ᠮᠤᠩᠭᠤᠯ ᠦᠨᠳᠦᠰᠦᠳᠡᠨ ᠤ ᠦᠯᠢᠭᠡᠷᠳᠦ ᠠᠷᠠᠳ ᠤᠨ ᠲᠠᠭᠤᠤ ᠶᠤᠸᠠᠨ ᠤᠯᠤᠰ ᠤᠨ ᠦᠶ᠎ᠡ ᠳᠤ ᠪᠤᠢ ᠪᠤᠯᠵᠤ᠂ | ᠬᠤᠷᠴᠢᠨ ᠦᠯᠢᠭᠡᠷᠳᠦ ᠠᠷᠠᠳ ᠤᠨ ᠲᠠᠭᠤᠤ ᠴᠢᠩ ᠤᠯᠤᠰ ᠤᠨ ᠲᠤᠮᠳᠠᠴᠢ ᠰᠡᠬᠦᠯᠴᠢ ᠶᠢᠨ ᠦᠶ᠎ᠡ ᠳᠤ ᠡᠬᠦᠰᠴᠦ᠂ | ᠴᠢᠩ ᠤᠯᠤᠰ ᠤᠨ ᠰᠡᠬᠦᠯᠴᠢ᠂ ᠢᠷᠭᠡᠨ ᠤᠯᠤᠰ᠂ ᠬᠠᠭᠤᠷᠮᠠᠭ ᠮᠠᠨᠵᠤ ᠶᠢᠨ ᠦᠶ᠎ᠡ ᠳᠤ ᠦᠷᠭᠡᠨ ᠢᠶᠠᠷ ᠲᠠᠷᠬᠠᠵᠤ | ᠡᠬᠢᠯᠡᠪᠡ᠃ | ᠬᠤᠷᠴᠢᠨ ᠦᠯᠢᠭᠡᠷᠳᠦ ᠠᠷᠠᠳ ᠤᠨ ᠲᠠᠭᠤᠤ ᠤᠷᠤᠨ ᠨᠤᠳᠤᠭ ᠤᠨ ᠤᠨᠴᠠᠯᠢᠭ ᠢᠶᠠᠷ ᠲᠤᠪᠤᠶᠢᠮ᠎ᠠ ᠪᠠᠶᠢᠳᠠᠭ᠃ | ᠤᠷᠴᠢᠨ ᠦᠶ᠎ᠡ ᠶᠢᠨ ᠬᠤᠷᠴᠢᠨ ᠤ ᠲᠠᠯ᠎ᠠ ᠨᠤᠳᠤᠭ ᠢᠶᠠᠷ ᠬᠦᠦᠷᠨᠢᠯ ᠤᠨ ᠠᠷᠤ ᠦᠵᠡᠭᠳᠡᠯ ᠪᠤᠯᠭᠠᠭᠰᠠᠨ ᠠᠭᠤᠯᠭ᠎ᠠ | ᠪᠠᠷ ᠪᠠᠶᠠᠯᠢᠭ᠂ ᠵᠤᠬᠢᠶᠠᠯ ᠤᠨ ᠪᠠᠭᠠᠳᠤᠷ ᠤᠯᠠᠨ᠂ ᠵᠦᠴᠦᠭᠡᠯᠢᠭ ᠰᠢᠨᠵᠢ ᠪᠠᠷ ᠴᠢᠩᠭ᠎ᠠ ᠤᠨᠴᠠᠯᠢᠭ ᠲᠠᠢ᠃ ᠦᠨᠡᠨ | ᠬᠦᠮᠦᠨ ᠦᠨᠡᠨ ᠭᠡᠷᠡᠭ ᠢᠶᠠᠷ ᠰᠡᠳᠦᠪᠯᠡᠵᠦ᠂ ᠪᠠᠭᠠᠳᠤᠷᠴᠤᠳ᠂ ᠢᠨᠠᠭ ᠲᠤᠷᠠᠯᠠᠯ ᠢ ᠮᠠᠭᠳᠠᠵᠤ᠂ ᠬᠦᠴᠢᠷ ᠪᠡᠷᠭᠡᠰᠢᠶᠡᠯ | ᠲᠠᠢ ᠠᠮᠢᠳᠤᠷᠠᠯ ᠢ ᠲᠡᠯᠭᠡᠵᠦ᠂ ᠠᠰᠪᠤᠷ ᠴᠠᠶᠢᠯᠭᠠᠨ ᠰᠠᠶᠢᠨ ᠰᠠᠶᠢᠬᠠᠨ ᠢ ᠰᠠᠶᠢᠰᠢᠶᠠᠨ᠂ ᠮᠠᠭᠤ ᠮᠠᠭᠤᠬᠠᠢ ᠶᠢ | ᠵᠠᠯᠭᠠᠬᠠᠨ ᠰᠢᠬᠦᠮᠵᠢᠯᠡᠬᠦ ᠪᠠᠷ ᠭᠤᠤᠯ ᠰᠡᠳᠦᠪ ᠪᠤᠯᠭᠠᠨ᠎ᠠ᠃ ᠢᠯᠡᠳᠭᠡᠬᠦ ᠠᠷᠭ᠎ᠠ ᠴᠢᠯᠦᠭᠡᠳᠡᠢ᠂ ᠨᠠᠶᠢᠷᠠᠭᠤᠯᠭ᠎ᠠ ᠤᠷᠠᠨ᠂ | ᠬᠤᠭᠤᠷᠴᠢ ᠲᠦᠷᠪᠡᠨ ᠤᠳᠠᠰᠤᠳᠤ ᠬᠤᠭᠤᠷ ᠢᠶᠠᠷ ᠬᠤᠭᠤᠷᠳᠠᠨ ᠲᠠᠭᠤᠯᠠᠳᠠᠭ᠃ ᠬᠤᠭᠤᠷᠴᠢ ᠨᠢᠭᠡᠨ ᠭᠤᠤᠯ ᠬᠦᠭ | ᠠᠶᠠᠰ ᠲᠤᠭᠳᠠᠭᠠᠵᠤ ᠭᠡᠯᠡᠨ᠎ᠡ᠂ ᠲᠤᠮᠳᠠ ᠳᠤ ᠨᠢ ᠬᠠᠶᠠ ᠴᠠᠶᠠ ᠦᠪᠡᠷ ᠤᠨ ᠦᠭᠡ ᠪᠠᠷ ᠲᠠᠶᠢᠯᠪᠤᠷᠢ ᠬᠢᠳᠡᠭ᠂ | ᠲᠤᠤᠯᠢ ᠬᠠᠶᠢᠯᠠᠬᠤ᠂ ᠦᠯᠢᠭᠡᠷᠳᠤ ᠠᠷᠠᠳ ᠤᠨ ᠲᠠᠭᠤᠤ᠂ ᠬᠤᠯᠪᠤᠭ᠎ᠠ᠂ ᠦᠯᠢᠭᠡᠷ ᠵᠡᠷᠭᠡ ᠤᠷᠠᠯᠢᠭ ᠤᠨ ᠭᠡᠯᠪᠡᠷᠢ ᠶᠢ | ᠪᠦᠳᠦᠭᠡᠯᠴᠢ ᠪᠠᠷ ᠠᠰᠢᠭᠯᠠᠭᠰᠠᠨ ᠲᠠᠭᠤᠤ ᠬᠦᠭᠵᠢᠮ ᠤᠨ ᠲᠦᠷᠦᠯ ᠵᠠᠨᠠᠷ ᠪᠤᠯᠬᠤ ᠶᠤᠮ᠃ ᠦᠯᠢᠭᠡᠷᠳᠦ ᠠᠷᠠᠳ ᠤᠨ | ᠲᠠᠭᠤᠤ ᠶᠢᠨ ᠲᠤᠮᠳᠠ ᠲᠦᠯᠦᠭᠡᠯᠡᠬᠦ ᠴᠢᠨᠠᠷ ᠲᠠᠢ ᠠᠴᠠ ︽ᠰᠡᠩᠭᠡᠷᠢᠨᠴᠢᠨ︾᠂ ︽ᠪᠢᠩᠲᠤ ᠸᠠᠩ︾᠂ ︽ᠳ᠋ᠦᠩ | ᠱᠠᠨ ᠭᠡ ᠭᠡ︾᠂ ︽ᠵᠠᠭᠠᠨ᠎ᠠ ᠪᠠᠯᠵᠢᠨᠢᠮ᠎ᠠ︾᠂ ︽ᠸᠠᠨ ᠯᠢ︾᠂ ︽ᠯᠦᠩ ᠮᠸᠢ︾ ᠵᠡᠷᠭᠡ ᠶᠢ ᠲᠤᠷᠠᠳᠴᠤ | ᠪᠤᠯᠤᠨ᠎ᠠ᠃ | ᠬᠤᠷᠴᠢᠨ ᠵᠡᠬᠦᠨ ᠭᠠᠷᠤᠨ ᠬᠤᠶᠢᠳᠤ ᠬᠤᠰᠢᠭᠤ ᠪᠤᠯ ᠬᠤᠷᠴᠢᠨ ᠦᠯᠢᠭᠡᠷᠳᠦ ᠠᠷᠠᠳ ᠤᠨ ᠲᠠᠭᠤᠤ ᠶᠢᠨ ᠭᠤᠤᠯ | ᠡᠬᠦᠰᠦᠭᠰᠡᠨ ᠤᠷᠤᠨ ᠤ ᠨᠢᠭᠡ ᠪᠦᠭᠡᠳ ᠴᠢᠬᠤᠯᠠ ᠲᠤᠭᠯᠠᠯᠳᠠ ᠶᠢᠨ ᠤᠷᠤᠨ ᠪᠤᠯᠤᠨ᠎ᠠ᠃ ᠲᠤᠰ ᠬᠤᠰᠢᠭᠤᠨ ᠤ | ᠠᠭᠤᠯᠠ ᠪᠠᠯᠭᠠᠰᠤ ᠨᠢ 1997 ᠳᠤ᠂ ᠦᠪᠦᠷ ᠮᠤᠩᠭᠤᠯ ᠤᠨ ᠰᠤᠶᠤᠯ ᠤᠨ ᠲᠢᠩᠬᠢᠮ ᠤᠨ ︽ᠬᠤᠷᠴᠢᠨ ᠤ | ᠦᠯᠢᠭᠡᠷᠳᠤ ᠠᠷᠠᠳ ᠤᠨ ᠲᠠᠭᠤᠤ ᠶᠢᠨ ᠨᠤᠳᠤᠭ︾ ᠢᠶᠠᠷ ᠨᠡᠷᠡᠶᠢᠳᠦᠭᠳᠡᠵᠦ᠂2009 ᠤᠨ ᠳᠤ ᠤᠯᠤᠰ ᠤᠨ ᠰᠤᠶᠤᠯ | ᠤᠨ ᠶᠠᠮᠤᠨ ᠤ ︽ᠲᠤᠮᠳᠠᠳᠤ ᠤᠯᠤᠰ ᠤᠨ ᠠᠷᠠᠳ ᠤᠨ ᠰᠤᠶᠤᠯ ᠤᠷᠠᠯᠢᠭ ᠤᠨ ᠨᠤᠳᠤᠭ︾ ᠢᠶᠠᠷ ᠴᠤᠯᠠᠯᠠᠭᠳᠠᠪᠠ᠃ | 2011 ᠤᠨ ᠳᠤ ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ | ᠨᠡᠷᠡᠰ ᠤᠨ ᠪᠦᠷᠢᠳᠭᠡᠯ ᠳᠤ ᠤᠷᠤᠪᠠ᠃ |