ᠬᠤᠶᠠᠷ ᠲᠠᠰᠤᠯᠭ᠎ᠠ ᠰᠢᠪᠠᠷ ᠪᠠᠶᠢᠰᠢᠩ | ᠵᠣᠬᠢᠶᠠᠭᠴᠢ᠄ ᠰ᠊ · ᠬᠤᠷᠴᠢᠨᠬᠦᠦ | | ᠬᠤᠶᠠᠷ ᠲᠠᠰᠤᠯᠭ᠎ᠠ ᠰᠢᠪᠠᠷ ᠪᠠᠶᠢᠰᠢᠩ ᠳᠤ ᠪᠠᠨ | ᠬᠤᠷᠮᠤᠢ ᠵᠠᠭᠤᠷᠠᠨ ᠪᠠᠶᠢᠵᠤ ᠬᠦᠯ ᠳᠤ ᠤᠷᠤᠭᠰᠠᠨ | ᠬᠤᠶᠢᠮᠤᠷ ᠪᠦᠭᠡᠮᠨᠡᠷᠡᠨ ᠠᠯᠢᠶᠠᠯᠠᠵᠤ ᠪᠠᠶᠢᠭᠰᠠᠨ ᠢᠶᠠᠨ | ᠬᠤᠯᠠ ᠶᠢᠨ ᠬᠦᠰᠡᠯᠡᠩ ᠳᠤ ᠵᠢᠭᠦᠷ ᠬᠤᠷᠴᠠᠯᠠᠭᠰᠠᠨ | ᠬᠠᠶᠢᠷ᠎ᠠ ᠰᠢᠩᠭᠡᠭᠰᠡᠨ ᠬᠤᠶᠠᠷ ᠲᠠᠰᠤᠯᠭ᠎ᠠ ᠪᠠᠶᠢᠰᠢᠩ | ᠬᠠᠪᠳᠠᠭᠠᠢ ᠴᠡᠭᠡᠵᠢᠨ ᠳᠤ ᠬᠠᠳᠠᠩᠰᠢᠭᠠᠳ ᠪᠠᠶᠢᠨ᠎ᠠ | ᠠᠴᠢᠳᠤ ᠠᠪᠤ ᠶᠢᠨ ᠬᠠᠳᠠᠭᠤ ᠰᠤᠷᠭᠠᠯ ᠢᠶᠠᠷ | ᠠᠵᠢᠯᠴᠢ ᠠᠷᠪᠢᠴᠢ ᠰᠤᠷᠳᠠᠯ ᠲᠠᠢ ᠬᠦᠮᠦᠵᠢᠭᠰᠡᠨ | ᠠᠮᠢᠳᠤᠷᠠᠯ ᠤᠶᠢᠢᠯᠡᠰ ᠤᠨ ᠤᠷᠳᠤ ᠠᠶᠠᠨ ᠳᠤ | ᠠᠯᠳᠠ ᠠᠴᠠ ᠡᠷᠬᠢᠮ ᠲᠤᠷᠠᠰᠤᠮᠵᠢ ᠬᠡᠯᠭᠢᠭᠰᠡᠨ | ᠬᠠᠶᠢᠷ᠎ᠠ ᠰᠢᠩᠭᠡᠭᠰᠡᠨ ᠬᠤᠶᠠᠷ ᠲᠠᠰᠤᠯᠭ᠎ᠠ ᠪᠠᠶᠢᠰᠢᠩ | ᠬᠠᠪᠳᠠᠭᠠᠢ ᠴᠡᠭᠡᠵᠢᠨ ᠳᠤ ᠬᠠᠳᠠᠩᠰᠢᠭᠠᠳ ᠪᠠᠶᠢᠨ᠎ᠠ | ᠡᠨᠡᠷᠢᠯᠳᠦ ᠡᠵᠢ ᠶᠢᠨ ᠠᠷᠢᠭᠤᠨ ᠵᠠᠬᠢᠶ᠎ᠠ ᠠᠴᠠ | ᠡᠮᠨᠢᠭ ᠤᠨ ᠵᠢᠯᠤᠭᠤ ᠶᠢ ᠰᠢᠭᠦᠷᠦᠭᠰᠡᠨ | ᠡᠷᠢᠨ ᠵᠠᠭᠤᠨ ᠤ ᠪᠤᠱᠤᠭᠠᠨ ᠲᠡᠭᠡᠷ᠎ᠡ | ᠡᠷᠳᠡᠮ ᠮᠡᠳᠡᠯᠭᠡ ᠪᠠᠷ ᠪᠡᠶ᠎ᠡ ᠪᠠᠨ ᠴᠢᠮᠡᠭᠰᠡᠨ | ᠬᠠᠶᠢᠷ᠎ᠠ ᠰᠢᠩᠭᠡᠭᠰᠡᠨ ᠬᠤᠶᠠᠷ ᠲᠠᠰᠤᠯᠭ᠎ᠠ ᠪᠠᠶᠢᠰᠢᠩ | ᠬᠠᠪᠳᠠᠭᠠᠢ ᠴᠡᠭᠡᠵᠢᠨ ᠳᠤ ᠬᠠᠳᠠᠩᠰᠢᠭᠠᠳ ᠪᠠᠶᠢᠨ᠎ᠠ | ᠠᠬ᠎ᠠ ᠲᠡᠭᠦᠤ ᠨᠠᠶᠢᠮᠠᠭᠤᠯᠠ ᠶᠢᠨ ᠪᠤᠳᠤᠯ ᠳᠤ | ᠠᠯᠳᠠᠩᠬᠠᠨ ᠵᠠᠬᠢᠶ᠎ᠠ ᠲᠠᠢ ᠰᠢᠪᠠᠷ ᠪᠠᠶᠢᠰᠢᠩ | ᠠᠮᠠᠷᠠᠬ ᠨᠠᠷᠠᠨ ᠤ ᠰᠠᠴᠤᠷᠠᠭ ᠲᠤ | ᠠᠬᠢᠵᠦ ᠬᠠᠷᠠᠭᠳᠠᠬᠤ ᠰᠢᠪᠠᠷ ᠪᠠᠶᠢᠰᠢᠩ | ᠬᠠᠶᠢᠷ᠎ᠠ ᠰᠢᠩᠭᠡᠭᠰᠡᠨ ᠬᠤᠶᠠᠷ ᠲᠠᠰᠤᠯᠭ᠎ᠠ ᠪᠠᠶᠢᠰᠢᠩ | ᠬᠠᠪᠳᠠᠭᠠᠢ ᠴᠡᠭᠡᠵᠢᠨ ᠳᠤ ᠬᠠᠳᠠᠩᠰᠢᠭᠠᠳ ᠪᠠᠶᠢᠨ᠎ᠠ | | | ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ |