| ᠮᠤᠩᠭᠤᠯ ᠰᠢᠳᠠᠷ᠎ᠠ | | ᠬᠤᠶᠠᠷ ᠬᠦᠮᠦᠨ ᠲᠣᠭᠯᠠᠳᠠᠭ ᠣᠯᠠᠮᠵᠢᠯᠠᠯᠳᠣ ᠬᠦᠯᠭᠡᠳᠦ ᠨᠠᠭᠠᠳᠣᠮ ᠤᠨ ᠨᠢᠭᠡᠨ ᠵᠦᠢᠯ᠃ ᠮᠣᠩᠭᠤᠯ ᠰᠢᠳᠠᠷ᠎ᠠ | ᠨᠢ ᠬᠦᠮᠦᠰ ᠤᠨ ᠣᠬᠠᠭᠠᠨ ᠪᠣᠳᠣᠯᠭ᠎ᠠ ᠶᠢ ᠬᠦᠭᠵᠢᠭᠡᠨ᠂ ᠣᠢ ᠪᠢᠯᠢᠭ ᠢ ᠨᠡᠭᠡᠭᠳᠡᠭᠦᠯᠵᠣ᠂ ᠣᠷᠠᠯᠢᠭ ᠰᠡᠳᠬᠢᠭᠦᠢ ᠶᠢ | ᠨᠡᠮᠡᠭᠳᠡᠭᠦᠯᠬᠦ ᠣᠨᠴᠠ ᠶᠢᠨ ᠦᠢᠯᠡᠳᠦᠯ ᠲᠠᠢ ᠲᠣᠭᠯᠠᠭᠠᠮ ᠪᠣᠯᠬᠤᠷ ᠮᠣᠩᠭᠤᠯᠴᠣᠳ ︿︿ᠨᠠᠭᠠᠳᠣᠮ ᠤᠨ ᠲᠡᠭᠡᠳᠦ | ᠨᠠᠢᠮᠠᠨ ᠬᠦᠯᠳᠦ ᠰᠢᠳᠠᠷ᠎ᠠ﹀﹀ ᠭᠡᠵᠤ ᠣᠨ ᠣᠳᠠᠭᠠᠨ ᠣᠯᠠᠮᠵᠢᠯᠠᠨ ᠬᠠᠳᠠᠭᠠᠯᠠᠵᠣ ᠣᠷᠣᠯᠳᠣᠨ ᠲᠣᠭᠯᠠᠭᠰᠠᠭᠠᠷ ᠢᠷᠡᠵᠡᠢ | ᠃ ᠤᠳᠤ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠤᠯᠠᠩᠭᠢ ᠮᠤᠩᠭᠤᠯ ᠰᠤᠷᠭᠠᠭᠤᠯᠢ ᠨᠤᠭᠤᠳ ᠨᠢ | ᠬᠤᠶᠠᠳᠤᠭᠠᠷ ᠬᠢᠴᠢᠶᠡᠯᠯᠭᠡ ᠶᠢᠨ ᠴᠠᠭ ᠲᠤ ᠰᠤᠷᠤᠭᠴᠢᠳ ᠲᠤ ᠮᠤᠩᠭᠤᠯ ᠰᠢᠳᠠᠷ᠎ᠠ ᠵᠢᠭᠠᠬᠤ ᠪᠤᠯᠤᠭᠰᠠᠨ ᠪᠠᠶᠢᠨ᠎ᠠ᠃ | ᠮᠣᠩᠭᠤᠯ ᠰᠢᠳᠠᠷ᠎ᠠ ᠨᠢ ᠲᠠᠯ᠎ᠠ ᠪᠦᠷᠢ ᠳᠤ 8 ᠬᠦᠦ᠂ 8 ᠪᠣᠳᠠ᠂ ᠨᠡᠶᠢᠳᠡ 16 ᠪᠣᠳᠠ᠂ ᠬᠤᠶᠠᠷ ᠲᠠᠯ᠎ᠠ | ᠨᠡᠶᠢᠯᠡᠭᠡᠳ 32 ᠰᠢᠳᠠᠷ᠎ᠠ ᠲᠠᠢ ᠪᠠᠶᠢᠳᠠᠭ᠃ ᠨᠡᠭᠦᠳᠡᠯ ᠤᠨ ᠬᠤᠪᠢ ᠳᠤ ᠮᠣᠩᠭᠤᠯ ᠰᠢᠳᠠᠷ᠎ᠠ ᠨᠢᠭᠡ ᠣᠳᠠᠭ᠎ᠠ ᠨᠢᠭᠡ | ᠯᠠ ᠨᠡᠭᠦᠳᠡᠯ ᠨᠡᠭᠦᠵᠣ ᠪᠣᠯᠳᠠᠭ᠃ ᠣᠯᠠᠨ ᠣᠯᠣᠰ ᠤᠨ ᠰᠢᠳᠠᠷ᠎ᠠ ᠰᠢᠭ᠋ ᠨᠣᠶᠠᠨ ᠬᠠᠩᠭᠠᠢ ᠰᠡᠯᠭᠦᠭᠦ ᠲᠠᠪᠬᠤᠷ ᠨᠡᠭᠦᠳᠡᠯ | ᠪᠠᠶᠢᠳᠠᠭ ᠦᠭᠡᠢ᠃ ᠲᠣᠬᠠᠶᠢᠯᠠᠪᠠᠯ ᠡᠬᠢᠨ ᠤ ᠨᠡᠭᠦᠳᠡᠯ ᠤᠨ ᠬᠦᠦ ᠶᠢ ᠭᠠᠷᠭᠠᠪᠠᠯ ᠪᠣᠰᠣᠳ ᠬᠦᠦ ᠨᠢ ᠨᠢᠭᠡ ᠨᠡᠭᠦᠳᠡᠯ | ᠳᠤ ᠵᠦᠪᠬᠡᠨ ᠨᠢᠭᠡ ᠯᠠ ᠠᠯᠬᠤᠮ ᠨᠡᠭᠦᠵᠣ ᠪᠣᠯᠳᠠᠭ ᠪᠠ ᠨᠢᠳᠣᠨ ᠳᠡᠭᠡᠨ ᠯᠠ ᠢᠳᠡᠳᠡᠭ᠃ ᠬᠦᠦ ᠲᠦᠷᠢᠵᠣ ᠡᠴᠦᠰ | ᠤᠨ ᠱᠣᠭᠤᠮ ᠳᠤ ᠬᠦᠷᠪᠠᠯ ᠮᠥᠨ ᠭᠠᠭᠴᠠᠬᠠᠨ ᠪᠠᠷᠰᠠ ᠯᠠ ᠪᠣᠯᠵᠣ ᠬᠤᠪᠢᠷᠠᠳᠠᠭ᠃ ᠬᠠᠷᠢᠨ ᠦᠨᠦᠳᠦᠷ ᠤᠨ ᠣᠯᠠᠨ | ᠣᠯᠣᠰ ᠤᠨ ᠰᠢᠳᠠᠷ᠎ᠠ ᠰᠢᠭ᠋ ᠬᠦᠦ ᠵᠠᠭᠤᠷᠳᠣ ᠢᠳᠡᠯᠳᠡ ᠪᠡ ᠬᠦᠦ ᠲᠦᠷᠢᠵᠣ ᠡᠴᠦᠰ ᠤᠨ ᠱᠣᠭᠤᠮ ᠳᠤ ᠬᠦᠷᠪᠡᠯ | ᠪᠠᠷᠰᠠ᠂ ᠬᠠᠩᠭᠠᠢ᠂ ᠲᠡᠮᠡᠭᠡ᠂ ᠮᠣᠷᠢ ᠵᠡᠷᠭᠡ ᠲᠣᠷ᠎ᠠ ᠶᠢᠨ ᠨᠢᠭᠡᠨ ᠪᠣᠳᠠ ᠬᠤᠪᠢᠷᠠᠵᠣ ᠪᠣᠯᠳᠠᠭ ᠦᠭᠡᠢ᠃ ᠮᠣᠩᠭᠤᠯ | ᠰᠢᠳᠠᠷ᠎ᠠ ᠶᠢᠨ ᠬᠦᠯᠭᠡ ᠨᠢ ᠬᠦᠨᠳᠡᠯᠡᠨ ᠶᠢᠰᠦᠨ ᠱᠣᠭᠤᠮ᠂ ᠭᠤᠯᠳᠣ ᠶᠢᠰᠦᠨ ᠱᠣᠭᠤᠮ ᠢᠶᠠᠷ ᠬᠠᠨᠠᠴᠢᠯᠠᠨ ᠪᠦᠳᠦᠭᠰᠡᠨ | ᠵᠢᠷᠠᠨ ᠲᠡᠭᠰᠢ ᠲᠦᠷᠪᠡᠯᠵᠢᠨ ᠵᠢᠵᠢᠭ ᠰᠠᠭᠤᠳᠠᠯ ᠲᠠᠢ ᠠᠮᠠᠨ ᠲᠦᠷᠪᠡᠯᠵᠢᠨ ᠬᠦᠯᠭᠡ ᠲᠠᠢ ᠪᠠᠶᠢᠳᠠᠭ᠃ ᠰᠢᠳᠠᠷ᠎ᠠ ᠶᠢᠨ | ᠲᠣᠬᠠᠢ ᠬᠤᠯᠪᠣᠭᠳᠠᠯ ᠪᠦᠭᠦᠢ ᠮᠡᠳᠡᠭᠡ ᠪᠠᠷᠢᠮᠳᠠ ᠶᠢ ᠦᠨᠳᠦᠰᠦᠯᠡᠪᠡᠯ 13 ᠳ᠋ᠣᠭᠠᠷ ᠵᠠᠭᠤᠨ ᠤ ᠦᠶ᠎ᠡ ᠳᠤ ᠮᠣᠩᠭᠤᠯ | ᠤᠨ ᠡᠵᠡᠨᠳᠦ ᠣᠯᠣᠰ ᠪᠠᠶᠢᠭᠤᠯᠣᠭᠳᠠᠵᠣ᠂ ᠪᠠᠷᠠᠭᠤᠨ ᠣᠷᠣᠨ ᠤ ᠣᠯᠣᠰ ᠣᠷᠣᠨ ᠲᠠᠢ ᠲᠣᠭᠳᠠᠮᠠᠯ ᠬᠠᠷᠢᠴᠠᠭ᠎ᠠ ᠲᠠᠢ | ᠪᠣᠯᠵᠣ᠂ ᠦᠷᠭᠡᠨ ᠲᠡᠯᠭᠡᠷ ᠠᠵᠣ ᠠᠬᠤᠢ ᠰᠣᠶᠣᠯ ᠤᠨ ᠬᠠᠷᠢᠴᠠᠭ᠎ᠠ ᠬᠤᠯᠪᠣᠭ᠎ᠠ ᠡᠭᠦᠰᠬᠦ ᠶᠢ ᠲᠠᠭᠠᠯᠳᠣᠨ ᠰᠢᠳᠠᠷ᠎ᠠ | ᠨᠢᠭᠡᠨᠳᠡ ᠮᠣᠩᠭᠤᠯ ᠨᠣᠳᠤᠭ ᠲᠤ ᠲᠦᠭᠡᠮᠡᠯ ᠲᠡᠯᠭᠡᠷᠡᠵᠣ᠂ ᠬᠤᠪᠢᠷᠠᠨ ᠭᠦᠭᠵᠢᠭᠡᠳ ᠦᠨᠳᠦᠰᠦᠳᠡᠨ ᠤ ᠣᠨᠴᠠᠯᠢᠭ | ᠪᠦᠭᠦᠢ ᠮᠣᠩᠭᠤᠯ ᠰᠢᠳᠠᠷ᠎ᠠ ᠪᠣᠯᠣᠭᠰᠠᠠ ᠪᠠᠶᠢᠨ᠎ᠠ᠃ ᠴᠢᠩᠬᠢᠰ ᠬᠠᠭᠠᠨ ᠤ ᠴᠡᠷᠢᠭ ᠲᠠᠶᠢᠨ ᠤ ᠠᠵᠢᠯᠯᠠᠭ᠎ᠠ ᠶᠢ | ᠲᠠᠭᠠᠯᠳᠣᠨ ᠮᠣᠩᠭᠤᠯ ᠰᠢᠳᠠᠷ᠎ᠠ 13 —14 ᠳ᠋ᠣᠭᠡᠷ ᠵᠠᠭᠤᠨ ᠤ ᠦᠶ᠎ᠡ ᠳᠤ ᠲᠠᠬᠢᠨ ᠡᠸᠦ᠋ᠷᠦᠫᠠ ᠳᠤ | ᠣᠯᠠᠮᠵᠢᠯᠠᠭᠳᠠᠵᠣ ᠦᠨᠦᠳᠦᠷ ᠤᠨ ᠣᠯᠠᠨ ᠣᠯᠣᠰ ᠤᠨ ᠰᠢᠳᠠᠷ᠎ᠠ ᠪᠣᠯᠵᠣ ᠬᠦᠭᠵᠢᠪᠠ᠃ | ᠮᠣᠩᠭᠤᠯ ᠰᠢᠳᠠᠷ᠎ᠠ ᠶᠢᠨ ᠪᠦᠳᠦᠴᠠ ᠶᠢ ᠣᠷᠠᠨ ᠰᠡᠶᠢᠯᠪᠦᠷᠢᠳᠦ ᠰᠢᠳᠠᠷ᠎ᠠ᠂ ᠬᠠᠭᠠᠰ ᠣᠷᠠᠨ ᠰᠡᠶᠢᠯᠪᠦᠷᠢᠳᠣ | ᠰᠢᠳᠠᠷ᠎ᠠ᠂ ᠡᠩ ᠤᠨ ᠰᠡᠶᠢᠯᠪᠦᠷᠢᠳᠣ ᠰᠢᠳᠠᠷ᠎ᠠ᠂ ᠴᠢᠳᠬᠤᠮᠠᠯ ᠰᠢᠳᠠᠷ᠎ᠠ ᠭᠡᠵᠤ ᠠᠩᠬᠢᠯᠠᠵᠣ ᠪᠠᠶᠢᠳᠠᠭ᠃ ᠡᠳᠡᠭᠡᠷ ᠨᠢ | ᠣᠯᠠᠩᠬᠢ ᠳᠠᠭᠠᠨ ᠪᠣᠷᠣ ᠴᠠᠭᠠᠨ ᠽᠠᠨᠳᠠᠨ ᠮᠣᠳᠣ᠂ ᠬᠤᠰᠣ᠂ ᠠᠭᠠᠷᠣ᠂ ᠣᠯᠠᠭᠠᠨ ᠨᠠᠷᠠᠰᠣ᠂ ᠰᠣᠮᠣᠨ ᠮᠣᠳᠣ᠂ | ᠭᠦᠢᠯᠡᠰᠦᠨ ᠮᠣᠳᠣᠨ ᠤ ᠦᠨᠳᠦᠰᠦ ᠵᠡᠷᠭᠡ ᠬᠠᠭᠠᠷᠠᠵᠣ ᠣᠰᠬᠤ ᠦᠭᠡᠢ ᠬᠠᠳᠠᠭᠤᠯᠢᠭ ᠰᠠᠶᠢᠨ ᠮᠣᠳᠣ ᠪᠣᠶᠣ ᠦᠭᠡᠷ | ᠤᠨ ᠡᠪᠡᠷ᠂ ᠲᠡᠮᠡᠭᠡᠨ ᠤ ᠶᠠᠰᠣ᠂ ᠮᠠᠯ ᠤᠨ ᠱᠠᠭ᠎ᠠ᠂ ᠲᠣᠶᠢᠭ ᠵᠡᠷᠭᠡ ᠶᠠᠰᠣ ᠪᠠᠷ ᠣᠷᠠᠯᠠᠨ ᠰᠡᠶᠢᠯᠳᠡᠭ᠃ ᠡᠭᠦᠨ ᠠᠴᠠ | ᠭᠠᠳᠠᠨ᠎ᠠ ᠪᠠᠰᠠ ᠲᠡᠨᠢᠭᠡᠷ᠂ ᠬᠠᠰ᠂ ᠵᠠᠭᠠᠨ ᠤ ᠰᠣᠶᠤᠭ᠎ᠠ ᠪᠠᠷ ᠰᠡᠶᠢᠯᠦᠭᠰᠡᠨ ᠪᠣᠶᠣ ᠭᠠᠣᠯᠢ᠂ ᠵᠡᠰ᠂ ᠮᠦᠩᠬᠦ ᠵᠡᠷᠭᠡ | ᠲᠡᠮᠦᠷᠯᠢᠭ ᠵᠦᠢᠯ ᠢᠶᠠᠷ ᠴᠢᠳᠬᠤᠵᠣ ᠣᠷᠠᠯᠠᠭᠰᠠᠨ ᠰᠢᠳᠠᠷ᠎ᠠ ᠴᠦ ᠪᠠᠶᠢᠳᠠᠭ᠃ ᠮᠣᠩᠭᠤᠯ ᠰᠢᠳᠠᠷ᠎ᠠ ᠨᠢ ᠬᠦᠮᠦᠰ ᠤᠨ | ᠰᠡᠳᠬᠢᠭᠦᠢ ᠪᠣᠳᠣᠯᠭ᠎ᠠ ᠶᠢ ᠬᠦᠭᠵᠢᠭᠡᠵᠣ᠂ ᠰᠦᠰᠦ ᠵᠣᠷᠢᠭ ᠢ ᠲᠠᠶᠢᠴᠢᠯᠠᠨ ᠲᠠᠪᠳᠠᠬᠤ ᠬᠦᠨᠳᠦ ᠴᠢᠬᠤᠯᠠ ᠦᠢᠯᠡᠳᠦᠯ | ᠲᠠᠢ ᠪᠠᠷ ᠦᠯᠦ ᠪᠠᠷᠠᠨ ᠨᠢᠭᠡᠨ ᠶᠣᠰᠣᠨ ᠤ ᠮᠣᠩᠭᠤᠯᠴᠣᠳ ᠤᠨ ᠭᠠᠷ ᠣᠷᠠᠯᠠᠯ ᠤᠨ ᠮᠡᠷᠭᠡᠵᠢᠯ ᠢ ᠰᠣᠳᠣᠯᠵᠣ ᠭᠤᠸ᠎ᠠ | ᠰᠠᠶᠢᠬᠠᠨ ᠢ ᠪᠠᠭ᠋ᠠᠷᠬᠠᠨ ᠰᠣᠨᠢᠷᠬᠠᠬᠤ ᠭᠠᠶᠢᠬᠠᠮᠰᠢᠭᠳᠣ ᠣᠷᠠᠨ ᠪᠦᠳᠦᠭᠡᠯ ᠪᠣᠯᠬᠤ ᠶᠤᠮ᠃ ᠣᠷᠠᠨ ᠰᠡᠶᠢᠯᠪᠦᠷᠢᠳᠦ | ᠰᠢᠳᠠᠷ᠎ᠠ ᠪᠣᠯ ᠰᠢᠷ ᠪᠣᠳᠤᠭ ᠰᠠᠭᠤᠯᠭᠠᠨ ᠦᠩᠭᠡ ᠦᠵᠡᠮᠵᠢ ᠶᠢ ᠨᠢ ᠢᠯᠭᠠᠭᠰᠠᠨ ᠰᠢᠨᠵᠢ ᠮᠠᠶ᠋ᠢᠭ ᠢ ᠨᠢ | ᠪᠦᠷᠢᠯᠳᠦᠭᠦᠯᠦᠭᠰᠡᠨ ᠠᠮᠢᠳᠣ ᠲᠦᠷᠰᠦᠯᠢᠭ ᠣᠷᠠᠯᠠᠨ ᠰᠡᠶᠢᠯᠦᠭᠰᠡᠨ ᠰᠢᠳᠠᠷ᠎ᠠ ᠪᠣᠯᠣᠨ᠎ᠠ᠃ ᠡᠨᠡ ᠬᠦ ᠣᠷᠠᠨ | ᠰᠡᠶᠢᠯᠪᠦᠷᠢᠳᠦ ᠰᠢᠳᠠᠷ᠎ᠠ ᠶᠢᠨ ᠬᠤᠶᠠᠷ ᠡᠳᠡᠭᠡᠳ ᠢ ᠦᠩᠭᠡ ᠪᠣᠳᠤᠭ ᠢᠶᠠᠷ ᠪᠣᠳᠣᠭᠰᠠᠨ ᠠᠴᠠ ᠭᠠᠳᠠᠨ᠎ᠠ ᠨᠢᠭᠡ ᠲᠠᠯ᠎ᠠ | ᠶᠢᠨ ᠨᠣᠶᠠᠨ ᠨᠢ ᠮᠣᠷᠢ ᠣᠨᠣᠭᠰᠠᠨ ᠪᠣᠯ ᠨᠦᠭᠦᠭᠡ ᠲᠠᠯ᠎ᠠ ᠶᠢᠨ ᠨᠣᠶᠠᠨ ᠨᠢ ᠰᠢᠷᠡᠭᠡᠨ ᠳᠤ ᠰᠠᠭᠠᠳᠣᠭᠰᠠᠨ︔ ᠨᠢᠭᠡ | ᠲᠠᠯ᠎ᠠ ᠶᠢᠨ ᠪᠠᠷᠰᠠ ᠨᠢ ᠪᠠᠷᠰ ᠪᠣᠯ ᠨᠦᠭᠦᠭᠡ ᠨᠢ ᠠᠷᠰᠯᠠᠨ᠃ ᠨᠢᠭᠡ ᠲᠠᠯ᠎ᠠ ᠶᠢᠨ ᠲᠡᠮᠡᠭᠡ ᠨᠢ ᠪᠣᠣᠷ᠎ᠠ ᠣᠷᠣᠭᠰᠠᠨ | ᠲᠡᠮᠡᠭᠡ ᠪᠣᠯ ᠨᠦᠭᠦᠭᠡ ᠨᠢ ᠪᠣᠳᠣᠭᠤ ᠲᠠᠢ ᠢᠩᠭᠡ ᠪᠣᠶᠣ ᠠᠳᠠ᠃ ᠮᠣᠷᠢ ᠨᠢ ᠨᠢᠭᠡ ᠲᠠᠯ᠎ᠠ ᠨᠢ ᠣᠨᠠᠭ᠎ᠠ ᠲᠠᠢ ᠭᠡᠭᠦᠦ | ᠪᠣᠯ ᠨᠦᠭᠦᠭᠡ ᠲᠠᠯ᠎ᠠ ᠨᠢ ᠠᠵᠢᠷᠭ᠎ᠠ︔ ᠲᠡᠷᠭᠡᠨ ᠤ ᠨᠢᠭᠡ ᠲᠠᠯ᠎ᠠ ᠨᠢ ᠲᠡᠮᠡᠭᠡ ᠬᠦᠯᠦᠭᠰᠡᠨ ᠪᠣᠯ ᠨᠦᠭᠦᠭᠡ ᠲᠠᠯ᠎ᠠ ᠨᠢ | ᠮᠣᠷᠢ ᠬᠦᠯᠦᠭᠰᠡᠨ︔ ᠬᠦᠦ ᠨᠢ ᠠᠷᠰᠯᠠᠨ ᠪᠣᠶᠣ ᠪᠠᠮᠪᠠᠷ ᠬᠡᠭᠦ ᠮᠡᠳᠦ ᠪᠠᠷ ᠢᠯᠭᠠᠪᠣᠷᠢᠯᠠᠨ ᠰᠡᠶᠢᠯᠦᠭᠰᠡᠨ ᠪᠠᠶᠢᠳᠠᠭ᠃ | ᠨᠣᠶᠠᠨ — ᠨᠣᠶᠠᠨ ᠨᠢ ᠠᠯᠳᠠᠨ ᠲᠦᠷᠦ ᠶᠢ ᠲᠣᠭᠳᠠᠭᠠᠬᠤ ᠯᠠᠭᠱᠠᠨ ᠲᠣᠩᠭᠠᠯᠠᠭ ᠲᠦᠷᠢ ᠲᠠᠢ᠂ ᠠᠳᠠᠭᠠᠳᠠᠨ | ᠲᠠᠶᠢᠰᠣᠨ ᠢ ᠲᠠᠷᠣᠬᠤ ᠠᠤᠭ᠎ᠠ ᠲᠠᠶᠢᠴᠢᠨ ᠰᠦᠷ ᠲᠠᠢ ᠮᠦᠩᠭᠦᠨ ᠬᠤᠶᠠᠭ ᠬᠡᠳᠦᠷᠴᠦ᠂ ᠠᠯᠳᠠᠨ ᠲᠣᠭᠤᠯᠭ᠎ᠠ | ᠲᠠᠷᠣᠵᠣ᠂ ᠠᠵᠢᠨᠠᠢ ᠬᠦᠯᠦᠭ ᠣᠨᠣᠵᠣ᠂ ᠴᠡᠷᠢᠭ ᠲᠠᠶᠢᠴᠢᠯᠠᠨ ᠪᠠᠶᠢᠬᠤ ᠦᠷᠯᠦᠭ ᠮᠠᠶ᠋ᠢᠭ ᠲᠠᠢ ᠪᠣᠶᠣ ᠲᠦᠰᠢᠯᠭᠡᠳᠦ | ᠰᠠᠨᠳᠠᠯᠢ ᠳᠤ ᠰᠠᠭᠠᠳᠠᠵᠣ᠂ ᠰᠡᠯᠡᠮ᠎ᠡ ᠲᠣᠯᠣᠨ ᠲᠦᠷᠦ ᠶᠢᠨ ᠶᠡᠭᠡ ᠬᠡᠷᠡᠭ ᠢ ᠲᠦᠪ ᠭᠤᠣᠯᠴᠢ ᠪᠠᠷ ᠰᠢᠭᠦᠨ ᠲᠠᠰᠣᠯᠵᠣ | ᠪᠠᠶᠢᠬᠤ ᠮᠠᠶ᠋ᠢᠭ ᠲᠠᠢ ᠪᠠᠶᠢᠳᠠᠭ᠃ | ᠪᠠᠷᠰᠠ — ᠪᠠᠷᠰᠠ ᠨᠢ ᠭᠤᠣᠯᠳᠠᠭᠤ ᠭᠤᠷᠪᠠᠨ ᠵᠦᠢᠯ ᠪᠠᠶᠢᠳᠠᠭ᠃ | ᠨᠣᠶᠠᠨ ᠤ ᠵᠠᠬᠢᠶ᠎ᠠ ᠶᠢ ᠬᠦᠯᠢᠶᠡᠵᠣ ᠨᠣᠮᠣ ᠰᠣᠮᠣ ᠲᠡᠯᠢᠭᠰᠡᠨ ᠪᠠᠷᠰ ᠤᠨ ᠬᠦᠴᠦᠨ ᠲᠠᠢ ᠵᠠᠩᠵᠣᠨ ᠮᠠᠶ᠋ᠢᠭ ᠲᠠᠢ᠃ | ᠠᠮᠢᠳᠠᠨ ᠤ ᠬᠠᠭᠠᠨ ᠠᠷᠰᠯᠠᠨ ᠠᠤᠭ᠎ᠠ ᠰᠦᠷ ᠭᠠᠶᠢᠬᠠᠭᠤᠯᠣᠨ ᠠᠯᠠᠭᠠᠨ ᠪᠦᠮᠪᠦᠭᠡ ᠲᠣᠭᠯᠠᠵᠣ ᠠᠯᠢᠶᠠᠯᠠᠨ | ᠨᠠᠭᠠᠳᠣᠭᠰᠠᠨ ᠰᠢᠨᠵᠢ ᠲᠠᠢ︔ | ᠠᠯᠠᠭ ᠡᠷᠢᠶᠡᠨ ᠪᠠᠷᠰ ᠠᠷᠬᠢᠷᠠᠵᠣ ᠪᠠᠶᠢᠭ᠎ᠠ ᠲᠣᠭᠰᠢᠨ ᠰᠦᠷᠯᠢᠭ ᠲᠦᠷᠢ ᠲᠠᠢ ᠪᠠᠶᠢᠳᠠᠭ᠃ | ᠲᠡᠮᠡᠭᠡ — ᠠᠶᠠᠨ ᠵᠠᠮ ᠳᠤ ᠲᠠᠭᠠᠭᠠᠴᠠᠳᠠᠢ᠂ ᠠᠳᠠᠨ ᠣᠯᠠᠭᠠᠨ ᠲᠡᠮᠡᠭᠡ ᠰᠢᠷᠡᠭᠡ ᠪᠦᠬᠦ ᠰᠡᠭᠰᠡᠯᠵᠡᠭᠦᠯᠦᠨ ᠰᠢᠯᠢ | ᠬᠠᠨᠳᠠᠷᠣᠭᠰᠠᠨ ᠰᠢᠨᠵᠢ ᠲᠠᠢ︔ ᠣᠮᠤᠭ ᠰᠦᠷ ᠨᠢ ᠪᠠᠳᠠᠷᠠᠭᠰᠠᠨ ᠣᠷᠣᠭᠰᠠᠨ ᠬᠠᠷ᠎ᠠ ᠪᠣᠣᠷ᠎ᠠ ᠭᠦᠭᠡᠰᠦ ᠬᠠᠶᠠᠯᠠᠨ | ᠲᠡᠪᠰᠡᠯᠡᠨ ᠱᠠᠯᠠᠵᠣ ᠪᠠᠶᠢᠭ᠎ᠠ ᠲᠦᠷᠢ ᠲᠠᠢ︔ ᠪᠣᠳᠣᠭᠤ ᠪᠠᠨ ᠲᠠᠭᠠᠭᠤᠯᠣᠭᠰᠨᠨ ᠬᠦᠭᠡ ᠢᠩᠭᠡ ᠪᠣᠶᠢᠯᠠᠨ ᠬᠠᠶᠢᠯᠠᠵᠣ | ᠪᠠᠶᠢᠭ᠎ᠠ ᠮᠠᠶ᠋ᠢᠭ ᠲᠠᠢ᠃ | ᠮᠣᠷᠢ — ᠮᠣᠷᠢ ᠨᠢ ᠠᠳᠣᠭᠤᠨ ᠰᠦᠷᠦᠭ ᠤᠨ ᠮᠠᠩᠯᠠᠢ ᠠᠮᠪᠠᠨ ᠵᠣ ᠲᠠᠢ ᠠᠵᠢᠷᠭ᠎ᠠ᠂ ᠲᠠᠯ ᠮᠣᠨᠳᠠᠭ᠎ᠠ | ᠬᠡᠶᠢᠰᠭᠡᠵᠣ᠂ ᠲᠡᠪᠭᠡᠷᠦᠨ ᠴᠠᠮᠨᠠᠭᠰᠠᠨ ᠲᠦᠷᠢ ᠲᠠᠢ︔ ᠠᠯᠣᠰ ᠤᠨ ᠠᠶᠠᠨ ᠳᠤ ᠲᠡᠪᠬᠢᠭᠰᠡᠨ ᠠᠵᠢᠨᠠᠢ ᠬᠦᠯᠦᠭ ᠤᠨ | ᠣᠳᠣᠮ ᠰᠢᠨ᠎ᠡ ᠠᠶᠠᠨ ᠢ ᠬᠦᠯᠢᠶᠡᠵᠣ ᠪᠠᠭᠠᠳᠠᠭᠠᠨᠠᠨ ᠰᠢᠯᠭᠡᠭᠰᠡᠨ ᠰᠢᠨᠵᠢ ᠲᠠᠢ︔ ᠰᠦ ᠲᠠᠯᠠᠩ ᠨᠢ ᠴᠢᠨᠦᠭᠰᠡᠨ | ᠰᠦᠷᠦᠭ ᠤᠨ ᠡᠬᠡ ᠬᠦᠭᠡᠷᠦᠬᠦᠨ ᠣᠨᠠᠭ᠎ᠠ ᠪᠠᠨ ᠲᠠᠭᠠᠭᠤᠯᠵᠣ ᠦᠣᠷᠰᠡᠵᠣ ᠢᠨᠴᠠᠭᠠᠭᠰᠠᠨ ᠪᠠᠶᠢᠳᠠᠯ ᠲᠠᠢ ᠪᠠᠶᠢᠳᠠᠭ᠃ | ᠠᠵᠢᠷᠭ᠎ᠠ᠂ ᠠᠭᠳᠠ᠂ ᠬᠡᠭᠦᠦ ᠵᠡᠷᠭᠡ ᠲᠦᠷᠦᠯ ᠪᠦᠷᠢ ᠶᠢᠨ ᠲᠦᠷᠢ ᠶᠢ ᠠᠮᠢᠳᠣᠯᠢᠭ ᠰᠡᠪᠡᠭᠦᠨ ᠣᠷᠠᠯᠠᠨ ᠰᠡᠶᠢᠯᠦᠭᠰᠡᠨ | ᠪᠠᠶᠢᠳᠠᠭ᠃ | ᠬᠠᠩᠭᠠᠢ — ᠬᠠᠩᠭᠠᠢ ᠨᠢ ᠬᠤᠯᠠ ᠶᠢᠨ ᠠᠶᠠᠨ ᠢ ᠬᠦᠭᠡᠭᠡᠭᠰᠨᠨ ᠴᠦ ᠬᠠᠮᠬᠠᠷᠠᠵᠣ ᠡᠪᠳᠡᠷᠡᠬᠦ ᠦᠭᠡᠢ ᠪᠦᠬᠡᠯᠢᠭ | ᠣᠯᠠᠭᠠᠨ ᠬᠤᠰᠣᠨ ᠪᠦᠳᠦᠴᠡ ᠲᠠᠢ ᠮᠣᠬᠤᠯᠠᠭ ᠲᠡᠷᠭᠡ ᠪᠠ ᠬᠠᠮ ᠲᠡᠷᠭᠡ ᠳᠤ ᠮᠣᠷᠢ ᠪᠣᠶᠣ ᠲᠡᠮᠡᠭᠡ ᠬᠦᠯᠦᠭᠰᠡᠨ | ᠰᠡᠶᠢᠯᠪᠦᠷᠢ ᠲᠠᠢ ᠪᠠᠶᠢᠳᠠᠭ᠃ | ᠬᠦᠦ — ᠬᠦᠦ ᠨᠢ ᠬᠦᠭᠡᠷᠦᠬᠦᠨ ᠬᠡᠣᠬᠡᠳ ᠪᠠᠷᠢᠯᠳᠣᠵᠣ ᠪᠠᠶᠢᠭ᠎ᠠ ᠪᠠᠶᠢᠳᠠᠯ ᠲᠠᠢ᠃ ᠬᠦᠯᠦᠭ ᠮᠣᠷᠢ ᠣᠨᠣᠵᠣ | ᠣᠷᠣᠯᠳᠣᠵᠣ ᠪᠠᠶᠢᠭ᠎ᠠ ᠮᠠᠶ᠋ᠢᠭ ᠲᠠᠢ︔ ᠠᠪᠠ ᠶᠢᠨ ᠰᠠᠶᠢᠨ ᠨᠣᠬᠠᠢ ᠠᠯᠢᠶᠠᠯᠠᠨ ᠲᠣᠭᠯᠠᠭᠰᠠᠨ ᠰᠢᠨᠵᠢ ᠲᠠᠢ︔ | ᠠᠷᠰᠯᠠᠨ ᠤ ᠵᠣᠯᠵᠠᠭ᠎ᠠ ᠪᠦᠮᠪᠦᠭᠡ ᠠᠯᠠᠭᠠᠳᠠᠵᠣ ᠪᠠᠶᠢᠭ᠎ᠠ ᠮᠠᠶ᠋ᠢᠭ ᠲᠠᠢ ᠪᠠᠶᠢᠳᠠᠭ᠃ | ᠮᠣᠩᠭᠤᠯ ᠰᠢᠳᠠᠷ᠎ᠠ ᠨᠢ ᠮᠣᠩᠭᠤᠯᠴᠣᠳ ᠤᠨ ᠡᠷᠳᠡᠨ ᠤ ᠦᠶ᠎ᠡ ᠶᠢᠨ ᠠᠮᠢᠳᠣᠷᠠᠯ ᠲᠡᠮᠡᠴᠡᠯ ᠤᠨ ᠣᠨᠴᠠᠯᠢᠭ ᠢ | ᠬᠦᠨᠵᠡᠭᠡᠢ ᠬᠠᠷᠠᠭᠤᠯᠣᠭᠰᠨᠨ ᠪᠠᠶᠢᠳᠠᠭ᠃ ᠮᠣᠩᠭᠤᠯ ᠰᠢᠳᠠᠷ᠎ᠠ ᠶᠢᠨ ᠪᠦᠳᠦᠴᠡ ᠪᠦᠷᠢᠯᠳᠦᠯ ᠨᠢ ᠮᠣᠩᠭᠤᠯᠴᠣᠳ ᠤᠨ | ᠠᠮᠢᠳᠣᠷᠠᠯ ᠲᠡᠮᠡᠴᠡᠯ ᠤᠨ ᠣᠨᠴᠠᠯᠢᠭ ᠢ ᠢᠯᠡ ᠲᠣᠳᠣ ᠲᠣᠰᠬᠠᠵᠣ᠂ ᠲᠠᠪᠣᠨ ᠬᠤᠰᠢᠭᠤ ᠮᠠᠯ ᠰᠦᠷᠦᠭ ᠢᠶᠠᠷ ᠲᠠᠩᠰᠤᠭ | ᠠᠮᠢᠳᠣᠷᠠᠯ ᠤᠨ ᠡᠬᠢ ᠢᠷᠡᠯᠳᠡ ᠪᠣᠯᠭᠠᠭᠰᠠᠨ ᠲᠠᠯ᠎ᠠ ᠨᠣᠳᠤᠭ ᠤᠨ ᠨᠡᠭᠦᠳᠡᠯ ᠠᠮᠢᠳᠣᠷᠠᠯ ᠤᠨ ᠪᠣᠳᠠᠳᠣ ᠵᠢᠷᠣᠭᠯᠠᠯ | ᠪᠣᠯᠣᠭᠰᠠᠨ ᠪᠠᠶᠢᠨ᠎ᠠ᠃ ᠲᠣᠬᠠᠶᠢᠯᠠᠪᠠᠯ ᠡᠷᠳᠡᠨ ᠤ ᠮᠣᠩᠭᠤᠯᠴᠣᠳ ᠤᠨ ᠠᠵᠣ ᠠᠮᠢᠳᠣᠷᠠᠯ᠂ ᠲᠠᠶᠢᠨ ᠪᠠᠶᠢᠯᠳᠣᠭᠠᠨ ᠤ | ᠭᠤᠣᠯ ᠪᠠᠭᠠᠵᠢ ᠬᠡᠷᠡᠭᠰᠡᠯ ᠤᠳ ᠪᠣᠯᠵᠣ ᠪᠠᠶᠢᠭᠰᠠᠨ ᠮᠣᠷᠢ᠂ ᠲᠡᠷᠭᠡ᠂ ᠲᠡᠮᠡᠭᠡ ᠵᠡᠷᠭᠡ ᠨᠢ ᠪᠦᠷ ᠰᠢᠳᠠᠷ᠎ᠠ ᠶᠢᠨ ᠭᠤᠣᠯ | ᠴᠣᠭᠴᠠ ᠪᠣᠯᠵᠣ ᠪᠦᠷᠢᠯᠳᠦᠭᠰᠡᠨ ᠢᠶᠠᠷ ᠦᠯᠦ ᠪᠠᠷᠠᠨ ᠮᠣᠷᠢ᠂ ᠲᠡᠷᠭᠡ ᠶᠢᠨ ᠣᠷᠠᠯᠢᠭ ᠰᠡᠶᠢᠯᠪᠣᠷᠢ ᠨᠢ ᠴᠦ | ᠮᠣᠩᠭᠤᠯᠴᠣᠳ ᠤᠨ ᠠᠮᠢᠳᠣᠷᠠᠯ ᠢ ᠢᠯᠡᠷᠡᠭᠦᠯᠵᠣ᠂ ᠵᠠᠭᠠᠨᠳᠣ ᠴᠡᠷᠢᠭ ᠨᠢ ᠲᠡᠮᠡᠭᠡ ᠪᠠᠷ ᠣᠷᠣᠯᠠᠭᠳᠠᠵᠣ᠂ ᠶᠠᠪᠠᠭᠠᠨ | ᠴᠡᠷᠢᠭ ᠨᠢ ᠮᠣᠷᠢ ᠣᠷᠣᠯᠳᠣᠵᠣ ᠪᠠᠶᠢᠭ᠎ᠠ ᠬᠡᠣᠬᠡᠳ ᠪᠣᠶᠣ ᠪᠦᠬᠡ ᠪᠠᠷᠢᠯᠳᠣᠵᠣ ᠪᠠᠶᠢᠭ᠎ᠠ ᠬᠡᠣᠬᠡᠳ ᠵᠡᠷᠭᠡ ᠣᠷᠠᠨ | ᠰᠡᠶᠢᠯᠪᠦᠷᠢ ᠲᠠᠢ ᠪᠣᠯᠣᠭᠰᠠᠨ ᠨᠢ ᠡᠷᠳᠡᠨ ᠤ ᠮᠣᠩᠭᠤᠯᠴᠣᠳ ᠤᠨ ᠰᠣᠶᠣᠯ ᠤᠨ ᠪᠠᠶᠢᠳᠠᠯ ᠢ ᠠᠷᠭ᠎ᠠ ᠦᠭᠡᠢ ᠰᠠᠶᠢᠬᠠᠨ | ᠬᠠᠳᠠᠭᠠᠯᠠᠨ ᠰᠢᠩᠭᠡᠭᠡᠭᠰᠡᠨ ᠪᠠᠶᠢᠳᠠᠭ᠃ ᠮᠣᠩᠭᠤᠯ ᠰᠢᠳᠠᠷ᠎ᠠ ᠨᠢ ᠪᠠᠰᠠ ᠮᠣᠩᠭᠤᠯᠴᠣᠳ ᠤᠨ ᠵᠠᠩ ᠴᠢᠨᠠᠷ ᠤᠨ | ᠣᠨᠴᠠᠯᠢᠭ ᠢ ᠭᠦᠢᠴᠡᠳ ᠬᠠᠳᠠᠭᠠᠯᠠᠪᠠ᠃ ᠮᠣᠩᠭᠤᠯᠴᠣᠳ ᠶᠡᠷᠦ ᠠᠴᠠ ︿︿ᠠᠮᠠᠨ ᠪᠡᠯᠭᠡ ᠬᠠᠮᠢᠭᠠᠰᠢ ᠪᠣᠯ ᠠᠯᠣᠰ ᠤᠨ | ᠪᠡᠯᠭᠡ ᠲᠡᠰᠢ ᠪᠠᠨ﹀﹀ ᠭᠡᠵᠤ ᠪᠡᠯᠭᠡᠳᠡᠳᠡᠭ᠃ ᠮᠣᠩᠭᠤᠯ ᠰᠢᠳᠠᠷ᠎ᠠ ᠶᠢᠨ ᠶᠣᠰᠣ ᠲᠦᠷᠢᠮ ᠠᠴᠠ ᠦᠵᠡᠪᠡᠯ ︿︿ᠢᠷᠸ᠎ᠠ | ᠶᠢᠨ ᠲᠠᠪᠤ ᠬᠢᠵᠣ ᠪᠣᠯᠬᠤ ᠦᠭᠡᠢ﹀﹀᠂ ︿︿ᠴᠢᠳᠦᠷ ᠮᠠᠳ ᠬᠢᠵᠣ ᠪᠣᠯᠬᠤ ᠦᠭᠡᠢ﹀﹀᠂ ︿︿ᠨᠢᠴᠦᠭᠦᠨ ᠢᠳᠡᠵᠣ ᠪᠣᠯᠬᠤ | ᠦᠭᠡᠢ﹀﹀ ᠬᠡᠭᠦ ᠮᠡᠳᠦ ᠶᠢᠨ ᠪᠡᠯᠭᠡ ᠮᠠᠭᠤᠳᠠᠢ ᠵᠦᠢᠯ ᠤᠳ ᠢ ᠴᠡᠭᠡᠷᠯᠡᠭᠰᠡᠨ ᠬᠤᠷᠢᠭ᠎ᠠ ᠴᠡᠭᠡᠷ ᠲᠠᠢ ᠪᠠᠶᠢᠳᠠᠭ᠃ | ᠨᠠᠰᠣᠳᠠᠨ ᠪᠠ ᠵᠣᠴᠢᠳ ᠢ ᠬᠦᠨᠳᠦᠳᠭᠡᠬᠦ ᠵᠠᠩ ᠵᠢᠷᠣᠮ ᠴᠦ ᠨᠠᠭᠠᠳᠣᠮ ᠤᠨ ᠲᠣᠮᠳᠠ ᠭᠦᠢᠴᠡᠳ ᠲᠣᠰᠬᠠᠯ ᠢᠶᠠᠨ | ᠣᠯᠵᠣ᠂ ᠡᠬᠢᠨ ᠤ ᠨᠡᠭᠦᠳᠡᠯ ᠢ ᠨᠠᠰᠣᠨ ᠤ ᠠᠬᠠᠮᠠᠳ ᠪᠠ ᠵᠣᠴᠢᠨ ᠳᠤ ᠨᠠᠶᠢᠷ ᠲᠠᠯᠪᠢᠬᠤ᠂ ᠣᠨᠴᠠ ᠣᠷᠠᠨ | ᠱᠦᠭᠦᠳᠡᠯ ᠬᠢᠭᠰᠡᠨ ᠴᠦ ᠬᠤᠷᠣᠰᠣᠯ ᠡᠪᠦᠷᠯᠡᠬᠦ ᠦᠭᠡᠢ᠂ ᠲᠡᠶᠢᠯᠦᠭᠰᠡᠨ ᠴᠦ ᠣᠮᠣᠭᠰᠢᠨ ᠪᠠᠷᠳᠠᠮᠨᠠᠬᠤ ᠦᠭᠡᠢ ᠵᠡᠷᠭᠡ | ᠵᠢᠷᠣᠮ ᠶᠣᠰᠣ ᠲᠠᠢ ᠪᠠᠶᠢᠳᠠᠭ᠃ | ᠮᠣᠩᠭᠤᠯ ᠰᠢᠳᠠᠷ᠎ᠠ ᠨᠢ ᠮᠣᠩᠭᠤᠯᠴᠣᠳ ᠤᠨ ᠣᠢ ᠪᠢᠯᠢᠭ ᠢ ᠬᠦᠭᠵᠢᠭᠡᠵᠣ᠂ ᠣᠬᠠᠭᠠᠨ ᠰᠠᠨᠠᠭ᠎ᠠ ᠶᠢ | ᠨᠡᠭᠡᠭᠡᠭᠳᠡᠭᠦᠯᠬᠦ ᠣᠶᠣᠨ ᠤ ᠰᠣᠷᠢᠨᠵᠢᠨ ᠪᠣᠯᠣᠭᠰᠠᠨ ᠤ ᠬᠤᠪᠢ ᠳᠤ ᠣᠯᠠᠨ ᠲᠦᠮᠡᠨᠴᠢ ᠴᠢᠨᠠᠷ ᠲᠠᠢ ᠣᠷᠠᠯᠢᠭ ᠤᠨ | ᠲᠣᠭᠯᠠᠭᠠᠮ ᠪᠣᠯᠵᠣ᠂ ᠣᠯᠠᠨ ᠵᠠᠭᠤᠨ ᠵᠢᠯ ᠣᠯᠠᠮᠵᠢᠯᠠᠭᠳᠠᠭᠰᠠᠨ ᠪᠠᠶᠢᠳᠠᠭ᠃ ᠲᠡᠷᠡ ᠨᠢ ᠲᠡᠣᠬᠡᠨ ᠠᠴᠠ ᠠᠪᠣᠭᠠᠳ | ᠪᠠᠶᠠᠨ ᠶᠠᠳᠠᠭᠤ ᠭᠡᠵᠤ ᠢᠯᠭᠠᠬᠤ ᠦᠭᠡᠢ᠂ ᠡᠪᠦᠭᠡᠨ ᠵᠠᠯᠠᠭᠤ ᠭᠡᠵᠤ᠂ ᠡᠷᠡᠭᠳᠡᠢ ᠡᠮᠡᠭᠳᠡᠢ ᠬᠠᠮᠢᠶ᠎ᠠ ᠦᠭᠡᠢ ᠪᠦᠷ ᠡᠷᠭᠡ | ᠲᠡᠭᠰᠢ ᠪᠠᠷ ᠲᠣᠭᠯᠠᠳᠠᠭ ᠨᠡᠶᠢᠳᠡ ᠮᠣᠩᠭᠤᠯ ᠤᠨ ᠨᠠᠭᠠᠳᠣᠮ ᠪᠠᠶᠢᠵᠠᠢ᠃ ᠮᠣᠩᠭᠤᠯ ᠰᠢᠳᠠᠷ᠎ᠠ ᠳᠤ ᠪᠣᠳᠠ ᠬᠦᠦ | ᠨᠡᠶᠢᠳᠡ ᠭᠤᠴᠢᠨ ᠬᠤᠶᠠᠷ ᠪᠠᠶᠢᠳᠠᠭ᠃ ᠡᠭᠦᠨ ᠢ ᠦᠩᠭᠡ ᠪᠣᠳᠤᠭ ᠪᠣᠶᠣ ᠡᠯᠳᠡᠪ ᠵᠦᠢᠯ ᠤᠨ ᠰᠡᠶᠢᠯᠪᠣᠷᠢ ᠶᠢᠨ | ᠬᠤᠪᠢᠶᠠᠷᠢ ᠪᠠᠷ ᠬᠤᠶᠠᠷ ᠠᠩᠬᠢ ᠬᠤᠪᠢᠶᠠᠵᠣ ᠲᠣᠭᠯᠠᠭᠴᠢ ᠬᠤᠶᠠᠷ ᠡᠳᠡᠭᠡᠳ ᠲᠣᠰ ᠪᠦᠷᠢ ᠠᠷᠪᠠᠨ ᠵᠢᠷᠭᠤᠭᠠᠨ | ᠰᠢᠳᠠᠷ᠎ᠠ ᠠᠪᠳᠠᠭ᠃ ᠲᠠᠯ᠎ᠠ ᠪᠦᠷᠢ ᠨᠢ ᠨᠢᠭᠡ ᠨᠣᠶᠠᠨ᠂ ᠨᠢᠭᠡᠨ ᠪᠠᠷᠰᠠ᠂ ᠬᠤᠶᠠᠷ ᠮᠣᠷᠢ᠂ ᠬᠤᠶᠠᠷ ᠲᠡᠮᠡᠭᠡ᠂ ᠬᠤᠶᠠᠷ | ᠬᠠᠩᠭᠠᠢ ︵ᠪᠠᠰᠠ ᠲᠡᠷᠭᠡ ᠪᠣᠶᠣ ᠬᠠᠰᠠᠭ ᠭᠡᠳᠡᠭ︶ ᠪᠠ ᠨᠠᠢᠮᠠᠨ ᠬᠦᠦ ᠲᠠᠢ᠂ ᠨᠣᠶᠠᠨ ᠢ ᠪᠠᠰᠠ ᠰᠦᠯᠳᠡ ᠭᠡᠵᠤ᠂ | ᠪᠠᠰᠠ ᠲᠡᠮᠡᠭᠡ ᠮᠣᠷᠢ ᠬᠠᠩᠭᠠᠢ ᠶᠢ ᠪᠣᠳᠠ ᠭᠡᠵᠤ ᠨᠡᠷᠡᠯᠡᠳᠡᠭ᠃ ᠰᠢᠳᠠᠷ᠎ᠠ ᠦᠷᠦᠬᠦ ᠲᠡᠪᠢᠰᠭᠡᠷ ᠢ ᠬᠦᠯᠭᠡ ᠭᠡᠳᠡᠭ᠃ | ᠬᠦᠯᠭᠡ ᠨᠢ ᠲᠡᠭᠰᠢ ᠲᠦᠷᠪᠡᠯᠵᠢᠨ ᠬᠡᠯᠪᠡᠷᠢ ᠲᠠᠢ᠂ ᠬᠦᠨᠳᠡᠯᠡᠨ ᠭᠤᠯᠳᠣ ᠪᠠᠷ ᠵᠡᠷᠭᠡ ᠣᠷᠣᠰᠢᠬᠤ ᠶᠢᠰᠦᠨ ᠵᠢᠷᠣᠭᠠᠰᠣ | ᠪᠠᠷ ᠬᠠᠷᠢᠯᠴᠠᠨ ᠰᠦᠯᠵᠢᠵᠣ ᠬᠠᠨᠠᠴᠢᠯᠠᠨ ᠪᠦᠳᠦᠭᠰᠡᠨ ᠨᠠᠢᠮᠠᠨ ᠨᠠᠢᠮᠠ ᠶᠢᠨ ᠵᠢᠷᠠᠨ ᠲᠦᠷᠪᠡᠨ ᠵᠢᠵᠢᠭ ᠲᠦᠷᠪᠡᠯᠵᠢᠨ | ᠴᠣᠩᠬᠤ ᠪᠠᠷ ᠰᠠᠭᠤᠳᠠᠯ ᠪᠣᠯᠭᠠᠵᠣ᠂ ᠡᠨᠡ ᠬᠦ ᠰᠠᠭᠤᠳᠠᠯ ᠳᠠᠭᠠᠨ ᠬᠦᠯ ᠨᠡᠭᠦᠳᠡᠯ ᠤᠨ ᠵᠢᠷᠣᠮ ᠢᠶᠠᠷ ᠰᠢᠳᠠᠷ᠎ᠠ ᠪᠠᠨ | ᠨᠡᠭᠦᠯᠭᠡᠳᠡᠭ᠃ ᠬᠦᠯᠭᠡ ᠶᠢ ᠠᠮᠨ ᠲᠦᠷᠪᠡᠯᠵᠢᠨ ᠰᠢᠷᠡᠭᠡ ᠪᠣᠶᠣ ᠮᠣᠳᠣᠨ ᠬᠠᠪᠳᠠᠰᠣᠨ ᠳᠤ ᠰᠡᠶᠢᠯᠵᠣ ᠵᠢᠷᠣᠬᠤ ᠠᠴᠠ | ᠭᠠᠳᠠᠨ᠎ᠠ ᠢᠯᠬᠢ᠂ ᠪᠦᠰ ᠪᠣᠶᠣ ᠴᠠᠭᠠᠰᠣᠨ ᠲᠡᠭᠡᠷ᠎ᠡ ᠵᠢᠷᠣᠵᠣ ᠪᠦᠳᠦᠭᠡᠳᠡᠭ᠃ ᠮᠣᠩᠭᠤᠯ ᠰᠢᠳᠠᠷ᠎ᠠ ᠶᠢᠨ ᠣᠣᠭᠠᠨ | ᠪᠠᠶᠢᠷᠢᠯᠠᠯ ᠪᠣᠯ ᠲᠠᠯ᠎ᠠ ᠲᠠᠯ᠎ᠠ ᠶᠢᠨ ᠨᠠᠢᠮᠠᠨ ᠰᠠᠭᠤᠳᠠᠯ ᠤᠨ ᠭᠤᠣᠯ ᠬᠤᠶᠠᠷ ᠰᠠᠭᠤᠳᠠᠯ ᠳᠤ ᠨᠣᠶᠠᠨ ᠢ ᠪᠠᠷᠠᠭᠤᠨ | ᠮᠦᠷᠦᠨ ᠳᠤ᠂ ᠪᠠᠷᠰᠠ ᠶᠢ ᠵᠡᠭᠦᠨ ᠮᠦᠷᠦᠨ ᠳᠤ ᠪᠠᠶᠢᠷᠢᠯᠠᠭᠤᠯᠵᠣ᠂ ᠬᠤᠶᠠᠷ ᠬᠠᠵᠠᠭᠤ ᠲᠡᠰᠢ ᠪᠠᠨ ᠲᠡᠮᠡᠭᠡ ᠮᠣᠷᠢ | ᠬᠠᠩᠭᠠᠢ ᠵᠡᠷᠭᠡ ᠲᠡᠰ ᠲᠠᠷᠠᠭᠠᠯᠠᠯ ᠢᠶᠠᠷ ᠦᠷᠦᠵᠣ᠂ ᠪᠣᠳᠠ ᠪᠦᠷᠢ ᠶᠢᠨ ᠡᠮᠦᠨ᠎ᠡ ᠰᠠᠭᠤᠳᠠᠯ ᠳᠤ ᠨᠠᠢᠮᠠᠨ ᠬᠦᠦ ᠪᠠᠨ | ᠪᠠᠶᠢᠷᠢᠯᠠᠭᠤᠯᠳᠠᠭ᠃ ᠮᠣᠩᠭᠤᠯ ᠰᠢᠳᠠᠷ᠎ᠠ ᠶᠢᠨ ᠣᠯᠠᠮᠵᠢᠯᠠᠯᠳᠦ ᠲᠦᠷᠢᠮ ᠳᠤ ᠨᠡᠭᠦᠳᠡᠯ ᠤᠨ ᠡᠬᠢᠨ ᠳᠤ ᠨᠣᠶᠠᠨ ᠤ | ᠡᠮᠦᠨᠡᠬᠢ ᠬᠦᠦ ᠪᠣᠶᠣ ᠪᠠᠷᠰᠠ ᠶᠢᠨ ᠡᠮᠦᠨᠡᠬᠢ ᠬᠦᠦ ᠰᠠᠭᠤᠳᠠᠯ ᠲᠡᠭᠳᠡᠨ ᠣᠷᠣᠭᠰᠢ ᠬᠤᠶᠠᠷ ᠠᠯᠬᠤᠮ ᠨᠡᠭᠦᠵᠣ᠂ | ᠬᠤᠶᠠᠷ ᠡᠳᠡᠭᠡᠳ ᠤᠨ ᠬᠦᠦ ᠪᠠᠨ ᠠᠭᠤᠯᠵᠠᠨ ᠵᠣᠭᠰᠣᠳᠠᠭ᠃ ᠡᠭᠦᠨ ᠠᠴᠠ ᠪᠣᠰᠣᠳ ᠬᠦᠦ ᠡᠬᠢᠯᠡᠵᠣ ᠶᠠᠪᠣᠳᠠᠭ | ᠦᠭᠡᠢ ᠪᠦᠭᠡᠳ ᠴᠦᠮ ᠨᠢᠭᠡ ᠨᠢᠭᠡ ᠠᠯᠬᠤᠮ ᠢᠶᠠᠷ ᠨᠡᠭᠦᠭᠦ ᠵᠢᠷᠣᠮᠯᠠᠯ ᠲᠠᠢ᠃ ᠡᠳᠡᠭᠡᠷ ᠪᠣᠳᠠ ᠬᠦᠦ ᠶᠢᠨ ᠠᠯᠢ ᠨᠢ | ᠴᠦ ᠦᠪᠡᠷ ᠤᠨ ᠢᠶᠠᠨ ᠪᠣᠳᠠ ᠬᠦᠦ ᠶᠢᠨ ᠪᠠᠶᠢᠭ᠎ᠠ ᠰᠠᠭᠤᠳᠠᠯ ᠳᠤ ᠨᠡᠭᠦᠵᠣ ᠪᠣᠯᠬᠤ ᠦᠭᠡᠢ᠃ ᠮᠣᠷᠢ ᠪᠣᠯ ᠶᠠᠮᠠᠷᠪᠠ | ᠨᠢᠭᠡᠨ ᠪᠣᠳᠠ ᠬᠦᠦ ᠶᠢᠨ ᠲᠡᠭᠡᠭᠦᠷ ᠦᠰᠦᠷᠦᠨ ᠭᠠᠷᠴᠣ ᠪᠣᠯᠳᠠᠭ᠃ ᠡᠭᠦᠨ ᠢ ᠭᠠᠷᠭᠠᠪᠠᠯ ᠪᠣᠰᠣᠳ ᠨᠢ ᠰᠢᠳᠠᠷ᠎ᠠ | ᠪᠠᠶᠢᠭ᠎ᠠ ᠰᠠᠭᠤᠳᠠᠯ ᠤᠨ ᠲᠡᠭᠡᠭᠦᠷ ᠦᠰᠦᠷᠦᠨ ᠭᠠᠷᠴᠣ ᠪᠣᠯᠳᠠᠭ ᠦᠭᠡᠢ᠃ | ᠪᠣᠳᠠ ᠬᠦᠦ ᠶᠢᠨ ᠨᠡᠭᠦᠳᠡᠯ — ᠪᠣᠳᠠ ᠬᠦᠦ ᠶᠢᠨ ᠨᠡᠭᠦᠳᠡᠯ ᠨᠢ ᠲᠣᠰ ᠲᠣᠰ ᠤᠨ ᠶᠣᠰᠣ ᠵᠣᠷᠰᠢᠯ ᠲᠠᠢ | ᠪᠠᠶᠢᠳᠠᠭ᠃ | ᠨᠣᠶᠠᠨ ᠤ ᠨᠡᠭᠦᠳᠡᠯ — ᠨᠣᠶᠠᠨ ᠪᠣᠯ ᠨᠦᠭᠦᠭᠡ ᠡᠳᠡᠭᠡᠳ ᠤᠨ ᠢᠶᠠᠨ ᠪᠣᠳᠠ ᠬᠦᠦ ᠶᠢᠨ ᠬᠦᠴᠦᠨ ᠲᠣᠰᠣᠭᠰᠠᠨ | ᠦᠭᠡᠢ ᠪᠠᠭᠤᠳᠠᠯ ᠳᠤ ᠬᠦᠨᠳᠡᠯᠡᠨ ᠭᠤᠯᠳᠣ ᠵᠢᠰᠢᠭᠦᠦ ᠪᠠᠷ ᠨᠠᠢᠮᠠᠨ ᠲᠡᠰᠢ ᠪᠠᠨ ᠨᠢᠭᠡ ᠠᠯᠬᠤᠮ ᠢᠶᠠᠷ ᠨᠡᠭᠦᠳᠡᠭ᠃ | ᠪᠠᠷᠰᠠ ᠶᠢᠨ ᠨᠡᠭᠦᠳᠡᠯ — ᠪᠡᠷᠰᠠ ᠪᠣᠯ ᠮᠣᠩᠭᠤᠯ ᠰᠢᠳᠠᠷ᠎ᠠ ᠶᠢᠨ ᠬᠠᠮᠤᠭ ᠤᠨ ᠠᠮᠢᠳᠣ ᠬᠦᠳᠡᠯᠦᠩᠭᠦᠢ ᠬᠦᠴᠦᠨ | ᠲᠠᠢ ᠪᠣᠳᠠ ᠪᠣᠯᠣᠨ᠎ᠠ᠃ ᠲᠡᠮᠡᠭᠡ ᠬᠠᠩᠭᠠᠢ ᠶᠢᠨ ᠬᠦᠯ ᠨᠡᠭᠦᠳᠡᠯ ᠢᠶᠠᠷ ᠪᠦᠷ ᠶᠠᠪᠣᠵᠣ ᠪᠣᠯᠳᠠᠭ᠃ ᠲᠣᠬᠠᠶᠢᠯᠠᠪᠠᠯ | ᠬᠦᠨᠳᠡᠯᠡᠨ ᠭᠤᠯᠳᠣ ᠵᠢᠱᠢᠭᠦᠦ ᠱᠣᠭᠤᠮ ᠢᠶᠠᠷ ᠰᠠᠭᠤᠳᠠᠯ ᠪᠦᠬᠦᠨ ᠳᠤ ᠪᠦᠷ ᠰᠢᠪᠳᠣᠯᠣᠨ ᠬᠦᠷᠴᠦ ᠰᠢᠪᠳᠣ ᠬᠦᠷᠴᠦ | ᠪᠣᠯᠳᠠᠭ᠃ | ᠲᠡᠮᠡᠭᠡᠨ ᠤ ᠨᠡᠭᠦᠳᠡᠯ — ᠲᠡᠮᠡᠭᠡ ᠪᠣᠯ ᠵᠢᠰᠢᠭᠦᠦ ᠱᠣᠭᠤᠮ ᠢᠶᠠᠷ ᠲᠦᠷᠪᠡᠨ ᠲᠡᠰᠢ ᠪᠠᠨ ᠰᠠᠭᠤᠳᠠᠯ ᠪᠦᠬᠦᠨ ᠳᠤ | ᠴᠦᠮ ᠰᠢᠪᠳᠣ ᠬᠦᠷᠴᠦ ᠪᠣᠯᠳᠠᠭ᠃ | ᠮᠣᠷᠢᠨ ᠤ ᠨᠡᠭᠦᠳᠡᠯ — ᠮᠣᠷᠢ ᠪᠣᠯ ᠨᠠᠢᠮᠠᠨ ᠲᠡᠰᠢ ᠪᠠᠨ ᠨᠢᠭᠡ ᠯᠠ ᠦᠰᠦᠷᠴᠦ ᠦᠷᠦᠭᠡᠯᠳᠠᠵᠣ ᠨᠡᠭᠦᠳᠡᠭ᠃ | ᠬᠠᠩᠭᠠᠢ ᠶᠢᠨ ᠨᠡᠭᠦᠳᠡᠯ — ᠬᠠᠩᠭᠠᠢ ᠪᠣᠯ ᠬᠦᠨᠳᠡᠯᠡᠨ ᠭᠤᠯᠳᠣ ᠱᠣᠭᠤᠮ ᠢᠶᠠᠷ ᠣᠷᠣᠭᠰᠢ ᠪᠠᠨ ᠨᠢᠭᠡ ᠠᠯᠬᠤᠮ | ᠨᠡᠭᠦᠵᠣ᠂ ᠵᠢᠰᠢᠭᠦᠦ ᠪᠠᠷ ᠨᠢᠳᠣᠨ ᠳᠡᠭᠡᠨ ᠢᠳᠡᠳᠡᠭ᠃ | ᠪᠣᠳᠠ ᠬᠦᠦ ᠶᠢᠨ ᠢᠳᠡᠯᠳᠡ — ᠪᠣᠳᠠ ᠬᠦᠦ ᠪᠣᠯ ᠶᠠᠪᠣᠬᠤ ᠮᠦᠷ ᠨᠡᠭᠦᠳᠡᠯ ᠳᠤ ᠲᠣᠬᠢᠶᠠᠯᠳᠣᠭᠰᠠᠨ ᠨᠦᠭᠦᠭᠡ | ᠲᠠᠯ᠎ᠠ ᠶᠢᠨ ᠪᠣᠳᠠ ᠬᠦᠦ ᠶᠢ ᠢᠳᠡᠨ᠎ᠡ᠂ ᠢᠳᠡᠭᠳᠡᠭᠰᠡᠨ ᠰᠢᠳᠠᠷ᠎ᠠ ᠶᠢ ᠬᠦᠯᠭᠡ ᠠᠴᠠ ᠭᠠᠷᠭᠠᠵᠣ ᠣᠷᠣᠨ ᠳᠤᠨᠢ ᠨᠡᠭᠦᠵᠣ | ᠣᠷᠣᠭᠰᠠᠨ ᠪᠣᠳᠠ ᠪᠣᠶᠣ ᠬᠦᠦ ᠪᠠᠨ ᠲᠠᠯᠪᠢᠨ᠎ᠠ᠃ ᠡᠭᠦᠨ ᠳᠤ ᠬᠦᠦ ᠪᠣᠯ ᠨᠢᠭᠡ ᠠᠯᠬᠤᠮ ᠵᠢᠰᠢᠭᠦᠦ ᠲᠡᠰᠢ | ᠣᠷᠣᠭᠰᠢ ᠪᠠᠨ ᠢᠳᠡᠵᠣ ᠪᠣᠯᠳᠠᠭ᠃ ᠬᠡᠯᠡᠯᠭᠡᠨ ᠦᠭᠡᠢ ᠢᠳᠡᠯᠳᠡ ᠲᠠᠭᠠᠷᠠᠭᠰᠠᠨ ᠪᠦᠭᠦᠨ ᠢ ᠢᠳᠡᠭᠦ ᠪᠠᠨ | ᠲᠣᠭᠳᠠᠭᠠᠳᠠᠭ᠃ ᠬᠦᠦ ᠣᠷᠣᠭᠰᠢ ᠲᠦᠷᠢᠵᠣ ᠶᠠᠪᠣᠭᠰᠠᠭᠠᠷ ᠨᠦᠬᠦᠭᠡ ᠡᠳᠡᠭᠡᠳ ᠤᠨ ᠡᠴᠦᠰ ᠤᠨ ᠱᠣᠭᠤᠮ ᠳᠤ | ᠬᠦᠷᠦᠭᠡᠳ ᠵᠢᠰᠢᠭᠦᠦ ᠪᠠᠷ ᠭᠤᠷᠪᠠᠨ ᠠᠯᠬᠤᠮ ᠪᠠᠭᠤᠪᠠᠯ ᠪᠠᠭᠤᠷᠠᠢ ᠭᠦᠦ ᠪᠠᠭᠠᠳᠣᠷ ᠪᠠᠷᠰᠠ ᠪᠣᠯᠣᠨ ᠬᠤᠪᠢᠯᠵᠣ | ᠪᠠᠷᠰᠠ ᠶᠢᠨ ᠬᠦᠯ ᠢᠶᠠᠷ ᠶᠠᠪᠣᠳᠠᠭ᠃ ᠡᠭᠦᠨ ᠢ ︿︿ᠣᠷᠮ᠎ᠠ ᠲᠠᠢ ᠪᠠᠷᠰᠠ﹀﹀ ᠭᠡᠳᠡᠭ᠃ ᠬᠡᠷᠪᠡ ᠪᠣᠴᠠᠵᠣ ᠨᠢᠭᠡ | ᠪᠠᠭᠤᠭᠰᠠᠨ ᠪᠣᠯ ︿︿ᠣᠷᠮ᠎ᠠ ᠦᠭᠡᠢ ᠪᠠᠷᠰᠠ﹀﹀ ᠬᠡᠬᠦ ᠪᠣᠶᠣ ︿︿ᠨᠢᠳᠦ ᠲᠠᠢ ᠬᠠᠩᠭᠠᠢ﹀﹀ ᠭᠡᠵᠤ ᠵᠢᠰᠢᠭᠦᠦ ᠪᠠᠷ ᠢᠶᠠᠨ | ᠨᠢᠭᠡ ᠠᠯᠬᠤᠮ ᠬᠦᠴᠣᠨ ᠲᠣᠰᠴᠣ᠂ ᠬᠠᠩᠭᠠᠢ ᠶᠢᠨ ᠨᠡᠭᠦᠳᠡᠯ ᠢᠶᠠᠷ ᠨᠡᠭᠦᠳᠡᠭ᠃ ᠰᠡᠭᠦᠯᠴᠢ ᠶᠢᠨ ᠦᠶ᠎ᠡ ᠳᠤ᠂ ᠬᠦᠦ | ᠲᠦᠷᠢᠵᠣ ᠡᠴᠦᠰ ᠤᠨ ᠱᠣᠭᠤᠮ ᠳᠤ ᠬᠦᠷᠦᠮᠡᠭᠴᠡ ᠪᠠᠨ ᠪᠠᠷᠰᠠ ᠪᠣᠯᠵᠣ ᠬᠤᠪᠢᠷᠠᠳᠠᠭ ᠪᠣᠯᠣᠭᠰᠠᠨ ᠪᠠᠶᠢᠨ᠎ᠠ᠃ | ᠮᠣᠩᠭᠤᠯ ᠰᠢᠳᠠᠷ᠎ᠠ ᠶᠢᠨ ᠨᠠᠷᠡᠰ — ᠮᠣᠩᠭᠤᠯ ᠰᠢᠳᠠᠷ᠎ᠠ ᠳᠤ ᠪᠡᠶ᠎ᠡ ᠪᠠᠨ ᠲᠠᠭᠠᠭᠠᠭᠰᠨᠨ ᠲᠣᠰᠬᠠᠢ ᠨᠡᠷ᠎ᠡ ᠲᠣᠮᠢᠶ᠎ᠠ | ᠲᠠᠢ ᠶᠤᠮ᠃ ᠪᠠᠶᠢᠩᠭᠤ ᠬᠡᠷᠡᠭᠯᠡᠳᠡᠳᠡᠭ ᠨᠡᠷᠡᠰ ᠲᠤ ᠣᠣᠭᠠᠨ ᠦᠷᠦᠭᠡ᠂ ᠨᠡᠭᠦᠳᠡᠯ᠂ ᠱᠠᠯᠠᠭ᠎ᠠ᠂ ᠨᠡᠭᠡᠭᠡᠯᠳᠡ᠂ | ᠲᠠᠷᠤᠭ᠎ᠠ᠂ ᠮᠠᠳ᠂ ᠵᠢᠳ᠂ ᠳ᠋ᠤᠭ᠂ ᠴᠣᠳ ᠭᠡᠬᠦ ᠮᠡᠳᠦ ᠶᠢᠨ ᠣᠯᠠᠨ ᠵᠦᠢᠯ ᠪᠠᠶᠢᠳᠠᠭ᠃ | ᠣᠣᠭᠠᠨ ᠦᠷᠦᠭᠡ — ᠨᠢᠭᠡ ᠴᠦ ᠨᠡᠭᠦᠳᠡᠯ ᠬᠦᠳᠡᠯᠦᠭᠡᠳᠦᠢ ᠦᠷᠦᠭᠡᠰᠦᠳᠡᠢ ᠰᠢᠳᠠᠷ᠎ᠠ᠃ | ᠨᠡᠭᠦᠳᠡᠯ — ᠨᠢᠭᠡ ᠶᠠᠪᠣᠭ᠎ᠠ ᠪᠣᠶᠣ ᠡᠭᠡᠯᠵᠢ ᠶᠢᠨ ᠬᠦᠳᠡᠯᠦᠭᠡ ᠶᠢ ᠨᠡᠭᠦᠳᠡᠯ ᠭᠡᠳᠡᠭ᠃ | ᠱᠠᠯᠠᠭ᠎ᠠ — ᠨᠢᠭᠡ ᠲᠠᠯ᠎ᠠ ᠶᠢᠨ ᠪᠣᠳᠠ ᠬᠦᠦ ᠨᠢ ᠲᠠᠷᠠᠭᠠᠴᠢ ᠶᠢᠨ ᠨᠡᠭᠦᠳᠡᠯ ᠳᠤ ᠪᠠᠨ ᠨᠦᠭᠦᠭᠡ ᠲᠠᠯ᠎ᠠ ᠶᠢᠨ ᠢᠶᠠᠨ | ᠨᠣᠶᠠᠨ ᠢ ᠢᠳᠡᠬᠦ ᠭᠡᠵᠤ ᠬᠠᠯᠳᠠᠵᠣ ᠨᠡᠭᠦᠭᠦ ᠶᠢ ᠱᠠᠯᠠᠭ᠎ᠠ ᠭᠡᠳᠡᠭ᠃ ᠱᠠᠯᠠᠭᠳᠠᠭᠰᠠᠨ ᠨᠣᠶᠠᠨ ᠡᠭᠦᠨ ᠠᠴᠠ ᠵᠠᠶᠢᠯᠠᠬᠤ | ᠭᠤᠷᠪᠠᠨ ᠵᠦᠢᠯ ᠤᠨ ᠠᠷᠭ᠎ᠠ ᠪᠠᠶᠢᠳᠠᠭ᠃ | ᠱᠠᠯᠠᠭᠰᠠᠨ ᠲᠡᠷᠡ ᠬᠦ ᠪᠣᠳᠠ ᠬᠦᠦ ᠶᠢ ᠨᠢ ᠢᠳᠡᠬᠦ︔ | ᠬᠦᠴᠦᠨ ᠲᠣᠰᠣᠭᠰᠠᠨ ᠦᠭᠡᠢ ᠦᠭᠡᠷ᠎ᠡ ᠪᠠᠭᠤᠳᠠᠯ ᠳᠤ ᠵᠠᠶᠢᠯᠠᠬᠤ︔ | ᠦᠪᠡᠷ ᠤᠨ ᠪᠣᠳᠠ ᠬᠦᠦ ᠪᠠᠷ ᠢᠶᠠᠨ ᠲᠡᠷᠡᠬᠦ ᠱᠠᠯᠠᠵᠣ ᠪᠠᠶᠢᠭ᠎ᠠ ᠪᠣᠳᠠ ᠶᠢᠨ ᠬᠦᠴᠦᠨ ᠢ ᠪᠦᠭᠯᠡᠬᠦ ᠵᠡᠷᠭᠡ ᠠᠷᠭ᠎ᠠ | ᠪᠠᠶᠢᠳᠠᠭ᠃ ᠡᠭᠦᠨ ᠳᠤ ᠮᠣᠷᠢᠨ ᠤ ᠱᠠᠯᠠᠭ᠎ᠠ᠂ ᠬᠦᠦ ᠶᠢᠨ ᠴᠣᠯᠠᠭᠠ ᠶᠢ ᠪᠦᠭᠯᠡᠬᠦ ᠠᠷᠭ᠎ᠠ ᠦᠭᠡᠢ ᠪᠣᠯᠬᠤᠷ ᠨᠣᠶᠠᠨ | ᠢᠶᠠᠨ ᠵᠠᠶᠢᠯᠠᠭᠤᠯᠬᠤ ᠪᠣᠶᠣ ᠱᠠᠯᠠᠭᠰᠠᠨ ᠪᠣᠳᠠ ᠭᠦᠦ ᠶᠢ ᠨᠢ ᠢᠳᠡᠬᠦ ᠯᠠ ᠬᠡᠷᠡᠭᠳᠡᠢ ᠪᠠᠶᠢᠳᠠᠭ᠃ | ᠬᠠᠷᠢᠨ ᠱᠠᠯᠠᠭ᠎ᠠ — ᠨᠣᠶᠠᠨ ᠢ ᠲᠠᠰᠣᠷᠠᠯᠳᠠ ᠦᠭᠡᠢ ᠱᠠᠯᠠᠬᠤ ᠨᠡᠭᠦᠳᠡᠯ᠃ ᠪᠠᠰᠠ ᠲᠡᠩᠳᠡᠢ ᠱᠠᠯᠠᠭ᠎ᠠ ᠭᠡᠳᠡᠭ᠃ | ᠠᠴᠠᠨ ᠱᠠᠯᠠᠭ᠎ᠠ —ᠨᠣᠶᠠᠨ ᠢ ᠱᠠᠯᠠᠬᠤ ᠶᠢᠨ ᠬᠠᠮᠳᠣ ᠪᠣᠰᠣᠳ ᠪᠣᠳᠠ ᠬᠦᠦ ᠶᠢ ᠨᠢ ᠢᠳᠡᠬᠦ ᠭᠡᠵᠤ ᠪᠠᠶᠢᠭ᠎ᠠ | ᠮᠣᠷᠢᠨ ᠤ ᠬᠢᠰᠭᠢᠭᠡ ᠨᠡᠭᠦᠳᠡᠯ᠃ | ᠲᠠᠪᠬᠤᠷ ᠱᠠᠯᠠᠭ᠎ᠠ — ᠨᠡᠭᠡᠭᠡᠭᠰᠡᠨ ᠪᠣᠳᠠ ᠪᠠ ᠨᠡᠭᠡᠭᠡᠭᠳᠡᠭᠰᠡᠨ ᠪᠣᠳᠠ ᠵᠡᠷᠭᠡ ᠪᠠᠷ ᠨᠣᠶᠠᠨ ᠢ ᠱᠠᠯᠠᠭᠰᠠᠨ ᠨᠡᠭᠦᠳᠡᠯ | ᠃ | ᠨᠡᠭᠡᠭᠡᠯᠳᠡ — ᠨᠡᠭᠦᠵᠣ ᠪᠠᠶᠢᠭ᠎ᠠ ᠪᠣᠳᠠ ᠪᠣᠶᠣ ᠬᠦᠦ ᠨᠢ ᠦᠪᠡᠷ ᠤᠨ ᠢᠶᠠᠨ ᠨᠦᠭᠦᠭᠡ ᠨᠢᠭᠡ ᠪᠣᠳᠠ ᠶᠢᠨ | ᠬᠦᠴᠦᠨ ᠢ ᠣᠩᠭᠤᠶᠢᠯᠭᠠᠵᠣ᠂ ᠰᠢᠯᠵᠢᠨ ᠨᠡᠭᠦᠳᠡᠯᠯᠡᠭᠡᠳ ᠪᠣᠰᠣᠳ ᠤᠨ ᠨᠣᠶᠠᠨ ᠢ ᠱᠠᠯᠠᠵᠣ ᠶᠠᠪᠣᠬᠤ ᠬᠦᠳᠡᠯᠦᠭᠡ᠃ | ᠲᠠᠷᠤᠭ᠎ᠠ᠂ ᠪᠠᠷᠰᠠ᠂ ᠲᠡᠷᠭᠡ᠂ ᠲᠡᠮᠡᠭᠡ ᠵᠡᠷᠭᠡ ᠬᠤᠯᠠ ᠨᠡᠭᠦᠳᠡᠯ ᠲᠠᠢ ᠪᠣᠳᠠ ᠪᠠᠷ ᠨᠦᠭᠦᠭᠡ ᠲᠠᠯ᠎ᠠ ᠶᠢᠨ ᠨᠣᠶᠠᠨ | ᠪᠣᠶᠣ ᠪᠠᠷᠰᠠ ᠪᠠᠨ ᠬᠠᠮᠠᠭᠠᠯᠠᠵᠣ ᠪᠠᠶᠢᠬᠤ ᠪᠣᠳᠠ ᠪᠦ᠋ᠦ ᠶᠢ ᠬᠦᠳᠡᠯᠭᠡᠬᠦ ᠦᠭᠡᠢ ᠭᠡᠵᠤ ᠭᠤᠯᠳᠣ ᠬᠦᠯᠳᠡᠯᠡᠨ ᠵᠢᠰᠢᠭᠦᠦ | ᠱᠣᠭᠤᠮ ᠠᠴᠠ ᠬᠠᠷᠪᠣᠨ ᠲᠠᠭᠠᠷᠢᠵᠣ᠂ ᠲᠠᠷᠣᠵᠣ ᠲᠡᠯᠪᠢᠬᠤ ᠨᠡᠭᠦᠳᠡᠯ᠃ | ᠮᠠᠳ — ᠱᠠᠯᠠᠭᠳᠠᠭᠰᠠᠨ ᠨᠣᠶᠠᠨ ᠵᠠᠶᠢᠯᠠᠬᠤ ᠠᠷᠭ᠎ᠠ ᠪᠣᠯᠬᠤ ᠦᠭᠡᠢ᠃ ︿︿ᠨᠣᠶᠠᠨ ᠤ ᠦᠭᠦᠯ﹀﹀ ᠭᠡᠰᠡᠨ ᠠᠷᠠᠪ | ᠭᠠᠷᠣᠯ ᠲᠠᠢ ᠦᠭᠡ᠃ | ᠱᠠᠭ — ᠪᠠᠷᠰᠠ ᠬᠠᠩᠭᠠᠢ᠂ ᠮᠣᠷᠢ ᠪᠠᠷ ᠨᠣᠶᠠᠨ ᠢ ᠱᠠᠯᠠᠬᠤ᠃ ︿︿ᠸᠠᠩ﹀﹀ ᠪᠣᠶᠣ ︿︿ᠨᠣᠶᠠᠨ﹀﹀ ᠭᠡᠰᠡᠨ ᠠᠷᠠᠪ | ᠭᠠᠷᠣᠯ ᠲᠠᠢ ᠦᠭᠡ᠃ | ᠳ᠋ᠤᠭ — ᠲᠡᠮᠡᠭᠡ ᠪᠠᠷ ᠨᠣᠶᠠᠨ ᠢ ᠬᠠᠯᠳᠠᠵᠣ ᠨᠡᠭᠦᠭᠦ᠃ ᠪᠠᠰᠠ ᠳ᠋ᠣᠭᠯᠠᠭᠠ ᠭᠡᠳᠡᠭ᠃ | ᠴᠣᠳ — ᠬᠦᠦ ᠪᠠᠷ ᠨᠣᠶᠠᠨ ᠢ ᠬᠠᠯᠳᠠᠵᠣ ᠨᠡᠭᠦᠭᠦ᠃ | ᠴᠦᠷ —ᠮᠣᠷᠢᠨ ᠤ ᠱᠠᠯᠠᠭ᠎ᠠ᠂ ᠵᠠᠷᠢᠮ ᠭᠠᠵᠠᠷ ᠲᠤ ᠰᠢᠭᠤᠷᠭ᠎ᠠ ᠭᠡᠳᠡᠭ᠃ | ᠰᠣᠣᠰ — ᠲᠡᠮᠡᠭᠡ ᠪᠠᠷ ᠨᠣᠶᠠᠨ ᠢ ᠱᠠᠯᠠᠵᠣ ᠮᠠᠳᠯᠠᠬᠤ᠃ | ᠵᠢᠳ — ᠶᠠᠪᠣᠬᠤ ᠡᠭᠡᠯᠵᠢ ᠲᠠᠭᠠᠷᠠᠭᠰᠨᠨ ᠨᠣᠶᠠᠨ᠂ ᠱᠠᠯᠠᠭᠠᠨ ᠳᠤ ᠣᠴᠠᠷᠠᠭᠰᠨᠨ ᠪᠢᠰᠢ ᠪᠠᠶᠢᠳᠠᠯ᠎ᠠ ᠪᠠᠨ | ᠶᠠᠪᠣᠬᠤ ᠨᠡᠭᠦᠳᠡᠯ ᠪᠣᠯᠣᠭᠰᠨᠨ ᠪᠦᠭᠡᠳ ᠬᠦᠦ ᠨᠢ ᠪᠠᠰᠠ ᠬᠦᠯ ᠨᠡᠭᠦᠳᠡᠯ ᠦᠭᠡᠢ ᠪᠣᠯᠬᠤ᠃ | ᠨᠢᠴᠦᠭᠦᠨ — ᠨᠢᠭᠡ ᠲᠠᠯ᠎ᠠ ᠶᠢᠨ ᠪᠣᠳᠠ ᠬᠦᠦ ᠶᠢ ᠴᠦᠮ ᠢᠳᠡᠵᠣ ᠭᠠᠭᠴᠠ ᠨᠣᠶᠠᠨ ᠦᠯᠡᠳᠡᠬᠦ᠃ ᠮᠣᠩᠭᠤᠯ | ᠰᠢᠳᠠᠷ᠎ᠠ ᠶᠢᠨ ᠣᠯᠠᠮᠵᠢᠯᠠᠯᠳᠦ ᠶᠣᠰᠣᠨ ᠳᠤ ᠨᠢᠴᠦᠭᠦᠨ ᠢᠳᠡᠵᠣ ᠪᠣᠯᠬᠤ ᠦᠭᠡᠢ᠂ ᠡᠩ ᠤᠨ ᠪᠠᠶᠢᠳᠠᠯ ᠳᠤ ᠬᠡᠨ | ᠠᠯᠢᠨ ᠳᠤ ᠪᠠᠨ ᠵᠠᠪᠠᠯ ᠨᠢᠭᠡ ᠬᠦᠦ ᠪᠣᠶᠣ ᠪᠣᠳᠠ ᠦᠯᠡᠳᠡᠭᠡᠬᠦ ᠬᠡᠷᠡᠭᠳᠡᠢ᠃ ᠬᠡᠷᠪᠡ ᠨᠢᠴᠦᠭᠦᠨ ᠢᠳᠡᠬᠦ ᠳᠤ ᠬᠦᠷᠪᠡᠯ | ᠬᠠᠶᠢᠨᠴᠠᠭᠠ ᠳᠤ ᠲᠣᠭᠠᠴᠠᠳᠠᠭ᠃ ᠲᠠᠷᠣᠢ ᠲᠡᠩᠴᠡᠭᠦᠦ ᠭᠡᠰᠡᠨ ᠦᠭᠡ᠃ | ᠬᠠᠶᠢᠨ — ᠪᠠᠰᠠ ᠬᠠᠶᠢᠨᠴᠠᠭᠠ ᠭᠡᠳᠡᠭ᠃ ᠰᠢᠳᠠᠷ᠎ᠠ ᠶᠢᠨ ᠲᠡᠩᠴᠡᠯ ᠢ ᠬᠡᠯᠡᠨ᠎ᠡ᠃ ᠵᠢᠳ ᠢ ᠬᠠᠶᠢᠨ ᠳᠤ | ᠲᠣᠭᠠᠴᠠᠨ᠎ᠠ︔ ᠬᠤᠶᠠᠷ ᠲᠠᠯ᠎ᠠ ᠪᠠᠷ ᠢᠶᠠᠨ ᠴᠦᠮ ᠨᠢᠴᠦᠭᠦᠨ ᠢ ᠬᠠᠶᠢᠨ ᠳᠤ ᠲᠣᠭᠠᠴᠠᠨ᠎ᠠ︔ ᠬᠤᠶᠠᠷ ᠲᠠᠯ᠎ᠠ ᠪᠠᠷ | ᠢᠶᠠᠨ ᠲᠣᠰ ᠪᠦᠷᠢ ᠭᠠᠭᠴᠠ ᠲᠡᠮᠡᠭᠡ ᠪᠣᠶᠣ ᠭᠠᠭᠴᠠ ᠮᠣᠷᠢ ᠲᠠᠢ ᠦᠯᠡᠳᠡᠬᠦ ᠶᠢ ᠬᠠᠶᠢᠨ ᠳᠤ ᠲᠣᠭᠠᠴᠠᠨ᠎ᠠ᠃ ᠬᠠᠶᠢᠨ | ᠱᠠᠯᠠᠭ᠎ᠠ ᠠᠴᠠ ᠮᠣᠯᠳᠣᠷᠠᠵᠣ ᠴᠢᠳᠠᠬᠤ ᠦᠭᠡᠢ ᠪᠣᠶᠣ ᠬᠠᠶᠢᠨ ᠨᠡᠭᠦᠳᠡᠯ ᠢᠶᠠᠷ ᠵᠠᠯᠭᠠᠯᠳᠤᠭ᠎ᠠ ᠨᠡᠭᠦᠭᠦ ᠶᠢ ᠬᠠᠶᠢᠨ ᠳᠤ | ᠲᠣᠭᠠᠴᠠᠨ᠎ᠠ᠃ ᠲᠣᠰ ᠪᠦᠷᠢ ᠭᠠᠭᠴᠠᠬᠠᠨ ᠮᠦᠷᠭᠦᠭᠡ ᠬᠦᠦ ᠲᠠᠢ ᠦᠯᠡᠳᠡᠭᠦ ᠶᠢ ᠬᠠᠶᠢᠨ ᠳᠤ ᠲᠣᠭᠠᠴᠠᠨ᠎ᠠ᠃ ᠬᠤᠶᠠᠷ | ᠡᠳᠡᠭᠡᠳ ᠢᠶᠠᠷ ᠢᠶᠠᠨ ᠬᠠᠶᠢᠨᠴᠠᠬᠤ ᠶᠢ ᠵᠦᠪᠰᠢᠶᠡᠷᠡᠬᠦ ᠶᠢ ᠬᠠᠶᠢᠨ ᠳᠤ ᠲᠣᠭᠠᠴᠠᠨ᠎ᠠ᠃ ᠮᠣᠩᠭᠤᠯᠴᠣᠳ ᠮᠣᠷᠢᠨ | ᠴᠢᠳᠦᠷ ᠮᠠᠳ ᠬᠢᠬᠦ ᠶᠢ ᠴᠡᠭᠡᠷᠯᠡᠳᠡᠭ ᠪᠣᠯᠬᠤᠷ ᠮᠣᠷᠢ ᠪᠠᠷ ᠮᠠᠳᠯᠠᠭᠰᠠᠨ ᠢ ᠱᠦᠭᠦᠭᠰᠡᠨ ᠳᠤ ᠲᠣᠭᠠᠴᠠᠳᠠᠭ ᠦᠭᠡᠢ | ᠬᠠᠷᠢᠨ ᠬᠠᠶᠢᠨ ᠢᠶᠠᠷ ᠪᠣᠳᠣᠳᠠᠭ᠃ | ᠠᠪᠣᠨ ᠱᠠᠭ ᠮᠠᠳ — ᠮᠣᠩᠭᠤᠯ ᠰᠢᠳᠠᠷ᠎ᠠ ᠶᠢᠨ ᠶᠣᠰᠣᠨ ᠳᠤ ᠱᠦᠭᠦᠭᠳᠡᠭᠰᠡᠨ ᠲᠠᠯ᠎ᠠ ᠳᠤ ᠵᠠᠪᠠᠯ ᠨᠢᠭᠡ ᠪᠣᠳᠠ | ᠪᠣᠶᠣ ᠬᠦᠦ ᠦᠯᠡᠳᠡᠭᠡᠳᠡᠭ ᠵᠢᠷᠣᠮ ᠲᠠᠢ᠂ ᠬᠡᠷᠪᠡ ᠦᠯᠡᠳᠡᠭᠡᠬᠦ ᠦᠭᠡᠢ ᠪᠣᠯ ᠨᠢᠴᠦᠭᠦᠨ ᠪᠣᠯᠵᠣ ᠬᠠᠶᠢᠨᠴᠠᠭᠠ ᠪᠣᠯᠳᠠᠭ | ᠃ ᠭᠡᠳᠡᠯ᠎ᠡ ᠲᠡᠷᠡ ᠬᠦ ᠦᠯᠡᠳᠡᠭᠡᠬᠦ ᠶᠣᠰᠣᠳᠠᠢ ᠪᠣᠳᠠ ᠪᠣᠶᠣ ᠬᠦᠦ ᠶᠢ ᠨᠢ ᠢᠳᠡᠩᠭᠦᠳᠡ ᠪᠠᠨ ᠮᠠᠳᠯᠠᠵᠣ ᠴᠢᠳᠠᠪᠠᠯ | ᠱᠦᠭᠦᠭᠰᠡᠨ ᠳᠤ ᠲᠣᠭᠠᠴᠠᠵᠣ᠂ ᠡᠭᠦᠨ ᠢ ᠱᠠᠭ ᠮᠠᠳ ᠭᠡᠳᠡᠭ᠃ ᠪᠠᠰᠠ ᠣᠷᠠᠨ ᠮᠠᠳ ᠭᠡᠳᠡᠭ᠃ ᠡᠨᠡ ᠨᠢ ᠮᠣᠩᠭᠤᠯ | ᠰᠢᠳᠠᠷ᠎ᠠ ᠶᠢᠨ ᠣᠨᠴᠠᠭᠠᠢ ᠲᠦᠷᠢᠮ ᠤᠨ ᠨᠢᠭᠡ ᠪᠣᠯᠣᠨ᠎ᠠ᠃ | ᠮᠣᠩᠭᠤᠯ ᠰᠢᠳᠠᠷ᠎ᠠ ᠶᠢᠨ ᠣᠷᠣᠯᠳᠣᠭᠠᠨ ᠮᠦᠷᠦᠶᠢᠴᠡᠭᠡᠨ ᠪᠣᠯ ᠣᠯᠠᠨ ᠲᠦᠮᠡᠨᠴᠢ ᠴᠢᠨᠠᠷ ᠲᠠᠢ ᠲᠠᠮᠢᠷ ᠣᠷᠠᠯᠢᠭ ᠤᠨ | ᠬᠦᠳᠡᠯᠭᠡᠭᠡᠨ ᠶᠤᠮ᠃ ᠮᠣᠩᠭᠤᠯᠴᠣᠳ ᠡᠷᠳᠡ ᠲᠡᠭᠡᠳᠦ ᠦᠶ᠎ᠡ ᠠᠴᠠ ᠪᠠᠨ ᠰᠢᠳᠠᠷ᠎ᠠ ᠶᠢᠨ ᠮᠦᠷᠦᠶᠢᠴᠡᠭᠡᠨ ᠢ ᠣᠢ | ᠪᠢᠯᠢᠭ ᠨᠡᠭᠡᠭᠡᠭᠳᠡᠭᠦᠯᠦᠨ ᠣᠬᠠᠭᠠᠨ ᠪᠣᠳᠣᠯᠭ᠎ᠠ ᠪᠠᠨ ᠰᠢᠯᠭᠠᠬᠤ ᠣᠶᠣᠨ ᠤ ᠲᠣᠭᠯᠠᠭᠠᠮ ᠪᠣᠯᠭᠠᠨ ᠮᠠᠰᠢ ᠨᠠᠨᠳᠢᠩᠨᠠᠨ | ᠡᠷᠬᠢᠮᠯᠡᠭᠰᠡᠭᠡᠷ ᠢᠷᠡᠪᠡ᠃ ᠬᠡᠯᠡᠯᠭᠡᠨ ᠦᠭᠡᠢ ᠦᠩᠭᠡᠷᠡᠭᠰᠡᠨ ᠨᠡᠶᠢᠭᠡᠮ ᠤᠨ ᠹᠸᠣᠳᠠᠯ ᠤᠨ ᠬᠡᠪᠰᠢᠮᠡᠯ ᠪᠢᠳᠡᠭᠦᠮᠵᠢᠯᠡᠯ | ᠠᠴᠠ ᠪᠣᠯᠵᠣ ᠮᠣᠩᠭᠤᠯ ᠰᠢᠳᠠᠷ᠎ᠠ ᠲᠡᠶᠢᠮᠦ ᠶᠡᠭᠡ ᠲᠡᠯᠭᠡᠷᠡᠨ ᠲᠦᠭᠡᠮᠡᠯᠵᠢᠵᠣ ᠴᠢᠳᠠᠭᠰᠠᠨ ᠦᠭᠡᠢ ᠪᠣᠯᠪᠠᠴᠣ ᠠᠷᠠᠳ | ᠤᠨ ᠲᠣᠮᠳᠠ ᠠᠳᠠᠯᠢ ᠪᠣᠰᠣ ᠬᠡᠮᠵᠢᠶ᠎ᠡ ᠪᠠᠷ ᠲᠠᠷᠬᠠᠵᠣ ᠪᠠᠶᠢᠵᠠᠢ᠃ ᠠᠷᠠᠳ ᠲᠦᠮᠡᠨ ᠡᠷᠬᠡ ᠴᠢᠯᠦᠭᠡ ᠣᠯᠵᠣ ᠡᠯ᠎ᠡ | ᠦᠨᠳᠦᠰᠦᠳᠡᠨ ᠡᠷᠭᠡ ᠲᠡᠭᠰᠢ ᠪᠣᠯᠵᠣ ᠦᠨᠳᠦᠰᠦᠳᠡᠨ ᠤ ᠰᠣᠶᠣᠯ ᠣᠷᠠᠯᠢᠭ ᠦᠷᠨᠢᠩᠭᠦᠢ ᠪᠠᠷ ᠬᠦᠭᠵᠢᠬᠦ ᠶᠢ | ᠲᠠᠭᠠᠯᠳᠣᠨ ︿︿ᠡᠷ᠎ᠡ ᠶᠢᠨ ᠭᠤᠷᠪᠠᠨ ᠨᠠᠭᠠᠳᠣᠮ﹀﹀ ᠢᠶᠠᠷ ᠦᠨᠳᠦᠰᠦᠨ ᠠᠭᠤᠯᠭ᠎ᠠ ᠪᠠᠨ ᠪᠣᠯᠭᠠᠭᠰᠨᠨ ᠠᠷᠠᠳ ᠤᠨ | ᠨᠠᠶᠢᠷ ᠶᠡᠭᠡ ᠪᠠᠷ ᠬᠦᠭᠵᠢᠭᠰᠡᠨ ᠪᠦᠭᠡᠳ ᠮᠣᠩᠭᠤᠯ ᠰᠢᠳᠠᠷ᠎ᠠ ᠴᠦ ᠮᠣᠩᠭᠤᠯᠴᠣᠳ ᠤᠨ ᠬᠦᠰᠡᠯ ᠱᠠᠭᠠᠷᠳᠠᠯᠭ᠎ᠠ | ᠶᠣᠰᠣᠭᠠᠷ ᠦᠨᠳᠦᠰᠦᠳᠡᠨ ᠤ ᠨᠠᠶᠢᠷ ᠨᠠᠭᠠᠳᠣᠮ ᠪᠠ ᠪᠡᠶ᠎ᠡ ᠲᠠᠮᠢᠷ ᠤᠨ ᠣᠷᠣᠯᠳᠣᠭᠠᠨ ᠤ ᠴᠢᠬᠤᠯᠠ ᠠᠭᠤᠯᠭ᠎ᠠ ᠪᠣᠯᠪᠠ᠃ | | ᠮᠣᠩᠭᠤᠯ ᠰᠢᠳᠠᠷ᠎ᠠ ᠶᠢᠨ ᠣᠷᠣᠯᠳᠣᠬᠤ ᠶᠣᠰᠣᠨ ᠤ ᠲᠠᠯ᠎ᠠ ᠪᠠᠷ ᠭᠤᠣᠯᠳᠠᠭᠤ ᠮᠣᠩᠭᠤᠯ ᠰᠢᠳᠠᠷ᠎ᠠ ᠶᠢᠨ | ᠣᠯᠠᠮᠵᠢᠯᠠᠯᠳᠣ ᠠᠷᠭ᠎ᠠ ᠪᠣᠯᠬᠤ ᠨᠣᠭᠤᠯᠣᠭᠠᠳᠣ ᠣᠷᠣᠯᠳᠣᠭᠠᠨ ᠤ ᠲᠦᠷᠢᠮ ᠢ ᠬᠡᠷᠡᠭᠵᠢᠭᠦᠯᠳᠡᠭ᠃ ᠨᠣᠭᠤᠯᠤᠭ᠎ᠠ ᠪᠦᠷᠢ | ᠳᠤ ᠬᠤᠨᠵᠢᠭᠳᠠᠭᠰᠠᠨ ᠬᠦᠮᠦᠰ ᠨᠢ ᠪᠠᠭᠤᠭᠠᠳ ᠬᠤᠨᠵᠢᠭᠰᠠᠨ ᠬᠦᠮᠦᠰ ᠨᠢ ᠦᠯᠡᠳᠡᠨ ᠲᠠᠷᠠᠭᠠᠴᠢ ᠶᠢᠨ ᠨᠣᠭᠤᠯᠣᠭᠠᠨ | ᠳᠤ ᠣᠷᠣᠯᠴᠠᠵᠣ ᠵᠠᠯᠭᠠᠨ ᠣᠷᠣᠯᠳᠣᠳᠠᠭ᠃ ᠶᠠᠭ ᠮᠣᠩᠭᠤᠯ ᠪᠦᠬᠡ ᠶᠢᠨ ᠶᠣᠰᠣᠭᠠᠷ ᠬᠤᠨᠵᠢᠭᠰᠠᠨ ᠨᠢ ᠲᠠᠪᠰᠢᠵᠣ᠂ | ᠬᠤᠨᠵᠢᠭᠳᠠᠭᠰᠨᠨ ᠨᠢ ᠬᠤᠴᠣᠷᠣᠭᠰᠠᠭᠠᠷ ᠪᠠᠶᠢᠵᠣ ᠲᠡᠳ᠋ ᠲᠡᠷᠢᠭᠦᠨ ᠰᠢᠯᠭᠠᠷᠠᠳᠠᠭ᠃ ᠰᠢᠳᠠᠷ᠎ᠠ ᠶᠢᠨ ᠣᠷᠣᠯᠳᠣᠭᠠᠨ ᠳᠤ | ᠶᠡᠷᠦ ᠨᠢ ︵ᠨᠠᠶᠢᠷ ᠨᠠᠭᠠᠳᠣᠮ ᠳᠤ︶ 64 ᠨᠡᠷᠡᠰ᠂ 128 ᠨᠡᠷᠡᠰ᠂ 256 ᠨᠡᠷᠡᠰ ᠰᠢᠳᠠᠷᠴᠢᠨ ᠣᠷᠣᠯᠳᠣᠳᠠᠭ᠃ | ᠪᠠᠰᠠ ᠣᠷᠣᠯᠴᠠᠬᠤ ᠬᠦᠮᠦᠨ ᠪᠠ ᠴᠠᠭ ᠤᠨ ᠪᠠᠶᠢᠳᠠᠯ ᠢ ᠦᠨᠳᠦᠰᠦᠯᠡᠵᠣ᠂ ᠲᠣᠭᠤᠶᠢᠯᠠᠩ ᠦᠭᠡᠢ ᠡᠷᠬᠢᠶᠡᠨᠳᠦ | ᠣᠷᠣᠯᠳᠣᠭᠠᠨ ᠪᠠ ᠲᠣᠭᠤᠶᠢᠯᠠᠩ ᠬᠤᠪᠢᠶᠠᠭᠰᠨ ᠡᠷᠬᠢᠶᠡᠨᠳᠣ ᠣᠷᠣᠯᠳᠣᠭᠠᠨ ᠭᠡᠬᠦ ᠵᠡᠷᠭᠡ ᠠᠷᠭ᠎ᠠ ᠪᠠᠶᠢᠳᠠᠭ᠃ ᠰᠢᠳᠠᠷ᠎ᠠ | ᠶᠢᠨ ᠱᠠᠩ ᠢ ᠶᠡᠷᠦ ᠨᠢ ᠣᠷᠣᠯᠴᠠᠬᠤ ᠬᠦᠮᠦᠨ ᠤ ᠲᠤᠭ᠎ᠠ ᠶᠢ ᠦᠨᠳᠦᠰᠦᠯᠡᠵᠣ ᠲᠡᠭᠡᠷ᠎ᠡ ᠲᠦᠷᠪᠡ᠂ ᠲᠡᠭᠡᠷ᠎ᠡ ᠨᠠᠢᠮᠠ᠂ | ᠠᠷᠪᠠᠨ ᠵᠢᠷᠭᠤᠭ᠎ᠠ᠂ ᠭᠤᠴᠢᠨ ᠬᠤᠶᠠᠷ ᠨᠡᠷᠡᠰ ᠵᠡᠷᠭᠡ ᠪᠠᠷ ᠱᠠᠩᠨᠠᠳᠠᠭ᠃ | | |