠦᠯᠬᠢᠲᠡᠨ ᠮᠤᠷᠢ ᠶᠢ ᠠᠩ ᠭᠦᠷᠦᠭᠡ ᠬᠢᠬᠦ ᠶᠢᠨ ᠢᠶᠠᠨ ᠬᠠᠪᠰᠤᠷᠭ᠎ᠠ ᠪᠤᠯᠭᠠᠬᠤ | ᠭᠡᠰᠡᠨ ᠬᠡᠴᠢᠨᠡᠨ ᠮᠢᠩᠭᠠᠨ ᠵᠢᠯ ᠤᠨ ᠬᠦᠰᠡᠯ ᠨᠢ ᠪᠠᠶᠠᠯᠠᠩᠲᠡᠭᠰᠡᠨ ᠠᠴᠠ ᠰᠢᠲᠦᠭᠡᠨ ᠠᠴᠠ ᠨᠢ ᠬᠠᠨᠢ ᠨᠠᠶᠢᠵᠠ ᠶᠢᠨ | ᠠᠭᠤᠯᠭ᠎ᠠ ᠭᠠᠷᠴᠦ ᠢᠷᠡᠭᠰᠡᠨ ᠪᠠᠶᠢᠨ᠎ᠠ᠃ ᠡᠨᠡ ᠨᠢ ᠠᠲᠤᠭᠤᠨ ᠤ ᠰᠤᠶᠤᠯ ᠤᠨ ᠭᠤᠷᠪᠠᠲᠠᠬᠴᠢ ᠲᠠᠪᠬᠤᠷᠭ᠎ᠠ | ᠠᠭᠤᠯᠭ᠎ᠠ ᠪᠤᠯᠤᠨ᠎ᠠ᠃ ᠰᠢᠨ᠎ᠡ ᠴᠢᠯᠠᠭᠤᠨ ᠵᠠᠪᠰᠡᠭ ᠤᠨ ᠰᠢᠪᠲᠤᠷᠠᠭ᠎ᠠ ᠪᠠ ᠬᠦᠷᠡᠯ ᠤᠨ ᠰᠤᠶᠤᠯ ᠤᠨ ᠡᠬᠢᠨ ᠤ ᠦᠶ᠎ᠡ | ᠪᠠᠷ ᠪᠠᠯᠠᠷ ᠡᠷᠲᠡᠨ ᠤ ᠤᠵᠤᠭᠤᠷ ᠢᠷᠭᠡᠳ ᠤᠨ ᠰᠢᠲᠦᠯᠭᠡ ᠨᠢ ᠪᠠᠶᠢᠭᠠᠯᠢ ᠶᠢᠨ ᠤᠷᠭᠤᠮᠠᠯ ᠠᠮᠢᠲᠠᠨ ᠪᠢᠰᠢ ᠪᠤᠯᠵᠤ | ᠬᠦᠮᠦᠨ ᠤ ᠲᠦᠷᠢ ᠲᠠᠢ ᠰᠢᠲᠦᠭᠡᠨ ᠪᠤᠯᠤᠬᠰᠠᠨ ᠪᠠᠶᠢᠨ᠎ᠠ᠃ | ᠪᠦᠭᠡ ᠮᠦᠷᠭᠦᠯ ᠤᠨ ᠱᠠᠰᠢᠨ ᠤ ᠬᠠᠮᠤᠭ ᠲᠡᠭᠡᠲᠦ ᠰᠢᠲᠦᠭᠡᠨ ᠪᠣᠯ ᠬᠦᠬᠡ ᠮᠦᠩᠭᠡ ᠲᠡᠭᠷᠢ᠂ ᠬᠦᠷᠦᠰᠦᠲᠦ | ᠡᠲᠦᠭᠡᠨ ᠲᠡᠯᠡᠬᠡᠢ ᠪᠤᠯᠤᠨ᠎ᠠ᠃ ᠡᠲᠡᠭᠡᠷ ᠰᠢᠲᠦᠭᠡᠨ ᠪᠤᠯᠤᠨ ᠬᠦᠮᠦᠨ ᠤ ᠬᠤᠭᠤᠷᠤᠨᠲᠤᠬᠢ ᠵᠠᠭᠤᠴᠢ ᠪᠣᠯ ᠢᠲᠤᠭᠠᠨ | ᠪᠦᠭᠡ ᠨᠠᠷ ᠪᠤᠯᠤᠨ᠎ᠠ᠃ ᠪᠦᠭᠡ ᠢᠲᠤᠭᠠᠨ ᠨᠠᠷ ᠪᠣᠯ ᠡᠲᠡᠭᠡᠷ ᠰᠠᠬᠢᠭᠤᠯᠰᠤᠨ ᠳᠤ ᠬᠦᠮᠦᠰ ᠤᠨ ᠬᠦᠰᠡᠯ ᠨᠠᠶᠢᠲᠠᠯᠭ᠎ᠠ | ᠶᠢ ᠲᠠᠮᠵᠢᠭᠤᠯᠵᠤ᠂ ᠡᠵᠡᠳ ᠰᠠᠬᠢᠭᠤᠰᠤ ᠶᠢᠨ ᠰᠠᠨᠠᠭ᠎ᠠ ᠵᠤᠷᠢᠭ᠂ ᠠᠪᠤᠷᠠᠯ ᠰᠤᠨᠲᠠᠭ ᠢ ᠬᠦᠮᠦᠨ ᠲᠦᠷᠦᠯᠬᠢᠲᠡᠨ ᠳᠤ | ᠮᠡᠲᠡᠭᠦᠯᠬᠦ ᠪᠠ ᠪᠦᠭᠡᠯᠡᠬᠦ ᠮᠡᠲᠦ ᠶᠢᠨ ᠤᠶᠢᠯᠡ ᠶᠢ ᠬᠦᠢᠴᠡᠳᠭᠡᠲᠡᠭ᠂ ᠪᠦᠭᠡᠯᠡᠬᠦ ᠨᠢ ᠬᠡᠷᠡᠭ ᠲᠡᠭᠡᠷ᠎ᠡ ᠪᠠᠨ ᠲᠦᠷᠰᠦ | ᠪᠡᠯᠭᠡᠰᠢᠶᠡᠯ ᠮᠥᠨ᠃ | ᠬᠡᠢ ᠮᠤᠷᠢ ᠶᠢᠨ ᠰᠢᠲᠦᠯᠭᠡ ᠨᠢ ᠮᠤᠷᠢᠨ ᠤ ᠴᠤᠭ ᠰᠦᠯᠲᠡ ᠶᠢ ᠰᠢᠲᠦᠲᠡᠭ ᠤᠵᠠᠭᠤᠷᠯᠢᠭ ᠰᠢᠲᠦᠯᠭᠡ ᠶᠢᠨ | ᠨᠡᠶᠢᠭᠡᠮᠴᠢᠯᠡᠭᠰᠡᠨ ᠰᠢᠨ᠎ᠡ ᠬᠡᠯᠪᠡᠷᠢ ᠮᠥᠨ᠃ ᠬᠦᠷᠡᠯ ᠤᠨ ᠰᠤᠶᠤᠯ ᠤᠨ ᠦᠶ᠎ᠡ ᠠᠴᠠ ᠠᠪᠤᠭᠠᠳ ᠮᠤᠷᠢ ᠨᠢ ᠰᠢᠲᠦᠭᠡᠨ | ᠪᠤᠯᠤᠨ ᠬᠠᠨᠢ ᠨᠠᠶᠢᠵᠠ ᠭᠡᠬᠦ ᠲᠠᠪᠬᠤᠷᠲᠠᠮᠠᠯ ᠰᠤᠶᠤᠯ ᠤᠨ ᠠᠭᠤᠯᠭ᠎ᠠ ᠲᠠᠢ ᠪᠤᠯᠵᠠᠢ᠃ ᠡᠨᠡ ᠨᠢ ᠬᠤᠶᠢᠰᠢᠲᠡ ᠶᠢᠨ | ᠬᠦᠭᠵᠢᠯ ᠤᠨ ᠶᠠᠪᠤᠴᠠ ᠳᠠᠭᠠᠨ ᠰᠢᠲᠦᠭᠡᠨ ᠤ ᠬᠤᠪᠢ ᠳᠤ ᠬᠡᠶᠢᠮᠤᠷᠢ᠂ ᠬᠡᠷᠡᠭᠴᠡᠭᠡ ᠶᠢᠨ ᠬᠤᠪᠢ ᠳᠤ ᠪᠤᠲᠠᠲᠠᠢ | ᠤᠨᠤᠭ᠎ᠠ ᠬᠦᠯᠦᠭ ᠭᠡᠵᠦ ᠢᠯᠭᠠᠪᠤᠷᠢᠯᠠᠨ ᠰᠠᠯᠵᠤ ᠭᠠᠷᠴᠦ ᠢᠷᠡᠭᠰᠡᠨ ᠪᠠᠶᠢᠨ᠎ᠠ᠃ ᠡᠨᠡ ᠬᠦᠭᠵᠯ ᠤᠨ ᠱᠠᠲᠤᠨ ᠳᠤ | ᠪᠤᠲᠠᠲᠤ ᠮᠤᠷᠢ ᠪᠤᠯᠤᠨ ᠬᠦᠮᠦᠨ ᠢᠲᠡᠭᠡᠰᠢᠨ ᠨᠢᠭᠡᠲᠦᠭᠰᠡᠨ ᠢᠶᠠᠷ ᠦᠯᠦ ᠪᠠᠷᠠᠮ᠂ ᠬᠦᠮᠦᠨ ᠰᠢᠲᠦᠭᠡᠨ ᠴᠦ | ᠢᠲᠡᠭᠡᠰᠢᠨ ᠨᠢᠭᠡᠲᠦᠭᠰᠡᠨ ᠤᠨᠴᠠᠯᠢᠭ ᠲᠠᠢ ᠪᠤᠯᠵᠠᠢ᠃ | ᠾᠦᠩᠨᠤᠴᠤᠳ ᠤᠨ ᠬᠠᠲᠠᠨ ᠵᠢᠷᠤᠭ ᠤᠨ ᠮᠤᠷᠢ ᠪᠤᠯᠤᠨ ᠬᠦᠷᠡᠯ ᠡᠳ᠋ᠯᠡᠯ ᠤᠨ ᠮᠤᠷᠢ ᠪᠣᠯ ᠡᠭᠦᠰᠦᠯ ᠨᠢᠭᠡ | ᠬᠡᠪᠰᠢᠯ ᠠᠲᠠᠯᠢ ᠤᠷᠠᠯᠢᠭ ᠤᠨ ᠪᠦᠲᠦᠭᠡᠯ ᠪᠤᠯᠤᠨ᠎ᠠ᠃ ᠤᠮᠠᠷᠠᠲᠤ ᠶᠢᠨ ᠨᠡᠭᠦᠲᠡᠯᠴᠢᠳ ᠤᠨ ᠮᠤᠷᠢᠨ ᠤ ᠰᠢᠲᠦᠯᠭᠡ ᠳᠤ | ᠪᠠᠯᠠᠷ ᠡᠷᠲᠡᠨ ᠠᠴᠠ ᠤᠯᠠᠮᠵᠢᠯᠠᠯ ᠲᠠᠢ ᠵᠦᠯᠲᠡ ᠰᠢᠲᠦᠯᠭᠡ ᠴᠦ ᠨᠡᠶᠢᠲᠡᠮ ᠤᠷᠤᠰᠢᠵᠤ ᠪᠠᠶᠢᠵᠠᠢ᠃ ᠵᠦᠯᠲᠡ | ᠰᠢᠲᠦᠯᠭᠡ ᠶᠢᠨ ᠪᠠᠷᠢᠮᠲᠠ ᠮᠤᠩᠭᠤᠯ ᠤᠨ ᠦᠨᠲᠦᠷᠯᠢᠭ ᠤᠨ ᠡᠮᠤᠨ᠎ᠡ ᠵᠠᠬ᠎ᠠ ᠳᠤ 8000 ᠵᠢᠯ ᠤᠨ ᠲᠡᠷᠲᠡᠭᠡ ᠳᠤ | ᠤᠷᠤᠰᠢᠵᠤ ᠪᠠᠶᠢᠬᠰᠠᠨ ᠰᠢᠩ ᠯᠦᠩ ᠸᠠ ᠶᠢᠨ ᠰᠤᠶᠤᠯ ᠤᠨ ᠪᠠᠭᠤᠷᠢ ᠠᠴᠠ ᠠᠩᠬ᠎ᠠ ᠢᠯᠡᠷᠡᠭᠰᠡᠨ ᠪᠠᠶᠢᠲᠠᠭ᠃ | ᠠᠮᠢᠲᠠᠨ ᠤ ᠲᠤᠯᠤᠭᠠᠢ᠂ ᠠᠮᠢᠰᠬᠤᠬᠤ ᠡᠷᠭᠡᠲᠡᠨ ᠤ ᠬᠡᠯᠬᠢᠶ᠎ᠡ— ᠮᠦᠭᠡᠷᠰᠦᠨ ᠬᠤᠭᠤᠯᠠᠢ᠂ ᠠᠭᠤᠰᠬᠢ᠂ ᠵᠢᠷᠦᠭᠡ | ᠵᠢᠴᠢ ᠲᠦᠷᠪᠡᠨ ᠰᠢᠬᠢᠷ᠎ᠡ ᠲᠠᠢ ᠨᠢ ᠦᠷᠭᠦᠯᠵᠢ ᠦᠪᠴᠢᠭᠰᠡᠨ ᠠᠷᠠᠰᠤᠨ ᠳᠤᠨᠢ ᠠᠮᠢᠲᠠᠨ ᠤ ᠰᠦᠨᠡᠰᠦ ᠤᠷᠤᠰᠢᠲᠠᠭ | ᠭᠡᠵᠦ ᠦᠵᠡᠲᠡᠭ᠃ ᠢᠩᠬᠢᠵᠦ ᠲᠤᠯᠤᠭᠠᠢ᠂ ᠠᠮᠢᠰᠬᠤᠬᠤ ᠡᠷᠭᠡᠲᠡᠨ ᠤ ᠬᠡᠯᠬᠢᠶ᠎ᠡ᠂ ᠵᠢᠷᠦᠭᠡ᠂ ᠠᠷᠠᠰᠤ ᠲᠦᠷᠪᠡᠨ | ᠰᠢᠬᠢᠷ᠎ᠡ ᠲᠠᠢ ᠨᠢ ᠦᠷᠭᠦᠯᠵᠢ ᠠᠪᠤᠬᠰᠠᠨ ᠲᠤᠯᠤᠭᠠᠢ ᠵᠦᠯᠲᠡ ᠭᠡᠲᠡᠭ᠃ ᠡᠨᠡ ᠨᠢ ᠪᠦᠭᠡ ᠮᠦᠷᠭᠦᠯ ᠤᠨ ᠱᠠᠰᠢᠨ ᠤ | ᠰᠦᠨᠡᠰᠦ ᠰᠢᠲᠦᠯᠭᠡ ᠠᠴᠠ ᠡᠬᠢ ᠲᠠᠢ ᠰᠤᠶᠤᠯ ᠤᠨ ᠦᠵᠡᠭᠲᠡᠯ ᠪᠤᠯᠤᠨ᠎ᠠ᠃ | 3. ᠮᠤᠩᠭᠤᠯᠴᠤᠳ ᠤᠨ ᠮᠤᠷᠢᠨ ᠤ ᠰᠢᠲᠦᠯᠭᠡ | ᠮᠤᠩᠭᠤᠯᠴᠤᠳ ᠤᠨ ᠮᠤᠷᠢᠨ ᠤ ᠰᠢᠲᠦᠯᠭᠡ ᠳᠤ ᠤᠩᠭᠤ ᠰᠢᠲᠦᠭᠡᠨ ︵ᠲᠡᠭᠡᠲᠦ ᠰᠢᠲᠦᠭᠡᠨ︶ ᠤ ᠰᠢᠲᠦᠯᠭᠡ᠂ | ᠵᠦᠯᠲᠡ ᠰᠢᠲᠦᠯᠭᠡ ︵ᠰᠦᠨᠡᠰᠦ ᠰᠢᠲᠦᠯᠭᠡ︶᠂ ᠮᠤᠷᠢᠨ ᠤ ᠪᠡᠶ᠎ᠡ ᠪᠠᠶᠢᠲᠠᠯ᠂ ᠵᠠᠩ ᠠᠷᠠᠨᠰᠢᠨ ᠢ ᠪᠠᠭᠲᠠᠭᠠᠬᠰᠠᠨ | ᠭᠤᠸ᠎ᠠ ᠲᠠᠭᠠᠰᠢᠶᠠᠯ᠂ ᠤᠶᠢᠯᠡ ᠬᠢᠲᠡᠯ᠂ ᠠᠮᠢ ᠨᠠᠰᠤ ᠪᠠᠨ ᠬᠤᠯᠪᠤᠬᠰᠠᠨ ᠡᠯᠢᠭᠡ ᠦᠨᠲᠡᠯᠵᠡᠮ᠎ᠡ ᠰᠢᠲᠦᠯᠴᠡᠭᠡᠰᠡᠨ | ᠰᠡᠳᠬᠢᠯᠭᠡ ᠵᠡᠷᠭᠡ ᠤᠯᠠᠨ ᠲᠠᠪᠬᠤᠷᠭ᠎ᠠ ᠰᠤᠶᠤᠯ ᠤᠨ ᠠᠭᠤᠯᠭ᠎ᠠ ᠠᠭᠤᠯᠤᠬᠲᠠᠵᠤ ᠪᠠᠶᠢᠲᠠᠭ᠃ | ᠮᠤᠩᠭᠤᠯᠴᠤᠳ ᠤᠨ ᠮᠤᠷᠢᠨ ᠤ ᠤᠩᠭᠤ ᠰᠢᠲᠦᠯᠭᠡ ᠨᠢ ᠬᠠᠲᠠᠨ ᠲᠡᠭᠡᠷ᠎ᠡ ᠵᠢᠷᠤᠬᠤ᠂ ᠡᠯ᠎ᠡ ᠵᠤᠶᠢᠯ ᠤᠨ | ᠡᠷᠲᠡᠨᠢ ᠴᠢᠯᠠᠭᠤᠳ ᠢᠶᠠᠷ ᠱᠤᠭᠤᠬᠤ᠂ ᠠᠯᠲᠠ ᠮᠦᠩᠭᠦ᠂ ᠬᠦᠷᠡᠯ ᠭᠠᠥᠯᠢ ᠪᠠᠷ ᠴᠢᠳᠬᠤᠬᠤ ᠮᠡᠲᠦ ᠪᠠᠷ ᠤᠵᠠᠭᠤᠷ | ᠤᠯᠠᠮᠵᠢᠯᠠᠯ ᠢᠶᠠᠨ ᠬᠡᠪ ᠢᠶᠠᠷ ᠵᠠᠯᠭᠠᠮᠵᠢᠯᠠᠬᠰᠠᠨ ᠢᠶᠠᠷ ᠪᠠᠷᠠᠬᠤ ᠦᠭᠡᠢ ᠪᠦᠰ ᠲᠤᠷᠭᠠᠨ ᠲᠠᠯᠪᠠᠭ᠎ᠠ ᠲᠡᠭᠡᠷ᠎ᠡ ᠪᠠᠷᠯᠠᠵᠤ | ᠬᠡᠶᠢᠮᠤᠷᠢ ᠭᠡᠮᠡᠨ ᠬᠡᠶᠢᠰᠭᠡᠵᠦ ᠲᠦᠭᠡᠮᠡᠯᠵᠢᠭᠦᠯᠦᠭᠰᠡᠨ ᠪᠠᠶᠢᠨ᠎ᠠ᠃ ᠮᠤᠩᠭᠤᠯᠴᠤᠳ ᠤᠨ ᠲᠤᠮᠲᠠ ᠮᠤᠷᠢᠨ ᠤ ᠰᠦᠨᠡᠰᠦᠨ | ᠰᠢᠲᠦᠯᠭᠡ— ᠵᠦᠯᠲᠡ ᠰᠢᠲᠦᠯᠭᠡ ᠮᠥᠨ ᠤᠯᠠᠮᠵᠢᠯᠠᠨ ᠬᠠᠲᠠᠭᠠᠯᠠᠭᠲᠠᠭᠰᠠᠭᠠᠷ ᠪᠠᠶᠢᠨ᠎ᠠ᠃ | |