ᠮᠤᠩᠭᠤᠯᠴᠤᠳ ᠤᠨ ᠪᠤᠷᠤ ᠢᠳᠡᠬᠡᠨ | | ᠮᠤᠩᠭᠤᠯᠴᠤᠳ ᠤᠨ ᠤᠯᠠᠮᠵᠢᠯᠠᠯᠳᠤ ᠪᠤᠷᠤ ᠢᠳᠡᠬᠡᠨ ᠳᠤ ᠪᠤᠳᠠᠭ᠎ᠠ ᠪᠠᠷ ᠬᠢᠭᠰᠡᠨ ᠢᠳᠡᠬᠡᠨ ᠪᠠ ᠭᠤᠯᠢᠷ ᠢᠶᠠᠷ | ᠬᠢᠭᠰᠡᠨ ᠢᠳᠡᠬᠡᠨ ᠭᠤᠤᠯᠯᠠᠳᠠᠭ᠃ | ᠪᠤᠳᠠᠭ᠎ᠠ ᠪᠠᠷ ᠬᠢᠭᠰᠡᠨ ᠢᠳᠡᠬᠡᠨ ᠳᠤ ᠮᠤᠩᠭᠤᠯ ᠠᠮᠤ᠂ ᠨᠠᠷᠢᠮᠤ᠂ ᠳᠤᠳᠤᠷᠭ᠎ᠠ ᠪᠠᠷ ᠬᠢᠭᠰᠡᠨ ᠢᠳᠡᠬᠡᠨ | ᠭᠤᠤᠯ ᠪᠤᠯᠳᠠᠭ᠃ ᠮᠤᠩᠭᠤᠯ ᠠᠮᠤ ᠶᠢ ᠱᠦᠯᠤᠨ ᠳᠤ ᠴᠢᠨᠠᠬᠤ᠂ ᠰᠦ ᠲᠠᠢ ᠴᠠᠢ ᠳᠤ ᠰᠠᠮᠤᠷᠬᠤ᠂ ᠵᠦᠬᠡᠬᠡᠢ᠂ | ᠦᠷᠤᠮ᠎ᠠ ᠪᠠᠷ ᠬᠤᠳᠬᠤᠵᠤ ᠢᠳᠡᠬᠦ ᠳᠤ ᠬᠡᠷᠡᠭᠯᠡᠳᠡᠭ᠃ ᠨᠠᠷᠢᠮᠤ ᠶᠢ ᠵᠢᠩᠨᠡᠬᠦ᠂ ᠠᠭᠰᠢᠭᠠᠬᠤ᠂ ᠠᠮᠤᠰᠤ ᠬᠢᠬᠦ᠂ | ᠱᠦᠯᠤᠨ ᠳᠤ ᠴᠢᠨᠠᠬᠤ᠂ ᠰᠦ ᠲᠠᠢ ᠴᠠᠢ ᠳᠤ ᠤᠷᠬᠢᠬᠤ ᠳᠤ ᠬᠡᠷᠡᠭᠯᠡᠵᠤ᠂ ᠳᠤᠳᠤᠷᠭ᠎ᠠ ᠶᠢ ᠵᠢᠩᠨᠡᠬᠦ᠂ ᠠᠬᠰᠢᠭᠠᠬᠤ᠂ | ᠠᠮᠤᠰᠤ ᠬᠢᠬᠦ᠂ ᠱᠦᠯᠤᠨ ᠳᠤ ᠴᠢᠨᠠᠬᠤ ᠵᠡᠷᠬᠡ ᠪᠠᠷ ᠢᠳᠡᠳᠡᠭ᠃ ᠪᠤᠳᠠᠭ᠎ᠠ ᠪᠠᠷ ᠬᠢᠭᠰᠡᠨ ᠢᠳᠡᠬᠡᠨ ᠳᠤ ᠰᠢᠰᠢ᠂ | ᠡᠷᠳᠡᠨᠢ ᠰᠢᠰᠢ ᠶᠢ ᠴᠤ ᠬᠡᠷᠡᠭᠯᠡᠳᠡᠭ᠃ ᠭᠤᠯᠢᠷ ᠢᠶᠠᠷ ᠬᠢᠭᠰᠡᠨ ᠢᠳᠡᠬᠡᠨ ᠳᠤ ᠭᠤᠤᠯᠳᠠᠭᠤ ᠪᠤᠭᠤᠳᠠᠢ ᠶᠢᠨ ᠭᠤᠯᠢᠷ ︵ | ᠴᠠᠭᠠᠨ ᠭᠤᠯᠢᠷ︶᠂ ᠠᠷᠪᠠᠢ ᠶᠢᠨ ᠭᠤᠯᠢᠷ᠂ ᠰᠢᠯᠤᠬᠡᠢ ᠶᠢᠨ ᠭᠤᠯᠢᠷ᠂ ᠰᠠᠭᠠᠭ ᠤᠨ ᠭᠤᠯᠢᠷ᠂ ᠶᠤᠤᠮᠠᠢ ᠶᠢᠨ ᠭᠤᠯᠢᠷ | ︵ᠪᠤᠯᠭᠤᠭᠰᠠᠨ ᠭᠤᠯᠢᠷ︶ ᠤᠨ ᠬᠤᠭᠤᠯᠠ ᠪᠠᠶᠢᠳᠠᠭ᠃ ᠪᠤᠭᠤᠳᠠᠢ ᠶᠢᠨ ᠭᠤᠯᠢᠷ ᠢ ᠬᠠᠮᠤᠭ ᠠᠴᠠ ᠦᠷᠬᠡᠨ ᠬᠡᠷᠡᠭᠯᠡᠵᠤ | ᠂ ᠱᠦᠯᠤ ᠲᠠᠢ ᠬᠤᠭᠤᠯᠠ ᠬᠢᠬᠦ᠂ ᠪᠠᠩᠰᠢ᠂ ᠪᠤᠤᠰᠠ ᠵᠢᠩᠨᠡᠬᠦ᠂ ᠬᠤᠤᠱᠤᠤᠷ᠂ ᠪᠤᠭᠤᠷᠰᠤᠭ ᠬᠠᠭᠠᠷᠢᠬᠤ ᠵᠡᠷᠬᠡ ᠤᠯᠠᠨ | ᠵᠦᠢᠯ ᠤᠨ ᠢᠳᠡᠬᠡᠨ ᠬᠢᠳᠡᠭ᠃ ᠠᠷᠪᠠᠢ ᠶᠢᠨ ᠭᠤᠯᠢᠷ᠂ ᠰᠢᠯᠤᠬᠡᠢ ᠶᠢᠨ ᠭᠤᠯᠢᠷ᠂ ᠰᠠᠭᠠᠭ ᠤᠨ ᠭᠤᠯᠢᠷ᠂ | ᠶᠤᠤᠮᠠᠢ ᠶᠢᠨ ᠭᠤᠯᠢᠷ ᠢᠶᠠᠷ ᠤᠯᠠᠨ ᠵᠦᠢᠯ ᠤᠨ ᠬᠤᠭᠤᠯᠠ ᠬᠢᠳᠡᠭ ᠪᠠᠶᠢᠨ᠎ᠠ᠃ | | ᠪᠤᠳᠠᠭ᠎ᠠ ᠶᠢᠨ ᠢᠳᠡᠬᠡᠨ ᠪᠤᠳᠠᠭ᠎ᠠ ᠪᠠᠷ ᠬᠢᠭᠰᠡᠨ ᠢᠳᠡᠬᠡᠨ ᠳᠤ ᠱᠦᠯᠤ ᠲᠠᠢ ᠪᠤᠳᠠᠭ᠎ᠠ᠂ ᠰᠢᠩᠬᠡᠨ ᠪᠤᠳᠠᠭ᠎ᠠ᠂ | ᠠᠮᠤᠰᠤ᠂ ᠳ᠋ᠦᠾᠪᠠ᠂ ᠵᠢᠩᠨᠡᠭᠰᠡᠨ ᠪᠤᠳᠠᠭ᠎ᠠ ᠵᠡᠷᠬᠡ ᠠᠳᠠᠯᠢ ᠪᠤᠰᠤ ᠳᠦᠷᠤᠯ ᠪᠠᠶᠢᠳᠠᠭ᠃ ᠱᠦᠯᠤ ᠲᠠᠢ ᠪᠤᠳᠠᠭ᠎ᠠ | ᠮᠢᠬ᠎ᠠ ᠴᠢᠨᠠᠭᠰᠠᠨ ᠱᠦᠯᠤᠨ ᠳᠡᠭᠡᠨ ᠨᠠᠷᠢᠮᠤ ᠪᠤᠳᠠᠭ᠎ᠠ ︵ᠬᠤᠨᠤᠭ ᠪᠤᠳᠠᠭ᠎ᠠ︶᠂ ᠳᠤᠳᠤᠷᠭ᠎ᠠ ︵ᠴᠠᠭᠠᠨ ᠪᠤᠳᠠᠭ᠎ᠠ︶ | ᠬᠢᠵᠤ᠂ ᠱᠦᠯᠤ᠂ ᠪᠤᠳᠠᠭ᠎ᠠ ᠨᠢ ᠢᠯᠭᠠᠷᠠᠭᠰᠠᠨ ᠬᠤᠭᠤᠯᠠ ᠶᠢ ᠱᠦᠯᠤ ᠲᠠᠢ ᠪᠤᠳᠠᠭ᠎ᠠ ᠬᠡᠳᠡᠭ᠃ ᠡ᠊ᠡᠭ ᠤᠨ ᠦᠶ᠎ᠠ ᠳᠤ | ᠬᠤᠨᠢ᠂ ᠦᠬᠡᠷ ᠤᠨ ᠮᠢᠬ᠎ᠠ ᠬᠡᠷᠴᠢᠵᠤ ᠱᠦᠯᠤᠰᠢᠬᠦᠯᠦᠭᠰᠡᠨ ᠱᠦᠯᠤᠨ ᠳᠤ ᠴᠢᠨᠠᠵᠤ ᠢᠳᠡᠬᠦ ᠴᠤ ᠪᠤᠢ᠃ ᠪᠠᠭᠠᠷᠢᠨ᠂ | ᠤᠡᠭᠨᠢᠭᠤᠳ᠂ ᠵᠠᠷᠤᠳ ᠵᠡᠷᠬᠡ ᠨᠤᠳᠤᠭ ᠲᠤ᠂ ᠮᠢᠬ᠎ᠠ ᠲᠠᠢ ᠱᠦᠯᠤᠨ ᠳᠤ ᠮᠤᠩᠭᠤᠯ ᠠᠮᠤ ᠶᠢ ᠰᠢᠩᠬᠡᠨ ᠴᠢᠨᠠᠵᠤ᠂ | ᠠᠶᠢᠷᠠᠭ ᠬᠢᠵᠤ ᠢᠳᠡᠳᠡᠭ᠃ ᠰᠢᠩᠬᠡᠨ ᠪᠤᠳᠠᠭ᠎ᠠ ᠨᠠᠷᠢᠮᠤ᠂ ᠳᠤᠳᠤᠷᠭ᠎ᠠ ᠵᠡᠷᠬᠡ ᠶᠢ ᠤᠰᠤᠨ ᠳᠤ ᠰᠢᠩᠬᠡᠪᠳᠤᠷ | ᠴᠢᠨᠠᠭᠰᠠᠨ ᠢ ᠰᠢᠩᠬᠡᠨ ᠪᠤᠳᠠᠭ᠎ᠠ ᠬᠡᠳᠡᠭ᠂ ᠡᠬᠦᠨ ᠢ ᠵᠡᠬᠦᠨ ᠤᠷᠤᠨ ᠤ ᠮᠤᠩᠭᠤᠯᠴᠤᠳ ᠨᠤᠭᠤᠭ᠎ᠠ ᠵᠠᠭᠤᠰᠢ ᠲᠠᠢ | ᠢᠳᠡᠬᠦ ᠳᠤᠷᠠᠳᠠᠢ᠃ ᠨᠠᠷᠢᠮᠤ ᠪᠤᠳᠠᠭ᠎ᠠ ᠰᠢᠮ᠎ᠠ ᠳᠡᠵᠢᠬᠡᠯ ᠳᠡᠬᠦᠯᠳᠡᠷ ᠪᠤᠯᠬᠤᠷ ᠰᠠᠷ᠎ᠠ ᠳᠤ ᠰᠠᠭᠤᠭᠰᠠᠨ | ᠪᠦᠰᠡᠬᠦ᠋ᠢᠴᠤᠳ ᠲᠤ ᠳᠠᠪᠤᠰᠤ ᠦᠬᠡᠢ ᠨᠠᠷᠢᠮᠤ ᠶᠢᠨ ᠰᠢᠩᠬᠡᠨ ᠪᠤᠳᠠᠭ᠎ᠠ ᠶᠢ ᠰᠠᠷ᠎ᠠ ᠳᠦᠬᠦᠷᠳᠡᠯᠠ ᠨᠢ ᠢᠳᠡᠬᠦᠯᠪᠠᠯ | ᠪᠡᠶ᠎ᠠ ᠡᠷᠡᠬᠦᠯᠵᠢᠬᠦ ᠨᠢ ᠳᠦᠷᠬᠡᠨ ᠪᠠᠶᠢᠳᠠᠭ᠃ ᠠᠮᠤᠰᠤ ᠯᠠ ᠰᠠᠷ᠎ᠠ ᠶᠢᠨ ᠬᠤᠷᠢᠨ ᠭᠤᠷᠪᠠᠨ ᠪᠤᠶᠤ ᠬᠤᠷᠢᠨ | ᠳᠦᠷᠪᠡᠠ ᠳᠤ ᠭᠠᠯ ᠳᠠᠬᠢᠯᠭ᠎ᠠ ᠶᠢᠨ ᠰᠢᠬᠦᠰᠤ ᠴᠢᠨᠠᠭᠰᠠᠨ ᠱᠦᠯᠤᠨ ᠳᠤ ᠨᠠᠷᠢᠮᠤ ︵ᠬᠤᠨᠤᠭ ᠪᠤᠳᠠᠭ᠎ᠠ︶᠂ ᠳᠤᠳᠤᠷᠭ᠎ᠠ | ︵ᠴᠠᠭᠠᠨ ᠪᠤᠳᠠᠭ᠎ᠠ︶ ᠴᠢᠨᠠᠵᠤ᠂ ᠴᠢᠪᠠᠭ᠎ᠠ᠂ ᠦᠵᠤᠮ ᠬᠤᠯᠢᠵᠤ ᠠᠭᠰᠢᠭᠠᠵᠤ ᠪᠤᠯᠭᠤᠭᠰᠠᠨ ᠢᠳᠡᠬᠡᠨ ᠢ ᠠᠮᠤᠰᠤ | ᠬᠡᠳᠡᠭ᠃ ᠠᠮᠤᠰᠤ ᠪᠠᠨ ᠪᠤᠯᠭᠤᠭᠰᠠᠨ ᠤ ᠳᠠᠷᠠᠭ᠎ᠠ᠂ ᠰᠢᠷ᠎ᠠ ᠳᠤᠰᠤ᠂ ᠪᠤᠷᠠᠮ᠂ ᠡᠯᠡᠰᠤᠨ ᠰᠢᠬᠢᠷ ᠲᠠᠢ ᠬᠤᠳᠬᠤᠵᠤ | ᠢᠳᠡᠳᠡᠭ᠃ ᠳ᠋ᠦᠾᠪᠠ ᠳᠤᠳᠤᠷᠭ᠎ᠠ ︵ᠴᠠᠭᠠᠨ ᠪᠤᠳᠠᠭ᠎ᠠ︶ ᠪᠠᠨ ᠤᠰᠤᠨ ᠳᠤ ᠴᠢᠨᠠᠵᠤ᠂ ᠴᠢᠪᠠᠭ᠎ᠠ᠂ ᠦᠵᠤᠮ᠂ | ᠰᠢᠬᠢᠷ᠂ ᠪᠤᠷᠠᠮ ᠵᠡᠷᠬᠡ ᠠᠮᠳᠠᠳᠠᠨ ᠢ ᠬᠤᠯᠢᠵᠤ ᠠᠭᠰᠢᠭᠠᠭᠰᠠᠨ ᠤ ᠳᠠᠷᠠᠭ᠎ᠠ᠂ ᠶᠡᠭᠡ ᠬᠡᠮᠵᠢᠶᠡᠨ ᠤ ᠰᠢᠷ᠎ᠠ ᠳᠤᠰᠤ | ᠬᠤᠯᠢᠵᠤ ᠬᠤᠳᠬᠤᠭᠰᠠᠨ ᠢᠳᠡᠬᠡᠨ ᠢ ᠳ᠋ᠦᠾᠪᠠ ᠬᠡᠳᠡᠭ᠃ ᠳ᠋ᠦᠾᠪᠠ ᠶᠢ ᠭᠤᠤᠯᠳᠠᠭᠤ ᠰᠦᠮ᠎ᠠ ᠬᠡᠶᠢᠳ ᠤᠨ ᠬᠤᠷᠠᠯ | ᠴᠤᠭᠯᠠᠭᠠᠨ ᠪᠤᠶᠤ ᠨᠦᠭᠴᠢᠭᠰᠡᠳ ᠤᠨ ︽ᠪᠤᠶᠠᠨ ᠤ ᠬᠤᠭᠤᠯᠠ︾ ᠬᠡᠵᠤ ᠢᠳᠡᠬᠦᠯᠳᠡᠭ ᠶᠤᠰᠤ ᠲᠠᠢ᠃ ᠭᠤᠯᠢᠷ ᠤᠨ | ᠢᠳᠡᠬᠡᠨ ᠭᠤᠯᠢᠷ ᠤᠨ ᠢᠳᠡᠬᠡᠨ ᠳᠤ ᠱᠦᠯᠤ ᠲᠠᠢ ᠭᠤᠯᠢᠷ᠂ ᠳᠤᠭᠤᠯ ᠳᠠᠩ᠂ ᠤᠷᠢᠶᠠᠮᠠᠭ᠂ ᠪᠠᠩᠰᠢ᠂ ᠪᠤᠤᠰᠠ᠂ | ᠬᠤᠤᠱᠤᠤᠷ᠂ ᠪᠤᠭᠤᠷᠰᠤᠭ᠂ ᠰᠢᠯᠤᠬᠡᠢ ᠶᠢᠨ ᠪᠤᠤᠪᠤ ᠵᠡᠷᠬᠡ ᠤᠯᠠᠨ ᠵᠦᠢᠯ ᠪᠠᠶᠢᠳᠠᠭ᠃ ᠱᠦᠯᠤ ᠲᠠᠢ ᠭᠤᠯᠢᠷ ᠬᠤᠨᠢ᠂ | ᠦᠬᠡᠷ ᠤᠨ ᠮᠢᠬ᠎ᠠ ᠪᠠᠨ ᠳᠠᠷᠭᠤᠨ᠂ ᠡᠴᠡᠩᠬᠡᠢ ᠶᠢ ᠨᠢ ᠳᠡᠩᠴᠡᠬᠦᠯᠤᠨ ᠬᠡᠷᠴᠢᠵᠤ ᠪᠤᠴᠠᠯᠭᠠᠭᠠᠳ ᠱᠦᠯᠤᠰᠢᠬᠦᠯᠦᠭᠰᠡᠨ | ᠱᠦᠯᠤᠨ ᠳᠤ᠂ ᠴᠠᠭᠠᠨ ᠭᠤᠯᠢᠷ ᠤᠨ ᠬᠡᠷᠴᠢᠮᠠᠯ ᠢ ᠬᠢᠵᠤ ᠴᠢᠨᠠᠭᠰᠠᠨ ᠬᠤᠭᠤᠯᠠ ᠶᠢ ᠱᠦᠯᠤ ᠲᠠᠢ ᠭᠤᠯᠢᠷ ᠤᠨ | ᠬᠤᠭᠤᠯᠠ ᠬᠡᠳᠡᠭ᠃ ᠡᠶᠢᠮᠤᠷᠬᠦᠤ ᠬᠤᠭᠤᠯᠠ ᠨᠢ ᠱᠦᠯᠤ᠂ ᠭᠤᠯᠢᠷ ᠠᠴᠠ ᠭᠠᠳᠠᠨ᠎ᠠ᠂ ᠳᠠᠪᠤᠰᠤ᠂ ᠰᠤᠩᠬᠢᠨ᠎ᠠ ᠪᠠᠷ | ᠠᠮᠳᠠ ᠦᠨᠤᠷ ᠤᠷᠤᠭᠤᠯᠳᠠᠭ ᠪᠤᠯᠬᠤᠷ᠂ ᠨᠡᠬᠦᠳᠡᠯ ᠪᠠᠭᠤᠳᠠᠯ ᠤᠨ ᠠᠮᠢᠳᠤᠷᠠᠯ ᠪᠠ ᠪᠠᠶᠢᠭᠠᠯᠢ ᠤᠷᠴᠢᠨ ᠳᠤ | ᠵᠤᠬᠢᠴᠠᠵᠤ᠂ ᠮᠤᠩᠭᠤᠯᠴᠤᠳ ᠤᠨ ᠦᠷᠬᠦᠯᠵᠢ ᠶᠢᠨ ᠴᠢᠨᠠᠷᠳᠠᠢ ᠪᠦᠬᠡᠳ ᠨᠠᠶᠢᠳᠡᠮ ᠢᠳᠡᠳᠡᠭ ᠬᠤᠭᠤᠯᠠᠨ ᠤ ᠨᠢᠬᠡ | ᠳᠦᠷᠤᠯ ᠪᠤᠯᠪᠠ᠃ ᠪᠤᠴᠠᠯᠭᠠᠵᠤ ᠱᠦᠯᠤᠰᠢᠬᠦᠯᠦᠭᠰᠡᠨ ᠱᠦᠯᠤᠨ ᠳᠡᠭᠡᠨ ᠦᠷᠬᠡᠨ ᠰᠢᠭ ᠬᠡᠷᠴᠢᠭᠰᠡᠨ ᠭᠤᠯᠢᠷ ᠢᠶᠠᠨ | ᠳᠠᠰᠤᠳᠠᠵᠤ ᠴᠢᠨᠠᠭᠰᠠᠨ ᠢ ᠪᠠᠰᠠ ᠯᠠᠪᠰᠢᠶᠠ ᠬᠡᠳᠡᠭ᠃ ᠳᠤᠭᠤᠯ ᠳᠠᠩ ᠳᠤᠭᠤᠯ ᠳᠠᠩ ᠢ ᠭᠤᠤᠯᠳᠠᠭᠤ ᠰᠠᠭᠠᠭ ᠤᠨ | ᠭᠤᠯᠢᠷ ᠢᠶᠠᠷ ᠬᠢᠳᠡᠭ᠃ ᠤᠡᠭᠨᠢᠭᠤᠳ ᠵᠡᠷᠬᠡ ᠭᠠᠵᠠᠷ ᠲᠤ ᠴᠠᠭᠠᠨ ᠭᠤᠯᠢᠷ ᠢᠶᠠᠷ ᠬᠢᠬᠦ ᠴᠤ ᠪᠤᠢ᠃ ᠳᠤᠭᠤᠯ ᠳᠠᠩ | ᠬᠢᠬᠦ ᠳᠤ ᠤᠷᠢᠳ ᠢᠶᠠᠷ ᠭᠤᠯᠢᠷ ᠢᠶᠠᠨ ᠨᠤᠬᠤᠵᠤ᠂ ᠳᠦᠷᠪᠡᠯᠵᠢᠨ ᠬᠡᠷᠴᠢᠬᠦ ᠪᠤᠶᠤ ᠭᠠᠷ ᠢᠶᠠᠷ ᠢᠶᠠᠨ ᠪᠦᠮᠪᠤᠷᠢᠬᠡᠨ | ᠬᠡᠯᠪᠡᠷᠢᠳᠠᠢ ᠪᠤᠯᠭᠠᠵᠤ᠂ ᠳᠠᠪᠤᠰᠤ ᠲᠠᠢ ᠤᠰᠤᠨ ᠳᠤ ᠴᠢᠨᠠᠵᠤ ᠱᠦᠬᠦᠵᠤ ᠠᠪᠤᠭᠠᠳ᠂ ᠵᠦᠬᠡᠬᠡᠢ ᠪᠠᠨ ᠳᠤᠭᠤᠭᠠᠨ ᠳᠤ | ᠬᠢᠵᠤ᠂ ᠵᠦᠬᠡᠯᠠᠨ ᠭᠠᠯ ᠢᠶᠠᠷ ᠪᠤᠴᠠᠯᠭᠠᠭᠰᠠᠨ ᠤ ᠳᠠᠷᠠᠭ᠎ᠠ᠂ ᠱᠦᠬᠦᠵᠤ ᠠᠪᠤᠭᠰᠠᠨ ᠳᠤᠭᠤᠯ ᠳᠠᠩ ᠢᠶᠠᠨ | ᠪᠤᠴᠠᠯᠭᠠᠭᠰᠠᠨ ᠦᠷᠤᠮ᠎ᠠ ᠳᠡᠭᠡᠨ ᠬᠢᠵᠤ᠂ ᠬᠤᠳᠬᠤᠵᠤ ᠨᠠᠶᠢᠴᠡᠬᠦᠯᠳᠡᠭ᠃ ᠳᠤᠭᠤᠯ ᠳᠠᠩ ᠢ ᠤᠯᠠᠩᠬᠢ ᠳᠠᠭᠠᠨ ᠰᠦ | ᠰᠠᠭᠠᠯᠢ ᠡᠯᠪᠡᠭ ᠵᠤᠨ᠂ ᠨᠠᠮᠤᠷ ᠤᠨ ᠤᠯᠠᠷᠢᠯ ᠪᠤᠶᠤ ᠪᠠᠶᠠᠷ ᠳᠤᠷᠠᠰᠬᠠᠯ ᠤᠨ ᠡᠳᠤᠷ ᠵᠢᠴᠢ ᠵᠤᠴᠢᠨ ᠳᠠᠶᠢᠯᠠᠬᠤ | ᠦᠶ᠎ᠠ ᠳᠤ ᠢᠳᠡᠳᠡᠭ᠃ ᠡᠪᠤᠯ᠂ ᠬᠠᠪᠤᠷ ᠤᠨ ᠰᠠᠭᠠᠯᠢ ᠰᠦ ᠬᠤᠮᠰᠠ ᠦᠶ᠎ᠠ ᠳᠤ ᠤᠯᠤᠰᠤᠨ ᠦᠷ᠎ᠠ᠂ ᠮᠠᠭᠠᠵᠢ ᠶᠢ | ᠳᠡᠬᠡᠷᠮᠡᠳᠡᠵᠤ᠂ ᠴᠢᠨᠠᠵᠤ ᠪᠤᠯᠭᠤᠭᠠᠳ᠂ ᠪᠤᠯᠭᠤᠭᠰᠠᠨ ᠭᠤᠯᠢᠷ ᠲᠠᠭᠠᠨ ᠨᠠᠶᠢᠯᠡᠬᠦᠯᠬᠦ ᠶᠢ ᠴᠤ ᠳᠤᠭᠤᠯ ᠳᠠᠩ ᠬᠡᠵᠤ᠂ | ᠪᠠᠰᠠ ᠳᠤᠬᠤᠯᠠᠢ ᠬᠡᠳᠡᠭ᠃ ᠵᠠᠷᠢᠮ ᠳᠠᠭᠠᠨ ᠪᠠᠰᠠ ᠮᠠᠭᠠᠵᠢ ᠶᠢᠨ ᠳᠠᠩ ᠬᠡᠨ᠎ᠠ᠃ ᠬᠤᠷᠴᠢᠨ ᠳᠤ ᠤᠤᠯ ᠨᠢ | ᠳᠠᠤᠯᠠᠢ ᠶᠢᠨ ᠮᠢᠬᠠᠨ ᠤ ᠪᠤᠷᠤ ᠱᠦᠯᠤᠨ ᠳᠤ ᠬᠤᠷᠤᠭᠤᠪᠴᠢ ᠶᠢᠨ ᠳᠠᠩ ᠴᠢᠨᠠᠵᠤ ᠢᠳᠡᠳᠡᠭ ᠪᠠᠶᠢᠪᠠ᠃ | ᠬᠤᠷᠤᠭᠤᠪᠴᠢ ᠶᠢᠨ ᠳᠠᠩ ᠢ ᠢᠳᠡᠬᠦ ᠳᠡᠭᠡᠨ ᠰᠤᠷᠢᠰᠤ᠂ ᠰᠠᠷᠢᠮᠰᠠᠭ ᠬᠢᠵᠤ᠂ ᠬᠠᠯᠠᠭᠤᠨ ᠢᠶᠠᠷ ᠨᠢ ᠬᠦᠯᠤᠰᠤ ᠭᠠᠷᠳᠠᠯ᠎ᠠ | ᠢᠳᠡᠪᠡᠯ᠂ ᠠᠷᠢᠬᠢᠨ ᠤ ᠰᠢᠷ᠎ᠠ ᠳᠠᠶᠢᠯᠤᠭᠳᠠᠬᠤ ᠪᠤᠶᠤ ᠬᠢᠮᠤᠷᠠᠭ᠎ᠠ ᠳᠠᠭᠰᠢᠭᠤᠷ ᠲᠤ ᠳᠤᠰᠠᠳᠠᠢ ᠪᠠᠶᠢᠳᠠᠭ᠃ ᠤᠷᠢᠶᠠᠮᠠᠭ | ᠭᠤᠯᠢᠷ ᠢᠶᠠᠨ ᠵᠦᠬᠡᠯᠡᠬᠡᠨ ᠵᠢᠭᠤᠷᠠᠵᠤ᠂ ᠨᠤᠬᠤᠵᠤ ᠨᠠᠶᠢᠴᠡᠬᠦᠯᠦᠭᠰᠡᠨ ᠤ ᠳᠠᠷᠠᠭ᠎ᠠ᠂ ᠪᠦᠮᠪᠤᠷᠢᠬᠦᠯ ᠮᠤᠳᠤ ᠪᠠᠷ | ᠵᠢᠭᠳᠡᠯᠢᠭ ᠨᠢᠮᠬᠡᠯᠡᠵᠤ᠂ ᠳᠡᠬᠡᠷ᠎ᠠ ᠨᠢ ᠳᠤᠰᠤ᠂ ᠦᠬᠡᠬᠦ ᠪᠤᠶᠤ ᠪᠤᠷᠠᠮ᠂ ᠰᠢᠬᠢᠷ ᠢᠶᠠᠨ ᠦᠷᠤᠵᠤ᠂ ᠤᠷᠳᠤᠯᠵᠢᠯᠠᠭᠤᠯᠤᠨ | ᠤᠷᠢᠶᠠᠵᠤ ᠵᠢᠩᠨᠡᠵᠤ ᠪᠤᠯᠭᠤᠭᠰᠠᠨ ᠢᠳᠡᠬᠡᠨ ᠢ ᠤᠷᠢᠶᠠᠮᠠᠭ ᠬᠡᠳᠡᠭ᠃ ᠤᠷᠢᠶᠠᠮᠠᠭ ᠤᠨ ᠳᠤᠳᠤᠷ᠎ᠠ ᠬᠠᠪᠴᠢᠭᠤᠯᠤᠭᠰᠠᠨ | ᠵᠦᠢᠯ ᠢᠶᠠᠷ ᠨᠢ ᠳᠤᠰᠤᠨ ᠤᠷᠢᠶᠠᠮᠠᠭ᠂ ᠦᠬᠡᠬᠦᠨ ᠤᠷᠢᠶᠠᠮᠠᠭ᠂ ᠠᠮᠳᠠᠯᠢᠬ ᠤᠷᠢᠶᠠᠮᠠᠭ ᠬᠡᠵᠤ ᠬᠤᠪᠢᠶᠠᠳᠠᠭ᠃ | ᠨᠢᠮᠬᠡᠯᠡᠭᠰᠡᠨ ᠭᠤᠯᠢᠷ ᠲᠠᠭᠠᠨ ᠰᠢᠷ᠎ᠠ ᠳᠤᠰᠤ ᠪᠤᠶᠤ ᠱᠦᠯᠤᠨ ᠳᠤᠰᠤ ᠶᠢ ᠬᠠᠶᠢᠯᠤᠭᠤᠯᠤᠨ ᠨᠠᠶᠢᠳᠡᠮ ᠳᠦᠷᠬᠢᠵᠤ | ᠤᠷᠢᠶᠠᠭᠰᠠᠨ ᠢ ᠳᠤᠰᠤᠨ ᠤᠷᠢᠶᠠᠮᠠᠭ ᠬᠡᠳᠡᠭ᠃ ᠳᠤᠰᠤᠨ ᠤᠷᠢᠶᠠᠮᠠᠭ ᠢ ᠬᠤᠨᠢᠨ ᠮᠢᠬᠠᠨ ᠱᠦᠯᠤ ᠲᠠᠢ ᠬᠤᠯᠢᠵᠤ | ᠢᠳᠡᠬᠦ ᠳᠤ ᠳᠤᠬᠢᠷᠠᠮᠵᠢᠳᠠᠢ ᠪᠠᠶᠢᠵᠤ᠂ ᠬᠡᠢ ᠰᠡᠷᠢᠬᠦᠨ ᠢ ᠳᠠᠷᠤᠬᠤ ᠤᠶᠢᠢᠯᠡᠳᠤᠯ ᠲᠠᠢ ᠪᠤᠯᠬᠤᠷ᠂ ᠨᠠᠰᠤᠳᠠᠶᠢᠴᠤᠳ ᠲᠤ | ᠨᠠᠩ ᠢᠯᠡᠬᠦᠤ ᠳᠠᠭᠠᠯᠠᠭᠳᠠᠳᠠᠭ᠃ ᠦᠬᠡᠬᠦ ᠪᠤᠶᠤ ᠬᠠᠯᠢᠮ ᠢᠶᠠᠷ ᠵᠢᠵᠢᠭᠯᠠᠨ ᠬᠡᠷᠴᠢᠵᠤ᠂ ᠪᠠᠭ᠎ᠠ ᠰᠠᠭ᠎ᠠ ᠳᠠᠪᠤᠰᠤ᠂ | ᠰᠤᠩᠬᠢᠨ᠎ᠠ ᠬᠠᠪᠴᠢᠭᠤᠯᠵᠤ ᠤᠷᠢᠶᠠᠭᠰᠠᠨ ᠢ ᠦᠬᠡᠬᠦᠨ ᠤᠷᠢᠶᠠᠮᠠᠭ ᠬᠡᠵᠤ᠂ ᠪᠤᠷᠠᠮ᠂ ᠰᠢᠬᠢᠷ ᠢᠶᠠᠨ ᠰᠢᠷ᠎ᠠ | ᠳᠤᠰᠤ ᠲᠠᠢ ᠵᠢᠭᠤᠷᠠᠵᠤ ᠨᠠᠶᠢᠴᠡᠬᠦᠯᠤᠬᠡᠳ ᠬᠠᠪᠴᠢᠭᠤᠯᠵᠤ ᠤᠷᠢᠶᠠᠭᠰᠠᠨ ᠢ ᠠᠮᠳᠠᠯᠢᠬ ᠤᠷᠢᠶᠠᠮᠠᠭ ᠬᠡᠳᠡᠭ᠃ | ᠤᠷᠢᠶᠠᠮᠠᠭ ᠨᠢ ᠬᠢᠬᠦ ᠳᠤ ᠠᠮᠠᠷ᠂ ᠤᠳᠤᠷ ᠨᠡᠬᠦᠳᠡᠯ ᠤᠨ ᠠᠮᠢᠳᠤᠷᠠᠯ ᠳᠤ ᠵᠤᠬᠢᠴᠠᠭᠰᠠᠨ ᠦᠪᠡᠷᠮᠢᠴᠠ ᠤᠨᠴᠠᠯᠢᠬ ᠲᠠᠢ | ᠢᠳᠡᠬᠡᠨ ᠪᠤᠯᠬᠤ ᠶᠤᠮ᠃ | | ᠪᠠᠩᠰᠢ ᠮᠢᠬ᠎ᠠ ᠪᠠᠨ ᠪᠡᠯᠡᠳᠬᠡᠵᠤ ᠪᠠᠵᠠᠭᠠᠬᠤ ᠨᠢ ᠪᠤᠤᠰᠠ ᠶᠢᠨ ᠮᠢᠬ᠎ᠠ ᠪᠡᠯᠡᠳᠬᠡᠬᠦ ᠲᠠᠢ ᠠᠳᠠᠯᠢ᠂ ᠭᠤᠯᠢᠷ ᠢᠶᠠᠨ | ᠨᠤᠬᠤᠵᠤ ᠨᠠᠶᠢᠴᠡᠬᠦᠯᠦᠭᠰᠡᠨ ᠤ ᠳᠠᠷᠠᠭ᠎ᠠ᠂ ᠵᠢᠵᠢᠭ ᠳᠠᠰᠤᠳᠠᠵᠤ ᠨᠢᠮᠬᠡᠯᠡᠬᠡᠳ᠂ ᠪᠠᠵᠠᠭᠠᠭᠰᠠᠨ ᠮᠢᠬ᠎ᠠ ᠪᠠᠨ ᠪᠤᠭᠤᠵᠤ᠂ | ᠠᠮᠠᠰᠠᠷ ᠢ ᠨᠢ ᠴᠢᠮᠬᠢᠬᠡᠳ᠂ ᠴᠢᠨᠠᠵᠤ ᠪᠤᠯᠭᠤᠭᠰᠠᠨ ᠢ ᠪᠠᠩᠰᠢ ᠬᠡᠳᠡᠭ᠃ ᠪᠠᠩᠰᠢ ᠨᠢ ᠢᠳᠡᠬᠦ ᠳᠤ ᠵᠦᠬᠡᠯᠠᠨ᠂ ᠦᠨᠤᠷ | ᠠᠮᠳᠠ ᠪᠠᠷ ᠰᠠᠶᠢᠬᠠᠨ ᠪᠠᠶᠢᠳᠠᠭ᠃ ᠪᠤᠤᠰᠠ ᠮᠢᠬ᠎ᠠ ᠪᠠᠨ ᠵᠢᠵᠢᠭᠯᠠᠨ ᠬᠡᠷᠴᠢᠵᠤ᠂ ᠪᠠᠭ᠎ᠠ ᠰᠠᠭ᠎ᠠ ᠰᠤᠩᠬᠢᠨ᠎ᠠ ᠪᠤᠶᠤ | ᠬᠦᠮᠡᠯᠢ ᠶᠢ ᠠᠮᠳᠠ ᠤᠷᠤᠭᠤᠯᠤᠨ ᠬᠤᠯᠢᠵᠤ᠂ ᠳᠠᠪᠤᠰᠤ ᠶᠢ ᠨᠢ ᠳᠡᠩᠴᠡᠬᠦᠯᠤᠨ ᠪᠠᠵᠠᠭᠠᠵᠤ᠂ ᠭᠤᠯᠢᠷ ᠢᠶᠠᠨ ᠬᠠᠯᠠᠭᠤᠨ | ᠪᠦᠯᠢᠶᠡᠨ ᠤᠰᠤ ᠪᠠᠷ ᠵᠢᠭᠤᠷᠠᠵᠤ ᠨᠠᠶᠢᠴᠡᠬᠦᠯᠤᠬᠡᠳ ᠵᠢᠵᠢᠭᠯᠠᠨ ᠳᠠᠰᠤᠳᠠᠵᠤ᠂ ᠪᠦᠮᠪᠤᠷᠢᠬᠦᠯ ᠮᠤᠳᠤ ᠪᠠᠷ | ᠳᠤᠭᠤᠷᠢᠭᠯᠠᠭᠤᠯᠤᠨ ᠨᠢᠮᠬᠡᠯᠡᠭᠰᠡᠨ ᠤ ᠳᠠᠷᠠᠭ᠎ᠠ᠂ ᠪᠠᠵᠠᠭᠠᠭᠰᠠᠨ ᠮᠢᠬ᠎ᠠ ᠪᠠᠨ ᠳᠤᠳᠤᠷ᠎ᠠ ᠨᠢ ᠪᠤᠭᠤᠵᠤ᠂ ᠵᠢᠩᠨᠡᠵᠤ | ᠪᠤᠯᠭᠤᠭᠰᠠᠨ ᠢᠳᠡᠬᠡᠨ ᠢ ᠪᠤᠤᠰᠠ ᠬᠡᠳᠡᠭ᠃ ᠪᠤᠤᠰᠠ ᠶᠢ ᠪᠤᠭᠤᠭᠰᠠᠨ ᠬᠡᠯᠪᠡᠷᠢ ᠪᠠᠷ ᠨᠢ ᠠᠳᠠᠯᠢ ᠪᠤᠰᠤ ᠨᠡᠷᠡᠯᠡᠳᠡᠭ᠃ | ᠰᠠᠷᠠᠨ ᠬᠡᠯᠪᠡᠷᠢᠳᠠᠢ ᠪᠠᠶᠢᠭᠰᠠᠨ ᠢ ᠰᠠᠷᠠᠨ ᠪᠤᠤᠰᠠ ᠬᠡᠵᠤ᠂ ᠳᠤᠭᠤᠷᠢᠭ ᠬᠡᠯᠪᠡᠷᠢᠳᠠᠢ ᠪᠠᠶᠢᠭᠰᠠᠨ ᠢ ᠨᠠᠷᠠᠨ ᠪᠤᠤᠰᠠ | ᠬᠡᠵᠤ᠂ ᠬᠠᠶᠠ ᠵᠠᠷᠢᠮ ᠳᠠᠭᠠᠨ ᠬᠤᠯᠤᠭᠠᠨ᠎ᠠ ᠶᠢᠨ ᠬᠡᠯᠪᠡᠷᠢᠳᠠᠢ ᠪᠠᠷᠢᠵᠤ ᠬᠤᠯᠤᠭᠠᠨ᠎ᠠ ᠪᠤᠤᠰᠠ ᠬᠡᠵᠤ ᠨᠡᠷᠡᠯᠡᠳᠡᠭ᠃ | ᠪᠤᠤᠰᠠ ᠨᠢ ᠦᠨᠤᠷ ᠠᠮᠳᠠ ᠪᠠᠷ ᠰᠠᠶᠢᠬᠠᠨ᠂ ᠬᠡᠢ ᠰᠡᠷᠢᠬᠦᠨ ᠢ ᠳᠠᠷᠤᠬᠤ ᠤᠶᠢᠢᠯᠡᠳᠤᠯ ᠲᠠᠢ ᠪᠠᠶᠢᠳᠠᠭ᠃ | | ᠬᠤᠤᠱᠤᠤᠷ ᠮᠢᠬ᠎ᠠ ᠪᠠᠨ ᠵᠢᠵᠢᠭᠯᠠᠨ ᠬᠡᠷᠴᠢᠵᠤ᠂ ᠪᠠᠭ᠎ᠠ ᠰᠠᠭ᠎ᠠ ᠰᠤᠩᠬᠢᠨ᠎ᠠ ᠪᠤᠶᠤ ᠬᠦᠮᠡᠯᠢ ᠶᠢ ᠠᠮᠳᠠ | ᠤᠷᠤᠭᠤᠯᠤᠨ ᠬᠤᠯᠢᠵᠤ᠂ ᠳᠠᠪᠤᠰᠤ ᠶᠢ ᠨᠢ ᠳᠡᠩᠴᠡᠬᠦᠯᠤᠨ ᠪᠠᠵᠠᠭᠠᠵᠤ᠂ ᠭᠤᠯᠢᠷ ᠢᠶᠠᠨ ᠬᠠᠯᠠᠭᠤᠨ ᠪᠦᠯᠢᠶᠡᠨ | ᠤᠰᠤ ᠪᠠᠷ ᠵᠦᠬᠡᠯᠡᠬᠡᠨ ᠵᠢᠭᠤᠷᠠᠵᠤ᠂ ᠵᠤᠬᠢᠬᠤ ᠬᠡᠮᠵᠢᠶ᠎ᠠ ᠪᠠᠷ ᠳᠠᠰᠤᠳᠠᠨ ᠠᠪᠴᠤ ᠪᠦᠮᠪᠤᠷᠢᠬᠦᠯ ᠮᠤᠳᠤ ᠪᠠᠷ | ᠨᠢᠮᠬᠡᠯᠡᠭᠰᠡᠨ ᠤ ᠳᠠᠷᠠᠭ᠎ᠠ᠂ ᠪᠠᠵᠠᠭᠠᠭᠰᠠᠨ ᠮᠢᠬ᠎ᠠ ᠪᠠᠨ ᠪᠤᠭᠤᠵᠤ᠂ ᠬᠦᠪᠡᠭᠡ ᠶᠢ ᠨᠢ ᠬᠤᠮᠢᠵᠤ ᠨᠠᠶᠢᠯᠡᠬᠦᠯᠤᠬᠡᠳ᠂ | ᠬᠠᠭᠠᠷᠢᠬᠤ ᠪᠤᠶᠤ ᠳᠤᠰᠤᠨ ᠳᠤ ᠪᠤᠴᠠᠯᠭᠠᠬᠤ ᠠᠷᠭ᠎ᠠ ᠪᠠᠷ ᠪᠤᠯᠭᠤᠭᠰᠠᠨ ᠢᠳᠡᠬᠡᠨ ᠢ ᠬᠤᠤᠱᠤᠤᠷ ᠬᠡᠨ᠎ᠠ᠃ | ᠬᠤᠤᠱᠤᠤᠷ ᠤᠨ ᠭᠤᠯᠢᠷ ᠨᠢ ᠰᠢᠷᠭᠠᠯᠰᠢᠨ ᠳᠤᠰᠤᠷᠬᠠᠵᠤ᠂ ᠦᠨᠤᠷ ᠠᠮᠳᠠ ᠨᠢ ᠳᠤᠩ ᠰᠠᠶᠢᠬᠠᠨ ᠪᠠᠶᠢᠳᠠᠭ᠃ | | ᠪᠤᠭᠤᠷᠰᠤᠭ ᠴᠠᠭᠠᠨ ᠭᠤᠯᠢᠷ ᠢ ᠰᠢᠷ᠎ᠠ ᠳᠤᠰᠤ᠂ ᠱᠦᠯᠤᠨ ᠳᠤᠰᠤ ᠲᠠᠢ ᠬᠤᠯᠢᠵᠤ ᠵᠢᠭᠤᠷᠠᠭᠠᠳ᠂ ᠶᠠᠩᠵᠤ | ᠪᠦᠷᠢ ᠶᠢᠨ ᠬᠡᠯᠪᠡᠷᠢ ᠳᠦᠷᠰᠤ ᠲᠠᠢ ᠨᠢᠮᠬᠡᠯᠠᠨ ᠬᠡᠷᠴᠢᠵᠤ᠂ ᠰᠢᠷ᠎ᠠ ᠳᠤᠰᠤ᠂ ᠱᠦᠯᠤᠨ ᠳᠤᠰᠤ᠂ ᠤᠷᠭᠤᠮᠠᠯ ᠤᠨ | ᠳᠤᠰᠤᠨ ᠳᠤ ᠪᠤᠴᠠᠯᠭᠠᠵᠤ ᠪᠤᠯᠭᠤᠭᠰᠠᠨ ᠢᠳᠡᠬᠡᠨ ᠢ ᠪᠤᠭᠤᠷᠰᠤᠭ ᠬᠡᠳᠡᠭ᠃ ᠪᠤᠭᠤᠷᠰᠤᠭ ᠢ ᠪᠤᠯᠭᠤᠬᠤ ᠠᠷᠭ᠎ᠠ ᠨᠢ | ᠨᠠᠶᠢᠳᠡᠮ ᠳᠡᠭᠡᠨ ᠠᠳᠠᠯᠢ ᠪᠤᠯᠪᠠᠴᠤ ᠬᠡᠯᠪᠡᠷᠢ ᠳᠦᠷᠰᠤ ᠨᠢ ᠶᠠᠩᠵᠤ ᠪᠦᠷᠢ ᠶᠢᠨ ᠪᠠᠶᠢᠳᠠᠭ ᠪᠦᠬᠡᠳ ᠨᠠᠷᠡᠶᠢᠳᠤᠯ ᠨᠢ ᠴᠤ | ᠠᠳᠠᠯᠢ ᠪᠤᠰᠤ ᠭᠠᠵᠠᠷ ᠤᠷᠤᠨ ᠳᠤ ᠠᠰ ᠠᠰᠳᠠᠭᠠᠨ ᠪᠠᠶᠢᠳᠠᠭ᠃ ᠤᠷᠳᠤᠰ ᠲᠤ᠂ ᠭᠤᠯᠢᠷ ᠢᠶᠠᠨ ᠨᠠᠷᠢᠬᠠᠨ ᠤᠷᠳᠤ | ᠬᠡᠷᠴᠢᠵᠤ ᠳᠤᠰᠤᠨ ᠳᠤ ᠪᠤᠴᠠᠯᠭᠠᠭᠰᠠᠨ ᠢ ᠨᠢ ᠵᠠᠩᠰᠠ ᠬᠡᠵᠤ᠂ ᠪᠤᠭᠤᠨᠢᠬᠠᠨ ᠬᠡᠷᠴᠢᠵᠤ ᠵᠢᠷᠤᠭᠠᠰᠤᠯᠠᠬᠤ ᠪᠤᠶᠤ | ᠮᠤᠰᠬᠢᠵᠤ ᠬᠢᠭᠰᠡᠨ ᠢ ᠨᠢ ᠵᠢᠷᠢᠮ ᠬᠡᠳᠡᠭ᠃ ᠰᠢᠯᠤᠬᠡᠢ ᠶᠢᠨ ᠪᠤᠤᠪᠤ ᠰᠢᠯᠤᠬᠡᠢ ᠶᠢᠨ ᠭᠤᠯᠢᠷ ᠢᠶᠠᠨ ᠵᠢᠭᠤᠷᠠᠵᠤ | ᠢᠰᠬᠡᠬᠡᠳ ᠵᠢᠩᠨᠡᠬᠦ ᠪᠤᠶᠤ ᠱᠦᠯᠤᠨ ᠳᠤᠰᠤ᠂ ᠤᠷᠭᠤᠮᠠᠯ ᠤᠨ ᠳᠤᠰᠤᠨ ᠳᠤ ᠪᠤᠴᠠᠯᠭᠠᠵᠤ ᠪᠤᠯᠪᠠᠰᠤᠷᠠᠭᠤᠯᠬᠤ ᠶᠢ | ᠰᠢᠯᠤᠬᠡᠢ ᠶᠢᠨ ᠪᠤᠤᠪᠤ ᠬᠡᠳᠡᠭ᠃ ᠪᠠᠰᠠ ᠴᠢᠨᠠᠵᠤ ᠪᠤᠯᠭᠤᠭᠰᠠᠨ ᠪᠤᠷᠴᠠᠭ ᠢᠶᠠᠨ ᠨᠢᠯᠳᠠᠯᠵᠤ ᠪᠤᠤᠰᠠ ᠰᠢᠬ ᠪᠠᠷᠢᠭᠠᠳ | ᠵᠢᠩᠨᠡᠬᠦ ᠪᠤᠶᠤ ᠳᠤᠰᠤᠨ ᠳᠤ ᠪᠤᠴᠠᠯᠭᠠᠵᠤ ᠬᠢᠬᠦ ᠴᠤ ᠪᠤᠢ᠃ ᠵᠡᠬᠦᠨ ᠤᠷᠤᠨ ᠤ ᠮᠤᠩᠭᠤᠯᠴᠤᠳ ᠰᠢᠯᠤᠬᠡᠢ ᠶᠢᠨ | ᠪᠤᠤᠪᠤ ᠶᠢ ᠡᠳᠤᠷ ᠳᠤᠳᠤᠮ ᠢᠳᠡᠬᠦ ᠠᠴᠠ ᠭᠠᠳᠠᠨ᠎ᠠ᠂ ᠵᠢᠯ ᠴᠠᠭᠠᠨ ᠰᠠᠷ᠎ᠠ ︽ᠰᠢᠨ᠎ᠠ ᠶᠢᠨ ᠪᠤᠳᠠᠭ᠎ᠠ︾ ᠬᠡᠵᠤ | ᠬᠡᠶᠢᠴᠢᠨ ᠵᠤᠴᠢᠨ ᠳᠠᠶᠢᠯᠠᠬᠤ ᠪᠤᠶᠤ ᠳᠦᠷᠤᠯ ᠰᠠᠳᠤᠨ ᠢᠶᠠᠨ ᠡᠷᠬᠢᠬᠦ ᠳᠤ ᠪᠡᠯᠡᠭ ᠪᠤᠯᠭᠠᠨ ᠬᠦᠷᠬᠡᠳᠡᠭ᠃ ᠶᠤᠤᠮᠠᠢ ᠶᠢᠨ | ᠭᠤᠯᠢᠷ ᠤᠨ ᠬᠤᠭᠤᠯᠠ ᠶᠤᠤᠮᠠᠢ ᠶᠢᠨ ᠭᠤᠯᠢᠷ ᠢᠶᠠᠷ ᠤᠯᠠᠨ ᠵᠦᠢᠯ ᠤᠨ ᠬᠤᠭᠤᠯᠠ ᠬᠢᠵᠤ ᠢᠳᠡᠳᠡᠭ᠃ ᠡᠬᠦᠨ ᠳᠤ᠂ | ᠶᠤᠤᠮᠠᠢ ᠶᠢᠨ ᠭᠤᠯᠢᠷ ᠢ ᠴᠢᠨᠠᠭᠰᠠᠨ ᠬᠤᠭᠤᠯᠠ ᠪᠠ ᠵᠢᠩᠨᠡᠭᠰᠡᠨ ᠬᠤᠭᠤᠯᠠ ᠬᠡᠵᠤ ᠬᠤᠶᠠᠷ ᠳᠦᠷᠤᠯ ᠳᠤ ᠬᠤᠪᠢᠶᠠᠵᠤ | ᠪᠤᠯᠤᠨ᠎ᠠ᠃ ᠶᠤᠤᠮᠠᠢ ᠶᠢᠨ ᠭᠤᠯᠢᠷ ᠤᠨ ᠴᠢᠨᠠᠭᠰᠠᠨ ᠬᠤᠭᠤᠯᠠᠨ ᠳᠤ ᠶᠤᠤᠮᠠᠢ ᠶᠢᠨ ᠭᠤᠯᠢᠷ ᠤᠨ ᠡᠷᠡᠬᠡᠢ ᠳᠠᠩ᠂ | ᠵᠢᠭᠠᠰᠤᠨ ᠳᠠᠩ ᠬᠡᠵᠤ ᠪᠠᠶᠢᠳᠠᠭ᠃ ᠡᠷᠡᠬᠡᠢ ᠳᠠᠩ ᠪᠤᠯᠤᠨ ᠵᠢᠭᠠᠰᠤᠨ ᠳᠠᠩ ᠢ ᠬᠢᠬᠦ ᠳᠤ ᠶᠤᠤᠮᠠᠢ ᠶᠢᠨ ᠭᠤᠯᠢᠷ ᠢᠶᠠᠨ | ᠬᠠᠯᠠᠭᠤᠨ ᠤᠰᠤᠨ ᠳᠤ ᠵᠢᠭᠤᠷᠠᠵᠤ ᠡᠷᠡᠬᠡᠶᠢᠳᠠᠨ ᠵᠢᠵᠢᠭ ᠵᠢᠵᠢᠭ ᠳᠠᠰᠤᠳᠠᠬᠤ ᠪᠠ ᠵᠢᠭᠠᠰᠤᠨ ᠬᠡᠯᠪᠡᠷᠢᠳᠠᠢ ᠵᠢᠵᠢᠭ | ᠠᠯᠠᠭᠠᠳᠠᠵᠤ ᠮᠢᠬ᠎ᠠ ᠲᠠᠢ ᠱᠦᠯᠤᠨ ᠳᠤ ᠴᠢᠨᠠᠵᠤ ᠢᠳᠡᠳᠡᠭ᠃ ᠶᠤᠤᠮᠠᠢ ᠶᠢᠨ ᠭᠤᠯᠢᠷ ᠤᠨ ᠵᠢᠩᠨᠡᠭᠰᠡᠨ ᠬᠤᠭᠤᠯᠠ ᠳᠤ | ᠠᠯᠠᠭᠠᠳᠠᠭᠤᠷ᠂ ᠸᠧ ᠸᠧ᠂ ᠪᠤᠤᠰᠠ ᠵᠡᠷᠬᠡ ᠪᠠᠶᠢᠳᠠᠭ᠃ ᠶᠤᠤᠮᠠᠢ ᠶᠢᠨ ᠭᠤᠯᠢᠷ ᠢᠶᠠᠨ ᠬᠠᠯᠠᠭᠤᠨ ᠤᠰᠤᠨ ᠳᠤ | ᠵᠢᠭᠤᠷᠠᠵᠤ᠂ ᠨᠠᠷᠢᠨ ᠨᠠᠷᠢᠨ ᠠᠯᠠᠭᠠᠳᠠᠨ ᠨᠠᠷᠢᠨ ᠤᠷᠳᠤ ᠬᠡᠯᠪᠡᠷᠢᠳᠡᠢ ᠪᠤᠯᠭᠠᠵᠤ ᠵᠢᠩᠨᠡᠬᠦ ᠪᠤᠶᠤ ᠠᠮᠪᠠᠨ᠂ ᠪᠤᠤᠳᠤᠤ | ᠳᠡᠬᠡᠷ᠎ᠠ ᠪᠠᠨ ᠰᠢᠷ᠎ᠠ ᠳᠤᠰᠤ ᠳᠦᠷᠬᠢᠵᠤ᠂ ᠳᠡᠬᠦᠨ ᠳᠡᠬᠡᠷ᠎ᠠ ᠭᠤᠯᠢᠷ ᠢᠶᠠᠨ ᠨᠢᠮᠬᠡᠯᠡᠨ ᠳᠠᠷᠤᠵᠤ ᠬᠤᠶᠢᠯᠡᠵᠤ ᠠᠪᠤᠭᠠᠳ | ᠵᠢᠩᠨᠡᠵᠤ ᠪᠤᠯᠭᠤᠭᠠᠳ᠂ ᠱᠦᠯᠤ ᠪᠤᠶᠤ ᠵᠠᠭᠤᠰᠢ ᠲᠠᠢ ᠢᠳᠡᠳᠡᠭ᠃ ᠮᠦᠨ ᠡᠯ᠎ᠠ ᠵᠦᠢᠯ ᠤᠨ ᠮᠢᠬ᠎ᠠ᠂ ᠨᠤᠭᠤᠭ᠎ᠠ ᠶᠢ | ᠪᠤᠭᠤᠵᠤ᠂ ᠦᠨᠤᠷ ᠠᠮᠳᠠ ᠬᠤᠤᠰᠯᠠᠭᠰᠠᠨ ᠪᠤᠤᠰᠠ ᠬᠢᠵᠤ ᠢᠳᠡᠳᠡᠭ᠃ | | ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ | |