| | | ᠮᠤᠩᠭᠤᠯᠴᠤᠳ ᠡᠷᠳᠡᠨ ᠠᠴᠠ ᠪᠠᠨ ᠬᠤᠪᠢ ᠦᠯᠡᠳᠡᠭᠡᠬᠦ ᠵᠠᠩ ᠵᠠᠩᠰᠢᠯ ᠢ ᠬᠠᠳᠠᠭᠠᠯᠠᠨ ᠠᠪᠴᠤ᠂ ᠶᠤᠰᠤ | ᠨᠤᠮ ᠲᠠᠢ ᠬᠦᠷᠦᠩᠭᠡᠰᠢᠭᠰᠡᠨ ᠶᠠᠰᠤᠳᠠᠨ ᠪᠢᠯᠨ᠃ ᠡᠨᠡ ᠪᠤᠯ ᠮᠤᠩᠭᠤᠯᠴᠤᠳ ᠤᠨ ᠢᠵᠠᠭᠤᠷ ᠰᠤᠶᠤᠯ ᠪᠠᠶᠢᠵᠤ | ᠲᠠᠭᠠᠷᠠᠨ᠎ᠠ᠃ ᠮᠤᠩᠭᠤᠯ ᠤᠨ ᠠᠯᠢ ᠨᠢᠭᠡᠨ ᠠᠶᠢᠯ ᠭᠡᠷ ᠤᠨ ᠬᠢᠨᠢ ᠠᠯᠢ ᠨᠢᠭᠡᠨ ᠤᠳᠠᠭ᠎ᠠ ᠶᠠᠮᠠᠷ ᠨᠢᠭᠡᠨ ᠠᠮᠳᠠᠳᠠᠢ | ᠰᠢᠮᠳᠠᠢ᠂ ᠬᠤᠪᠤᠷ ᠴᠤᠬᠠᠭ ᠶᠠᠭᠤᠮᠠᠰ ᠢᠳᠡᠬᠦ ᠳᠡᠭᠡᠨ ᠠᠯᠢ ᠨᠢᠭᠡᠨ ᠭᠡᠰᠢᠭᠦᠨ ᠨᠢ ᠪᠠᠶᠢᠭᠰᠠᠨ ᠦᠭᠡᠢ ᠪᠣᠯ᠂ | ᠲᠡᠭᠦᠨ ᠳᠡᠭᠡᠨ ᠬᠤᠪᠢ ᠢᠳᠡᠭᠡ ᠦᠯᠡᠳᠡᠭᠡᠵᠤ᠂ ︽ᠬᠤᠪᠢ︾ ᠪᠤᠶᠤ ︽ᠬᠡᠰᠢᠭ︾ ᠭᠡᠵᠤ ᠢᠳᠡᠭᠡ ᠤᠮᠳᠠᠭ᠎ᠠ | ᠦᠯᠡᠳᠡᠭᠡᠳᠡᠭ ᠪᠠᠶᠢᠨ᠎ᠠ᠃ ᠡᠭᠦᠨ ᠢ ᠵᠠᠷᠢᠮ ᠭᠠᠵᠠᠷ ᠨᠤᠳᠤᠭ ᠲᠤ ︽ᠬᠤᠪᠢ ᠬᠦᠷᠭᠡᠬᠦ︾᠂ ︽ᠬᠤᠪᠢ ᠲᠦᠭᠡᠭᠡᠬᠦ︾ | ᠭᠡᠵᠤ ᠴᠤ ᠨᠠᠷᠡᠶᠢᠳᠳᠡᠭ ᠪᠠᠶᠢᠭᠰᠠᠨ ᠪᠠᠶᠢᠨ᠎ᠠ᠃ | ᠮᠤᠩᠭᠤᠯᠴᠤᠳ ᠤᠨ ︽ᠬᠤᠪᠢ ᠦᠯᠡᠳᠡᠭᠡᠬᠦ ᠶᠤᠰᠤᠨ︾ ᠢ ᠤᠴᠢᠷᠯᠠᠬᠤ ᠳᠤ ᠲᠤᠩ ᠤᠯᠠᠨ ᠠᠭᠤᠯᠬᠤᠨ ᠲᠠᠢ | ᠪᠠᠶᠢᠳᠠᠭ ᠶᠤᠮ᠃ ᠲᠤᠬᠠᠶᠢᠯᠠᠪᠡᠯ᠂ ᠭᠡᠨ ᠨᠢᠭᠡᠨ ᠳᠤ᠄ ᠮᠠᠯ ᠪᠠᠵᠠᠭᠠᠬᠤ᠂ ᠰᠢᠭᠦᠰᠤ ᠭᠠᠷᠭᠠᠬᠤ᠂ ᠪᠤᠤᠵᠨ ᠪᠠᠷᠢᠬᠤ᠂ | ᠰᠢᠬᠢᠷ ᠪᠤᠤᠪᠤ ᠲᠦᠭᠡᠭᠡᠬᠦ ᠁ ᠵᠡᠷᠭᠡ ᠨᠢ ᠪᠦᠷ ᠬᠤᠪᠢ ᠬᠡᠰᠢᠭ ᠲᠤ ᠲᠤᠭᠠᠴᠢᠭᠳᠠᠨ᠎ᠠ᠃ ᠭᠡᠷ ᠤᠨ ᠨᠠᠰᠤᠳᠠᠨ | ᠪᠤᠶᠤ ᠡᠵᠡᠭᠳᠡᠢ ᠠᠴᠠ ᠡᠨᠡ ᠪᠦᠬᠦᠨ ᠢ ᠬᠤᠪᠢᠴᠢᠯᠡᠵᠤ ᠦᠭᠬᠦ ᠳᠤ ᠭᠡᠨ ᠨᠢᠭᠡ ᠨᠢ ᠦᠭᠡᠢ ᠪᠠᠶᠢᠬᠤ ︽ᠬᠤᠪᠢ | ᠬᠦᠷᠳᠡᠭᠰᠡᠨ ᠦᠭᠡᠢ ᠪᠠᠶᠢᠭᠰᠠᠨ ᠪᠤᠯ᠂ ᠲᠡᠭᠦᠨ ᠳᠤ ᠡᠨᠡ ᠪᠦᠬᠦᠨ ᠠᠴᠠ ︽ᠬᠤᠪᠢ ᠦᠯᠡᠳᠡᠭᠡᠵᠤ︾᠂ ᠬᠤᠪᠢ | ᠬᠡᠰᠢᠭ ᠬᠠᠶᠢᠷᠠᠯᠠᠳᠠᠭ ᠪᠠᠶᠢᠨ᠎ᠠ᠃ ᠡᠨᠡ ᠪᠤᠯ ᠰᠠᠶ᠋ᠢ ᠮᠤᠩᠭᠤᠯᠴᠤᠳ ᠤᠨ ᠡᠷᠳᠡ ᠠᠴᠠ ᠤᠯᠠᠮᠵᠢᠯᠠᠵᠤ ᠢᠷᠡᠭᠰᠡᠨ | ᠦᠭᠬᠢᠶᠡᠮᠤᠷ ᠨᠠᠨᠳᠢᠨ᠂ ᠠᠶ᠎ᠠ ᠨᠠᠶᠢᠷ ᠲᠠᠢ᠂ ᠬᠠᠯᠠᠭᠤᠨ ᠲᠤᠳᠤᠨᠤ ᠬᠦᠨᠳᠦᠳᠭᠡᠯ ᠬᠠᠳᠠᠭᠠᠯᠠᠭᠰᠠᠨ ᠰᠤᠶᠤᠯ ᠤᠨ ᠦᠪ | ᠶᠤᠮ᠃ ᠬᠤᠪᠢ ᠪᠠᠷᠢᠵᠤ᠂ ᠬᠡᠰᠢᠭ ᠡᠷᠭᠦᠭᠦ ᠳᠤ ᠲᠡᠭᠦᠨ ᠤ ᠬᠦᠷᠢᠶ᠎ᠡ ᠬᠡᠪᠴᠢᠶ᠎ᠠ ᠴᠤ ᠦᠷᠭᠡᠨ ᠲᠡᠯᠭᠡᠷ ᠪᠠᠶᠢᠳᠠᠭ ᠢ | ᠲᠡᠤᠬᠡ ᠲᠡᠮᠳᠡᠭᠯᠡᠯ ᠳᠤ ᠪᠢᠴᠢᠵᠤ ᠪᠠᠶᠢᠨ᠎ᠠ᠃ ᠲᠤᠬᠠᠶᠢᠯᠠᠪᠡᠯ᠂ ︽ᠮᠤᠩᠭᠤᠯ ᠤᠨ ᠨᠢᠭᠤᠴᠨ ᠲᠤᠪᠴᠢᠶᠡᠨ︾ ᠳᠤ | ᠡᠩ ᠤᠨ ᠬᠡᠰᠢᠭ ᠬᠤᠪᠢᠶᠠᠯᠴᠠᠵᠤ ᠪᠠᠶᠢᠭᠰᠠᠨ ᠠᠴᠠ ᠦᠵᠡᠬᠦ ᠳᠤ᠂ ᠡᠩ ᠤᠨ ᠲᠡᠯᠡᠪᠡᠢ᠂ ᠨᠠᠶᠢᠷ ᠬᠤᠷᠠᠯᠳᠠᠢ᠂ ᠠᠶᠢᠯ | ᠠᠶᠢᠮᠠᠭ ᠤᠨ ᠬᠤᠭᠤᠷᠤᠨᠳᠤ ᠴᠤ ︽ᠬᠤᠪᠢ ᠪᠠᠷᠢᠬᠤ︾᠂ ︽ᠬᠡᠰᠢᠭ ᠢᠯᠡᠭᠡᠬᠦ︾ ᠵᠠᠩ ᠦᠢᠯᠨ ᠶᠠᠪᠤᠭᠳᠠᠵᠤ᠂ | ᠮᠤᠩᠭᠤᠯᠴᠤᠳ ᠤᠨ ᠶᠤᠰᠤ ᠵᠦᠢ ᠶᠢᠨ ᠠᠮᠢᠳᠤᠷᠬᠤᠢ ᠶᠢᠨ ᠲᠡᠤᠬᠡ ᠦᠷᠭᠦᠯᠵᠢᠯᠡᠵᠤ ᠪᠠᠶᠢᠳᠠᠭ ᠪᠠᠶᠢᠨ᠎ᠠ᠃ | ᠡᠭᠦᠨ ᠢᠶᠠᠨ ᠮᠤᠩᠭᠤᠯᠴᠤᠳ᠄ ︽ᠡᠳ᠋ᠯᠡᠯ ᠤᠨ ᠡᠬᠢ᠂ ᠢᠳᠡᠭᠡᠨ ᠤ ᠲᠡᠭᠡᠵᠢ︾ ᠬᠡᠮᠡᠨ ᠡᠷᠬᠢᠮ ᠳᠤ ᠲᠡᠭᠡᠵᠢᠯᠡᠳᠡᠭ | ᠪᠠᠶᠢᠭᠰᠠᠨ ᠨᠢ ᠭᠤᠶᠢᠳᠠ ᠪᠤᠶᠤ᠃ ︽ᠬᠤᠪᠢ ᠦᠯᠡᠳᠡᠪᠦᠷᠢ︾ ᠭᠡᠳᠡᠭ ᠮᠤᠩᠭᠤᠯᠴᠤᠳ ᠤᠨ ᠤᠯᠠᠮᠵᠢᠯᠠᠯᠳᠤ ᠰᠤᠶᠤᠯ | ᠮᠠᠨᠢ ᠡᠳᠦᠭᠡ ᠴᠤ ᠠᠶᠢᠯ ᠡᠷᠦᠬᠡ᠂ ᠠᠶᠢᠮᠠᠭ ᠰᠡᠳᠤᠨ ᠳᠠᠭᠠᠨ ᠤᠯᠠᠮᠵᠢᠯᠠᠭᠳᠠᠵᠤ᠂ ᠲᠡᠯᠭᠡᠷᠡᠵᠤ ᠪᠠᠶᠢᠬᠤ ᠨᠢ | ᠬᠠᠷᠠᠭᠳᠠᠨ᠎ᠠ᠃ ᠶᠠᠭᠤᠳᠠᠢ ᠭᠤᠶᠤ᠂ ᠶᠠᠭᠤᠳᠠᠢ ᠪᠠᠭ᠋ᠠᠷᠤᠯ ᠪᠢᠯᠨ᠃ ᠡᠳ᠋ ᠢᠳᠡᠭᠡᠨ ᠳᠡᠭᠡᠨ ᠬᠤᠪᠢ ᠦᠯᠡᠳᠡᠭᠡᠬᠦ᠂ | ᠡᠷᠴᠢ ᠦᠭᠡᠨ ᠳᠡᠭᠡᠨ ᠢᠳᠡ ᠦᠯᠡᠳᠡᠭᠡᠬᠦ᠂ ᠡᠷ᠎ᠡ ᠤᠬᠠᠭᠠᠨ ᠳᠠᠭᠠᠨ ᠬᠦᠴᠦ ᠦᠯᠡᠳᠡᠭᠡᠬᠦ ᠁ ᠶᠠᠭᠤ ᠪᠦᠬᠦᠨ | ᠮᠤᠩᠭᠤᠯᠴᠤᠳ ᠲᠤ ᠨᠦᠭᠡᠴᠨ ᠲᠠᠢ ᠪᠠᠶᠢᠳᠠᠭ ᠪᠤᠯ ᠲᠡᠤᠬᠡ ᠶᠤᠮ᠃ ᠡᠨᠡ ᠨᠢ ᠬᠡᠳᠦ᠋ᠢᠪᠡᠷ ᠵᠢᠵᠢᠭᠭᠡᠨ ᠭᠡᠵᠤ | ᠦᠵᠡᠭᠳᠡᠪᠡᠴᠤ᠂ ᠲᠡᠭᠦᠨ ᠳᠤ ᠲᠡᠤᠭᠡ ᠰᠤᠶᠤᠯ᠂ ᠠᠮᠢᠳᠤᠷᠬᠤᠢ ᠶᠢᠨ ᠤᠬᠠᠭᠠᠨ᠂ ᠦᠢᠯᠨ ᠰᠢᠰᠲ᠋ᠧᠮ ᠨᠦᠰᠡᠷ | ᠠᠭᠤᠯᠤᠭᠳᠠᠵᠤ ᠪᠠᠶᠢᠬᠤ ᠶᠢ ᠬᠡᠤᠬᠡᠳ ᠲᠡᠭᠦᠤ ᠨᠠᠷ ᠮᠢᠨᠢ ᠭᠠᠷᠳᠠᠨ ᠠᠪᠴᠤ᠂ ᠭᠠᠩᠭᠠᠩ ᠶᠠᠪᠤᠭᠠᠷᠠᠢ︕ | ᠢᠷᠡᠯᠲᠡ᠄ ᠬᠡᠷᠡᠭᠯᠡᠭᠡᠨ ᠤ ᠮᠡᠷᠭᠡᠵᠢᠯ ᠤᠨ ᠮᠣᠩᠭᠤᠯ ᠰᠦᠯᠵᠢᠶᠡᠨ ᠤ ᠬᠥᠯᠭᠡ | | | | |