ᠢᠵᠠᠭᠤᠷ ᠡᠷᠳᠡᠨ ᠠᠴᠠ ᠪᠠᠨ ᠡᠳ᠋ᠯᠡᠵᠦ ᠬᠡᠷᠡᠭᠯᠡᠭᠰᠡᠬᠡᠷ ᠦᠨᠦ ᠬᠦᠷᠴᠤ ᠢᠷᠡᠭᠰᠡᠨ ᠬᠦᠷᠦᠮᠡᠯ ᠤᠶᠠᠮᠠᠯ ᠪᠤᠯ | ᠨᠡᠶᠢᠳᠡ ᠮᠤᠩᠭᠤᠯᠴᠤᠳ ᠤᠨ ᠡᠪᠦᠭᠡ ᠳᠡᠭᠡᠳᠤᠰ ᠤᠨ ᠮᠢᠨᠢ ᠦᠪᠡᠷ ᠤᠨ ᠤᠶᠤᠨ ᠤᠬᠠᠭᠠᠨ ᠪᠠ ᠤᠷ᠎ᠠ ᠮᠡᠷᠭᠡᠵᠢᠯ | ᠢᠶᠠᠷ ᠪᠦᠳᠦᠬᠡᠵᠦ ᠦᠯᠡᠳᠡᠭᠡᠭᠰᠡᠨ ᠤᠯᠠᠮᠵᠢᠯᠠᠯᠳᠤ ᠭᠠᠷ ᠤᠷᠠᠯᠠᠯ ᠤᠨ ᠪᠦᠳᠦᠬᠡᠯ ᠪᠤᠯᠬᠤ ᠪᠠᠷ ᠪᠠᠷᠠᠬᠤ ᠦᠭᠡᠢ᠂ ᠮᠠᠨ | ᠤ ᠦᠨᠳᠦᠰᠦᠳᠡᠨ ᠤ ᠡᠷᠬᠢᠮ ᠨᠠᠨᠳᠢᠨ ᠦᠪ ᠰᠤᠶᠤᠯ ᠪᠤᠯᠬᠤ ᠨᠢ ᠭᠠᠷᠴᠠᠭ᠎ᠠ ᠦᠭᠡᠢ ᠶᠤᠮ᠃ | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠮᠠᠯᠵᠢᠯ ᠦᠢᠯᠡᠳᠪᠤᠷᠢᠯᠡᠯ ᠤᠨ ᠡᠳᠤᠷ | ᠳᠤᠳᠤᠮ ᠤᠨ ᠬᠡᠷᠡᠭᠴᠡᠭᠡ ᠪᠠ ᠬᠡᠷᠡᠭᠯᠡᠬᠡᠨ ᠠᠴᠠ ᠪᠠᠨ ᠪᠤᠯᠵᠤ᠂ ᠪᠤᠳᠠ ᠪᠤᠷᠭᠠᠰᠤ ᠪᠠ ᠮᠤᠳᠤᠨ ᠤ ᠰᠠᠯᠠᠭ᠎ᠠ ᠨᠠᠮᠠᠭ᠎ᠠ᠂ | ᠦᠨᠳᠦᠰᠦ ᠡᠪᠡᠰᠤ ᠪᠠᠷ ᠳᠤᠩ ᠪᠦᠭᠡ ᠳᠡᠰᠪᠤᠷᠢᠳᠠᠢ᠂ ᠮᠠᠰᠢ ᠭᠤᠶᠤ ᠦᠵᠡᠮᠵᠢ ᠲᠠᠢ ᠤᠯᠠᠨ ᠲᠦᠷᠦᠯ ᠵᠤᠶᠢᠯ ᠤᠨ | ᠬᠦᠷᠦᠮᠡᠯ ᠤᠶᠠᠮᠠᠯ ᠡᠳ᠋ᠯᠡᠯ ᠬᠡᠷᠡᠭᠰᠡᠯ ᠢ ᠤᠷᠠᠯᠠᠨ ᠪᠦᠳᠦᠬᠡᠵᠦ ᠡᠳ᠋ᠯᠡᠨ ᠬᠡᠷᠡᠭᠯᠡᠬᠦ ᠪᠤᠯᠪᠠ᠃ | ᠰᠠᠭᠰᠤ ᠰᠠᠪᠠ | ᠬᠦᠬᠡ ᠪᠤᠷᠭᠠᠰᠤ ︵ᠪᠤᠷᠤ ᠪᠤᠷᠭᠠᠰᠤ︶᠂ ᠤᠯᠠᠭᠠᠨ ᠪᠤᠷᠭᠠᠰᠤ᠂ ᠰᠢᠷ᠎ᠠ ᠪᠤᠷᠭᠠᠰᠤ᠂ ᠢᠮᠠᠭᠠᠨ ᠡᠪᠡᠷ᠂ | ᠬᠤᠨᠭ᠍ᠭᠤᠷᠴᠤᠭᠳᠤ ᠮᠤᠳᠤ᠂ ᠢᠯᠠᠮ᠎ᠠ᠂ ᠬᠠᠶᠢᠯᠠᠰᠤ᠂ ᠤᠳᠠ ᠮᠤᠳᠤᠨ ᠤ ᠨᠠᠷᠢᠨ ᠰᠠᠯᠠᠭ᠎ᠠ ᠵᠡᠷᠭᠡ ᠪᠠᠷ ᠬᠦᠷᠦᠭᠰᠡᠨ | ᠰᠠᠭᠰᠤᠨ ᠳᠤ ᠤᠯᠠᠨ ᠲᠦᠷᠦᠯ ᠵᠤᠶᠢᠯ ᠪᠠᠶᠢᠳᠠᠭ᠃ ᠵᠢᠱᠢᠶᠡᠯᠡᠪᠡᠯ᠄ ᠠᠷᠭᠠᠯ ᠤᠨ ᠰᠠᠭᠰᠤ ︵ᠪᠠᠭᠠᠰᠤᠨ ᠰᠠᠭᠰᠤ︶᠂ | ᠠᠷᠤᠭ ᠤᠨ ᠰᠠᠭᠰᠤ᠂ ᠲᠦᠡᠭᠰᠡᠨ ᠰᠠᠭᠰᠤ᠂ ᠡᠭᠡᠵᠢᠭ ᠤᠨ ᠰᠠᠭᠰᠤ᠂ ᠦᠨᠳᠡᠭᠡᠨ ᠰᠠᠭᠰᠤ ᠁ ᠵᠡᠷᠭᠡ ᠪᠠᠷ | ᠬᠤᠪᠢᠶᠠᠨ ᠨᠡᠷᠡᠯᠡᠵᠦ᠂ ᠠᠳᠠᠯᠢ ᠪᠤᠰᠤ ᠪᠠᠷ ᠤᠷᠠᠯᠠᠨ ᠬᠦᠷᠦᠵᠦ ᠭᠡᠷᠡᠭᠯᠡᠳᠡᠭ᠃ | | ᠠᠷᠭᠠᠯ ᠤᠨ ᠰᠠᠭᠰᠤ | ᠠᠷᠭᠠᠯ ᠳᠡᠬᠦᠵᠦ᠂ ᠠᠷᠭᠠᠯ ᠵᠦᠭᠡᠭᠡᠪᠤᠷᠢᠯᠡᠳᠡᠭ ᠰᠠᠭᠰᠤ ᠶᠢ ᠠᠷᠭᠠᠯ ᠤᠨ ᠰᠠᠭᠰᠤ ᠭᠡᠳᠡᠭ᠃ ᠮᠦᠨᠴᠤ ᠬᠦᠯᠳᠡᠬᠦᠦ | ᠨᠤᠶᠢᠳᠠᠨ ᠮᠠᠯ ᠤᠨ ᠪᠠᠭᠠᠰᠤ ᠶᠢ ᠵᠦᠬᠡᠬᠡᠪᠤᠷᠢᠯᠡᠨ ᠰᠢᠯᠵᠢᠬᠦᠯᠳᠡᠭ ᠰᠠᠭᠰᠤ ᠶᠢ ᠠᠷᠭᠠᠯ ᠤᠨ ᠰᠠᠭᠰᠤ ᠭᠡᠳᠡᠭ ᠶᠤᠮ᠃ | ᠮᠠᠨ ᠤ ᠮᠤᠩᠭᠤᠯᠴᠤᠳ ᠦᠬᠡᠷ ᠤᠨ ᠪᠠᠭᠠᠰᠤ ᠪᠠᠨ ᠠᠷᠭᠠᠯ ᠭᠡᠵᠤ ᠬᠦᠨᠳᠦᠳᠬᠡᠨ ᠨᠡᠷᠡᠯᠡᠨ᠂ ᠶᠠᠭ ᠬᠠᠳᠠᠭᠰᠠᠨ ᠢ | ᠨᠢ ᠬᠠᠭᠤᠷᠠᠢ ᠠᠷᠭᠠᠯ᠂ ᠪᠠᠭ᠋ᠠᠨ ᠨᠤᠶᠢᠳᠠᠨ ᠢ ᠨᠢ ᠴᠢᠬᠢᠭᠳᠡᠢ ᠠᠷᠭᠠᠯ ᠭᠡᠵᠤ᠂ ᠰᠢᠨ᠎ᠠ ᠪᠠᠭᠠᠭᠰᠠᠨ ᠨᠤᠶᠢᠳᠠᠨ ᠠᠷᠭᠠᠯ | ᠪᠤᠶᠤ ᠬᠦᠯᠳᠡᠭᠰᠡᠨ ᠠᠷᠭᠠᠯ ᠢ ᠦᠬᠡᠷ ᠤᠨ ᠪᠠᠭᠠᠰᠤ ᠪᠤᠶᠤ ᠦᠬᠡᠷ ᠤᠨ ᠬᠦᠯᠳᠡᠬᠦᠰᠦ ᠭᠡᠵᠤ ᠭᠡᠯᠡᠳᠡᠭ᠃ ᠳᠡᠶᠢᠮᠤᠷᠬᠦ | ᠬᠠᠭᠤᠷᠠᠢ ᠠᠷᠭᠠᠯ ᠳᠤ ᠵᠠᠷᠤᠵᠤ ᠬᠡᠷᠡᠭᠯᠡᠬᠦ ᠰᠠᠭᠰᠤ ᠶᠢ ᠠᠷᠭᠠᠯ ᠤᠨ ᠰᠠᠭᠰᠤ ᠭᠡᠵᠤ᠂ ᠨᠤᠶᠢᠳᠠᠨ ᠬᠦᠯᠳᠡᠬᠦᠦ ᠠᠷᠭᠠᠯ | ᠳᠤ ᠵᠠᠷᠤᠵᠤ ᠬᠡᠷᠡᠭᠯᠡᠬᠦ ᠰᠠᠭᠰᠤ ᠶᠢ ᠪᠠᠭᠠᠰᠤᠨ ᠰᠠᠭᠰᠤ ᠭᠡᠳᠡᠭ᠃ ᠦᠨᠡᠨᠳᠡᠭᠡᠨ ᠨᠢᠬᠡ ᠯᠠ ᠠᠮᠢᠳᠠᠨ ᠤ ᠪᠠᠭᠠᠰᠤ | ᠪᠤᠯᠪᠠᠴᠤ ᠬᠦᠮᠦᠰ ᠲᠤ ᠳᠠᠨᠢᠭᠳᠠᠬᠤ ᠨᠢ ᠬᠤᠶᠠᠷ ᠠᠰᠳᠠᠭᠠᠨ ᠪᠤᠳᠠᠰ ᠪᠤᠯᠵᠤ᠂ ᠬᠡᠷᠡᠭᠯᠡᠬᠡᠨ ᠢᠶᠠᠨ ᠴᠦ ᠬᠤᠪᠢᠶᠠᠷᠢᠯᠠᠵᠤ | ᠵᠠᠷᠤᠬᠤ ᠪᠤᠯᠤᠭᠰᠠᠨ ᠪᠠᠶᠢᠨ᠎ᠠ᠃ | ᠠᠷᠭᠠᠯ ᠤᠨ ᠰᠠᠭᠰᠤᠨ ᠤ ᠵᠠᠷᠤᠳᠠᠯ ᠬᠡᠷᠡᠭᠴᠡᠭᠡ ᠦᠷᠬᠡᠨ ᠳᠡᠯᠬᠡᠷ ᠠᠴᠠ ᠬᠦᠮᠦᠰ ᠠᠷᠭᠠᠯ ᠤᠨ ᠰᠠᠭᠰᠤ ᠭᠡᠵᠤ | ᠳᠠᠭᠤᠳᠠᠵᠤ ᠬᠡᠯᠡᠵᠦ ᠪᠠᠶᠢᠭᠰᠠᠨ ᠢᠶᠠᠨ ᠲᠦᠬᠦᠮᠴᠢᠯᠡᠬᠡᠳ ᠵᠦᠪᠬᠡᠨ ᠰᠠᠭᠰᠤ ᠭᠡᠵᠤ ᠳᠠᠭᠤᠳᠠᠵᠤ ᠬᠡᠯᠡᠬᠦ ᠪᠤᠯᠵᠤ᠂ | ᠰᠠᠭᠰᠤ ᠭᠡᠭᠰᠡᠬᠡᠷ ᠠᠷᠭᠠᠯ ᠤᠨ ᠰᠠᠭᠰᠤ ᠶᠢ ᠬᠡᠯᠡᠵᠦ ᠪᠠᠶᠢᠭ᠎ᠠ ᠶᠢ ᠨᠡᠶᠢᠳᠡᠮ ᠳᠤ ᠪᠠᠨ ᠤᠶᠢᠯᠠᠭᠠᠬᠤ ᠪᠤᠯᠤᠭᠰᠠᠨ ᠶᠤᠮ᠃ | | ᠠᠷᠭᠠᠯ ᠤᠨ ᠰᠠᠭᠰᠤ ᠶᠢ ᠬᠦᠷᠦᠬᠦ ᠳᠤ ᠮᠥᠨ ᠨᠠᠷᠢᠨ ᠨᠢᠬᠳᠠ ᠠᠯᠬᠤᠮ ᠳᠠᠷᠠᠭ᠎ᠠ ᠶᠢ ᠦᠡᠭᠭᠡᠷᠡᠬᠡᠳᠡᠭ᠃ ᠰᠠᠭᠰᠤᠨ | ᠪᠤᠷᠭᠠᠰᠤ ᠰᠤᠩᠭᠤᠬᠤ᠂ ᠰᠠᠭᠰᠤᠨ ᠢᠷᠤᠭᠠᠷ ᠭᠠᠷᠭᠠᠬᠤ᠂ ᠰᠠᠭᠰᠤᠨ ᠨᠤᠭᠤᠰᠤ ᠰᠠᠯᠭᠠᠬᠤ᠂ ᠰᠠᠭᠰᠤᠨ ᠬᠠᠨ᠎ᠠ | ᠪᠤᠰᠬᠠᠬᠤ᠂ ᠰᠠᠭᠰᠤᠨ ᠰᠠᠨᠵᠢ ᠳᠠᠭᠠᠷᠠᠭᠤᠯᠬᠤ᠂ ᠰᠠᠭᠰᠤᠨ ᠤ ᠴᠡᠭᠡᠯ ᠭᠠᠷᠭᠠᠬᠤ᠂ ᠰᠠᠭᠰᠤᠨ ᠤ ᠢᠷᠮᠡᠭ ᠳᠠᠷᠤᠬᠤ | ᠵᠡᠷᠭᠡ ᠠᠯᠬᠤᠮ ᠳᠠᠷᠠᠭ᠎ᠠ ᠪᠠᠷ ᠨᠢᠬᠡ ᠠᠷᠭᠠᠯ ᠤᠨ ᠰᠠᠭᠰᠤ ᠶᠢ ᠬᠦᠷᠦᠵᠦ ᠳᠠᠭᠤᠰᠬᠠᠳᠠᠭ᠃ | ᠠᠷᠭᠠᠯ ᠤᠨ ᠰᠠᠭᠰᠤ ᠶᠢ ᠰᠠᠪᠬᠠᠨ ᠦᠵᠦᠬᠦᠷ ᠠᠴᠠ ᠨᠠᠷᠢᠨ ᠵᠤᠯᠵᠠᠭ᠎ᠠ ᠬᠦᠬᠡ ᠪᠤᠷᠭᠠᠰᠤ᠂ ᠵᠤᠯᠵᠠᠭ᠎ᠠ ᠰᠢᠷ᠎ᠠ | ᠪᠤᠷᠭᠠᠰᠤ᠂ ᠢᠮᠠᠭᠠᠨ ᠡᠪᠡᠷ᠂ ᠢᠯᠠᠮ᠎ᠠ ᠶᠢᠨ ᠮᠤᠳᠤᠨ ᠤ ᠰᠠᠯᠠᠭ᠎ᠠ᠂ ᠬᠠᠶᠢᠯᠠᠰᠤᠨ ᠪᠤᠳᠠᠨ ᠤ ᠰᠠᠯᠠᠭ᠎ᠠ᠂ ᠤᠳᠠ | ᠮᠤᠳᠤᠨ ᠤ ᠤᠭ ᠠᠴᠠ ᠭᠠᠷᠤᠭᠰᠠᠨ ᠰᠠᠯᠠᠭ᠎ᠠ᠂ ᠬᠤᠨᠭ᠍ᠭᠤᠷᠴᠤᠭᠳᠤ ᠮᠤᠳᠤᠨ ᠤ ᠨᠠᠷᠢᠨ ᠪᠡᠶ᠎ᠠ ᠵᠡᠷᠭᠡ ᠪᠠᠷ ᠬᠦᠷᠦᠨ᠎ᠠ᠃ | ᠡᠶᠢᠮᠤᠷᠬᠦ ᠰᠤᠩᠭᠤᠵᠤ ᠠᠪᠤᠭᠰᠠᠨ ᠪᠤᠷᠭᠠᠰᠤ ᠮᠤᠳᠤ ᠪᠠᠨ ᠰᠠᠭᠰᠤᠨ ᠪᠤᠷᠭᠠᠰᠤ ᠭᠡᠬᠦ ᠰᠠᠭᠰᠤᠨ ᠬᠦᠷᠦᠯᠬᠡ ᠭᠡᠳᠡᠭ᠃ | ᠡᠶᠢᠮᠤᠷᠬᠦ ᠰᠠᠭᠰᠤᠨ ᠪᠤᠷᠭᠠᠰᠤ ᠶᠢ ᠨᠠᠮᠤᠷ ᠤᠨ ᠠᠭᠤᠷ ᠤᠷᠤᠭᠰᠠᠨ ᠤ ᠳᠠᠷᠠᠭ᠎ᠠ ᠠᠴᠠ ᠢᠷᠡᠬᠦ ᠵᠢᠯ ᠤᠨ ᠬᠠᠪᠤᠷ | ᠤᠨ ᠶᠢᠰᠦ ᠶᠢ ᠪᠠᠷᠳᠠᠯᠠᠬᠢ ᠤᠷᠳᠤ ᠬᠤᠭᠤᠴᠠᠭᠠᠨ ᠳᠤ ᠰᠤᠩᠭᠤᠨ ᠠᠪᠴᠤ ᠬᠡᠷᠡᠭᠯᠡᠨ᠎ᠠ᠃ ᠶᠢᠰᠦ ᠪᠠᠷᠠᠭᠰᠠᠨ ᠡᠳᠤᠷ | ᠠᠴᠠ ᠡᠬᠢᠯᠡᠭᠡᠳ ᠨᠠᠮᠤᠷ ᠤᠨ ᠠᠭᠤᠷ ᠤᠷᠤᠬᠤ ᠬᠤᠭᠤᠴᠠᠭᠠᠨ ᠳᠤ ᠬᠦᠷᠦᠯᠬᠡ ᠠᠪᠴᠤ ᠰᠠᠭᠰᠤ ᠬᠦᠷᠦᠳᠡᠭ ᠦᠭᠡᠢ᠃ | ᠤᠴᠢᠷ ᠨᠢ ᠪᠤᠯᠪᠠᠰᠤᠷᠠᠵᠤ ᠬᠦᠢᠴᠡᠭᠰᠡᠨ ᠦᠭᠡᠢ ᠪᠤᠷᠭᠠᠰᠤ ᠮᠤᠳᠤ ᠪᠠᠷ ᠰᠠᠭᠰᠤ ᠬᠦᠷᠦᠪᠡᠯ ᠵᠠᠷᠤᠳᠠᠯ ᠳᠠᠭᠠᠭᠠᠬᠤ | ᠦᠭᠡᠢ ᠬᠡᠪᠡᠷᠡᠭ ᠪᠠᠶᠢᠳᠠᠭ᠃ ᠪᠤᠷᠭᠠᠰᠤ ᠮᠤᠳᠤ ᠶᠢ ᠡᠨᠡ ᠦᠶ᠎ᠠ ᠳᠤ ᠬᠠᠳᠤᠵᠤ ᠠᠪᠬᠤ ᠶᠢ ᠤᠨᠴᠠ ᠴᠠᠭᠠᠵᠠᠯᠠᠵᠤ | ᠪᠠᠶᠢᠪᠠ᠃ ᠪᠤᠷᠭᠠᠰᠤ ᠮᠤᠳᠤᠨ ᠳᠤ ᠬᠦᠨᠦᠬᠡᠯ ᠶᠡᠭᠡ ᠲᠠᠢ ᠭᠡᠳᠡᠭ᠃ | ᠰᠠᠭᠰᠤᠨ ᠪᠤᠷᠭᠠᠰᠤ ᠪᠠᠨ ᠨᠢᠬᠡ ᠯᠠ ᠳᠠᠩ ᠤᠨ ᠦᠨᠳᠦᠷ ᠪᠦᠬᠡᠳ ᠨᠠᠷᠢᠨ ᠪᠦᠳᠦᠬᠦᠨ ᠢᠶᠠᠷ ᠰᠤᠩᠭᠤᠨ ᠳᠡᠬᠦᠵᠦ | ᠂ ᠬᠠᠳᠤᠵᠤ ᠠᠪᠴᠢᠷᠠᠭᠠᠳ ᠨᠠᠪᠴᠢ ᠨᠠᠮᠠᠭ᠎ᠠ ᠶᠢ ᠨᠢ ᠱᠤᠯᠤᠵᠤ ᠠᠷᠢᠯᠭᠠᠨ᠎ᠠ᠃ ᠬᠠᠳᠤᠭᠤᠷ ᠬᠢᠳᠤᠭ᠎ᠠ ᠪᠠᠷ | ᠤᠭᠳᠤᠯᠵᠤ ᠠᠪᠬᠤ ᠴᠢᠬᠤᠯᠠ ᠲᠠᠢ ᠪᠤᠯ ᠬᠠᠳᠤᠭᠤᠷ ᠬᠢᠳᠤᠭ᠎ᠠ ᠪᠠᠨ ᠰᠠᠶᠢᠨ ᠢᠷᠯᠡᠵᠦ᠂ ᠨᠠᠷᠢᠨ ᠨᠠᠮᠠᠭ᠎ᠠ ᠶᠢᠨ | ᠡᠰᠡᠷᠬᠦᠦ ᠠᠴᠠ ᠨᠢ ᠳᠠᠭᠠᠯᠭᠠᠵᠤ ᠠᠪᠤᠨ᠎ᠠ᠃ ᠢᠡᠭᠭᠢᠵᠦ ᠠᠪᠤᠪᠠᠯ ᠬᠦᠷᠦᠬᠦ ᠳᠤ ᠭᠠᠷ ᠲᠤ ᠬᠤᠤᠷ ᠦᠭᠡᠢ ᠪᠠᠶᠢᠳᠠᠭ᠃ | | ᠠᠷᠢᠯᠭᠠᠨ ᠴᠡᠪᠡᠷᠯᠡᠭᠰᠡᠨ ᠰᠠᠭᠰᠤᠨ ᠪᠤᠷᠭᠠᠰᠤ ᠶᠢᠨ ᠢᠶᠠᠨ ᠳᠤᠳᠤᠷ᠎ᠠ ᠠᠴᠠ ᠦᠯᠦ ᠮᠡᠳᠡᠭᠳᠡᠮ᠎ᠠ ᠪᠦᠳᠦᠬᠦᠨ ᠰᠢᠭ | ᠢ ᠨᠢ ᠰᠤᠩᠭᠤᠨ ᠭᠠᠷᠭᠠᠵᠤ᠂ ᠰᠠᠭᠰᠤᠨ ᠤ ᠪᠠᠨ ᠨᠤᠭᠤᠰᠤ ᠬᠢᠬᠦ ᠪᠠᠷ ᠪᠡᠯᠡᠳᠭᠡᠨ᠎ᠠ᠃ ᠰᠠᠭᠰᠤᠨ ᠪᠤᠷᠭᠠᠰᠤ ᠶᠢᠨ | ᠢᠶᠠᠨ ᠨᠠᠷᠢᠨ ᠦᠵᠦᠬᠦᠷ ᠢ ᠬᠦᠷᠦᠯᠬᠡ ᠶᠢᠨ ᠤᠷᠤᠢ ᠭᠡᠵᠤ᠂ ᠪᠦᠳᠦᠬᠦᠨ ᠦᠵᠦᠬᠦᠷ ᠢ ᠬᠦᠷᠦᠯᠬᠡ ᠶᠢᠨ ᠪᠦᠭᠰᠡ | ᠭᠡᠳᠡᠭ᠃ | ᠲᠦᠷᠪᠡ ᠲᠦᠷᠪᠡᠨ ᠬᠦᠷᠦᠯᠬᠡ ᠶᠢᠨ ᠪᠤᠷᠭᠠᠰᠤ ᠶᠢᠨ ᠪᠦᠭᠰᠡ ᠶᠢ ᠨᠢ ᠬᠠᠭᠠᠰ ᠳᠤᠬᠤᠢ ᠢᠯᠡᠬᠦᠦ ᠵᠦᠷᠢᠬᠦᠯᠵᠦ᠂ | ᠨᠢᠬᠡ ᠨᠢᠬᠡ ᠠᠯᠤᠰᠯᠠᠨ ᠵᠡᠷᠭᠡᠯᠡᠵᠦ ᠭᠠᠵᠠᠷ ᠳᠠᠷᠤᠭᠠᠳ᠂ ᠳᠠᠬᠢᠨ ᠳᠤᠰ ᠶᠠᠩᠵᠤ ᠪᠠᠷ ᠬᠢ ᠨᠢᠬᠡ ᠢᠵᠢ ᠶᠢ ᠭᠤᠤᠯ | ᠳᠤᠮᠳᠠᠭᠤᠷ ᠨᠢ ᠳᠤᠨᠤᠯᠵᠠᠭᠤᠯᠤᠨ ᠳᠠᠷᠤᠨ᠎ᠠ᠃ ᠡᠨᠡ ᠮᠡᠳᠤ ᠪᠠᠷ ᠪᠠᠰᠠ ᠬᠤᠶᠠᠷ ᠢᠵᠢ ᠶᠢ ᠨᠠᠢᠮᠠᠨ ᠵᠤᠪᠬᠢᠰ ᠢ | ᠴᠢᠭᠯᠡᠬᠦᠯᠵᠦ ᠳᠠᠪᠬᠤᠷᠯᠠᠨ ᠳᠠᠷᠤᠵᠤ ᠬᠢᠰᠬᠢᠬᠡᠳ᠂ ᠰᠠᠭᠤ ᠰᠠᠶᠢᠬᠠᠨ ᠨᠢᠬᠡ ᠬᠦᠷᠦᠯᠬᠡ ᠶᠢᠨ ᠪᠤᠷᠭᠠᠰᠤ ᠶᠢ ᠦᠵᠦᠬᠦᠷ | ᠠᠴᠠ ᠨᠢ ᠡᠬᠢᠯᠡᠵᠦ ᠡᠷᠴᠢᠮᠯᠡᠨ᠂ ᠳᠤᠷᠰᠢ ᠳᠤ ᠨᠢ ᠪᠠᠯᠪᠠᠷᠠᠭᠤᠯᠤᠨ ᠮᠤᠰᠬᠢᠭᠠᠳ᠂ ᠢᠰᠬᠢᠵᠦ ᠪᠠᠶᠢᠭ᠎ᠠ ᠲᠦᠷᠪᠡᠨ | ᠢᠵᠢ ᠨᠤᠭᠤᠰᠤᠨ ᠤ ᠪᠠᠨ ᠬᠠᠮᠤᠭ ᠳᠤᠤᠷᠠᠬᠢ ᠶᠢ ᠡᠷᠬᠦᠨ ᠡᠬᠢᠯᠡᠵᠦ᠂ ᠨᠢᠬᠡ ᠡᠷᠬᠦᠨ ᠨᠢᠬᠡ ᠳᠠᠷᠤᠬᠤ ᠠᠷᠭ᠎ᠠ ᠪᠠᠷ | ᠨᠢᠬᠡ ᠳᠤᠭᠤᠷᠢᠭᠤᠯᠤᠨ ᠤᠷᠢᠶᠠᠨ᠎ᠠ᠃ ᠬᠦᠷᠦᠯᠬᠡ ᠶᠢᠨ ᠪᠤᠷᠭᠠᠰᠤ ᠶᠢᠨ ᠢᠶᠠᠨ ᠦᠨᠳᠦᠷ ᠤᠨ ᠭᠡᠮᠵᠢᠶ᠎ᠠ ᠪᠠᠷ ᠬᠤᠶᠠᠷ | ᠠᠴᠠ ᠭᠤᠷᠪᠠ ᠤᠷᠢᠶᠠᠳᠠᠭ᠃ ᠡᠬᠦᠨ ᠢᠶᠠᠨ ᠳᠠᠩ ᠳᠤᠱᠠᠯᠳᠠᠨ ᠬᠡᠨ᠎ᠠ᠃ ᠳᠠᠬᠢᠭᠠᠳ ᠨᠢᠬᠡ ᠬᠦᠷᠦᠯᠬᠡ ᠶᠢᠨ ᠪᠤᠷᠭᠠᠰᠤ | ᠶᠢ ᠪᠠᠯᠪᠠᠷᠠᠭᠤᠯᠤᠨ ᠮᠤᠰᠬᠢᠭᠠᠳ᠂ ᠳᠠᠩ ᠳᠤᠱᠠᠯᠳᠠ ᠶᠢᠨ ᠡᠷᠬᠦᠭᠰᠡᠨ ᠢ ᠨᠢ ᠳᠠᠷᠤᠵᠤ᠂ ᠳᠠᠷᠤᠭᠰᠠᠨ ᠢ ᠨᠢ ᠡᠷᠬᠦᠨ | ᠳᠤᠭᠤᠷᠢᠭᠤᠯᠤᠨ ᠤᠷᠢᠶᠠᠨ᠎ᠠ᠃ ᠡᠬᠦᠨ ᠢᠶᠠᠨ ᠳᠠᠪᠬᠤᠷ ᠳᠤᠱᠠᠯᠳᠠ ᠭᠡᠳᠡᠭ᠃ | ᠡᠶᠢᠮᠤᠷᠬᠦ ᠲᠦᠷᠪᠡᠨ ᠵᠦᠭ ᠨᠠᠢᠮᠠᠨ ᠵᠤᠪᠬᠢᠰ ᠢ ᠵᠢᠭᠠᠭᠰᠠᠨ ᠰᠠᠭᠰᠤᠨ ᠤ ᠡᠬᠢᠯᠡᠯᠳᠡ ᠪᠠᠨ ᠰᠠᠭᠰᠤᠨ ᠢᠷᠤᠭᠠᠷ ︵ | ᠢᠷᠤᠭᠠᠯ᠂ ᠰᠠᠭᠰᠤᠨ ᠪᠤᠬᠤᠷ︶ ᠭᠡᠵᠤ᠂ ᠬᠦᠷᠦᠯᠬᠡ ᠶᠢᠨ ᠢᠶᠠᠨ ᠨᠢᠷᠤᠭᠤ ᠰᠤᠳᠠᠰᠤ ᠪᠤᠯᠤᠭᠰᠠᠨ ᠪᠤᠷᠭᠠᠰᠤ ᠶᠢ | ᠰᠠᠭᠰᠤᠨ ᠨᠤᠭᠤᠰᠤ ᠭᠡᠳᠡᠭ᠃ ᠰᠠᠭᠰᠤᠨ ᠤ ᠪᠠᠨ ᠨᠤᠭᠤᠰᠤ ᠶᠢ ᠰᠦᠯᠵᠢᠨ ᠭᠡᠯᠬᠢᠵᠦ ᠬᠦᠷᠦᠬᠦ ᠪᠤᠷᠭᠠᠰᠤ ᠶᠢ | ᠬᠦᠷᠦᠯᠬᠡ ᠭᠡᠬᠦ ᠪᠤᠶᠤ ᠬᠦᠷᠦᠯᠬᠡ ᠶᠢᠨ ᠪᠤᠷᠭᠠᠰᠤ ᠭᠡᠳᠡᠭ᠃ | ᠰᠠᠭᠰᠤᠨ ᠢᠷᠤᠭᠠᠷ ᠢᠶᠠᠷ ᠳᠠᠪᠬᠤᠷ ᠳᠤᠱᠠᠵᠤ ᠳᠠᠭᠤᠰᠤᠭᠰᠠᠨ ᠤ ᠳᠠᠷᠠᠭ᠎ᠠ ᠳᠡᠬᠦᠨ ᠠᠴᠠ ᠪᠠᠨ ᠨᠠᠷᠢᠨ ᠪᠦᠬᠡᠳ | ᠤᠬᠤᠷ ᠪᠤᠷᠭᠠᠰᠤ ᠪᠠᠷ ᠬᠦᠷᠦᠵᠦ ᠡᠬᠢᠯᠡᠨ᠎ᠠ᠃ ᠨᠢᠬᠡ ᠰᠠᠭᠤᠷᠢ ᠨᠤᠭᠤᠰᠤᠨ ᠤ ᠪᠠᠷᠠᠭᠤᠨ ᠦᠨᠴᠦᠭ ᠳᠡᠭᠡᠷᠡᠬᠢ | ᠡᠷᠬᠦᠵᠦ ᠭᠠᠷᠤᠭᠰᠠᠨ ᠬᠦᠷᠦᠯᠬᠡ ᠶᠢᠨ ᠢᠶᠠᠨ ᠳᠤᠤᠷ᠎ᠠ ᠵᠠᠪᠰᠠᠷ ᠢᠶᠠᠷ ᠬᠦᠷᠦᠯᠬᠡ ᠶᠢᠨ ᠪᠤᠷᠭᠠᠰᠤ ᠶᠢᠨ ᠢᠶᠠᠨ ᠪᠦᠭᠰᠡ | ᠦᠵᠦᠬᠦᠷ ᠢ ᠱᠠᠭᠠᠵᠤ ᠤᠷᠤᠭᠤᠯᠤᠭᠠᠳ᠂ ᠪᠠᠷᠠᠭᠤᠨ ᠳᠠᠯ᠎ᠠ ᠶᠢᠨ ᠰᠠᠭᠤᠷᠢ ᠨᠤᠭᠤᠰᠤ ᠶᠢ ᠳᠠᠷᠤᠵᠤ ᠬᠦᠷᠦᠨ᠎ᠠ᠃ | ᠨᠢᠬᠡ ᠡᠷᠬᠢᠬᠡᠳ ᠪᠦᠭᠰᠡ ᠶᠢᠨ ᠬᠢᠨᠢ ᠳᠡᠭᠡᠷ᠎ᠠ ᠳᠠᠪᠬᠤᠷᠯᠠᠭᠠᠳ ᠵᠤᠭᠰᠤᠨ᠎ᠠ᠃ ᠳᠠᠬᠢᠭᠠᠳ ᠨᠤᠭᠤᠰᠤ ᠳᠠᠷᠠᠭᠠᠯᠠᠭᠠᠳ | ᠬᠦᠷᠦᠨ᠎ᠠ᠃ ᠳᠡᠮᠡᠢ ᠬᠡᠳᠤᠨ ᠮᠦᠷ ᠬᠦᠷᠦᠬᠦ ᠦᠭᠡᠢ ᠨᠤᠭᠤᠰᠤ ᠪᠠᠨ ᠡᠬᠢᠯᠡᠵᠦ ᠰᠠᠯᠭᠠᠨ᠎ᠠ᠃ ᠨᠢᠬᠡ ᠰᠠᠭᠤᠷᠢ | ᠨᠤᠭᠤᠰᠤ ᠪᠦᠷᠢ ᠶᠢ ᠬᠤᠶᠠᠷ ᠰᠠᠭᠤᠷᠢ ᠨᠤᠭᠤᠰᠤ ᠪᠤᠯᠭᠠᠨ᠎ᠠ᠃ ᠨᠤᠭᠤᠰᠤ ᠪᠠᠨ ᠰᠠᠯᠭᠠᠬᠤ ᠶᠢᠨ ᠳᠠᠭᠠᠤ ᠨᠤᠭᠤᠰᠤ | ᠪᠠᠨ ᠨᠡᠮᠡᠨ᠎ᠠ᠃ ᠨᠤᠭᠤᠰᠤ ᠨᠡᠮᠡᠨ᠎ᠠ ᠭᠡᠭᠴᠢ ᠨᠢ ᠳᠠᠷᠤᠢ ᠰᠠᠭᠤᠷᠢ ᠪᠦᠷᠢ ᠶᠢᠨ ᠨᠤᠭᠤᠰᠤᠨ ᠪᠤᠷᠭᠠᠰᠤ ᠶᠢᠨ ᠳᠤᠭ᠎ᠠ ᠶᠢ | ᠪᠠᠭ᠎ᠠ ᠪᠠᠭ᠎ᠠ ᠪᠠᠷ ᠵᠠᠪᠰᠠᠷ ᠢ ᠦᠵᠡᠨ ᠨᠡᠮᠡᠵᠦ᠂ ᠭᠤᠷᠪᠠᠨ ᠪᠤᠷᠭᠠᠰᠤ ᠲᠠᠢ ᠪᠤᠯᠭᠠᠨ᠎ᠠ᠃ | ᠨᠤᠭᠤᠰᠤᠨ ᠤ ᠪᠠᠨ ᠵᠠᠢ ᠶᠢ ᠡᠷᠭᠡᠪᠰᠢ ᠳᠠᠩ ᠲᠠᠢ ᠰᠠᠶᠢᠬᠠᠨ ᠭᠠᠷᠭᠠᠬᠤ ᠶᠢ ᠡᠷᠬᠢᠮᠯᠡᠬᠦ ᠪᠦᠬᠡᠳ ᠬᠦᠷᠦᠯᠬᠡ ᠶᠢᠨ | ᠪᠤᠷᠭᠠᠰᠤ ᠶᠢᠨ ᠰᠠᠭᠤᠳᠠᠯ ᠢ ᠴᠢᠩᠭᠠᠷᠠᠭᠤᠯᠤᠨ ᠦᠵᠡᠮᠵᠢ ᠲᠠᠢ ᠰᠠᠶᠢᠬᠠᠨ ᠢᠷᠤᠭᠠᠷ ᠭᠠᠷᠭᠠᠬᠤ ᠶᠢ ᠪᠠᠷᠢᠮᠳᠠᠯᠠᠳᠠᠭ᠃ | ᠰᠠᠭᠰᠤᠨ ᠢᠷᠤᠭᠠᠷ ᠢ ᠶᠡᠷᠤᠩᠭᠡᠢ ᠳᠤ ᠪᠠᠨ ᠳᠤᠭᠤᠷᠢᠭ ᠤᠨ ᠤᠭᠳᠤᠯᠤᠭᠠᠰᠤ ᠨᠢ ᠨᠢᠬᠡ ᠳᠤᠬᠤᠢ ᠪᠠᠷ ᠬᠡᠮᠵᠢᠶ᠎ᠠ | ᠪᠤᠯᠭᠠᠵᠤ ᠬᠦᠷᠦᠳᠡᠭ᠃ ᠳᠡᠶᠢᠮᠤᠷᠬᠦ ᠬᠡᠮᠵᠢᠶᠠᠨ ᠳᠤ ᠬᠦᠷᠦᠮᠡᠭᠴᠡ ᠪᠠᠨ ᠰᠠᠭᠰᠤᠨ ᠢᠷᠤᠭᠠᠷ ᠢᠶᠠᠨ ᠬᠦᠷᠪᠡᠬᠦᠯᠦᠨ | ᠭᠤᠤᠷᠰᠤ ᠶᠢ ᠨᠢ ᠳᠡᠭᠡᠭᠰᠢ ᠬᠠᠨᠳᠤᠭᠤᠯᠤᠨ᠎ᠠ᠃ ᠭᠤᠤᠷᠰᠤ ᠭᠡᠭᠴᠢ ᠨᠢ ᠳᠠᠷᠤᠢ ᠬᠦᠷᠦᠯᠬᠡ ᠶᠢᠨ ᠪᠤᠷᠭᠠᠰᠤ ᠶᠢᠨ | ᠱᠠᠭᠠᠵᠤ ᠤᠷᠤᠭᠤᠯᠤᠭᠰᠠᠨ ᠪᠦᠭᠰᠡᠨ ᠦᠵᠦᠬᠦᠷ ᠢ ᠬᠡᠯᠡᠨ᠎ᠠ᠃ | ᠨᠢᠬᠡ ᠬᠦᠯ ᠢᠶᠠᠷ ᠢᠶᠠᠨ ᠰᠠᠭᠰᠤᠨ ᠤ ᠢᠷᠤᠭᠠᠷ ᠳᠡᠭᠡᠷ᠎ᠠ ᠢᠰᠬᠢᠵᠦ᠂ ᠬᠤᠯᠪᠤᠭᠠᠰᠤ ᠲᠠᠢ ᠰᠠᠯᠵᠢ ᠪᠠᠨ ᠬᠠᠭᠠᠰ | ᠳᠤᠭᠠᠨ ᠤ ᠰᠢᠷᠭᠤᠭᠤᠯᠤᠨ ᠤᠷᠤᠭᠤᠯᠤᠨ᠎ᠠ᠃ ᠪᠦᠬᠦᠳᠡ ᠨᠤᠭᠤᠰᠤᠨ ᠤ ᠦᠵᠦᠬᠦᠷ ᠢ ᠨᠢᠬᠡ ᠨᠢᠬᠡ ᠰᠠᠭᠤᠷᠢ ᠪᠠᠷ ᠨᠢ | ᠮᠠᠳᠠᠨ ᠠᠪᠴᠢᠷᠠᠵᠤ ᠪᠤᠭᠤᠮᠢ ᠪᠠᠷ ᠨᠢ ᠤᠶᠠᠨ᠎ᠠ᠃ | ᠰᠠᠭᠰᠤ ᠬᠦᠷᠦᠭᠴᠢ ᠭᠠᠵᠠᠷ ᠰᠠᠭᠤᠳᠠᠯ ᠳᠤ ᠰᠠᠭᠤᠵᠤ᠂ ᠰᠠᠭᠰᠤᠨ ᠤ ᠢᠷᠤᠭᠠᠷ ᠢ ᠬᠦᠨᠳᠡᠯᠡᠨ ᠠᠳᠬᠤᠨ᠂ | ᠬᠦᠷᠦᠯᠬᠡ ᠶᠢᠨ ᠠᠯᠬᠤᠮ ᠳᠠᠷᠠᠭ᠎ᠠ ᠪᠠᠨ ᠤᠯᠵᠤ ᠵᠠᠯᠭᠠᠨ ᠬᠦᠷᠦᠨ᠎ᠠ᠃ ᠡᠬᠢᠯᠡᠵᠦ ᠬᠦᠷᠦᠬᠦ ᠬᠦᠷᠦᠯᠬᠡ ᠶᠢᠨ ᠪᠤᠷᠭᠠᠰᠤ | ᠪᠠᠷ ᠢᠶᠠᠨ ᠰᠠᠭᠰᠤᠨ ᠰᠠᠨᠵᠢ ᠪᠠᠨ ᠤᠷᠤᠨ ᠳᠠᠬᠢ ᠨᠤᠭᠤᠰᠤ ᠲᠠᠢ ᠨᠢ ᠨᠢᠬᠡ ᠤᠷᠢᠶᠠᠵᠤ ᠬᠦᠷᠦᠨ᠎ᠠ᠃ ᠰᠠᠨᠵᠢ ᠪᠠᠨ | ᠡᠷᠭᠡᠪᠰᠢ ᠰᠠᠭᠰᠤᠨ ᠢᠷᠤᠭᠠᠷ ᠢᠶᠠᠨ ᠭᠤᠤᠯᠳᠠᠭᠤᠯᠵᠤ ᠳᠠᠭᠠᠷᠠᠭᠤᠯᠤᠨ᠎ᠠ᠃ | ᠰᠠᠭᠰᠤᠨ ᠰᠠᠨᠵᠢ ᠶᠢ ᠰᠠᠭᠰᠤ ᠬᠦᠷᠦᠬᠦ ᠠᠴᠠ ᠪᠠᠨ ᠡᠮᠤᠨ᠎ᠠ ᠪᠡᠯᠡᠳᠭᠡᠳᠡᠭ᠃ ᠰᠠᠭᠰᠤ ᠶᠢᠨ ᠰᠠᠨᠵᠢ ᠶᠢ ᠨᠠᠷᠢᠨ | ᠬᠠᠶᠢᠯᠠᠰᠤᠨ ᠮᠤᠳᠤ᠂ ᠨᠠᠷᠢᠨ ᠮᠠᠩᠬᠠᠨ ᠤᠳᠠ᠂ ᠪᠤᠳᠠᠯᠠᠵᠤ ᠭᠠᠷᠤᠭᠰᠠᠨ ᠢᠯᠠᠮ᠎ᠠ ᠶᠢᠨ ᠮᠤᠳᠤ᠂ ᠳᠠᠯᠳᠤ ᠶᠢᠨ ᠮᠤᠳᠤ | ᠵᠡᠷᠭᠡ ᠪᠠᠷ ᠨᠠᠷᠢᠨ ᠦᠵᠦᠬᠦᠷ ᠢ ᠨᠢ ᠡᠷᠬᠢ ᠬᠤᠷᠤᠭᠤ ᠠᠴᠠ ᠪᠠᠭ᠎ᠠ ᠪᠦᠳᠦᠬᠦᠨ ᠨᠢᠬᠡ ᠠᠯᠳᠠ ᠮᠤᠳᠤ ᠶᠢ ᠮᠡᠳᠡᠵᠦ | ᠬᠢᠳᠡᠭ᠃ ᠬᠠᠯᠢᠰᠤ ᠶᠢ ᠨᠢ ᠳᠡᠷᠡ ᠳᠠᠷᠤᠢ ᠱᠠᠭᠠᠯᠵᠤ᠂ ᠪᠦᠳᠦᠬᠦᠨ ᠦᠵᠦᠬᠦᠷ ᠢ ᠨᠢ ᠨᠠᠮᠢᠯᠵᠠᠳᠠᠯᠠ ᠬᠢᠰᠬᠢᠵᠦ᠂ | ᠪᠦᠳᠦᠬᠦᠨ ᠰᠢᠭ ᠪᠤᠯ ᠳᠤᠳᠤᠷ ᠳᠠᠯ᠎ᠠ ᠠᠴᠠ ᠨᠢ ᠵᠤᠷᠬᠢᠵᠦ ᠴᠠᠪᠴᠢᠨ ᠠᠪᠴᠤ᠂ ᠪᠦᠭᠰᠡᠨ ᠳᠡᠬᠡᠷ᠎ᠠ ᠨᠢ ᠳᠤᠷᠭᠤᠭᠠᠯ | ᠦᠯᠡᠳᠡᠭᠡᠵᠦ᠂ ᠡᠷᠡᠵᠦ ᠤᠶᠠᠬᠤ ᠤᠶᠠᠭᠠᠰᠤ ᠶᠢᠨ ᠤᠷᠤᠮ ᠢ ᠭᠠᠷᠭᠠᠨ᠂ ᠨᠠᠷᠢᠨ ᠪᠦᠳᠦᠬᠦᠨ ᠦᠵᠦᠬᠦᠷ ᠤᠨ | ᠬᠤᠭᠤᠷᠤᠨᠳᠤ ᠳᠤᠬᠤᠢ ᠵᠠᠢ ᠦᠯᠡᠳᠡᠭᠡᠵᠦ ᠬᠤᠯᠪᠤᠨ ᠤᠶᠠᠨ᠎ᠠ᠃ ᠨᠠᠷᠠ ᠰᠠᠯᠬᠢ ᠳᠡᠬᠡᠷ᠎ᠠ ᠬᠠᠳᠠᠭᠠᠬᠤ ᠳᠤ ᠪᠠᠨ | ᠳᠤᠭᠤᠢ ᠲᠦᠷᠰᠦ ᠨᠢ ᠡᠪᠳᠡᠷᠡᠬᠦ ᠠᠴᠠ ᠬᠢᠴᠢᠶᠡᠵᠦ᠂ ᠪᠤᠷᠭᠠᠰᠤᠨ ᠳᠡᠬᠡᠰᠤ ᠪᠠᠷ ᠬᠡᠳᠤᠨ ᠳᠡᠰᠢ ᠪᠠᠨ ᠳᠠᠳᠠᠵᠤ | ᠤᠶᠠᠭᠠᠳ ᠬᠠᠳᠠᠭᠠᠳᠠᠭ᠃ | ᠡᠪᠤᠯ ᠤᠨ ᠴᠠᠭ ᠲᠤ ᠰᠠᠭᠰᠤᠨ ᠰᠠᠨᠵᠢ ᠮᠡᠳᠠᠵᠤ ᠳᠠᠯᠪᠢᠬᠤ ᠳᠤ ᠪᠠᠨ ᠳᠤᠯᠤᠭᠠᠨ ᠬᠡᠷ ᠲᠤ ᠪᠠᠨ ᠡᠰᠢ ᠮᠤᠳᠤ ᠶᠢ | ᠠᠪᠴᠢᠷᠠᠵᠤ ᠭᠡᠰᠭᠡᠭᠰᠡᠨ ᠤ ᠳᠠᠷᠠᠭ᠎ᠠ ᠵᠠᠰᠠᠵᠤ ᠮᠠᠳᠠᠳᠠᠭ᠃ ᠪᠦᠳᠦᠬᠦᠨ ᠰᠢᠭ ᠡᠰᠢᠨ ᠤ ᠪᠦᠭᠰᠡ ᠨᠢ ᠮᠠᠳᠠᠬᠤ ᠳᠤ | ᠬᠦᠴᠢᠷ ᠪᠤᠯ ᠪᠤᠳᠠᠭ᠎ᠠ ᠬᠦᠬᠡᠬᠡᠯᠬᠡᠬᠦ ᠶᠢ ᠳᠠᠪᠬᠤᠮᠳᠠᠭᠤᠯᠤᠨ ᠬᠠᠯᠠᠭᠤᠨ ᠪᠤᠳᠠᠭᠠᠨ ᠳᠤ ᠵᠦᠬᠡᠯᠡᠷᠡᠬᠦᠯᠬᠦ ᠪᠤᠶᠤ ᠭᠠᠯ | ᠳᠤᠳᠤᠷ᠎ᠠ ᠠᠬᠢᠨ ᠳᠠᠬᠢᠨ ᠭᠤᠯᠤᠮᠳᠠᠵᠤ ᠵᠦᠬᠡᠯᠡᠷᠡᠬᠦᠯᠦᠬᠡᠳ ᠵᠠᠰᠠᠵᠤ ᠮᠠᠳᠠᠨ᠎ᠠ᠃ ᠮᠦᠨᠬᠦ ᠬᠡᠳᠤᠨ ᠳᠡᠰᠢ ᠳᠠᠳᠠᠨ | ᠤᠶᠠᠵᠤ᠂ ᠬᠠᠯᠢᠰᠤ ᠲᠠᠢ ᠨᠢ ᠨᠠᠷᠠ ᠰᠠᠯᠬᠢᠨ ᠳᠤ ᠬᠠᠳᠠᠭᠠᠨ᠎ᠠ᠃ ᠰᠠᠭᠰᠤ ᠪᠠᠨ ᠬᠦᠷᠦᠬᠦ ᠦᠶ᠎ᠠ ᠳᠤ ᠬᠠᠯᠢᠰᠤ ᠶᠢ | ᠱᠠᠭᠠᠯᠠᠵᠤ ᠠᠪᠳᠠᠭ᠃ ᠬᠠᠯᠢᠰᠤ ᠲᠠᠢ ᠡᠰᠢ ᠶᠡᠷᠤ ᠳᠤ ᠪᠠᠨ ᠬᠤᠷᠤᠬᠠᠶᠢᠳᠠᠬᠤ ᠳᠤᠷ᠎ᠠ ᠲᠠᠢ ᠪᠠᠶᠢᠳᠠᠭ ᠳᠤᠯᠠ ᠮᠡᠳᠡᠬᠦ | ᠬᠦᠮᠦᠰ ᠬᠡᠵᠢᠶᠡᠳᠡ ᠬᠠᠯᠢᠰᠤ ᠲᠠᠢ ᠡᠰᠢ ᠬᠢᠳᠡᠭ ᠦᠭᠡᠢ᠃ | ᠰᠠᠭᠰᠤᠨ ᠤ ᠨᠤᠭᠤᠰᠤ ᠪᠠᠨ ᠳᠡᠭᠡᠭᠰᠢ ᠪᠤᠰᠬᠠᠨ ᠬᠦᠷᠦᠵᠦ ᠡᠬᠢᠯᠡᠭᠰᠡᠨ ᠤ ᠳᠠᠷᠠᠭ᠎ᠠ᠂ ᠰᠠᠨᠵᠢ ᠶᠢᠨ ᠢᠶᠠᠨ ᠶᠠᠩᠵᠤ | ᠶᠢ ᠦᠵᠡᠵᠦ ᠰᠠᠭᠰᠤᠨ ᠬᠠᠨ᠎ᠠ ᠪᠠᠨ ᠵᠠᠰᠠᠵᠤ ᠬᠦᠷᠦᠨ᠎ᠠ᠃ ᠦᠬᠡᠷ᠎ᠠ ᠪᠠᠷ ᠬᠡᠯᠡᠪᠡᠯ ᠰᠠᠨᠵᠢ ᠨᠢ ᠠᠰ ᠪᠤᠰᠤᠭ᠎ᠠ ᠪᠤᠯ | ᠠᠰ ᠪᠤᠰᠤᠭ᠎ᠠ ᠬᠦᠷᠦᠵᠦ᠂ ᠪᠦᠮᠪᠦᠬᠡᠷ ᠪᠤᠯ ᠪᠦᠮᠪᠦᠬᠡᠷ ᠬᠦᠷᠦᠨ᠎ᠠ᠃ ᠡᠬᠦᠨ ᠢᠶᠠᠨ ᠨᠤᠭᠤᠰᠤᠨ ᠤ ᠦᠵᠦᠬᠦᠷ ᠤᠨ | ᠤᠶᠠᠭᠠᠰᠤ ᠪᠠᠨ ᠠᠯᠳᠠᠷᠭᠠᠨ᠂ ᠨᠤᠭᠤᠰᠤ ᠶᠢ ᠴᠢᠩᠭᠠᠵᠤ ᠤᠶᠠᠬᠤ ᠪᠤᠶᠤ ᠰᠤᠯᠠᠯᠠᠵᠤ ᠤᠶᠠᠬᠤ ᠠᠷᠭ᠎ᠠ ᠪᠠᠷ | ᠳᠤᠬᠢᠷᠠᠭᠤᠯᠤᠨ᠎ᠠ᠃ | ᠰᠠᠭᠰᠤᠨ ᠨᠤᠭᠤᠰᠤ ᠪᠠᠨ ᠪᠤᠰᠬᠠᠨ ᠨᠢᠬᠡ ᠳᠤᠭᠤᠷᠢᠭᠤᠯᠵᠤ ᠬᠦᠷᠦᠭᠰᠡᠨ ᠤ ᠳᠠᠷᠠᠭ᠎ᠠ᠂ ᠰᠠᠭᠰᠤᠨ ᠨᠤᠭᠤᠰᠤ ᠨᠢ | ᠬᠤᠯᠠᠳᠠᠵᠤ ᠪᠠᠶᠢᠪᠠᠯ ᠰᠠᠭᠰᠤᠨ ᠨᠤᠭᠤᠰᠤ ᠶᠢᠨ ᠢᠶᠠᠨ ᠨᠢᠬᠡ ᠨᠤᠭᠤᠰᠤ ᠠᠯᠤᠰᠯᠠᠭᠠᠳ ᠨᠢᠬᠡ ᠰᠠᠯᠭᠠᠨ᠎ᠠ᠃ ᠡᠰᠡᠬᠦᠯ᠎ᠠ | ᠨᠤᠭᠤᠰᠤ ᠪᠦᠷᠢ ᠶᠢ ᠨᠢᠬᠡ ᠰᠠᠯᠭᠠᠨ᠎ᠠ᠃ | ᠳᠤᠮᠳᠠ ᠶᠢᠨ ᠪᠤᠷᠭᠠᠰᠤ ᠪᠠᠷ ᠬᠦᠷᠦᠪᠡᠯ ᠶᠡᠷᠤᠳᠡᠬᠡᠨ ᠬᠤᠷᠢᠨ ᠲᠦᠷᠪᠡᠨ ᠰᠠᠭᠤᠷᠢ ᠨᠤᠭᠤᠰᠤ ᠲᠠᠢ ᠪᠤᠯ ᠶᠡᠭᠡ | ᠳᠤᠬᠢᠷᠠᠮᠵᠢᠳᠠᠢ ᠪᠠᠶᠢᠳᠠᠭ᠃ ᠨᠠᠷᠢᠨ ᠪᠤᠷᠭᠠᠰᠤ ᠪᠠᠷ ᠬᠦᠷᠦᠭᠰᠡᠨ ᠪᠠᠶᠢᠪᠠᠯ ᠭᠤᠴᠢᠨ ᠬᠤᠶᠠᠷ ᠨᠤᠭᠤᠰᠤ ᠲᠠᠢ ᠪᠤᠯ | ᠳᠤᠬᠢᠷᠠᠮᠵᠢᠳᠠᠢ ᠪᠠᠶᠢᠳᠠᠭ᠃ ᠨᠤᠭᠤᠰᠤ ᠰᠠᠯᠭᠠᠬᠤ ᠨᠢ ᠦᠨᠡᠨ ᠳᠤ ᠪᠠᠨ ᠨᠤᠭᠤᠰᠤᠨ ᠪᠤᠷᠭᠠᠰᠤ ᠶᠢᠨ ᠨᠠᠷᠢᠨ | ᠪᠦᠳᠦᠬᠦᠨ ᠲᠠᠢ ᠰᠢᠭᠤᠳ ᠬᠤᠯᠪᠤᠭᠳᠠᠨ᠎ᠠ᠃ | ᠰᠠᠭᠰᠤᠨ ᠤ ᠪᠠᠨ ᠨᠤᠭᠤᠰᠤ ᠶᠢ ᠨᠢ ᠰᠠᠯᠭᠠᠬᠤ ᠶᠢᠨ ᠳᠠᠭᠠᠤ ᠳᠤ ᠳᠡᠭᠡᠭᠰᠢ ᠬᠦᠷᠦᠵᠦ᠂ ᠪᠠᠰᠠ ᠪᠠᠶᠢᠨ ᠳᠠᠬᠢᠨ | ᠬᠦᠷᠦᠭᠰᠡᠨ ᠭᠡᠰᠡᠭ ᠢᠶᠠᠨ ᠮᠤᠳᠤᠨ ᠬᠠᠪᠳᠠᠰᠤ ᠶᠢ ᠳᠠᠯᠪᠢᠨ ᠰᠦᠬᠡ ᠪᠠᠷ ᠳᠤᠷᠤᠭᠰᠢ ᠴᠤᠬᠢᠵᠦ᠂ ᠭᠦᠷᠦᠯᠭᠡ ᠶᠢ | ᠴᠢᠩᠭ᠎ᠠ ᠰᠠᠭᠤᠯᠭᠠᠨ᠎ᠠ᠃ ᠢᠡᠭᠬᠢᠪᠡᠯ ᠰᠠᠭᠰᠤ ᠨᠢ ᠪᠦᠬᠡ ᠰᠠᠭᠰᠤ ᠪᠤᠯᠵᠤ᠂ ᠨᠠᠶᠢᠭᠤᠵᠤ ᠰᠠᠵᠢᠯᠯᠠᠬᠤ ᠦᠭᠡᠢ ᠪᠠᠶᠢᠳᠠᠭ | ᠃ ᠢᠡᠭᠭᠢᠬᠦ ᠶᠢᠨ ᠳᠠᠭᠠᠤ ᠪᠠᠰᠠ ᠰᠠᠭᠰᠤᠨ ᠰᠠᠨᠵᠢ ᠪᠠᠨ ᠬᠦᠷᠦᠯᠭᠡ ᠪᠠᠷ ᠢᠶᠠᠨ ᠨᠢᠬᠡ ᠬᠤᠶᠠᠷ ᠮᠦᠷ ᠠᠯᠤᠰᠯᠠᠬᠤ | ᠪᠦᠷᠢ ᠨᠢᠬᠡ ᠤᠷᠢᠶᠠᠵᠤ ᠬᠦᠷᠦᠬᠦ ᠶᠢ ᠡᠷᠭᠡᠪᠰᠢ ᠪᠠᠷᠢᠮᠳᠠᠯᠠᠨ᠎ᠠ᠃ ᠢᠡᠭᠭᠢᠵᠦ ᠬᠦᠷᠦᠪᠡᠯ ᠬᠤᠵᠢᠮ ᠤᠨ ᠬᠡᠷᠡᠭᠯᠡᠬᠡᠨ ᠳᠤ | ᠰᠠᠨᠵᠢ ᠰᠠᠵᠢᠯᠯᠠᠬᠤ ᠦᠭᠡᠢ ᠴᠢᠩᠭ᠎ᠠ ᠵᠠᠷᠤᠳᠠᠯ ᠤᠨ ᠰᠠᠭᠰᠤ ᠪᠤᠯᠳᠠᠭ᠃ | ᠰᠠᠭᠰᠤᠨ ᠤ ᠢᠷᠤᠭᠠᠷ ᠠᠴᠠ ᠳᠡᠭᠡᠭᠰᠢ ᠪᠤᠰᠬᠤ ᠬᠡᠰᠡᠭ ᠢ ᠰᠠᠭᠰᠤᠨ ᠤ ᠬᠠᠨ᠎ᠠ ᠭᠡᠳᠡᠭ᠃ ᠰᠠᠭᠰᠣᠨ ᠤ ᠬᠠᠨ᠎ᠠ | ᠶᠢᠨ ᠪᠤᠰᠤᠭ᠎ᠠ ᠳᠤᠭᠤᠷᠢᠭ ᠢ ᠰᠠᠭᠰᠤᠨ ᠤ ᠪᠠᠭᠳᠠᠭᠠᠮᠵᠢ ᠭᠡᠵᠤ᠂ ᠰᠠᠭᠰᠤᠨ ᠤ ᠬᠠᠨ᠎ᠠ ᠶᠢᠨ ᠬᠦᠨᠴᠡ ᠶᠢ ᠰᠠᠭᠰᠤᠨ | ᠤ ᠴᠡᠭᠡᠯ ᠭᠡᠳᠡᠭ᠃ | ᠰᠠᠭᠰᠤᠨ ᠤ ᠪᠤᠰᠤᠭ᠎ᠠ ᠴᠢᠭᠯᠡᠯ ᠨᠢ ᠰᠠᠨᠵᠢ ᠲᠠᠢ ᠪᠠᠨ ᠵᠤᠬᠢᠴᠠᠵᠤ ᠪᠠᠶᠢᠪᠠᠯ ᠬᠦᠷᠦᠯᠭᠡ ᠶᠢ ᠵᠤᠭᠰᠤᠭᠠᠨ᠎ᠠ᠃ | ᠬᠦᠷᠦᠯᠬᠡ ᠪᠠᠨ ᠵᠤᠭᠰᠤᠭᠰᠠᠨ ᠤ ᠳᠠᠷᠠᠭ᠎ᠠ ᠨᠤᠭᠤᠰᠤ ᠶᠢ ᠢᠷᠮᠡᠭᠯᠡᠨ ᠬᠦᠪᠡᠭᠡᠯᠡᠵᠦ ᠪᠠᠬᠢᠯᠡᠬᠦ ᠶᠢ ᠢᠷᠮᠡᠭ ᠳᠠᠷᠤᠨ᠎ᠠ | ᠭᠡᠳᠡᠭ᠃ | ᠰᠠᠭᠰᠤᠨ ᠤ ᠢᠷᠮᠡᠭ ᠢ ᠭᠤᠷᠪᠠᠨ ᠮᠦᠰᠦᠯᠡᠨ ᠳᠠᠷᠤᠨ᠎ᠠ᠃ ᠡᠩ ᠤᠨ ᠪᠠᠶᠢᠳᠠᠯ ᠳᠤᠤᠷ᠎ᠠ ᠰᠠᠨᠵᠢᠨ ᠤ ᠪᠠᠨ | ᠪᠦᠳᠦᠬᠦᠨ ᠨᠠᠷᠢᠨ ᠳᠠᠯ᠎ᠠ ᠶᠢᠨ ᠪᠠᠷᠠᠭᠤᠨ ᠲᠦᠷᠪᠡ ᠳᠠᠪᠤᠳᠤᠭᠠᠷ ᠨᠤᠭᠤᠰᠤ ᠠᠴᠠ ᠡᠬᠢᠯᠡᠵᠦ ᠳᠠᠷᠤᠳᠠᠭ᠃ ᠡᠬᠢᠨ ᠤ | ᠨᠢᠬᠡ ᠰᠠᠭᠤᠷᠢ ᠨᠤᠭᠤᠰᠤ ᠪᠠᠨ ᠬᠤᠭᠤᠯᠠᠯ ᠦᠭᠡᠢ ᠪᠠᠷ ᠬᠦᠡᠭᠭᠡᠨ ᠵᠦᠬᠡᠯᠡᠨ ᠨᠠᠷᠠᠨ ᠵᠦᠪ ᠢᠶᠠᠷ ᠮᠤᠰᠬᠢᠨ ᠪᠠᠷᠠᠭᠤᠨ | ᠳᠠᠯ᠎ᠠ ᠶᠢᠨ ᠬᠤᠶᠠᠷ ᠰᠠᠭᠤᠷᠢ ᠨᠤᠭᠤᠰᠤ ᠶᠢᠨ ᠭᠠᠳᠠᠭᠤᠷ ᠨᠠᠭᠠᠯᠳᠤᠳᠠᠯᠠ ᠳᠠᠷᠤᠵᠤ᠂ ᠰᠠᠭᠰᠤ ᠶᠢᠨ ᠴᠡᠭᠡᠯ ᠤᠷᠤᠭᠤ | ᠳᠠᠷᠤᠵᠤ ᠤᠷᠤᠭᠤᠯᠤᠨ᠎ᠠ᠃ ᠬᠤᠶᠠᠳᠤᠭᠠᠷ᠂ ᠭᠤᠷᠪᠠᠳᠤᠭᠠᠷ ᠨᠤᠭᠤᠰᠤ ᠶᠢ ᠴᠦᠮ ᠳᠤᠰ ᠶᠠᠪᠤᠴᠠ ᠪᠠᠷ ᠳᠠᠷᠤᠨ᠎ᠠ᠃ | ᠲᠦᠷᠪᠡᠳᠤᠬᠡᠷ ᠨᠤᠭᠤᠰᠤᠨ ᠳᠡᠭᠡᠷ᠎ᠠ ᠬᠦᠷᠴᠤ ᠢᠷᠡᠪᠡᠯ ᠤᠷᠢᠳᠡᠪᠡᠷ ᠳᠤᠳᠤᠭᠰᠢ ᠳᠠᠷᠤᠵᠤ ᠤᠷᠤᠭᠤᠯᠤᠭᠰᠠᠨ | ᠨᠢᠬᠡᠳᠤᠬᠡᠷ ᠨᠤᠭᠤᠰᠤ ᠶᠢ ᠲᠦᠷᠪᠡᠳᠤᠬᠡᠷ ᠨᠤᠭᠤᠰᠤ ᠶᠢᠨ ᠪᠠᠷᠠᠭᠤᠨ ᠳᠠᠯ᠎ᠠ ᠪᠠᠷ ᠳᠠᠳᠠᠨ ᠭᠠᠷᠭᠠᠵᠤ᠂ ᠲᠦᠷᠪᠡᠳᠤᠬᠡᠷ | ᠰᠠᠭᠤᠷᠢ ᠨᠤᠭᠤᠰᠤ ᠲᠠᠢ ᠨᠡᠶᠢᠯᠡᠬᠦᠯᠵᠦ ᠮᠤᠰᠬᠢᠨ᠂ ᠳᠤᠷᠤᠭᠰᠢ ᠴᠢᠩᠭ᠎ᠠ ᠳᠠᠷᠤᠵᠤ᠂ ᠵᠢᠷᠭᠤᠳᠤᠭᠠᠷ ᠨᠤᠭᠤᠰᠤ ᠶᠢᠨ | ᠠᠷᠤ ᠪᠠᠷ ᠳᠤᠳᠤᠭᠰᠢ ᠳᠠᠷᠤᠵᠤ ᠤᠷᠤᠭᠤᠯᠤᠨ᠎ᠠ᠃ ᠳᠠᠪᠤᠳᠤᠭᠠᠷ ᠪᠠ ᠵᠢᠷᠭᠤᠳᠤᠭᠠᠷ ᠨᠤᠭᠤᠰᠤ ᠶᠢ ᠮᠥᠨ ᠳᠡᠭᠡᠷᠡᠬᠢ | ᠠᠯᠬᠤᠮ ᠳᠠᠷᠠᠭ᠎ᠠ ᠪᠠᠷ ᠳᠠᠷᠤᠨ᠎ᠠ᠃ | ᠳᠤᠯᠤᠳᠤᠭᠠᠷ ᠨᠤᠭᠤᠰᠤ ᠠᠴᠠ ᠡᠬᠢᠯᠡᠵᠦ ᠳᠤᠳᠤᠷ᠎ᠠ ᠳᠠᠯ᠎ᠠ ᠶᠢᠨ ᠳᠠᠷᠤᠵᠤ ᠤᠷᠤᠭᠤᠯᠤᠭᠰᠠᠨ ᠨᠤᠭᠤᠰᠤ ᠠᠴᠠ | ᠰᠠᠯᠠᠭ᠎ᠠ ᠦᠭᠡᠢ᠂ ᠬᠤᠭᠤᠷᠬᠠᠢ ᠦᠭᠡᠢ᠂ ᠰᠠᠶᠢᠬᠠᠨ ᠠᠴᠠ ᠨᠢ ᠵᠦᠪᠬᠡᠨ ᠭᠤᠷᠪᠠ ᠶᠢ ᠳᠠᠳᠠᠨ ᠭᠠᠷᠭᠠᠵᠤ᠂ ᠪᠤᠰᠤᠭ᠎ᠠ | ᠨᠤᠭᠤᠰᠤ ᠲᠠᠢ ᠪᠠᠨ ᠨᠡᠶᠢᠯᠡᠬᠦᠯᠦᠨ ᠳᠡᠭᠡᠷᠡᠬᠢ ᠠᠷᠭ᠎ᠠ ᠪᠠᠷ ᠮᠤᠰᠬᠢᠨ ᠳᠠᠷᠤᠨ᠎ᠠ᠃ ᠢᠡᠭᠭᠢᠵᠦ ᠳᠠᠷᠤᠪᠠᠯ ᠰᠠᠭᠰᠤᠨ ᠤ | ᠢᠷᠮᠡᠭ ᠪᠦᠳᠦᠬᠦᠷᠡᠵᠦ ᠦᠵᠡᠭᠳᠡᠬᠦ ᠦᠭᠡᠢ ᠪᠦᠬᠡᠳ ᠰᠠᠭᠰᠤᠨ ᠳᠤ ᠪᠠᠨ ᠴᠦ ᠬᠦᠡᠭᠭᠡᠨ ᠪᠠᠶᠢᠳᠠᠭ᠃ | ᠬᠠᠮᠤᠭ ᠰᠡᠬᠦᠯᠴᠢ ᠶᠢᠨ ᠭᠤᠷᠪᠠᠨ ᠠᠳᠬᠤ ᠨᠤᠭᠤᠰᠤ ᠪᠠᠨ ᠡᠬᠢᠨ ᠤ ᠭᠤᠷᠪᠠᠨ ᠨᠤᠭᠤᠰᠤ ᠶᠢᠨ ᠳᠤᠤᠭᠤᠷ | ᠰᠢᠷᠭᠤᠭᠤᠯᠵᠤ ᠭᠠᠷᠭᠠᠨ᠂ ᠴᠢᠩᠭ᠎ᠠ ᠳᠠᠳᠠᠵᠤ ᠳᠤᠷᠤᠭᠰᠢ ᠰᠠᠭᠤᠯᠭᠠᠨ᠎ᠠ᠃ ᠡᠬᠢᠯᠡᠭᠰᠡᠨ ᠬᠤᠶᠠᠳᠤᠭᠠᠷ ᠭᠤᠷᠪᠠᠳᠤᠭᠠᠷ | ᠰᠠᠭᠤᠷᠢ ᠨᠤᠭᠤᠰᠤ ᠶᠢᠨ ᠬᠤᠭᠤᠷᠤᠨᠳᠤ ᠡᠬᠢ ᠰᠡᠬᠦᠯ ᠨᠤᠭᠤᠰᠤ ᠶᠢ ᠳᠠᠷᠤᠵᠤ ᠦᠨᠳᠦᠷ ᠰᠢᠭ ᠪᠤᠷᠭᠠᠰᠤ ᠶᠢ | ᠪᠤᠯᠪᠠᠷᠠᠭᠤᠯᠤᠨ ᠮᠤᠰᠬᠢᠵᠦ ᠤᠷᠢᠶᠠᠵᠤ ᠤᠶᠠᠵᠤ ᠳᠡᠬᠦᠰᠬᠡᠨᠠ᠃ | ᠰᠠᠭᠰᠤᠨ ᠤ ᠢᠷᠮᠡᠭ ᠢ ᠳᠠᠷᠤᠬᠤ ᠳᠤ ᠪᠠᠨ ᠨᠤᠭᠤᠰᠤ ᠪᠠᠨ ᠰᠠᠶᠢᠳᠤᠷ ᠮᠤᠰᠬᠢᠨ ᠳᠠᠷᠤᠵᠤ᠂ ᠰᠠᠭᠰᠤᠨ ᠤ ᠪᠠᠨ | ᠬᠠᠨ᠎ᠠ ᠲᠠᠢ ᠵᠠᠭᠠᠭ ᠵᠠᠪᠰᠠᠷ ᠦᠭᠡᠢ ᠪᠤᠯᠳᠠᠯ᠎ᠠ ᠨᠠᠭᠠᠯᠳᠤᠭᠤᠯᠬᠤ ᠬᠡᠷᠡᠭᠳᠡᠢ᠃ ᠢᠡᠭᠭᠢᠪᠡᠯ ᠦᠵᠡᠬᠦ ᠳᠤ ᠦᠵᠡᠮᠵᠢᠳᠠᠢ᠂ | ᠵᠠᠷᠤᠬᠤ ᠳᠤ ᠪᠦᠬᠡ ᠪᠠᠶᠢᠳᠠᠭ᠃ ᠬᠠᠰᠢ ᠶᠠᠰᠢ ᠪᠠᠷ ᠬᠤᠷᠳᠤᠨ ᠳᠠᠷᠤᠬᠤ ᠶᠢ ᠶᠠᠭᠠᠷᠠᠪᠠᠯ᠂ ᠰᠠᠭᠰᠤᠨ ᠢᠷᠮᠡᠭ ᠨᠢ | ᠬᠠᠨ᠎ᠠ ᠠᠴᠠ ᠪᠠᠨ ᠰᠠᠯᠤᠨ ᠳᠡᠭᠳᠡᠵᠦ᠂ ᠦᠵᠡᠬᠦ ᠳᠤ ᠦᠵᠡᠮᠵᠢ ᠦᠭᠡᠢ ᠮᠦᠷᠳᠡᠭᠡᠨ ᠵᠠᠷᠤᠳᠠᠯ ᠳᠠᠭᠠᠭᠠᠬᠤ ᠦᠭᠡᠢ | ᠰᠤᠪᠤᠷᠠᠵᠤ ᠤᠷᠷᠠᠭᠳᠠᠳᠠᠭ᠃ | ᠰᠠᠭᠰᠤᠨ ᠤ ᠪᠠᠨ ᠢᠷᠮᠡᠭ ᠢ ᠳᠠᠷᠤᠵᠤ ᠪᠠᠷᠠᠭᠰᠠᠨ ᠤ ᠪᠠᠨ ᠳᠠᠷᠠᠭ᠎ᠠ ᠬᠦᠷᠦᠯᠬᠡ ᠪᠤᠯᠤᠨ ᠨᠤᠭᠤᠰᠤᠨ ᠤ ᠪᠠᠨ | ᠤᠷᠤᠢ ᠶᠢ ᠳᠠᠰᠤᠳᠠᠨ ᠠᠪᠤᠨ᠎ᠠ᠃ ᠰᠠᠭᠰᠤᠨ ᠤ ᠪᠠᠨ ᠰᠠᠨᠵᠢ ᠶᠢᠨ ᠭᠤᠤᠯ ᠠᠴᠠ ᠳᠡᠬᠦᠵᠢᠯᠡᠨ ᠦᠵᠡᠵᠦ᠂ ᠨᠢᠬᠡ | ᠳᠡᠰᠢ ᠬᠠᠵᠠᠶᠢᠵᠦ ᠬᠠᠶᠢᠪᠠᠶᠢᠵᠤ ᠪᠠᠶᠢᠪᠠᠯ ᠬᠢᠰᠬᠢᠨ ᠳᠠᠳᠠᠵᠤ ᠳᠡᠩᠴᠡᠬᠦᠷᠢᠳᠠᠢ ᠪᠤᠯᠭᠠᠭᠠᠳ ᠨᠠᠷᠠᠨ ᠳᠤ ᠡᠯᠬᠦᠵᠦ | ᠬᠠᠳᠠᠭᠠᠨ᠎ᠠ᠃ | ᠠᠷᠭᠠᠯ ᠤᠨ ᠰᠠᠭᠰᠤ ᠶᠢ ᠵᠠᠷᠢᠮ ᠬᠦᠮᠦᠨ ᠡᠳᠤᠷ ᠲᠤ ᠬᠤᠶᠠᠷ ᠢ ᠠᠭᠠᠵᠢᠭᠤᠬᠠᠨ ᠤᠶᠠᠴᠢᠬᠠᠳᠠᠭ᠃ ᠬᠠᠰᠢᠷ ᠭᠠᠷ | ᠪᠤᠯ ᠡᠳᠤᠷ ᠲᠤ ᠭᠤᠷᠪᠠ ᠶᠢ ᠤᠶᠠᠨ᠎ᠠ ᠭᠡᠳᠡᠭ᠃ | ᠠᠷᠭᠠᠯ ᠤᠨ ᠰᠠᠭᠰᠤ ᠶᠢᠨ ᠶᠡᠭᠡ ᠪᠠᠭ᠎ᠠ ᠨᠢ ᠮᠥᠨ ᠠᠳᠠᠯᠢ ᠦᠭᠡᠢ ᠪᠠᠶᠢᠳᠠᠭ᠃ ᠠᠷᠭᠠᠯ ᠤᠨ ᠤᠪᠤᠭ᠎ᠠ ᠠᠴᠠ ᠪᠠᠨ | ᠠᠷᠭᠠᠯ ᠵᠦᠭᠡᠭᠡᠬᠦ ᠳᠤ ᠬᠡᠷᠡᠭᠯᠡᠬᠦ ᠰᠠᠭᠰᠤ ᠨᠢ ᠳᠠᠷᠤᠢ ᠨᠢᠬᠡ ᠠᠯᠳᠠ ᠦᠨᠳᠦᠷ ᠮᠤᠳᠤ ᠪᠠᠷ ᠰᠠᠨᠵᠢ ᠬᠢᠭᠰᠡᠨ ᠰᠠᠭᠰᠤ | ᠪᠠᠶᠢᠵᠦ᠂ ᠭᠡᠭᠡᠷ᠎ᠠ ᠳᠠᠯ᠎ᠠ ᠠᠴᠠ ᠬᠠᠭᠤᠷᠠᠢ ᠠᠷᠭᠠᠯ ᠢ ᠳᠠᠮᠨᠠᠬᠤ ᠳᠤ ᠬᠡᠷᠡᠭᠯᠡᠬᠦ ᠠᠷᠭᠠᠯ ᠤᠨ ᠰᠠᠭᠰᠤ ᠶᠢ ᠵᠢᠷᠭᠤᠭᠠᠨ | ᠳᠤᠬᠤᠢ ᠦᠨᠳᠦᠷ ᠮᠤᠳᠤ ᠪᠠᠷ ᠳᠠᠨᠵᠢ ᠬᠢᠵᠦ ᠬᠦᠷᠦᠳᠡᠭ᠃ | ᠠᠷᠭᠠᠯ ᠤᠨ ᠰᠠᠭᠰᠤ ᠶᠢ ᠪᠠᠰᠠ ᠬᠡᠳᠤᠨ ᠶᠠᠩᠵᠤ ᠪᠠᠷ ᠬᠦᠷᠦᠳᠡᠭ᠃ ᠵᠢᠱᠢᠶᠡᠯᠡᠪᠡᠯ᠄ ᠮᠤᠬᠤᠷ ᠰᠠᠭᠰᠤ ︵ᠰᠠᠨᠵᠢ | ᠦᠭᠡᠢ︶᠂ ᠨᠡᠮᠡᠬᠦᠷᠢ ᠰᠠᠨᠵᠢ ᠲᠠᠢ ᠰᠠᠭᠰᠤ᠂ ᠮᠤᠬᠤᠷ ᠲᠦᠷᠪᠡᠯᠵᠢᠨ ᠰᠠᠭᠰᠤ᠂ ᠪᠠᠭᠠᠰᠤᠨ ᠰᠠᠭᠰᠤ ᠵᠡᠷᠭᠡ ᠪᠠᠶᠢᠳᠠᠭ᠃ | | ᠮᠤᠬᠤᠷ ᠰᠠᠭᠰᠤ ᠶᠢ ᠮᠥᠨ ᠳᠡᠭᠡᠷᠡᠬᠢ ᠠᠷᠭ᠎ᠠ ᠪᠠᠷ ᠬᠦᠷᠦᠨ᠎ᠠ᠃ ᠰᠡᠨᠵᠢ ᠬᠢᠬᠦ ᠦᠭᠡᠢ ᠪᠠᠷ ᠬᠦᠷᠦᠭᠰᠡᠨ ᠠᠴᠠ | ᠮᠤᠬᠤᠷ ᠰᠠᠭᠰᠤ ᠶᠢᠨ ᠨᠡᠷ᠎ᠠ ᠤᠯᠤᠭᠰᠠᠨ ᠶᠤᠮ᠃ ᠮᠤᠬᠤᠷ ᠰᠠᠭᠰᠤ ᠶᠢ ᠬᠦᠷᠦᠬᠦ ᠳᠤ ᠰᠡᠨᠵᠢ ᠲᠠᠢ ᠰᠠᠭᠰᠤ ᠠᠴᠠ | ᠪᠠᠨ ᠠᠮᠠᠷ ᠪᠠᠶᠢᠳᠠᠭ᠃ ᠵᠠᠷᠤᠳᠠᠯ ᠦᠭᠡᠢ ᠦᠶ᠎ᠠ ᠳᠤ ᠬᠤᠷᠢᠶᠠᠬᠤ ᠳᠤ ᠴᠡᠪᠡᠷᠬᠡᠨ᠂ ᠰᠤᠭᠰᠤᠷᠠᠭᠤᠨ ᠳᠠᠯᠪᠢᠬᠤ ᠳᠤ | ᠭᠠᠵᠠᠷ ᠳᠡᠮᠡᠢ ᠡᠵᠡᠯᠡᠬᠦ ᠦᠭᠡᠢ ᠪᠠᠶᠢᠳᠠᠭ᠃ | ᠮᠤᠬᠤᠷ ᠰᠠᠭᠰᠤ ᠶᠢ ᠭᠤᠤᠯᠳᠠᠭᠤ᠂ ᠳᠡᠪᠢᠬᠦᠷᠯᠡᠭᠰᠡᠨ ᠠᠷᠭᠠᠯ ᠢ ᠴᠢᠳᠬᠤᠵᠤ ᠳᠡᠷᠭᠡᠨ ᠳᠤ ᠳᠡᠭᠡᠭᠡᠬᠦ᠂ ᠬᠠᠭᠤᠷᠠᠢ | ᠠᠷᠭᠠᠯ ᠢ ᠪᠤᠷᠤᠭᠠᠨ ᠠᠴᠠ ᠳᠠᠯᠳᠠᠯᠠᠵᠤ ᠰᠠᠪᠠᠯᠠᠵᠤ ᠬᠤᠷᠢᠶᠠᠬᠤ᠂ ᠳᠤᠯᠭ᠎ᠠ ᠶᠢᠨ ᠬᠠᠵᠠᠭᠤ ᠳᠤ ᠠᠷᠭᠠᠯ ᠰᠠᠪᠠᠯᠠᠵᠤ | ᠬᠡᠷᠡᠭᠯᠡᠬᠦ ᠳᠤ ᠬᠡᠷᠡᠭᠯᠡᠳᠡᠭ᠃ | ᠨᠡᠮᠡᠬᠦᠷᠢ ᠰᠡᠨᠵᠢ ᠲᠠᠢ ᠰᠠᠭᠰᠤ ᠭᠡᠳᠡᠭ ᠨᠢ ᠳᠠᠷᠤᠢ ᠰᠠᠭᠰᠤ ᠪᠠᠨ ᠮᠤᠬᠤᠷ ᠢᠶᠠᠷ ᠬᠦᠷᠦᠬᠡᠳ ᠬᠤᠵᠢᠮ ᠨᠢ ᠰᠠᠶ᠋ᠢ | ᠰᠡᠨᠵᠢ ᠳᠠᠭᠠᠷᠠᠭᠤᠯᠤᠭᠰᠠᠨ ᠰᠠᠭᠰᠤ ᠶᠢ ᠬᠡᠯᠡᠳᠡᠭ᠃ | ᠰᠠᠭᠰᠤᠨ ᠰᠡᠨᠵᠢ ᠪᠠᠨ ᠪᠡᠯᠡᠳᠬᠡᠵᠦ ᠠᠪᠴᠢᠷᠠᠭᠠᠳᠤᠢ ᠪᠤᠶᠤ ᠮᠠᠳᠠᠭᠠᠳᠤᠢ ᠦᠶ᠎ᠠ ᠳᠤ ᠰᠠᠭᠰᠤᠨ ᠪᠤᠷᠭᠠᠰᠤ ᠪᠠᠨ | ᠨᠢᠬᠡᠨᠳᠡ ᠰᠤᠩᠭᠤᠵᠤ ᠠᠪᠴᠢᠷᠠᠭᠰᠠᠨ ᠪᠠᠶᠢᠪᠠᠯ ᠪᠤᠷᠭᠠᠰᠤ ᠪᠠᠨ ᠬᠠᠳᠠᠭᠠᠵᠤ ᠭᠡᠭᠡᠭᠦ ᠪᠠᠨ ᠬᠠᠶᠢᠷᠠᠯᠠᠵᠤ᠂ ᠤᠷᠢᠳᠡᠪᠡᠷ | ᠮᠤᠬᠤᠷ ᠰᠠᠭᠰᠤ ᠪᠠᠨ ᠤᠶᠠᠴᠢᠬᠠᠳᠠᠭ᠃ ᠰᠡᠬᠦᠯᠡᠷ ᠨᠢ ᠰᠡᠨᠵᠢ ᠪᠠᠨ ᠵᠠᠰᠠᠵᠤ᠂ ᠰᠠᠭᠰᠤᠨ ᠤ ᠪᠠᠨ ᠨᠤᠭᠤᠰᠤ ᠪᠠᠨ | ᠳᠤᠭᠠᠯᠠᠨ ᠬᠤᠶᠠᠷ ᠬᠠᠭᠠᠰᠠᠯᠠᠵᠤ᠂ ᠭᠤᠤᠯ ᠬᠤᠶᠠᠷ ᠨᠤᠭᠤᠰᠤ ᠶᠢ ᠳᠠᠭᠠᠭᠤᠯᠵᠤ᠂ ᠰᠡᠨᠵᠢ ᠪᠠᠨ ᠪᠠᠷᠢᠵᠦ ᠤᠶᠠᠳᠠᠭ᠃ | ᠰᠡᠨᠵᠢ ᠲᠠᠢ ᠰᠠᠭᠰᠤ ᠶᠢᠨ ᠰᠡᠨᠵᠢ ᠨᠢ ᠨᠢᠬᠡᠨᠳᠡ ᠬᠤᠭᠤᠷᠠᠴᠢᠬᠠᠭᠰᠠᠨ ᠪᠠᠶᠢᠪᠠᠯ ᠮᠥᠨ ᠨᠡᠮᠡᠬᠦᠷᠢ ᠰᠠᠨᠵᠢ ᠭᠡᠵᠤ | ᠬᠡᠷᠡᠭᠯᠡᠳᠡᠭ᠃ | ᠲᠦᠷᠪᠡᠯᠵᠢᠨ ᠠᠷᠭᠠᠯ ᠤᠨ ᠰᠠᠭᠰᠤ ᠶᠢ ᠠᠷᠤᠭ ᠤᠨ ᠰᠠᠭᠰᠤ ᠲᠠᠢ ᠠᠳᠠᠯᠢ ᠪᠠᠷ ᠢᠷᠤᠭᠠᠷ ᠢ ᠨᠢ ᠭᠠᠷᠭᠠᠵᠤ᠂ | ᠭᠡᠷᠡᠭᠴᠡᠭᠡ ᠶᠢᠨ ᠢᠶᠠᠨ ᠬᠡᠮᠵᠢᠶ᠎ᠠ ᠪᠠᠷ ᠶᠡᠭᠡ ᠪᠠᠭ᠎ᠠ ᠪᠠᠨ ᠳᠤᠭᠳᠠᠭᠠᠵᠤ ᠬᠦᠷᠦᠳᠡᠭ᠃ ᠲᠦᠷᠪᠡᠯᠵᠢᠨ ᠠᠷᠭᠠᠯ ᠤᠨ | ᠰᠠᠭᠰᠤ ᠶᠢ ᠭᠤᠤᠯᠳᠠᠭᠤ ᠬᠡᠷ ᠡᠷᠤᠬᠡ ᠳᠤᠳᠤᠷᠠᠬᠢ ᠬᠢᠰᠠ ᠵᠤᠤᠬᠠᠨ ᠤ ᠪᠠᠨ ᠳᠡᠷᠭᠡᠳᠡ ᠠᠷᠭᠠᠯ ᠬᠢᠵᠦ ᠳᠠᠯᠪᠢᠬᠤ ᠳᠤ | ᠬᠡᠷᠡᠭᠯᠡᠳᠡᠭ᠃ ᠳᠤᠳᠤᠷ᠎ᠠ ᠠᠴᠠ ᠨᠢ ᠦᠬᠡᠷ ᠤᠨ ᠰᠢᠩᠭᠡᠨ ᠪᠠᠭᠠᠰᠤ ᠪᠠᠷ ᠬᠡᠳᠤ ᠤᠳᠠᠭ᠎ᠠ ᠰᠢᠪᠠᠵᠤ ᠬᠠᠳᠠᠭᠠᠭᠠᠳ | ᠵᠠᠷᠤᠪᠠᠯ ᠳᠤᠩ ᠴᠡᠪᠡᠷ ᠪᠠᠶᠢᠳᠠᠭ᠃ | ᠦᠬᠡᠷ ᠤᠨ ᠨᠤᠶᠢᠳᠠᠨ ᠪᠠᠭᠠᠰᠤ ᠶᠢ ᠰᠠᠪᠠᠯᠠᠵᠤ ᠵᠦᠭᠡᠭᠡᠪᠤᠷᠢᠯᠡᠬᠦ ᠰᠠᠭᠰᠤ ᠶᠢ ᠬᠦᠮᠦᠰ ᠪᠠᠭᠠᠰᠤᠨ ᠰᠠᠭᠰᠤ ᠭᠡᠵᠤ | ᠠᠷᠭᠠᠯ ᠤᠨ ᠰᠠᠭᠰᠤ ᠠᠴᠠ ᠪᠠᠨ ᠵᠢᠵᠢᠭᠬᠡᠨ ᠬᠦᠷᠦᠵᠦ ᠬᠡᠷᠡᠭᠯᠡᠳᠡᠭ᠃ ᠬᠢᠳᠡᠳ ᠤᠨ ᠬᠡᠷᠡᠭᠯᠡᠳᠡᠭ ᠰᠢᠷᠤᠢ ᠶᠢᠨ ᠰᠠᠭᠰᠤ | ᠠᠴᠠ ᠪᠠᠭ᠎ᠠ ᠶᠡᠬᠡᠬᠡᠨ ᠰᠢᠭ ᠢᠶᠠᠷ ᠪᠦᠳᠦᠬᠦᠨ ᠪᠤᠷᠭᠠᠰᠤ ᠪᠠᠷ ᠬᠦᠷᠦᠨ᠎ᠠ᠃ | ᠪᠠᠭᠠᠰᠤᠨ ᠰᠠᠭᠰᠤᠨ ᠤ ᠰᠡᠨᠵᠢ ᠶᠢ ᠮᠥᠨ ᠨᠢᠬᠡ ᠠᠯᠳᠠ ᠦᠨᠳᠦᠷ ᠮᠤᠳᠤ ᠪᠠᠷ ᠵᠠᠰᠠᠵᠤ ᠬᠢᠳᠡᠭ ᠪᠤᠯᠪᠠᠴᠤ ᠠᠷᠭᠠᠯ | ᠤᠨ ᠰᠠᠭᠰᠤ ᠶᠢᠨ ᠢᠶᠠᠨ ᠪᠦᠳᠦᠬᠦᠨ ᠢᠶᠠᠷ ᠮᠠᠳᠠᠵᠤ ᠬᠢᠨ᠎ᠠ᠃ ᠬᠦᠷᠦᠯᠬᠡ ᠶᠢᠨ ᠪᠤᠷᠭᠠᠰᠤ ᠶᠢ ᠮᠥᠨ ᠠᠷᠭᠠᠯ ᠤᠨ | ᠰᠠᠭᠰᠤ ᠶᠢᠨ ᠬᠦᠷᠦᠯᠬᠡ ᠶᠢᠨ ᠪᠤᠷᠭᠠᠰᠤ ᠠᠴᠠ ᠬᠤᠯᠠ ᠪᠦᠳᠦᠬᠦᠨ᠂ ᠰᠠᠪᠬᠠᠨ ᠤ ᠳᠤᠮᠳᠠ ᠦᠵᠦᠬᠦᠷ ᠤᠨ ᠬᠢᠷᠢ | ᠪᠦᠳᠦᠬᠦᠨ ᠪᠤᠷᠭᠠᠰᠤ ᠪᠠᠷ ᠬᠦᠷᠦᠳᠡᠭ᠃ | ᠪᠠᠭᠠᠰᠤᠨ ᠰᠠᠭᠰᠤ ᠶᠢ ᠬᠦᠷᠦᠬᠦ ᠳᠤ ᠨᠢᠯᠬ᠎ᠠ ᠪᠤᠷᠭᠠᠰᠤ ᠪᠤᠶᠤ ᠰᠠᠯᠠᠭ᠎ᠠ ᠪᠠᠷ ᠬᠦᠷᠦᠳᠡᠭ ᠦᠭᠡᠢ᠂ ᠬᠠᠷᠢᠨ ᠨᠠᠷᠢᠨ | ᠪᠢᠷᠠᠭᠤᠨ ᠬᠦᠬᠡ ᠪᠤᠷᠭᠠᠰᠤ᠂ ᠤᠯᠠᠭᠠᠨ ᠪᠤᠷᠭᠠᠰᠤ᠂ ᠰᠢᠷ᠎ᠠ ᠪᠤᠷᠭᠠᠰᠤ᠂ ᠬᠠᠶᠢᠯᠠᠰᠤᠨ ᠪᠤᠳᠠ ᠶᠢᠨ ᠰᠠᠯᠠᠭ᠎ᠠ᠂ | ᠭᠡᠶᠢᠰᠪᠤᠷᠢ ᠭᠠᠷᠤᠭᠰᠠᠨ ᠵᠤᠯᠵᠠᠭ᠎ᠠ ᠤᠳᠠ᠂ ᠢᠯᠠᠮ᠎ᠠ ᠶᠢᠨ ᠰᠠᠯᠠᠭ᠎ᠠ᠂ ᠢᠮᠠᠭᠠᠨ ᠡᠪᠡᠷ᠂ ᠬᠤᠨᠭ᠍ᠭᠤᠷᠴᠤᠭᠳᠤ ᠮᠤᠳᠤ | ᠵᠡᠷᠭᠡ ᠪᠠᠷ ᠬᠦᠷᠦᠨ᠎ᠠ᠃ | ᠪᠠᠭᠠᠰᠤᠨ ᠰᠠᠭᠰᠤ ᠶᠢᠨ ᠢᠷᠤᠭᠠᠷ ᠢ ᠠᠷᠭᠠᠯ ᠤᠨ ᠰᠠᠭᠰᠤ ᠶᠢᠨ ᠢᠷᠤᠭᠠᠷ ᠰᠢᠭ᠋ ᠲᠦᠷᠪᠡᠨ ᠢᠵᠢ ᠨᠤᠭᠤᠰᠤ ᠶᠢ | ᠳᠠᠪᠬᠤᠷᠯᠠᠵᠤ ᠬᠦᠷᠦᠬᠦ ᠨᠢ ᠴᠦᠬᠡᠨ᠃ ᠪᠤᠷᠭᠠᠰᠤ ᠨᠢ ᠪᠦᠳᠦᠬᠦᠨ ᠤᠴᠢᠷ ᠠᠴᠠ ᠢᠷᠤᠭᠠᠷ ᠵᠤᠵᠠᠭᠠᠷᠠᠬᠤ ᠠᠴᠠ | ᠬᠢᠴᠢᠶᠡᠵᠦ᠂ ᠬᠤᠶᠠᠷ ᠢᠵᠢ ᠨᠤᠭᠤᠰᠤ ᠶᠢ ᠰᠤᠯᠢᠪᠴᠠᠭᠤᠯᠤᠨ ᠳᠠᠪᠬᠤᠷᠯᠠᠵᠤ ᠤᠷᠢᠶᠠᠭᠠᠳ᠂ ᠳᠡᠷᠡ ᠳᠠᠷᠤᠢ ᠨᠤᠭᠤᠰᠤ | ᠪᠠᠨ ᠰᠠᠯᠭᠠᠨ ᠬᠦᠷᠦᠵᠦ ᠡᠬᠢᠯᠡᠳᠡᠭ᠃ | ᠪᠠᠭᠠᠰᠤᠨ ᠰᠠᠭᠰᠤᠨ ᠤ ᠨᠤᠭᠤᠰᠤ ᠨᠢ ᠶᠠᠷᠤ ᠠᠴᠠ ᠠᠷᠪᠠᠨ ᠵᠢᠷᠭᠤᠭᠠᠨ ᠨᠤᠭᠤᠰᠤ ᠠᠴᠠ ᠭᠡᠳᠦᠷᠡᠬᠦ ᠦᠭᠡᠢ | ᠪᠠᠶᠢᠳᠠᠭ᠃ ᠢᠷᠤᠭᠠᠷ ᠤᠨ ᠳᠠᠯᠠᠪᠠᠢ ᠶᠢᠨ ᠬᠦᠨᠳᠡᠯᠡᠨ ᠤᠭᠳᠤᠯᠤᠭᠠᠰᠤ ᠶᠢᠨ ᠤᠷᠳᠤ ᠶᠢ ᠨᠢᠬᠡ ᠳᠤᠬᠤᠢ ᠪᠠᠶᠢᠯᠭᠠᠵᠤ᠂ | ᠨᠠᠯᠤᠪᠴᠢ ᠪᠤᠰᠤᠭ᠎ᠠ ᠬᠠᠨ᠎ᠠ ᠶᠢᠨ ᠦᠨᠳᠦᠷ ᠨᠢ ᠲᠦᠬᠡ ᠢᠯᠡᠬᠦᠦ ᠪᠤᠯ ᠪᠤᠯᠴᠢᠬᠠᠳᠠᠭ᠃ | ᠪᠠᠭᠠᠰᠤᠨ ᠰᠠᠭᠰᠤᠨ ᠤ ᠢᠷᠮᠡᠭ ᠢ ᠠᠷᠭᠠᠯ ᠤᠨ ᠰᠠᠭᠰᠤᠨ ᠤ ᠢᠷᠮᠡᠭ ᠲᠠᠢ ᠠᠳᠠᠯᠢ ᠳᠠᠷᠤᠳᠠᠭ ᠦᠭᠡᠢ᠃ ᠨᠢᠬᠡ | ᠤᠷᠳᠤ ᠬᠦᠷᠦᠯᠬᠡ ᠶᠢᠨ ᠪᠤᠷᠭᠠᠰᠤ ᠪᠠᠷ ᠨᠤᠭᠤᠰᠤ ᠪᠤᠯᠭᠠᠨ ᠲᠠᠢ ᠳᠠᠮᠤᠵᠤ ᠬᠦᠷᠦᠨ᠎ᠠ᠃ ᠭᠡᠪᠡᠴᠤ ᠬᠤᠶᠠᠳᠤᠭᠠᠷ | ᠨᠤᠭᠤᠰᠤ ᠠᠴᠠ ᠡᠬᠢᠯᠡᠭᠡᠳ ᠡᠮᠤᠨᠡᠬᠢ ᠨᠤᠭᠤᠰᠤ ᠪᠠᠨ ᠳᠤᠳᠤᠭᠰᠢ ᠮᠤᠰᠬᠢᠨ ᠳᠠᠷᠤᠵᠤ ᠬᠠᠶᠠᠭᠠᠳ᠂ ᠪᠤᠰᠤᠭ᠎ᠠ | ᠨᠤᠭᠤᠰᠤ ᠲᠠᠢ ᠪᠠᠨ ᠳᠠᠮᠤᠵᠤ ᠤᠷᠢᠶᠠᠨ᠂ ᠤᠷᠤᠢ ᠶᠢ ᠳᠤᠳᠤᠭᠰᠢ ᠬᠠᠨᠳᠤᠭᠤᠯᠤᠨ ᠬᠠᠶᠠᠭᠠᠳ ᠶᠠᠪᠤᠳᠠᠭ᠃ ᠶᠠᠭ ᠯᠠ | ᠤᠯᠠᠨ ᠮᠦᠰᠦ ᠲᠠᠢ ᠳᠡᠭᠡᠰᠤ ᠰᠢᠭ ᠤᠷᠢᠶᠠᠯᠳᠤᠨ ᠦᠵᠡᠭᠳᠡᠳᠡᠭ᠃ ᠠᠷᠭᠠᠯ ᠤᠨ ᠰᠠᠭᠰᠤ ᠶᠢᠨ ᠢᠷᠮᠡᠭ ᠰᠢᠭ | ᠳᠠᠷᠤᠪᠠᠯ ᠰᠠᠭᠰᠤᠨ ᠤ ᠢᠷᠮᠡᠭ ᠨᠢ ᠨᠢᠬᠡᠮᠦᠰᠦᠨ ᠪᠦᠳᠦᠷᠡᠭᠡᠳ ᠦᠵᠡᠮᠵᠢ ᠦᠭᠡᠢ ᠰᠠᠭᠰᠤ ᠪᠤᠯᠳᠠᠭ᠃ | ᠪᠠᠭᠠᠰᠤᠨ ᠰᠠᠭᠰᠤ ᠪᠠᠷ ᠭᠤᠤᠯᠳᠠᠭᠤ ᠰᠢᠨ᠎ᠠ ᠪᠠᠭᠠᠰᠤ᠂ ᠨᠤᠶᠢᠳᠠᠨ ᠪᠠᠭᠠᠰᠤ ᠶᠢ ᠵᠦᠭᠡᠭᠡᠵᠦ ᠭᠠᠷᠭᠠᠬᠤ ᠳᠤ | ᠬᠡᠷᠡᠭᠯᠡᠳᠡᠭ᠃ | ᠠᠷᠤᠭ ᠤᠨ ᠰᠠᠭᠰᠤ | ᠠᠷᠤ ᠳᠡᠬᠡᠷ᠎ᠠ ᠪᠠᠨ ᠡᠬᠦᠷᠴᠤ᠃ ᠠᠷᠭᠠᠯ ᠳᠡᠬᠦᠨ ᠰᠠᠪᠠᠯᠠᠳᠠᠭ᠂ ᠳᠡᠭᠡᠭᠰᠢ ᠪᠠᠨ ᠰᠠᠷᠪᠠᠭ᠂ ᠳᠤᠷᠤᠭᠰᠢ ᠪᠠᠨ | ᠱᠤᠳᠤᠭ ᠲᠦᠷᠪᠡᠯᠵᠢᠨ ᠰᠠᠭᠰᠤ ᠶᠢ ᠠᠷᠤᠭ ᠤᠨ ᠰᠠᠭᠰᠤ ᠭᠡᠳᠡᠭ᠃ | ᠠᠷᠤᠭ ᠤᠨ ᠰᠠᠭᠰᠤᠨ ᠤ ᠢᠷᠤᠭᠠᠷ ᠨᠢ ᠤᠷᠳᠤ ᠲᠦᠷᠪᠡᠯᠵᠢᠨ ᠬᠡᠯᠪᠡᠷᠢ ᠲᠠᠢ ᠪᠠᠶᠢᠳᠠᠭ᠃ ᠢᠷᠤᠭᠠᠷ ᠤᠨ ᠦᠷᠬᠡᠨ | ᠨᠢ ᠨᠢᠬᠡ ᠳᠤᠬᠤᠢ᠂ ᠤᠷᠳᠤ ᠨᠢ ᠳᠤᠬᠤᠢ ᠬᠠᠭᠠᠰ ᠪᠠᠶᠢᠳᠠᠭ᠃ ᠳᠡᠬᠡᠷ᠎ᠠ ᠠᠮᠠᠰᠠᠷ ᠨᠢ ᠢᠷᠤᠭᠠᠷ ᠢᠶᠠᠨ ᠶᠡᠬᠡᠰᠭᠡᠭᠰᠡᠨ | ᠤᠷᠳᠤ ᠲᠦᠷᠪᠡᠯᠵᠢᠨ ᠬᠡᠯᠪᠡᠷᠢ ᠲᠠᠢ᠃ ᠳᠡᠭᠡᠷ᠎ᠠ ᠠᠮᠠᠰᠠᠷ ᠤᠨ ᠤᠷᠳᠤ ᠨᠢ ᠨᠢᠬᠡ ᠮᠧᠲᠷ᠂ ᠦᠷᠬᠡᠨ ᠨᠢ ᠬᠤᠶᠠᠷ | ᠳᠤᠬᠤᠢ ᠪᠠᠶᠢᠵᠦ᠂ ᠪᠤᠰᠤᠭ᠎ᠠ ᠴᠡᠭᠡᠯ ᠤᠨ ᠬᠦᠨ ᠨᠢ ᠨᠢᠬᠡ ᠮᠧᠲᠷ ᠪᠠᠶᠢᠳᠠᠭ᠃ | ᠠᠷᠤᠭ ᠤᠨ ᠰᠠᠭᠰᠤ ᠶᠢᠨ ᠢᠷᠤᠭᠠᠷ ᠢ ᠠᠷᠭᠠᠯ ᠤᠨ ᠰᠠᠭᠰᠤ ᠢ ᠰᠢᠭ᠋ ᠨᠤᠭᠤᠰᠤ ᠶᠢ ᠳᠠᠪᠬᠤᠷᠯᠠᠨ ᠬᠤᠯᠪᠤᠵᠤ | ᠬᠦᠷᠦᠵᠦ ᠭᠠᠷᠭᠠᠬᠤ ᠪᠢᠰᠢ ᠬᠠᠷᠢᠨ ᠨᠤᠭᠤᠰᠤ ᠶᠢ ᠠᠳᠠᠯᠢ ᠵᠠᠢ ᠪᠠᠷ ᠵᠡᠷᠭᠡᠴᠡᠬᠦᠯᠦᠨ ᠬᠡᠯᠬᠢᠵᠦ ᠬᠦᠷᠦᠯᠬᠡ ᠶᠢᠨ | ᠪᠤᠷᠭᠠᠰᠤ ᠪᠠᠨ ᠰᠢᠷᠭᠤᠭᠤᠯᠤᠨ ᠬᠦᠷᠦᠵᠦ ᠭᠠᠷᠭᠠᠨ᠎ᠠ᠃ | ᠶᠠᠭᠤᠨ ᠤ ᠡᠮᠤᠨ᠎ᠠ ᠨᠢᠬᠡ ᠬᠦᠷᠦᠯᠬᠡ ᠶᠢᠨ ᠪᠤᠷᠭᠠᠰᠤ ᠶᠢ ᠪᠠᠯᠪᠠᠷᠠᠭᠤᠯᠤᠨ ᠮᠤᠰᠬᠢᠵᠦ᠂ ᠠᠷᠤᠭ ᠤᠨ ᠰᠠᠭᠰᠤ ᠶᠢᠨ | ᠢᠷᠤᠭᠠᠷ ᠤᠨ ᠤᠷᠳᠤ ᠶᠢᠨ ᠬᠡᠮᠵᠢᠶ᠎ᠠ ᠪᠠᠷ ᠬᠦᠶᠦᠯᠬᠡᠨ ᠳᠠᠮᠤᠵᠤ ᠭᠠᠵᠠᠷ ᠳᠠᠯᠪᠢᠨ᠎ᠠ᠃ ᠪᠢᠳᠡᠬᠦᠦ ᠭᠤᠭᠴᠤᠭ᠎ᠠ ᠸᠴᠠ | ᠨᠢ ᠡᠬᠢᠯᠡᠭᠡᠳ ᠰᠤᠩᠭᠤᠨ ᠭᠠᠷᠭᠠᠭᠰᠠᠨ ᠨᠤᠭᠤᠰᠤ ᠪᠤᠷᠭᠠᠰᠤ ᠠᠴᠠ ᠲᠦᠷᠪᠡ ᠶᠢ ᠰᠤᠩᠭᠤᠵᠤ᠂ ᠬᠤᠶᠠᠷ ᠢ ᠨᠢ | ᠤᠷᠢᠳᠡᠪᠡᠷ ᠪᠦᠭᠰᠡ ᠪᠠᠷ ᠨᠢ ᠰᠢᠷᠭᠤᠭᠤᠯᠵᠤ ᠤᠷᠤᠭᠤᠯᠤᠨ᠎ᠠ᠃ ᠳᠠᠬᠢᠭᠠᠳ ᠬᠤᠶᠠᠷ ᠨᠤᠭᠤᠰᠤᠨ ᠪᠤᠷᠭᠠᠰᠤ ᠶᠢᠨ ᠢᠶᠠᠨ | ᠪᠦᠭᠰᠡ ᠶᠢ ᠡᠰᠡᠷᠬᠦᠯᠡᠨ ᠵᠦᠷᠢᠬᠦᠯᠵᠦ ᠵᠠᠭᠠᠭᠯᠠᠨ ᠰᠢᠷᠭᠤᠭᠤᠯᠵᠤ ᠵᠡᠷᠭᠡᠴᠡᠬᠦᠯᠦᠨᠠ᠃ ᠨᠤᠭᠤᠰᠤᠨ ᠪᠤᠷᠭᠠᠰᠤ ᠶᠢᠨ | ᠵᠦᠷᠢᠬᠦᠯᠬᠦ ᠭᠡᠮᠵᠢᠶ᠎ᠠ ᠶᠢ ᠳᠠᠷᠤᠢ ᠢᠷᠤᠭᠠᠷ ᠤᠨ ᠦᠷᠬᠡᠨ ᠤ ᠨᠢᠭᠡ ᠳᠤᠬᠤᠢ ᠪᠠᠷ ᠬᠡᠮᠵᠢᠶᠡᠯᠡᠳᠡᠭ᠃ | ᠳᠠᠷᠠᠭ᠎ᠠ ᠶᠢᠨ ᠢᠵᠢ ᠨᠤᠭᠤᠰᠤ ᠶᠢ ᠮᠥᠨ ᠳᠤᠰ ᠠᠷᠭ᠎ᠠ ᠪᠠᠷ ᠨᠢᠬᠡ ᠬᠤᠷᠤᠭᠤ ᠵᠠᠶᠢᠴᠢᠯᠠᠵᠤ ᠳᠤᠬᠢᠷᠠᠭᠤᠯᠤᠨ᠎ᠠ᠃ | ᠪᠠᠷᠤᠭ ᠠᠷᠪᠠ ᠠᠴᠠ ᠠᠷᠪᠠᠨ ᠬᠤᠶᠠᠷ ᠢᠵᠢ ᠨᠤᠭᠤᠰᠤ ᠤᠷᠤᠳᠠᠭ᠃ ᠳᠠᠤᠬᠤᠷ ᠳᠤᠭ᠎ᠠ ᠪᠠᠷ ᠨᠤᠭᠤᠰᠤᠯᠠᠨᠠ᠃ | ᠨᠤᠭᠤᠰᠤ ᠪᠠᠨ ᠰᠢᠷᠭᠤᠭᠤᠯᠵᠤ ᠳᠠᠭᠤᠰᠤᠭᠰᠠᠨ ᠤ ᠳᠠᠷᠠᠭ᠎ᠠ ᠨᠤᠭᠤᠰᠤ ᠶᠢᠨ ᠭᠡᠯᠬᠢᠶᠡᠰᠤ ᠶᠢ ᠳᠠᠭᠠᠭᠤᠯᠵᠤ | ᠬᠦᠷᠦᠯᠬᠡ ᠶᠢᠨ ᠪᠤᠷᠭᠠᠰᠤ ᠪᠠᠷ ᠢᠶᠠᠨ ᠬᠦᠷᠦᠨ᠎ᠠ᠃ ᠮᠦᠨᠴᠤ ᠨᠢᠬᠡ ᠡᠷᠬᠦᠵᠦ ᠨᠢᠬᠡ ᠳᠠᠷᠤᠬᠤ ᠠᠷᠭ᠎ᠠ ᠪᠠᠷ ᠭᠡᠯᠬᠢᠶᠡᠰᠤ | ᠶᠢᠨ ᠬᠤᠶᠠᠷ ᠳᠠᠯ᠎ᠠ ᠶᠢ ᠬᠦᠬᠡᠬᠡᠵᠦ ᠬᠦᠷᠦᠨ᠎ᠠ᠃ ᠨᠢᠬᠡ ᠳᠠᠯ᠎ᠠ ᠶᠢ ᠬᠦᠷᠦᠵᠦ ᠳᠠᠭᠤᠰᠤᠭᠰᠠᠨ ᠤ ᠳᠠᠷᠠᠭ᠎ᠠ ᠨᠤᠭᠤᠰᠤᠨ | ᠤ ᠭᠡᠯᠬᠢᠶᠡᠰᠤ ᠶᠢ ᠠᠪᠴᠤ ᠬᠠᠶᠠᠭᠠᠳ ᠬᠦᠷᠦᠯᠬᠡ ᠶᠢᠨ ᠵᠢᠮ ᠢᠶᠠᠷ ᠢᠶᠠᠨ ᠬᠦᠷᠦᠳᠡᠭ᠃ | ᠬᠠᠮᠤᠭ ᠡᠬᠢᠨ ᠤ ᠬᠦᠷᠦᠯᠬᠡ ᠶᠢᠨ ᠪᠤᠷᠭᠠᠰᠤ ᠶᠢᠨ ᠢᠶᠠᠨ ᠪᠦᠭᠰᠡ ᠶᠢ ᠭᠡᠯᠬᠢᠶᠡᠰᠤ ᠶᠢᠨ ᠦᠵᠦᠬᠦᠷ ᠭᠤᠭᠴᠤᠭ᠎ᠠ | ᠶᠢᠨ ᠨᠤᠭᠤᠰᠤᠨ ᠤ ᠳᠡᠭᠡᠷ᠎ᠠ ᠳᠠᠷᠤᠭᠤᠯᠵᠤ᠂ ᠬᠤᠶᠠᠳᠤᠭᠠᠷ ᠨᠤᠭᠤᠰᠤ ᠶᠢ ᠡᠷᠬᠦᠨ ᠬᠦᠷᠦᠬᠡᠳ᠂ ᠨᠦᠬᠦᠬᠡ ᠵᠠᠬ᠎ᠠ ᠶᠢᠨ | ᠨᠤᠭᠤᠰᠤ ᠶᠢ ᠨᠢᠬᠡ ᠤᠷᠢᠶᠠᠭᠠᠳ ᠬᠡᠳᠡᠷᠬᠦᠦ ᠪᠠᠨ ᠬᠦᠷᠦᠵᠦ᠂ ᠪᠦᠭᠰᠡ ᠶᠢᠨ ᠢᠶᠠᠨ ᠳᠠᠷᠤᠵᠤ ᠪᠠᠶᠢᠭ᠎ᠠ ᠨᠤᠭᠤᠰᠤ ᠶᠢᠨ | ᠳᠤᠤᠭᠤᠷ ᠰᠤᠩᠭᠠᠵᠤ ᠭᠠᠷᠭᠠᠨ᠎ᠠ᠃ ᠬᠤᠶᠠᠳᠤᠭᠠᠷ ᠬᠦᠷᠦᠯᠬᠡ ᠶᠢᠨ ᠪᠤᠷᠭᠠᠰᠤ ᠶᠢ ᠪᠠᠰᠠᠳᠤᠰ ᠳᠠᠯ᠎ᠠ ᠠᠴᠠ ᠡᠬᠢᠯᠡᠬᠦ | ᠪᠤᠯᠪᠠᠴᠤ ᠤᠷᠢᠶᠠᠵᠤ ᠠᠪᠴᠢᠷᠠᠬᠤ ᠦᠭᠡᠢ᠂ ᠳᠤᠷᠰᠢ ᠳᠤ ᠨᠢ ᠭᠠᠷᠭᠠᠨ᠎ᠠ᠂ ᠭᠤᠷᠪᠠᠳᠤᠭᠠᠷ ᠬᠦᠷᠦᠯᠬᠡ ᠶᠢᠨ ᠪᠤᠷᠭᠠᠰᠤ | ᠶᠢ ᠨᠦᠬᠦᠬᠡ ᠳᠠᠯ᠎ᠠ ᠠᠴᠠ ᠵᠠᠬ᠎ᠠ ᠶᠢᠨ ᠨᠤᠭᠤᠰᠤ ᠶᠢ ᠳᠠᠷᠤᠭᠤᠯᠤᠨ ᠬᠦᠷᠦᠵᠦ᠂ ᠪᠠᠰᠠ ᠤᠷᠢᠶᠠᠵᠤ ᠠᠪᠴᠢᠷᠠᠬᠤ | ᠦᠭᠡᠢ ᠪᠠᠷ ᠳᠤᠷᠰᠢ ᠳᠤ ᠨᠢ ᠭᠠᠷᠭᠠᠨ᠎ᠠ᠃ ᠲᠦᠷᠪᠡᠳᠤᠬᠡᠷ ᠢ ᠮᠥᠨ ᠳᠤᠷᠰᠢ ᠳᠤ ᠨᠢ ᠭᠠᠷᠭᠠᠭᠰᠠᠨ ᠤ ᠳᠠᠷᠠᠭ᠎ᠠ | ᠳᠠᠪᠤᠳᠤᠭᠠᠷ ᠬᠦᠷᠦᠯᠬᠡ ᠶᠢᠨ ᠪᠤᠷᠭᠠᠰᠤ ᠶᠢ ᠤᠷᠢᠶᠠᠵᠤ ᠠᠪᠴᠢᠷᠠᠭᠠᠳ ᠡᠬᠢᠯᠡᠭᠰᠡᠨ ᠳᠠᠯ᠎ᠠ ᠳᠤ ᠨᠢ ᠭᠠᠷᠭᠠᠨ᠎ᠠ᠃ | ᠡᠨᠡ ᠮᠡᠳᠤ ᠪᠠᠷ ᠵᠤᠬᠢᠰ ᠢ ᠦᠵᠡᠵᠦ ᠬᠦᠷᠦᠬᠦ ᠨᠢ ᠳᠠᠷᠤᠢ ᠬᠦᠷᠦᠯᠭᠡ ᠶᠢᠨ ᠪᠤᠷᠭᠠᠰᠤ ᠪᠠᠨ ᠪᠤᠰᠬᠠᠵᠤ ᠨᠤᠭᠤᠰᠤ | ᠪᠤᠯᠭᠠᠭᠤ ᠳᠤ ᠵᠠᠢ ᠨᠢ ᠳᠠᠩᠴᠡᠬᠦᠷᠢᠳᠠᠢ᠂ ᠬᠤᠶᠠᠷ ᠲᠤ ᠤᠷᠢᠶᠠᠵᠤ ᠪᠠᠶᠢᠭ᠎ᠠ ᠨᠢ ᠢᠷᠤᠭᠠᠷ ᠤᠨ ᠡᠷᠴᠢᠮ ᠢᠳᠡ ᠶᠢ | ᠴᠢᠩᠭᠠᠷᠠᠭᠤᠯᠵᠤ ᠪᠠᠶᠢᠭ᠎ᠠ ᠶᠠᠪᠤᠳᠠᠯ ᠪᠤᠯᠤᠨ᠎ᠠ᠃ | ᠭᠡᠯᠬᠢᠶᠡᠰᠤ ᠶᠢᠨ ᠨᠢᠬᠡ ᠳᠠᠯ᠎ᠠ ᠶᠢ ᠬᠦᠷᠦᠵᠦ ᠪᠠᠷᠠᠭᠰᠠᠨ ᠤ ᠳᠠᠷᠠᠭ᠎ᠠ ᠳᠤᠰ ᠭᠡᠯᠬᠢᠶᠡᠰᠤ ᠪᠠᠨ ᠠᠪᠤᠭᠠᠳ | ᠬᠠᠶᠠᠴᠢᠬᠠᠳᠠᠭ᠃ ᠳᠡᠭᠡᠭᠡᠳ ᠳᠤᠮᠳᠠ ᠠᠴᠠ ᠨᠢ ᠨᠠᠰᠢ ᠬᠦᠷᠦᠯᠬᠡ ᠶᠢᠨ ᠵᠢᠮ ᠢᠶᠠᠨ ᠠᠯᠳᠠᠯ ᠦᠭᠡᠢ ᠬᠦᠷᠦᠵᠦ | ᠳᠠᠭᠤᠰᠬᠠᠨ ᠢᠷᠤᠭᠠᠷ ᠢᠶᠠᠨ ᠭᠠᠷᠭᠠᠨ᠎ᠠ᠃ | ᠠᠷᠤᠭ ᠤᠨ ᠰᠠᠭᠰᠤ ᠶᠢᠨ ᠢᠷᠤᠭᠠᠷ ᠢ ᠠᠷᠭᠠᠯ ᠤᠨ ᠰᠠᠭᠰᠤ ᠶᠢᠨ ᠢᠷᠤᠭᠠᠷ ᠰᠢᠭ᠋ ᠬᠦᠷᠪᠡᠬᠦᠯᠵᠦ ᠪᠠᠶᠢᠭᠠᠳ | ᠨᠤᠭᠤᠰᠤ ᠶᠢ ᠨᠢ ᠪᠤᠰᠬᠠᠬᠤ ᠦᠭᠡᠢ᠃ ᠰᠢᠭᠤᠳ ᠨᠤᠭᠤᠰᠤ ᠪᠠᠨ ᠳᠡᠭᠡᠭᠰᠢ ᠪᠤᠰᠬᠠᠨ ᠳᠤᠭᠤᠷᠢᠭᠤᠯᠤᠨ ᠬᠦᠷᠦᠨ᠎ᠠ᠃ | ᠲᠦᠷᠪᠡᠨ ᠳᠠᠯ᠎ᠠ ᠶᠢᠨ ᠨᠤᠭᠤᠰᠤ ᠶᠢ ᠳᠡᠭᠡᠭᠰᠢ ᠪᠤᠰᠬᠠᠨ ᠬᠤᠶᠠᠷ ᠬᠤᠶᠠᠷ ᠢᠶᠠᠷ ᠬᠤᠯᠪᠤᠨ ᠤᠶᠠᠨ᠎ᠠ᠃ ᠰᠠᠭᠤᠷᠢ | ᠨᠤᠭᠤᠰᠤ ᠶᠢᠨ ᠬᠤᠭᠤᠷᠠᠬᠤ ᠠᠴᠠ ᠬᠢᠴᠢᠶᠡᠵᠦ᠂ ᠨᠢᠬᠡ ᠨᠢᠬᠡ ᠰᠠᠭᠤᠷᠢ ᠪᠠᠷ ᠨᠤᠬᠤᠯᠠᠨ ᠰᠢᠪᠳᠤᠷᠴᠤ᠂ ᠳᠠᠰᠬᠠᠵᠤ | ᠪᠤᠰᠬᠠᠳᠠᠭ᠃ | ᠠᠷᠤᠭ ᠤᠨ ᠨᠤᠭᠤᠰᠤ ᠪᠠᠨ ᠪᠤᠰᠬᠠᠵᠤ ᠪᠠᠷᠠᠭᠰᠠᠨ ᠤ ᠳᠠᠷᠠᠭ᠎ᠠ ᠨᠢᠭᠡ ᠦᠨᠴᠦᠭ ᠠᠴᠠ ᠨᠢ ᠡᠬᠢᠯᠡᠵᠦ ᠬᠦᠷᠦᠯᠬᠡ | ᠶᠢᠨ ᠪᠤᠷᠭᠠᠰᠤ ᠶᠢᠨ ᠢᠶᠠᠨ ᠪᠦᠭᠰᠡ ᠶᠢ ᠳᠤᠳᠤᠭᠰᠢ ᠬᠠᠳᠬᠤᠨ ᠬᠦᠷᠦᠵᠦ ᠡᠬᠢᠯᠡᠨ᠎ᠠ᠃ ᠮᠦᠨᠴᠤ ᠠᠷᠭᠠᠯ ᠤᠨ | ᠰᠠᠭᠰᠤ ᠬᠦᠷᠦᠬᠦ ᠲᠠᠢ ᠠᠳᠠᠯᠢ ᠨᠢᠬᠡ ᠡᠷᠬᠦᠨ ᠨᠢᠬᠡ ᠳᠠᠷᠤᠵᠤ ᠳᠤᠭᠤᠷᠢᠭᠤᠯᠤᠨ ᠬᠦᠷᠦᠨ᠎ᠠ᠃ ᠨᠢᠬᠡ ᠮᠦᠷ ᠬᠦᠷᠦᠵᠦ | ᠳᠠᠭᠤᠰᠤᠭᠰᠠᠨ ᠤ ᠳᠠᠷᠠᠭ᠎ᠠ ᠠᠷᠤᠭ ᠤᠨ ᠰᠠᠭᠰᠤ ᠶᠢᠨ ᠶᠠᠩᠵᠤ ᠲᠦᠯᠦᠪ ᠨᠢ ᠭᠠᠷᠴᠢᠬᠠᠳᠠᠭ᠃ ᠮᠤᠳᠤᠨ ᠬᠠᠪᠳᠠᠰᠤ | ᠶᠢ ᠬᠤᠶᠠᠷ ᠨᠤᠭᠤᠰᠤ ᠶᠢᠨ ᠬᠤᠭᠤᠷᠤᠨᠳᠤ ᠳᠠᠯᠪᠢᠵᠦ᠂ ᠰᠦᠬᠡ ᠪᠠᠷ ᠢᠶᠠᠨ ᠳᠠᠷᠤᠵᠤ ᠴᠤᠬᠢᠨ ᠬᠦᠷᠦᠯᠬᠡ ᠶᠢᠨ | ᠰᠠᠭᠤᠳᠠᠯ ᠢ ᠴᠢᠩᠭᠠᠷᠠᠭᠤᠯᠤᠨ᠎ᠠ᠃ ᠰᠠᠭᠤᠷᠢ ᠨᠤᠭᠤᠰᠤ ᠪᠤᠯᠭᠠᠨ ᠢ ᠴᠦᠮ ᠭᠤᠷᠪᠠ ᠭᠤᠷᠪᠠᠨ ᠪᠤᠷᠭᠠᠰᠤ ᠲᠠᠢ ᠪᠤᠯᠭᠠᠨ | ᠴᠡᠭᠴᠡᠯᠡᠨ᠎ᠠ᠃ | ᠳᠡᠭᠡᠭᠰᠢ ᠳᠤᠬᠤᠢ ᠬᠠᠭᠠᠰ ᠬᠦᠷᠦᠭᠰᠡᠨ ᠤ ᠳᠠᠷᠠᠭ᠎ᠠ ᠪᠠᠭ᠎ᠠ ᠪᠠᠭ᠎ᠠ ᠪᠠᠷ ᠲᠦᠷᠪᠡᠨ ᠳᠡᠰᠢ ᠪᠠᠨ ᠰᠠᠷᠪᠠᠶᠢᠯᠭᠠᠨ | ᠬᠦᠷᠦᠨ᠎ᠠ᠃ ᠬᠡᠯᠡᠯᠬᠡᠨ ᠦᠭᠡᠢ ᠨᠤᠭᠤᠰᠤ ᠰᠠᠯᠭᠠᠵᠤ ᠬᠦᠷᠦᠨ᠎ᠠ᠃ | ᠳᠡᠭᠡᠭᠰᠢ ᠨᠢᠬᠡ ᠮᠧᠲᠷ ᠪᠤᠰᠤᠭ᠎ᠠ ᠬᠦᠷᠦᠪᠡᠯ ᠳᠠᠷᠤᠢ ᠬᠦᠷᠦᠯᠬᠡ ᠪᠠᠨ ᠵᠤᠭᠰᠤᠵᠤ ᠠᠷᠤᠭ ᠤᠨ ᠰᠠᠭᠰᠤ ᠶᠢᠨ ᠢᠷᠮᠡᠭ | ᠢ ᠳᠠᠷᠤᠨ᠎ᠠ᠃ ᠡᠩ ᠤᠨ ᠪᠠᠶᠢᠳᠠᠯ ᠳᠤᠤᠷ᠎ᠠ ᠠᠷᠤᠭ ᠤᠨ ᠢᠷᠮᠡᠭ ᠢ ᠴᠦᠮ ᠳᠠᠪᠬᠤᠷ ᠳᠠᠷᠤᠳᠠᠭ᠃ | ᠲᠦᠡᠭᠰᠡᠨ ᠰᠠᠭᠰᠤ | ᠬᠠᠷ᠎ᠠ ᠪᠤᠳᠠᠭ᠎ᠠ ᠰᠠᠪᠠᠯᠠᠳᠠᠭ ᠳᠤᠮᠤ ᠭᠡᠭᠴᠢ ᠶᠢᠨ ᠬᠦᠷᠦᠮᠡᠯ ᠮᠤᠬᠤᠷ ᠰᠠᠭᠰᠤ ᠶᠢ ᠲᠦᠡᠭᠰᠡᠨ ᠰᠠᠭᠰᠤ ᠭᠡᠳᠡᠭ᠃ | ᠲᠦᠨᠵᠡ ᠮᠤᠳᠤ ᠬᠡᠯᠪᠡᠷᠢ ᠲᠠᠢ ᠰᠠᠭᠰᠤ ᠭᠡᠵᠤ᠂ ᠲᠦᠨᠵᠢᠨ ᠰᠠᠭᠰᠤ ᠭᠡᠵᠤ ᠪᠠᠶᠢᠭᠰᠠᠨ ᠠᠴᠠ ᠪᠠᠨ ᠲᠦᠡᠭᠰᠡ ᠪᠤᠯᠵᠤ | ᠬᠡᠯᠡᠭᠳᠡᠵᠦ ᠵᠠᠩᠰᠢᠪᠠ᠃ | ᠲᠦᠡᠭᠰᠡᠨ ᠰᠠᠭᠰᠤ ᠶᠢᠨ ᠪᠠᠭᠳᠠᠭᠠᠮᠵᠢ ᠶᠢ ᠳ᠋ᠠᠨ ᠪᠤᠳᠠᠭᠠᠨ ᠤ᠂ ᠬᠤᠶᠠᠷ ᠳ᠋ᠠᠨ ᠪᠤᠳᠠᠭᠠᠨ ᠤ᠂ ᠭᠤᠷᠪᠠᠨ ᠳ᠋ᠠᠨ | ᠪᠤᠳᠠᠭᠠᠨ ᠤ ᠭᠡᠬᠦᠴᠢᠯᠡᠨ ᠬᠦᠷᠦᠨ᠎ᠠ᠃ ᠦᠪᠤᠡᠭ᠂ ᠬᠦᠮᠦᠷᠬᠡ ᠶᠢᠨ ᠢᠶᠠᠨ ᠡᠬᠦᠳᠡ ᠨᠢ ᠪᠠᠭᠳᠠᠬᠤ ᠦᠭᠡᠢ ᠪᠤᠯ | ᠴᠤᠩᠬᠤ ᠪᠠᠷ ᠨᠢ ᠤᠷᠤᠭᠤᠯᠬᠤ ᠶᠠᠩᠵᠤ ᠪᠠᠷ ᠬᠦᠷᠦᠵᠦ᠂ ᠡᠬᠦᠳᠡ ᠴᠤᠩᠬᠤ ᠨᠢ ᠪᠦᠷ ᠪᠠᠭᠳᠠᠬᠤ ᠦᠭᠡᠢ ᠪᠤᠯ | ᠬᠠᠪᠳᠠᠭᠠᠶᠢᠯᠠᠨ ᠬᠦᠷᠦᠨ᠎ᠠ᠃ ᠦᠬᠡᠷ᠎ᠠ ᠪᠠᠷ ᠬᠡᠯᠡᠪᠡᠯ ᠲᠦᠡᠭᠰᠡᠨ ᠰᠠᠭᠰᠤ ᠶᠢ ᠬᠤᠶᠠᠷ ᠶᠠᠩᠵᠤ ᠪᠠᠷ ᠬᠦᠷᠦᠨ᠎ᠠ᠃ | ᠨᠢᠬᠡ ᠨᠢ ᠪᠦᠬᠡᠷᠡᠩᠭᠡᠢ ᠲᠦᠡᠭᠰᠡᠨ ᠰᠠᠭᠰᠤ᠂ ᠨᠦᠬᠦᠬᠡ ᠨᠢᠬᠡ ᠨᠢ ᠲᠦᠷᠪᠡᠯᠵᠢᠨ ᠲᠦᠡᠭᠰᠡᠨ ᠰᠠᠭᠰᠤ ᠪᠤᠯᠤᠨ᠎ᠠ᠃ | ᠪᠦᠬᠡᠷᠡᠩᠭᠡᠢ ᠲᠦᠡᠭᠰᠡᠨ ᠰᠠᠭᠰᠤ ᠶᠢᠨ ᠢᠷᠤᠭᠠᠷ ᠢ ᠠᠷᠭᠠᠯ ᠤᠨ ᠰᠠᠭᠰᠤ ᠶᠢᠨ ᠢᠷᠤᠭᠠᠷ ᠲᠠᠢ ᠠᠯᠢ ᠬᠦᠷᠦᠨ᠎ᠠ᠃ | ᠳᠡᠬᠦᠨ ᠢᠶᠠᠨ ᠶᠡᠬᠡᠰᠬᠡᠨ ᠬᠦᠷᠦᠬᠦ ᠳᠤᠳᠤᠮ ᠢᠶᠠᠨ ᠨᠤᠭᠤᠰᠤ ᠶᠢ ᠨᠢ ᠰᠠᠯᠭᠠᠵᠤ ᠬᠦᠷᠦᠨ᠎ᠠ᠃ ᠢᠷᠤᠭᠠᠷ ᠤᠨ | ᠳᠤᠭᠤᠷᠢᠭ ᠤᠨ ᠬᠦᠨᠳᠡᠯᠡᠨ ᠤᠭᠳᠤᠯᠤᠭᠠᠰᠤ ᠶᠢᠨ ᠤᠷᠳᠤ ᠨᠢ ᠬᠤᠶᠠᠷ ᠳᠤᠬᠤᠢ ᠪᠤᠯᠪᠠᠯ ᠵᠢᠵᠢᠭ ᠲᠦᠡᠭᠰᠡ ᠰᠠᠭᠰᠤᠨ | ᠤ ᠢᠷᠤᠭᠠᠷ ᠤᠨ ᠬᠡᠮᠵᠢᠶ᠎ᠠ ᠬᠦᠷᠴᠤ᠂ ᠬᠦᠷᠴᠤ ᠪᠠᠶᠢᠭᠰᠠᠨ ᠢᠷᠤᠭᠠᠷ ᠢᠶᠠᠨ ᠨᠢᠬᠡ ᠬᠦᠷᠪᠡᠬᠦᠯᠵᠦ᠂ ᠨᠤᠭᠤᠰᠤ ᠶᠢ ᠨᠢ | ᠪᠤᠰᠬᠠᠨ ᠬᠦᠷᠦᠨ᠎ᠠ᠃ | ᠨᠤᠭᠤᠰᠤ ᠶᠢ ᠪᠤᠰᠬᠠᠬᠤ ᠳᠤ ᠪᠠᠨ ᠬᠡᠳᠤ ᠬᠡᠳᠤᠨ ᠨᠤᠭᠤᠰᠤ ᠶᠢᠨ ᠤᠷᠤᠢ ᠶᠢ ᠨᠡᠶᠢᠯᠡᠬᠦᠯᠦᠨ ᠤᠶᠠᠵᠤ᠂ ᠡᠰᠡᠷᠬᠦᠦ | ᠳᠠᠯ᠎ᠠ ᠶᠢᠨ ᠨᠤᠭᠤᠰᠤ ᠲᠠᠢ ᠬᠤᠯᠪᠤᠨ ᠤᠶᠠᠵᠤ ᠪᠤᠰᠬᠠᠬᠤ ᠠᠷᠭ᠎ᠠ ᠶᠢ ᠬᠡᠷᠡᠭᠯᠡᠨ᠎ᠠ᠃ | ᠨᠢᠬᠡ ᠳᠤᠭᠤᠷᠢᠵᠦ ᠬᠦᠷᠦᠬᠡᠳ ᠢᠷᠡᠪᠡᠯ ᠪᠠᠷᠤᠭ ᠲᠦᠷᠪᠡᠨ ᠬᠤᠷᠤᠭᠤ ᠮᠦᠷ ᠦᠰᠳᠡᠭ᠃ ᠡᠨᠡ ᠦᠶ᠎ᠠ ᠳᠤ | ᠨᠤᠭᠤᠰᠤ ᠪᠠᠨ ᠰᠠᠶᠢᠳᠤᠷ ᠳᠠᠩᠰᠠᠯᠠᠵᠤ ᠴᠡᠭᠴᠡᠯᠡᠨ᠂ ᠵᠦᠪ ᠪᠤᠷᠤᠭᠤ ᠳᠡᠰᠢ ᠨᠠᠶᠢᠭᠤᠭᠰᠠᠨ ᠢ ᠵᠠᠰᠠᠨ ᠡᠷᠭᠡᠪᠰᠢ ᠠᠰ | ᠳᠡᠭᠡᠭᠰᠢ ᠬᠠᠨᠳᠤᠭᠤᠯᠬᠤ ᠶᠢ ᠱᠠᠭᠠᠷᠳᠠᠨ᠎ᠠ᠃ ᠨᠠᠷᠢᠳᠠᠭᠰᠠᠨ ᠨᠤᠭᠤᠰᠤ ᠶᠢᠨ ᠬᠠᠵᠠᠭᠤ ᠪᠠᠷ ᠪᠦᠳᠦᠬᠦᠨ ᠨᠤᠭᠤᠰᠤ | ᠱᠠᠭᠠᠵᠤ᠂ ᠬᠤᠶᠠᠷ ᠨᠤᠭᠤᠰᠤ ᠶᠢᠨ ᠬᠤᠭᠤᠷᠤᠨᠳᠤ ᠮᠤᠳᠤᠨ ᠬᠠᠪᠳᠠᠰᠤ ᠳᠠᠯᠪᠢᠵᠦ ᠰᠦᠬᠡ ᠪᠠᠷ ᠢᠶᠠᠨ ᠴᠤᠬᠢᠨ | ᠬᠦᠷᠦᠯᠬᠡ ᠶᠢᠨ ᠰᠠᠭᠤᠳᠠᠯ ᠢ ᠴᠢᠩᠭᠠᠷᠠᠭᠤᠯᠤᠨ᠎ᠠ᠃ ᠨᠢᠬᠡ ᠳᠤᠭᠤᠷᠢᠭᠤᠯᠵᠤ ᠬᠦᠷᠦᠪᠡᠯ ᠨᠢᠬᠡ ᠤᠳᠠᠭ᠎ᠠ ᠬᠦᠷᠦᠯᠬᠡ | ᠪᠠᠨ ᠴᠤᠬᠢᠵᠦ ᠴᠢᠩᠭᠠᠷᠠᠭᠤᠯᠪᠠᠯ ᠰᠠᠭᠤᠷᠢ ᠬᠠᠨ᠎ᠠ ᠴᠢᠩᠭ᠎ᠠ ᠪᠠᠬᠢ ᠰᠠᠭᠰᠤ ᠪᠤᠯᠳᠠᠭ᠃ | ᠶᠠᠮᠠᠷᠴᠤ ᠲᠦᠡᠭᠰᠡᠨ ᠰᠠᠭᠰᠤ ᠶᠢ ᠳᠠᠪᠤᠨ ᠳᠤᠬᠤᠢ ᠠᠴᠠ ᠳᠡᠭᠡᠭᠰᠢ ᠬᠦᠷᠦᠳᠡᠭ ᠦᠭᠡᠢ᠃ ᠪᠠᠷᠤᠭ ᠴᠦᠮ | ᠲᠦᠷᠪᠡᠨ ᠳᠤᠬᠤᠢ ᠪᠤᠶᠤ ᠲᠦᠷᠪᠡᠨ ᠳᠤᠬᠤᠢ ᠬᠠᠭᠠᠰ ᠦᠨᠳᠦᠷ ᠬᠦᠷᠦᠵᠦ ᠬᠡᠷᠡᠭᠯᠡᠳᠡᠭ᠃ ᠳᠡᠷᠡ ᠮᠠᠳᠠᠢ ᠬᠤᠳᠠᠢ | ᠲᠠᠢ ᠪᠤᠳᠠᠭ᠎ᠠ ᠡᠬᠦᠷᠴᠤ ᠴᠢᠳᠬᠤᠬᠤ ᠶᠢ ᠪᠤᠳᠤᠯᠬᠢᠯᠠᠵᠤ ᠪᠠᠶᠢᠭ᠎ᠠ ᠬᠡᠷᠡᠭ ᠶᠤᠮ᠃ | ᠡᠶᠢᠮᠤᠷᠬᠦ ᠲᠦᠡᠭᠰᠡ ᠰᠠᠭᠰᠤᠨ ᠤ ᠢᠷᠮᠡᠭ ᠢ ᠤᠯᠠᠩᠭᠢ ᠬᠦᠮᠦᠰ ᠳᠠᠪᠬᠤᠷ ᠳᠠᠷᠤᠳᠠᠭ᠃ ᠳᠡᠷᠡ ᠨᠢ ᠰᠠᠮᠰᠠᠷᠠᠵᠤ | ᠤᠷᠠᠭᠳᠠᠬᠤ ᠠᠴᠠ ᠬᠢᠴᠢᠶᠡᠵᠦ ᠰᠠᠭᠰᠤ ᠪᠠᠨ ᠬᠠᠶᠢᠷᠠᠯᠠᠵᠤ ᠪᠠᠶᠢᠭ᠎ᠠ ᠶᠠᠪᠤᠳᠠᠯ ᠪᠤᠯᠤᠨ᠎ᠠ᠃ | ᠳᠠᠪᠬᠤᠷ ᠢᠷᠮᠡᠭ ᠭᠡᠳᠡᠭ ᠨᠢ ᠳᠠᠷᠤᠢ ᠬᠤᠶᠠᠷ ᠳᠠᠪᠬᠤᠷ ᠢᠷᠮᠡᠭ ᠳᠠᠷᠤᠬᠤ ᠶᠢ ᠭᠡᠯᠡᠵᠦ ᠪᠠᠶᠢᠨ᠎ᠠ᠃ ᠰᠠᠭᠰᠤᠨ ᠤ | ᠪᠠᠨ ᠨᠤᠭᠤᠰᠤ ᠶᠢ ᠬᠤᠶᠠᠷ ᠬᠠᠭᠠᠰᠯᠠᠵᠤ᠂ ᠤᠷᠢᠳᠡᠪᠡᠷ ᠨᠢᠬᠡ ᠬᠠᠭᠠᠰ ᠢᠶᠠᠷ ᠨᠢ ᠭᠤᠷᠪᠠᠨ ᠮᠦᠰᠦᠯᠡᠨ ᠢᠷᠮᠡᠭ ᠢᠶᠠᠨ | ᠳᠠᠷᠤᠵᠤ ᠳᠠᠭᠤᠰᠬᠠᠨ᠎ᠠ᠃ ᠦᠯᠡᠳᠡᠭᠡᠵᠦ ᠳᠠᠯᠪᠢᠭᠰᠠᠨ ᠪᠤᠰᠤᠭ᠎ᠠ ᠨᠤᠭᠤᠰᠤ ᠪᠠᠨ ᠪᠠᠰᠠ ᠭᠤᠷᠪᠠᠨ ᠮᠦᠰᠦᠯᠡᠨ᠂ ᠳᠠᠩ | ᠢᠷᠮᠡᠭ ᠤᠨ ᠢᠶᠠᠨ ᠳᠡᠬᠡᠷ᠎ᠠ ᠨᠢ ᠡᠷᠴᠢᠮᠯᠡᠨ ᠳᠠᠷᠤᠨ᠎ᠠ᠃ | ᠳᠠᠪᠬᠤᠷ ᠢᠷᠮᠡᠭ ᠲᠠᠢ ᠰᠠᠭᠰᠤ ᠨᠢ ᠪᠠᠷᠤᠭᠳᠠᠢ ᠲᠦᠬᠦᠷᠡᠩ ᠪᠤᠳᠠᠭᠠᠨ ᠳᠤ ᠳᠡᠯᠪᠡᠷᠡᠳᠡᠭ ᠦᠭᠡᠢ᠂ ᠰᠠᠭᠰᠤᠨ ᠤ | ᠲᠦᠷᠰᠦ ᠬᠤᠪᠢᠷᠠᠳᠠᠭ ᠦᠭᠡᠢ ᠶᠤᠮ᠃ | ᠲᠦᠡᠭᠰᠡᠨ ᠰᠠᠭᠰᠤ ᠪᠠᠨ ᠬᠦᠷᠦᠵᠦ ᠪᠠᠷᠠᠭᠰᠠᠨ ᠤ ᠳᠠᠷᠠᠭ᠎ᠠ᠂ ᠳᠤᠳᠤᠷ᠎ᠠ ᠦᠯᠡᠳᠡᠭᠰᠡᠨ ᠬᠦᠷᠦᠯᠬᠡ ᠶᠢᠨ ᠦᠵᠦᠬᠦᠷ | ᠢ ᠤᠭᠳᠤᠯᠤᠨ ᠴᠡᠪᠡᠷᠯᠡᠵᠦ ᠠᠪᠤᠭᠠᠳ᠂ ᠵᠢᠰᠢᠬᠦᠦ ᠬᠠᠵᠠᠭᠠᠢ ᠶᠢ ᠨᠢ ᠦᠵᠡᠵᠦ ᠵᠠᠯᠠᠵᠤ ᠵᠠᠰᠠᠨ ᠨᠠᠷᠠᠨ ᠳᠤ | ᠬᠠᠳᠠᠭᠠᠨ᠎ᠠ᠃ | ᠲᠦᠡᠭᠰᠡ ᠰᠠᠭᠰᠤᠨ ᠤ ᠨᠤᠭᠤᠰᠤ ᠪᠠ ᠬᠦᠷᠦᠯᠬᠡ ᠶᠢᠨ ᠪᠤᠷᠭᠠᠰᠤ ᠨᠢ ᠬᠦᠢᠴᠡᠳ ᠬᠠᠳᠠᠭᠰᠠᠨ ᠤ ᠳᠠᠷᠠᠭ᠎ᠠ᠂ | ᠦᠬᠡᠷ ᠤᠨ ᠰᠢᠩᠭᠡᠨ ᠪᠠᠭᠠᠰᠤ ᠪᠠᠷ ᠳᠤᠳᠤᠷ᠎ᠠ ᠳᠠᠯ᠎ᠠ ᠠᠴᠠ ᠨᠢ ᠪᠢᠯᠳᠡᠵᠦ ᠬᠠᠳᠠᠭᠠᠨ᠎ᠠ᠃ ᠠᠭᠠᠷᠠᠵᠤ ᠬᠠᠳᠠᠭᠰᠠᠨ ᠤ | ᠳᠠᠷᠠᠭ᠎ᠠ ᠳᠠᠬᠢᠨ ᠨᠢᠬᠡ ᠤᠳᠠᠭ᠎ᠠ ᠵᠠᠭᠠᠭ ᠵᠠᠪᠰᠠᠷ ᠦᠭᠡᠢ ᠪᠤᠯᠳᠠᠯ᠎ᠠ ᠨᠠᠷᠢᠨ ᠨᠢᠬᠳᠠ ᠪᠢᠯᠳᠠᠵᠤ ᠰᠢᠪᠠᠨᠠ᠃ | ᠦᠬᠡᠷ ᠤᠨ ᠪᠠᠭᠠᠰᠤ ᠪᠠᠷ ᠲᠦᠡᠭᠰᠡᠨ ᠰᠠᠭᠰᠤ ᠪᠠᠨ ᠪᠢᠯᠳᠡᠵᠦ ᠰᠢᠪᠡᠪᠠᠯ ᠨᠢᠬᠡ ᠳᠤ ᠶᠠᠮᠠᠷᠴᠤ ᠬᠠᠷ᠎ᠠ ᠪᠤᠳᠠᠭ᠎ᠠ | ᠰᠠᠪᠠᠯᠠᠭᠰᠠᠨ ᠴᠦ ᠭᠤᠭᠤᠵᠢᠬᠤ ᠦᠭᠡᠢ ᠪᠦᠬᠡᠳ ᠬᠤᠶᠠᠷ ᠲᠤ ᠶᠠᠮᠠᠷᠴᠤ ᠪᠤᠳᠠᠭ᠎ᠠ ᠰᠠᠪᠠᠯᠠᠭᠰᠠᠨ ᠴᠦ ᠬᠤᠷᠤᠬᠠᠶᠢᠳᠠᠬᠤ | ᠦᠭᠡᠢ ᠪᠠᠶᠢᠳᠠᠭ᠃ | ᠡᠬᠦᠨ ᠠᠴᠠ ᠶᠡᠭᠡ ᠲᠦᠡᠭᠰᠡᠨ ᠰᠠᠭᠰᠤ ᠶᠢ ᠴᠦ ᠳᠡᠭᠡᠷᠡᠬᠢ ᠲᠠᠢ ᠨᠢᠬᠡ ᠯᠠ ᠠᠳᠠᠯᠢ ᠪᠠᠷ ᠬᠦᠷᠦᠳᠡᠭ᠃ ᠭᠡᠪᠡᠴᠤ | ᠬᠡᠳᠤᠢ ᠶᠡᠭᠡ ᠲᠦᠡᠭᠰᠡᠨ ᠰᠠᠭᠰᠤ ᠤᠶᠠᠪᠠᠯ ᠬᠦᠷᠦᠯᠬᠡ ᠶᠢᠨ ᠪᠤᠷᠭᠠᠰᠤ ᠪᠠᠨ ᠳᠡᠳᠤᠢ ᠪᠠᠷ ᠪᠦᠳᠦᠬᠦᠨ ᠢ ᠨᠢ | ᠰᠤᠩᠭᠤᠳᠠᠭ᠃ | ᠬᠠᠪᠳᠠᠭᠠᠢ ᠲᠦᠷᠪᠡᠯᠵᠢᠨ ᠲᠦᠡᠭᠰᠡᠨ ᠰᠠᠭᠰᠤ ᠪᠠᠨ ᠬᠦᠮᠦᠰ ᠪᠠᠰᠠ ᠬᠠᠪᠳᠠᠭᠠᠢ ᠲᠦᠡᠭᠰᠡᠨ ᠰᠠᠭᠰᠤ ᠭᠡᠳᠡᠭ ᠶᠤᠮ᠃ | ᠬᠠᠪᠳᠠᠭᠠᠢ ᠲᠦᠡᠭᠰᠡᠨ ᠰᠠᠭᠰᠤ ᠶᠢᠨ ᠢᠷᠤᠭᠠᠷ ᠢ ᠠᠷᠤᠭ ᠤᠨ ᠰᠠᠭᠰᠤᠨ ᠨᠢᠷᠤᠭᠠᠷ ᠲᠠᠢ ᠨᠢᠬᠡ ᠯᠠ ᠠᠳᠠᠯᠢ | ᠡᠬᠢᠯᠡᠵᠦ ᠬᠦᠷᠦᠳᠡᠭ᠃ | ᠬᠡᠳᠤᠢ ᠤᠷᠳᠤ ᠬᠡᠳᠤᠢ ᠦᠷᠬᠡᠨ ᠢᠶᠠᠷ ᠬᠦᠷᠦᠶᠠ ᠭᠡᠵᠤ ᠪᠤᠳᠤᠵᠤ ᠪᠠᠶᠢᠪᠠᠯ ᠬᠡᠳᠤᠢ ᠤᠷᠳᠤ ᠪᠠᠨ ᠬᠤᠶᠠᠷ | ᠪᠤᠷᠭᠠᠰᠤ ᠶᠢ ᠡᠷᠴᠢᠮᠯᠡᠨ ᠮᠤᠰᠬᠢᠵᠦ᠂ ᠦᠷᠬᠡᠨ ᠤ ᠭᠡᠮᠵᠢᠶ᠎ᠠ ᠪᠠᠷ ᠢᠶᠠᠨ ᠨᠤᠭᠤᠰᠤ ᠶᠢᠨ ᠢᠶᠠᠨ ᠪᠦᠭᠰᠡ ᠶᠢ | ᠰᠤᠯᠢᠪᠴᠠᠭᠤᠯᠤᠨ ᠮᠤᠰᠬᠢᠶ᠎ᠠ ᠬᠡᠯᠬᠢᠶᠡᠰᠤᠨ ᠳᠤ ᠪᠠᠨ ᠰᠢᠷᠭᠤᠭᠤᠯᠤᠨᠠ᠃ ᠬᠡᠯᠬᠢᠶᠡᠰᠤ ᠪᠤᠷᠭᠠᠰᠤ ᠶᠢᠨ ᠦᠨᠳᠦᠷ ᠨᠢ | ᠬᠦᠢᠴᠡᠬᠦ ᠦᠭᠡᠢ ᠪᠤᠯ ᠪᠤᠷᠭᠠᠰᠤ ᠵᠠᠯᠭᠠᠵᠤ ᠬᠦᠷᠦᠨ᠎ᠠ᠃ | ᠭᠡᠯᠬᠢᠶᠡᠰᠦᠯᠡᠭᠰᠡᠨ ᠨᠤᠭᠤᠰᠤ ᠲᠠᠢ ᠢᠷᠤᠭᠠᠷ ᠢᠶᠠᠨ ᠬᠦᠷᠦᠵᠦ ᠳᠠᠭᠤᠰᠤᠭᠰᠠᠨ ᠤ ᠳᠠᠷᠠᠭ᠎ᠠ᠂ ᠬᠡᠳᠤᠨ ᠪᠤᠷᠭᠠᠰᠤ | ᠪᠠᠷ ᠲᠦᠷᠪᠡᠨ ᠳᠡᠰᠢ ᠠᠩᠭᠢᠯᠠᠭᠰᠠᠨ ᠨᠤᠭᠤᠰᠤ ᠶᠢ ᠳᠤᠭᠤᠷᠢᠭᠤᠯᠤᠨ ᠳᠤᠱᠠᠵᠤ ᠬᠦᠷᠦᠬᠡᠳ ᠨᠤᠭᠤᠰᠤ ᠪᠠᠨ | ᠪᠤᠰᠬᠠᠨ᠎ᠠ᠃ ᠬᠦᠷᠦᠬᠦ ᠠᠷᠭ᠎ᠠ ᠨᠢ ᠳᠠᠷᠤᠢ ᠠᠷᠤᠭ ᠤᠨ ᠰᠠᠭᠰᠤ ᠲᠠᠢ ᠠᠳᠠᠯᠢ᠃ ᠨᠤᠭᠤᠰᠤ ᠶᠢᠨ ᠵᠠᠢ ᠪᠠᠨ | ᠬᠤᠯᠠᠳᠠᠭᠤᠯᠬᠤ ᠦᠭᠡᠢ ᠯᠠ ᠪᠤᠯ ᠪᠠᠬᠢ ᠲᠦᠡᠭᠰᠡᠨ ᠰᠠᠭᠰᠤ ᠪᠤᠯᠳᠠᠭ ᠭᠡᠭᠴᠢ ᠶᠢ ᠬᠦᠮᠦᠰ ᠴᠦᠮ ᠰᠠᠶᠢᠨ ᠮᠡᠳᠡᠬᠦ | ᠤᠴᠢᠷ ᠠᠴᠠ ᠨᠤᠭᠤᠰᠤ ᠪᠠᠨ ᠶᠡᠷᠤ ᠨᠢ ᠬᠤᠯᠠᠳᠠᠭᠤᠯᠤᠨ ᠵᠠᠶᠢᠳᠠᠭᠤᠯᠬᠤ ᠦᠭᠡᠢ ᠪᠦᠭᠡᠳ ᠠᠰᠬᠠᠨ ᠰᠠᠭᠤᠯᠭᠠᠨ | ᠬᠦᠷᠦᠬᠦ ᠶᠢ ᠡᠷᠬᠢᠮᠯᠡᠳᠡᠭ᠃ | ᠡᠶᠢᠮᠤᠷᠬᠦ ᠶᠡᠭᠡ ᠲᠦᠡᠭᠰᠡᠨ ᠰᠠᠭᠰᠤ ᠶᠢ ᠰᠤᠯᠢᠭᠠᠢ ᠡᠷᠴᠢ ᠲᠠᠢ ᠬᠦᠷᠦᠪᠡᠯ ᠪᠠᠬᠢ ᠭᠡᠵᠤ ᠵᠠᠷᠢᠮ ᠬᠦᠮᠦᠰ ᠰᠤᠯᠢᠭᠠᠢ | ᠪᠠᠷ ᠬᠦᠷᠦᠳᠡᠭ᠃ ᠦᠬᠡᠷ᠎ᠠ ᠪᠠᠷ ᠬᠡᠯᠡᠪᠡᠯ ᠰᠤᠯᠢᠭᠠᠢ ᠭᠠᠷ ᠢᠶᠠᠷ ᠢᠶᠠᠨ ᠰᠤᠯᠢᠭᠠᠢ ᠭᠠᠷ ᠤᠨ ᠴᠢᠭᠯᠡᠯ ᠢᠶᠠᠷ ᠬᠦᠷᠦᠳᠡᠭ᠃ | ᠵᠠᠷᠢᠮ ᠬᠦᠮᠦᠰ ᠪᠠᠰᠠ ᠰᠤᠯᠢᠭᠠᠢ ᠪᠠᠷ ᠨᠢᠬᠡ ᠳᠤᠭᠤᠷᠢᠭᠤᠯᠵᠤ ᠬᠦᠷᠦᠪᠡᠯ ᠪᠠᠷᠠᠭᠤᠨ ᠢᠶᠠᠷ ᠨᠢᠬᠡ ᠳᠤᠭᠤᠷᠢᠭᠤᠯᠤᠨ | ᠬᠦᠷᠦᠳᠡᠭ᠃ ᠢᠡᠭᠭᠢᠵᠦ ᠬᠦᠷᠦᠪᠡᠯ ᠨᠤᠭᠤᠰᠤ ᠵᠡᠬᠦᠨᠰᠢ ᠪᠠᠷᠠᠭᠤᠨᠰᠢ ᠨᠠᠶᠢᠭᠤᠬᠤ ᠦᠭᠡᠢ ᠪᠠᠶᠢᠵᠦ᠂ ᠲᠦᠡᠭᠰᠡᠨ | ᠰᠠᠭᠰᠤ ᠨᠢ ᠢᠳᠡᠷᠡᠬᠦᠨ ᠪᠦᠭᠡ ᠪᠤᠯᠳᠠᠭ᠃ | ᠡᠶᠢᠮᠤᠷᠬᠦ ᠬᠠᠪᠳᠠᠭᠠᠢ ᠲᠦᠡᠭᠰᠡᠨ ᠰᠠᠭᠰᠤ ᠶᠢᠨ ᠢᠶᠠᠨ ᠢᠷᠮᠡᠭ ᠢ ᠤᠯᠠᠩᠭᠢ ᠬᠦᠮᠦᠰ ᠴᠦᠮ ᠳᠠᠪᠬᠤᠷ ᠳᠠᠪᠬᠤᠷ | ᠳᠠᠷᠤᠳᠠᠭ᠃ ᠬᠦᠷᠦᠵᠦ ᠳᠠᠭᠤᠰᠤᠭᠰᠠᠨ ᠤ ᠪᠠᠨ ᠳᠠᠷᠠᠭ᠎ᠠ ᠳᠤᠳᠤᠷᠠᠬᠢ ᠶᠢ ᠨᠢ ᠴᠡᠪᠡᠷᠯᠡᠬᠦ᠂ ᠬᠠᠳᠠᠭᠠᠬᠤ᠂ ᠰᠢᠪᠠᠭ᠋ᠤ | ᠳᠤ ᠬᠦᠷᠳᠡᠯ᠎ᠠ ᠪᠦᠬᠡᠷᠡᠩᠭᠡᠢ ᠲᠦᠡᠭᠰᠡᠨ ᠰᠠᠭᠰᠤ ᠲᠠᠢ ᠡᠬᠡᠬᠡ ᠠᠳᠠᠯᠢ ᠠᠯᠬᠤᠮ ᠢ ᠠᠪᠤᠨ᠎ᠠ᠃ ᠬᠡᠪᠡᠴᠤ ᠪᠤᠳᠠᠭ᠎ᠠ | ᠰᠠᠪᠠᠯᠠᠬᠤ ᠠᠴᠠ ᠪᠠᠨ ᠡᠮᠤᠨ᠎ᠠ ᠬᠠᠪᠳᠠᠭᠠᠢ ᠡᠭᠴᠡ ᠬᠤᠶᠠᠷ ᠳᠠᠯ᠎ᠠ ᠶᠢ ᠠᠰ ᠪᠤᠰᠤᠭ᠎ᠠ ᠵᠠᠢ ᠶᠢ ᠨᠢ ᠬᠤᠪᠢᠷᠠᠭᠤᠯᠤᠯ | ᠦᠭᠡᠢ ᠪᠠᠷ ᠬᠡᠳᠤ ᠬᠤᠯᠪᠤᠨ ᠤᠶᠠᠳᠠᠭ᠃ ᠳᠡᠷᠡ ᠨᠢ ᠬᠤᠶᠠᠷ ᠢᠷᠮᠡᠭ ᠠᠴᠠ ᠤᠶᠠᠵᠤ ᠬᠤᠯᠪᠤᠬᠤ ᠪᠢᠰᠢ ᠬᠠᠷᠢᠨ | ᠢᠷᠮᠡᠭ ᠠᠴᠠ ᠳᠤᠷᠤᠭᠰᠢ ᠨᠢᠬᠡ ᠲᠦᠬᠡ ᠶᠢᠨ ᠵᠠᠢ ᠳᠤ ᠭᠠᠳᠠᠷ ᠳᠠᠯ᠎ᠠ ᠳᠤ ᠨᠢ ᠴᠢᠬᠳᠠ ᠬᠠᠪᠴᠢᠭᠤᠯᠵᠤ ᠬᠤᠯᠪᠤᠨ᠎ᠠ᠃ | | ᠡᠬᠡᠵᠢᠭ ᠤᠨ ᠰᠠᠭᠰᠤ | ᠳᠠᠷᠤᠭᠰᠠᠨ ᠡᠭᠡᠵᠢᠭ ᠢᠶᠠᠨ ᠬᠦᠪᠢᠵᠦ ᠳᠠᠯᠪᠢᠬᠤ ᠪᠤᠶᠤ ᠡᠰᠡᠬᠦᠯ᠎ᠠ ᠡᠬᠡᠷᠡᠭᠰᠡᠨ ᠡᠭᠡᠵᠢᠭ ᠢᠶᠠᠨ ᠬᠠᠵᠠᠭᠤᠯᠠᠨ | ᠪᠤᠰᠬᠠᠵᠤ᠂ ᠡᠯᠬᠦᠨ ᠬᠠᠳᠠᠭᠠᠬᠤ ᠰᠠᠭᠰᠤ ᠶᠢ ᠡᠭᠡᠵᠢᠭ ᠤᠨ ᠰᠠᠭᠰᠤ ᠭᠡᠳᠡᠭ᠃ | ᠡᠬᠡᠵᠢᠭ ᠤᠨ ᠰᠠᠭᠰᠤ ᠨᠢ ᠤᠷᠳᠤ ᠲᠦᠷᠪᠡᠯᠵᠢᠨ ᠬᠡᠯᠪᠡᠷᠢᠳᠠᠢ᠃ ᠬᠠᠨ᠎ᠠ ᠶᠢᠨ ᠪᠤᠰᠤᠭ᠎ᠠ ᠨᠢ ᠳᠠᠪᠤᠨ ᠬᠤᠷᠤᠭᠤ | ᠠᠴᠠ ᠳᠠᠪᠠᠭ᠋ᠤ ᠦᠭᠡᠢ᠃ ᠤᠷᠳᠤ ᠬᠤᠶᠠᠷ ᠳᠠᠯ᠎ᠠ ᠶᠢᠨ ᠭᠤᠤᠯ ᠳᠤᠮᠳᠠ ᠨᠢ ᠮᠠᠳᠠᠭᠰᠠᠨ ᠰᠠᠨᠵᠢ ᠪᠠᠨ ᠳᠠᠭᠠᠷᠠᠭᠤᠯᠳᠠᠭ | ᠃ | ᠡᠭᠡᠵᠢᠭ ᠤᠨ ᠰᠠᠭᠰᠤᠨ ᠤ ᠢᠷᠤᠭᠠᠷ ᠢ ᠬᠠᠪᠳᠠᠭᠠᠢ ᠲᠦᠡᠭᠰᠡᠨ ᠰᠠᠭᠰᠤ ᠶᠢᠨ ᠢᠷᠤᠭᠠᠷ ᠲᠠᠢ ᠨᠢᠬᠡ ᠯᠠ ᠠᠳᠠᠯᠢ | ᠬᠦᠷᠦᠨ᠎ᠠ᠃ ᠡᠩ ᠤᠨ ᠡᠭᠡᠵᠢᠭ ᠤᠨ ᠰᠠᠭᠰᠤᠨ ᠤ ᠢᠷᠤᠭᠠᠷ ᠤᠨ ᠦᠷᠬᠡᠨ ᠨᠢ ᠨᠢᠬᠡ ᠳᠤᠬᠤᠢ᠂ ᠤᠷᠳᠤ ᠨᠢ ᠬᠤᠶᠠᠷ | ᠳᠤᠬᠤᠢ ᠪᠠᠶᠢᠳᠠᠭ᠃ ᠰᠠᠭᠠᠯᠢ ᠠᠷᠪᠢᠨ ᠠᠶᠢᠯ ᠤᠨ ᠬᠢᠨᠢ ᠡᠬᠦᠨ ᠠᠴᠠ ᠪᠠᠭ᠎ᠠ ᠶᠡᠭᠡ ᠰᠢᠭ ᠬᠦᠷᠦᠳᠡᠭ᠃ | ᠡᠭᠡᠵᠢᠭ ᠤᠨ ᠰᠠᠭᠰᠤ ᠶᠢ ᠬᠤᠶᠠᠷ ᠶᠠᠩᠵᠤ ᠶᠢᠨ ᠪᠤᠷᠭᠠᠰᠤ ︵ᠬᠦᠷᠦᠯᠬᠡ ᠶᠢᠨ ᠪᠤᠷᠭᠠᠰᠤ︶ ᠪᠠᠷ ᠬᠦᠷᠦᠳᠡᠭ᠃ | ᠨᠢᠬᠡ ᠨᠢ ᠬᠠᠯᠢᠰᠤ ᠲᠠᠢ ᠬᠦᠷᠦᠯᠬᠡ᠂ ᠨᠦᠬᠦᠬᠡ ᠨᠢ ᠬᠠᠯᠢᠰᠤ ᠦᠭᠡᠢ ᠴᠢᠭᠠᠮᠠᠯ ᠬᠦᠷᠦᠯᠬᠡ᠃ | ᠰᠠᠭᠰᠤᠨ ᠪᠤᠷᠭᠠᠰᠤ ᠪᠠᠨ ᠠᠪᠤᠭᠠᠳ ᠨᠢᠬᠡᠨᠳᠡ ᠴᠠᠭ ᠨᠢ ᠤᠳᠠᠵᠤ ᠬᠠᠯᠢᠰᠤ ᠶᠢ ᠨᠢ ᠱᠠᠭᠠᠯᠠᠬᠤ ᠳᠤ ᠬᠦᠴᠢᠷ ᠲᠠᠢ | ᠪᠤᠯᠤᠭᠰᠠᠨ ᠪᠠᠶᠢᠪᠠᠯ ᠬᠠᠯᠢᠰᠤ ᠲᠠᠢ ᠨᠢ ᠬᠦᠷᠦᠵᠦ᠂ ᠰᠢᠨᠡᠬᠡᠨ ᠠᠪᠴᠢᠷᠠᠵᠤ ᠳᠠᠷᠤᠢ ᠳᠤ ᠨᠢ ᠬᠦᠷᠦᠬᠦ ᠭᠡᠵᠤ ᠪᠠᠶᠢᠪᠠᠯ | ᠬᠦᠷᠦᠯᠬᠡ ᠶᠢᠨ ᠪᠤᠷᠭᠠᠰᠤ ᠶᠢᠨ ᠢᠶᠠᠨ ᠨᠠᠪᠴᠢ ᠨᠠᠬᠢᠶ᠎ᠠ ᠶᠢ ᠨᠢ ᠠᠷᠢᠯᠭᠠᠮᠠᠭᠴᠠ ᠬᠠᠯᠢᠰᠤ ᠶᠢ ᠨᠢ ᠱᠠᠭᠠᠯᠤᠭᠠᠳ | ᠬᠦᠷᠦᠨ᠎ᠠ᠃ | ᠬᠠᠯᠢᠰᠤ ᠶᠢ ᠨᠢ ᠱᠠᠭᠠᠯᠤᠭᠰᠠᠨ ᠬᠦᠷᠦᠯᠬᠡ ᠪᠠᠷ ᠡᠬᠡᠵᠢᠭ ᠤᠨ ᠰᠠᠭᠰᠤ ᠬᠦᠷᠦᠪᠡᠯ ᠡᠬᠡᠵᠢᠭ ᠤᠨ ᠰᠠᠭᠰᠤ ᠨᠢ | ᠤᠨᠴᠠ ᠴᠡᠪᠡᠷ ᠴᠡᠮᠴᠡᠬᠡᠷ ᠪᠦᠭᠡᠳ ᠳᠤᠩ ᠰᠠᠶᠢᠬᠠᠨ ᠦᠵᠡᠭᠳᠡᠳᠡᠭ᠃ | ᠡᠭᠡᠵᠢᠭ ᠤᠨ ᠰᠠᠭᠰᠤᠨ ᠤ ᠢᠷᠮᠡᠭ ᠢ ᠬᠤᠶᠠᠷ ᠶᠠᠩᠵᠤ ᠪᠠᠷ ᠳᠠᠷᠤᠨ᠎ᠠ᠃ ᠨᠢᠬᠡ ᠨᠢ ᠠᠷᠭᠠᠯ ᠤᠨ ᠰᠠᠭᠰᠤᠨ ᠤ | ᠢᠷᠮᠡᠭ ᠰᠢᠭ ᠭᠤᠷᠪᠠᠨ ᠮᠦᠰᠦᠯᠡᠨ ᠮᠤᠰᠬᠢᠨ ᠳᠠᠷᠤᠨ᠎ᠠ᠃ ᠨᠦᠬᠦᠬᠡ ᠨᠢᠬᠡ ᠨᠢ ᠡᠬᠦᠯᠡᠨ ᠬᠤᠸᠠᠷ᠂ ᠦᠯᠵᠠᠢ ᠵᠠᠩᠬᠢᠶ᠎ᠠ | ᠶᠢᠨ ᠬᠤᠸᠠᠷ ᠭᠠᠷᠭᠠᠵᠤ ᠰᠦᠯᠵᠢᠨ ᠳᠠᠷᠤᠨ᠎ᠠ᠃ | ᠡᠬᠦᠯᠡᠨ ᠬᠤᠸᠠᠷ ᠭᠠᠷᠭᠠᠵᠤ ᠳᠠᠷᠤᠨ᠎ᠠ ᠭᠡᠭᠴᠢ ᠨᠢ ᠳᠠᠷᠤᠢ ᠳᠤᠷ᠎ᠠ ᠶᠢᠨ ᠨᠢᠬᠡ ᠰᠠᠭᠤᠷᠢ ᠨᠤᠭᠤᠰᠤ ᠪᠠᠨ ᠮᠤᠰᠬᠢᠬᠤ | ᠦᠭᠡᠢ ᠪᠠᠷ ᠬᠦᠪ ᠬᠦᠡᠭᠭᠡᠨ ᠢᠶᠠᠷ ᠵᠡᠷᠭᠡᠯᠡᠨ ᠮᠠᠳᠠᠵᠤ᠂ ᠪᠠᠷᠠᠭᠤᠨ ᠳᠠᠯ᠎ᠠ ᠶᠢᠨ ᠨᠤᠭᠤᠰᠤ ᠶᠢᠨ ᠳᠤᠳᠤᠷ᠎ᠠ ᠳᠠᠯ᠎ᠠ ᠪᠠᠷ | ᠨᠢ ᠤᠷᠤᠭᠤᠯᠤᠨ ᠭᠠᠳᠠᠭᠰᠢ ᠪᠠᠨ ᠴᠢᠩᠭᠠᠨ ᠭᠠᠷᠭᠠᠨ᠎ᠠ᠃ ᠳᠠᠬᠢᠭᠠᠳ ᠬᠤᠶᠠᠳᠤᠭᠠᠷ ᠨᠤᠭᠤᠰᠤ ᠪᠠᠨ ᠳᠤᠰ ᠠᠷᠭ᠎ᠠ | ᠪᠠᠷ ᠮᠠᠳᠠᠵᠤ ᠴᠢᠩᠭᠠᠨ ᠭᠠᠷᠭᠠᠨ᠎ᠠ᠃ ᠡᠨᠡ ᠮᠡᠳᠤ ᠪᠠᠷ ᠪᠦᠬᠦ ᠨᠤᠭᠤᠰᠤ ᠶᠢ ᠴᠦᠮ ᠮᠡᠳᠡᠨ ᠳᠠᠷᠤᠵᠤ᠂ ᠬᠠᠮᠤᠭ | ᠰᠡᠬᠦᠯᠴᠢ ᠶᠢᠨ ᠨᠤᠭᠤᠰᠤ ᠶᠢ ᠬᠠᠮᠤᠭ ᠡᠬᠢᠨ ᠤ ᠳᠠᠷᠤᠭᠰᠠᠨ ᠨᠤᠭᠤᠰᠤ ᠶᠢᠨ ᠳᠤᠳᠤᠷ᠎ᠠ ᠠᠴᠠ ᠨᠢ ᠭᠠᠳᠠᠭᠰᠢ | ᠰᠢᠷᠭᠤᠭᠤᠯᠤᠨ ᠭᠠᠷᠭᠠᠵᠤ ᠳᠠᠳᠠᠨ᠎ᠠ᠃ | ᠳᠠᠬᠢᠭᠠᠳ ᠳᠤᠷ᠎ᠠ ᠶᠢᠨ ᠨᠢᠬᠡ ᠨᠤᠭᠤᠰᠤ ᠠᠴᠠ ᠪᠠᠨ ᠡᠬᠢᠯᠡᠵᠦ ᠪᠠᠷᠠᠭᠤᠨ ᠳᠠᠯ᠎ᠠ ᠶᠢᠨ ᠨᠤᠭᠤᠰᠤ ᠶᠢᠨ ᠢᠶᠠᠨ | ᠳᠤᠤᠭᠤᠷ ᠨᠢ ᠤᠷᠤᠭᠤᠯᠵᠤ ᠳᠡᠭᠡᠭᠰᠢ ᠪᠠᠨ ᠵᠢᠰᠢᠬᠦᠯᠦᠨ ᠳᠠᠳᠠᠵᠤ ᠭᠠᠷᠭᠠᠨ᠎ᠠ᠃ ᠬᠤᠶᠠᠳᠤᠭᠠᠷ ᠨᠤᠭᠤᠰᠤ ᠪᠠᠨ ᠮᠥᠨ | ᠢᠡᠭᠭᠢᠵᠦ ᠳᠠᠳᠠᠵᠤ ᠭᠠᠷᠭᠠᠨ᠎ᠠ᠃ ᠪᠦᠬᠦ ᠨᠤᠭᠤᠰᠤ ᠪᠠᠨ ᠳᠠᠬᠢᠨ ᠴᠦᠮ ᠢᠡᠭᠭᠢᠵᠦ ᠳᠡᠭᠡᠭᠰᠢ ᠬᠠᠨᠳᠤᠭᠤᠯᠤᠨ ᠮᠠᠳᠠᠵᠤ᠂ | ᠬᠠᠮᠤᠭ ᠰᠡᠬᠦᠯᠴᠢ ᠶᠢᠨ ᠨᠤᠭᠤᠰᠤ ᠶᠢ ᠬᠠᠮᠤᠭ ᠡᠬᠢᠨ ᠤ ᠳᠠᠷᠤᠭᠰᠠᠨ ᠨᠤᠭᠤᠰᠤ ᠶᠢᠨ ᠳᠤᠤᠷ᠎ᠠ ᠳᠠᠯ᠎ᠠ ᠪᠠᠷ ᠨᠢ | ᠳᠡᠭᠡᠭᠰᠢ ᠰᠢᠷᠭᠤᠭᠤᠯᠤᠨ ᠭᠠᠷᠭᠠᠵᠤ᠂ ᠡᠬᠦᠯᠡᠨ ᠬᠤᠸᠠᠷ ᠤᠨ ᠢᠷᠮᠡᠭ ᠢᠶᠠᠨ ᠳᠡᠬᠦᠰᠬᠡᠨᠠ᠃ | ᠨᠤᠭᠤᠰᠤ ᠨᠢ ᠮᠥᠨ ᠳᠤᠩ ᠦᠨᠳᠦᠷ ᠪᠠᠶᠢᠪᠠᠯ ᠪᠠᠰᠠ ᠨᠢᠬᠡ ᠤᠳᠠᠭ᠎ᠠ ᠳᠤᠰ ᠠᠷᠭ᠎ᠠ ᠪᠠᠷ ᠢᠶᠠᠨ ᠳᠠᠷᠤᠭᠠᠳ᠂ | ᠳᠠᠪᠬᠤᠷ ᠡᠬᠦᠯᠡᠨ ᠬᠤᠸᠠᠷ ᠲᠠᠢ ᠢᠷᠮᠡᠭ ᠳᠠᠷᠤᠳᠠᠭ᠃ | ᠦᠨᠳᠡᠭᠡᠨ ᠰᠠᠭᠰᠤ | ᠳᠠᠬᠢᠶᠠᠨ ᠦᠨᠳᠡᠭᠡ ᠴᠤᠭᠯᠠᠭᠤᠯᠬᠤ ᠪᠤᠶᠤ ᠳᠠᠬᠢᠶᠠᠨ ᠦᠨᠳᠡᠭᠡ ᠪᠠᠨ ᠰᠠᠪᠠᠯᠠᠨ ᠵᠦᠭᠡᠭᠡᠪᠤᠷᠢᠯᠡᠬᠦ ᠳᠤ ᠬᠡᠷᠡᠭᠯᠡᠬᠦ ᠵᠢᠵᠢᠭ | ᠰᠠᠭᠰᠤ ᠶᠢ ᠦᠨᠳᠡᠭᠡᠨ ᠰᠠᠭᠰᠤ ᠭᠡᠳᠡᠭ᠃ | ᠦᠨᠳᠡᠭᠡᠨ ᠰᠠᠭᠰᠤ ᠶᠢ ᠨᠠᠷᠢᠨ ᠪᠤᠷᠭᠠᠰᠤ ︵ᠨᠠᠷᠢᠨ ᠬᠦᠬᠡ ᠪᠤᠷᠭᠠᠰᠤ᠂ ᠨᠠᠷᠢᠨ ᠤᠯᠠᠨ ᠪᠤᠷᠭᠠᠰᠤ᠂ ᠨᠠᠷᠢᠨ ᠰᠢᠷ᠎ᠠ | ᠪᠤᠷᠭᠠᠰᠤ᠂ ᠬᠠᠯᠢᠰᠤᠨ ᠮᠤᠳᠤᠨ ᠤ ᠨᠠᠷᠢᠨ ᠰᠠᠯᠠᠭ᠎ᠠ᠂ ᠢᠯᠠᠮ᠎ᠠ ᠶᠢᠨ ᠮᠤᠳᠤᠨ ᠤ ᠨᠠᠷᠢᠨ ᠰᠠᠯᠠᠭ᠎ᠠ︶ ᠪᠠᠷ ᠬᠦᠷᠦᠨ᠎ᠠ᠃ | | ᠦᠨᠳᠡᠬᠡᠨ ᠰᠠᠭᠰᠤᠨ ᠤ ᠢᠷᠤᠭᠠᠷ ᠢ ᠮᠥᠨ ᠠᠷᠭᠠᠯ ᠤᠨ ᠰᠠᠭᠰᠤᠨ ᠤ ᠢᠷᠤᠭᠠᠷ ᠲᠠᠢ ᠠᠳᠠᠯᠢ ᠭᠠᠷᠭᠠᠬᠤ ᠪᠦᠬᠡᠳ | ᠵᠤᠬᠢᠷᠠᠭᠰᠠᠨ ᠰᠠᠶᠢᠬᠠᠨ ᠰᠠᠨᠵᠢ ᠳᠠᠭᠠᠷᠠᠭᠤᠯᠵᠤ ᠬᠦᠷᠦᠳᠡᠭ᠃ ᠦᠨᠳᠡᠭᠡᠨ ᠰᠠᠭᠰᠤᠨ ᠤ ᠢᠷᠤᠭᠠᠷ ᠢ ᠪᠠᠭ᠎ᠠ ᠵᠢᠵᠢᠭ | ᠰᠢᠭ ᠭᠠᠷᠭᠠᠵᠤ᠂ ᠰᠠᠭᠰᠤᠨ ᠤ ᠪᠠᠨ ᠬᠠᠨ᠎ᠠ ᠪᠠᠨ ᠪᠠᠭ᠎ᠠ ᠰᠠᠷᠪᠠᠭ ᠮᠦᠷᠳᠡᠭᠡᠨ ᠪᠦᠮᠪᠦᠬᠡᠷ ᠬᠦᠷᠦᠳᠡᠭ᠃ | ᠦᠨᠳᠡᠬᠡᠨ ᠰᠠᠭᠰᠤ ᠶᠢ ᠮᠥᠨ ᠬᠤᠶᠠᠷ ᠶᠠᠩᠵᠤ ᠶᠢᠨ ᠪᠤᠷᠭᠠᠰᠤ ᠪᠠᠷ ᠬᠦᠷᠦᠨ᠎ᠠ᠃ ᠨᠢᠬᠡ ᠨᠢ ᠬᠠᠯᠢᠰᠤ ᠲᠠᠢ | ᠪᠤᠷᠭᠠᠰᠤ᠂ ᠨᠦᠬᠦᠬᠡ ᠨᠢ ᠬᠠᠯᠢᠰᠤ ᠶᠢ ᠨᠢ ᠱᠠᠭᠠᠯᠠᠭᠰᠠᠨ ᠪᠤᠷᠭᠠᠰᠤ᠂ ᠶᠠᠮᠠᠷ ᠪᠤᠷᠭᠠᠰᠤ ᠪᠠᠷ ᠬᠦᠷᠦᠭᠰᠡᠨ ᠴᠦ ᠳᠡᠷᠡ | ᠨᠤᠭᠤᠰᠤ ᠶᠢ ᠵᠤᠬᠢᠰ ᠲᠠᠢ ᠰᠠᠶᠢᠬᠠᠨ ᠰᠠᠯᠭᠠᠳᠠᠭ᠃ ᠬᠦᠷᠦᠯᠬᠡ ᠶᠢᠨ ᠳᠤᠮᠳᠠ ᠪᠠᠨ ᠮᠥᠨ ᠰᠠᠨᠵᠢ ᠪᠠᠨ ᠤᠷᠢᠶᠠᠵᠤ | ᠬᠦᠷᠦᠬᠦ ᠶᠢ ᠤᠮᠠᠷᠳᠠᠯ ᠦᠭᠡᠢ ᠪᠠᠶᠢᠵᠦ᠂ ᠰᠠᠨᠵᠢ ᠨᠠᠶᠢᠭᠤᠬᠤ ᠶᠢ ᠰᠡᠷᠭᠡᠶᠢᠯᠡᠳᠡᠭ᠃ | ᠦᠨᠳᠡᠭᠡᠨ ᠰᠠᠭᠰᠤᠨ ᠤ ᠢᠷᠮᠡᠭ ᠢ ᠪᠠᠰᠠ ᠬᠤᠶᠠᠷ ᠶᠠᠩᠵᠤ ᠪᠠᠷ ᠳᠠᠷᠤᠨ᠎ᠠ᠃ ᠨᠢᠬᠡ ᠨᠢ ᠭᠤᠷᠪᠠᠨ ᠮᠦᠰᠦ ᠪᠠᠷ | ᠮᠤᠰᠬᠢᠨ ᠳᠠᠷᠤᠵᠤ᠂ ᠨᠦᠬᠦᠬᠡ ᠨᠢᠬᠡ ᠤᠭᠠᠯᠵᠠᠯᠠᠨ ᠳᠠᠷᠤᠨ᠎ᠠ᠃ ᠳᠠᠷᠤᠬᠤ ᠠᠷᠭ᠎ᠠ ᠨᠢ ᠬᠡᠪᠡᠯ ᠳᠠᠷᠤᠢ ᠡᠭᠡᠵᠢᠭ ᠤᠨ | ᠰᠠᠭᠰᠤᠨ ᠤ ᠢᠷᠮᠡᠭ ᠳᠠᠷᠤᠬᠤ ᠲᠠᠢ ᠠᠳᠠᠯᠢ ᠪᠠᠶᠢᠳᠠᠭ᠃ | ᠦᠨᠳᠡᠭᠡᠨ ᠰᠠᠭᠰᠤ ᠶᠢ ᠪᠠᠰᠠ ᠮᠤᠳᠤᠨ ᠰᠠᠨᠵᠢ ᠦᠭᠡᠢ ᠪᠠᠷ ᠬᠦᠷᠦᠵᠦ᠂ ᠭᠡᠳᠤᠨ ᠨᠤᠭᠤᠰᠤ ᠪᠠᠷ ᠢᠶᠠᠨ ᠰᠠᠨᠵᠢ | ᠪᠤᠯᠭᠠᠨ ᠤᠷᠠᠯᠠᠳᠠᠭ᠃ ᠳᠠᠷᠤᠢ ᠦᠨᠳᠡᠭᠡᠨ ᠰᠠᠭᠰᠤᠨ ᠤ ᠬᠠᠨ᠎ᠠ ᠪᠠᠨ ᠬᠦᠷᠦᠵᠦ ᠳᠠᠭᠤᠰᠤᠭᠰᠠᠨ ᠤ ᠳᠠᠷᠠᠭ᠎ᠠ ᠢᠷᠮᠡᠭ | ᠳᠠᠷᠤᠬᠤ ᠳᠤ ᠪᠠᠨ ᠡᠰᠡᠷᠬᠦᠯᠡᠨ ᠭᠤᠤᠯᠳᠠᠵᠤ ᠪᠠᠶᠢᠭ᠎ᠠ ᠬᠤᠶᠠᠷ ᠳᠠᠯ᠎ᠠ ᠶᠢᠨ ᠭᠤᠷᠪᠠᠨ ᠰᠠᠭᠤᠷᠢ ᠨᠤᠭᠤᠰᠤ ᠠᠴᠠ ᠪᠠᠨ | ᠬᠤᠶᠠᠷ ᠬᠤᠶᠠᠷ ᠨᠤᠭᠤᠰᠤ ︵ᠪᠤᠷᠭᠠᠰᠤ︶ ᠦᠯᠡᠳᠡᠭᠡᠨ᠎ᠠ᠃ ᠡᠰᠡᠷᠬᠦᠦ ᠳᠡᠰᠡᠷᠬᠦᠦ ᠵᠢᠷᠭᠤᠭᠠᠨ ᠨᠤᠭᠤᠰᠤ ︵ᠪᠤᠷᠭᠠᠰᠤ | ︶ ᠪᠠᠨ ᠬᠠᠷᠢᠯᠴᠠᠨ ᠰᠦᠯᠵᠢᠨ ᠳᠠᠮᠤᠭᠠᠳ᠂ ᠦᠵᠦᠬᠦᠷ ︵ᠤᠷᠤᠢ︶ ᠠᠴᠠ ᠨᠢ ᠢᠷᠮᠡᠭ ᠤᠨ ᠭᠠᠳᠠᠷ ᠳᠠᠯ᠎ᠠ ᠠᠴᠠ | ᠳᠤᠳᠤᠷ ᠳᠠᠯ᠎ᠠ ᠤᠷᠤᠬᠤ ᠰᠢᠷᠭᠤᠭᠤᠯᠤᠨ ᠤᠷᠤᠭᠤᠯᠵᠤ᠂ ᠨᠢᠬᠡ ᠨᠢᠬᠡ ᠪᠠᠷ ᠬᠤᠭᠤᠯᠤᠯ ᠦᠭᠡᠢ ᠪᠠᠷ ᠪᠠᠯᠪᠠᠷᠠᠭᠤᠯᠤᠨ | ᠮᠤᠰᠬᠢᠵᠦ ᠪᠠᠰᠠ ᠨᠢᠬᠡ ᠤᠷᠢᠶᠠᠭᠠᠳ᠂ ᠳᠠᠬᠢᠨ ᠳᠠᠮᠤᠭᠰᠠᠨ ᠰᠡᠨᠵᠢ ᠶᠢᠨ ᠳᠡᠭᠡᠷ᠎ᠠ ᠪᠠᠨ ᠤᠷᠢᠶᠠᠨ᠎ᠠ᠃ | ᠳᠤᠰ ᠤᠷᠢᠶᠠᠯᠳᠠ ᠪᠠᠨ ᠵᠢᠭᠳᠡ ᠰᠠᠶᠢᠬᠠᠨ ᠤᠷᠢᠶᠠᠭᠰᠠᠨ ᠪᠠᠶᠢᠪᠠᠯ ᠬᠤᠶᠠᠷ ᠪᠤᠭᠤᠮᠢ ᠳᠡᠬᠡᠷ᠎ᠠ ᠨᠢ ᠤᠷᠢᠶᠠᠨ ᠤᠶᠠᠬᠤ | ᠠᠴᠠ ᠪᠢᠰᠢ ᠦᠬᠡᠷ᠎ᠠ ᠵᠠᠰᠠᠯᠳᠠ ᠬᠢᠬᠦ ᠦᠭᠡᠢ᠃ ᠭᠡᠷᠪᠡ ᠳᠠᠮᠤᠭᠰᠠᠨ ᠰᠠᠨᠵᠢ ᠨᠢ ᠦᠵᠡᠮᠵᠢ ᠦᠭᠡᠢ ᠪᠠᠶᠢᠪᠠᠯ ᠬᠡᠳᠤᠨ | ᠪᠤᠷᠭᠠᠰᠤ ᠶᠢ ᠪᠠᠯᠪᠠᠷᠠᠭᠤᠯᠤᠨ ᠮᠤᠰᠬᠢᠵᠦ᠂ ᠪᠦᠬᠦᠨ ᠢ ᠨᠢᠬᠡ ᠤᠳᠠᠭ᠎ᠠ ᠳᠤᠷᠰᠢ ᠳᠤ ᠨᠢ ᠵᠠᠯᠭᠠᠵᠤ ᠤᠷᠢᠶᠠᠨ᠎ᠠ᠃ | ᠵᠠᠷᠢᠮ ᠬᠦᠮᠦᠰ ᠦᠨᠳᠡᠬᠡᠨ ᠰᠠᠭᠰᠤᠨ ᠤ ᠪᠠᠨ ᠢᠷᠮᠡᠭ ᠢ ᠤᠭᠠᠯᠵᠠᠯᠠᠨ ᠳᠠᠷᠤᠭᠰᠠᠨ ᠪᠠᠶᠢᠪᠠᠯ ᠢᠷᠤᠭᠠᠷ ᠢ ᠨᠢ | ᠪᠠᠰᠠ ᠭᠦᠪᠡᠬᠡᠯᠡᠨ ᠤᠭᠠᠯᠵᠠᠯᠠᠨᠠ᠃ ᠢᠡᠭᠭᠢᠪᠡᠯ ᠵᠢᠵᠢᠭ ᠦᠨᠳᠡᠭᠡᠨ ᠰᠠᠭᠰᠤ ᠨᠢ ᠨᠡᠩ ᠦᠵᠡᠮᠵᠢ ᠲᠠᠢ ᠪᠤᠯᠳᠠᠭ᠃ | ᠬᠦᠷᠦᠵᠦ ᠪᠠᠷᠠᠭᠰᠠᠨ ᠦᠨᠳᠡᠭᠡᠨ ᠰᠠᠭᠰᠤ ᠶᠢᠨ ᠢᠶᠠᠨ ᠢᠷᠤᠭᠠᠷ ᠢ ᠳᠡᠭᠡᠭᠰᠢ ᠬᠠᠨᠳᠤᠭᠤᠯᠤᠨ ᠪᠠᠬᠢᠯᠡᠵᠦ᠂ ᠢᠷᠤᠭᠠᠷ | ᠤᠨ ᠬᠦᠪᠡᠭᠡ ᠶᠢ ᠳᠤᠭᠤᠷᠢᠭᠤᠯᠤᠨ ᠨᠤᠭᠤᠰᠤ ᠶᠢ ᠳᠠᠭᠠᠭᠤᠯᠵᠤ᠂ ᠳᠤᠬᠤᠢ ᠢᠯᠡᠬᠦᠦ ᠬᠤᠶᠠᠷ ᠳᠤᠬᠤᠢ ᠶᠢᠨ | ᠬᠦᠷᠦᠯᠬᠡ ᠶᠢᠨ ᠪᠤᠷᠭᠠᠰᠤ ᠶᠢ ᠨᠤᠭᠤᠰᠤ ᠪᠤᠯᠭᠠᠨ ᠱᠠᠭᠠᠵᠤ ᠤᠷᠤᠭᠤᠯᠤᠨ᠎ᠠ᠃ ᠳᠠᠷᠠᠭ᠎ᠠ ᠨᠢ ᠳᠠᠷᠤᠢ ᠳᠠᠷᠤᠢ ᠡᠬᠦᠯᠡᠨ | ᠬᠤᠸᠠᠷ ᠲᠠᠢ ᠤᠭᠠᠯᠵᠠᠨ ᠢᠷᠮᠡᠭ ᠳᠠᠷᠤᠬᠤ ᠠᠷᠭ᠎ᠠ ᠪᠠᠷ ᠢᠶᠠᠨ ᠰᠦᠯᠵᠢᠨ ᠬᠦᠷᠦᠨ᠎ᠠ᠃ | ᠫᠤᠯᠤ | ᠬᠠᠭᠤᠷᠤᠭᠰᠠᠨ ᠪᠤᠳᠠᠭ᠎ᠠ ᠪᠠᠨ ᠳᠡᠯᠬᠡᠬᠡᠨ ᠬᠠᠳᠠᠭᠠᠬᠤ ᠪᠤᠶᠤ ᠢᠡᠭ ᠬᠦᠯᠦᠵᠦ ᠪᠤᠳᠠᠭ᠎ᠠ ᠴᠠᠶᠢᠯᠭᠠᠬᠤ ᠳᠤ ᠠᠭ᠎ᠠ | ᠳᠡᠪᠢᠬᠦᠷᠳᠡᠬᠦ ᠳᠤᠮᠤ ᠫᠢᠯᠳᠠᠭᠠᠷ ᠰᠠᠪᠠ ᠶᠢ ᠫᠤᠯᠤ ᠭᠡᠳᠡᠭ᠃ | ᠫᠤᠯᠤ ᠶᠢ ᠬᠤᠶᠠᠷ ᠶᠠᠩᠵᠤ ᠪᠠᠷ ᠬᠦᠷᠦᠬᠦ ᠪᠤᠶᠤ ᠤᠶᠠᠳᠠᠭ᠃ | ᠫᠤᠯᠤ ᠬᠦᠷᠦᠬᠦ ᠪᠤᠷᠭᠠᠰᠤ ᠶᠢ ᠠᠷᠭᠠᠯ ᠤᠨ ᠰᠠᠭᠰᠤ ᠪᠤᠶᠤ ᠲᠦᠡᠭᠰᠡᠨ ᠰᠠᠭᠰᠤ ᠬᠦᠷᠦᠬᠦ ᠪᠤᠷᠭᠠᠰᠤ ᠲᠠᠢ | ᠠᠳᠠᠯᠢᠭᠠᠨ ᠢ ᠬᠡᠷᠡᠭᠯᠡᠨ᠎ᠠ᠃ ᠫᠤᠯᠤ ᠶᠢᠨ ᠢᠷᠤᠭᠠᠷ ᠢ ᠮᠥᠨ ᠠᠳᠠᠯᠢᠬᠠᠨ ᠢᠶᠠᠷ ᠬᠦᠷᠦᠵᠦ᠂ ᠶᠡᠬᠡᠰᠬᠡᠬᠦ ᠳᠤᠳᠤᠮ ᠢᠶᠠᠨ | ᠨᠤᠭᠤᠰᠤ ᠪᠠᠨ ᠵᠠᠢ ᠶᠢ ᠨᠢ ᠦᠵᠡᠵᠦ ᠰᠠᠯᠭᠠᠨ ᠬᠦᠷᠦᠨ᠎ᠠ᠃ ᠨᠢᠬᠡ ᠮᠧᠲᠷ ᠤᠨ ᠳᠤᠭᠤᠷᠢᠭ ᠪᠦᠬᠦᠢ ᠢᠷᠤᠭᠠᠷ ᠲᠠᠢ | ᠫᠤᠯᠤ ᠪᠤᠯ ᠳᠤᠮᠳᠠ ᠶᠢᠨ ᠫᠤᠯᠤ ᠪᠠᠶᠢᠵᠦ᠂ ᠶᠡᠭᠡᠨᠭᠬᠢ ᠠᠶᠢᠯ ᠡᠷᠤᠬᠡ ᠶᠢᠨ ᠵᠠᠷᠤᠳᠠᠭ ᠫᠤᠯᠤ ᠪᠠᠶᠢᠳᠠᠭ᠃ ᠬᠠᠶᠠ ᠵᠠᠷᠢᠮ | ᠬᠦᠮᠦᠰ ᠶᠡᠭᠡ ᠫᠤᠯᠤ ᠶᠢ ᠵᠠᠷᠤᠬᠤ ᠳᠤᠷᠠᠳᠠᠢ ᠭᠡᠬᠦ ᠳᠤ ᠪᠠᠰᠠ ᠵᠠᠷᠢᠮ ᠨᠢ ᠠᠪᠴᠤ ᠶᠠᠪᠤᠬᠤ ᠳᠤ ᠲᠦᠬᠦᠮ ᠭᠡᠵᠤ ᠪᠠᠭ᠎ᠠ | ᠰᠢᠭ᠋ ᠢ ᠨᠢ ᠬᠡᠷᠡᠭᠯᠡᠬᠦ ᠳᠤᠷ᠎ᠠ ᠲᠠᠢ ᠪᠠᠶᠢᠳᠠᠭ᠃ | ᠫᠤᠯᠤ ᠶᠢᠨ ᠢᠷᠤᠭᠠᠷ ᠢ ᠬᠦᠷᠦᠵᠦ ᠳᠠᠭᠤᠰᠤᠭᠰᠠᠨ ᠤ ᠳᠠᠷᠠᠭ᠎ᠠ ᠳᠡᠬᠦᠨ ᠢᠶᠠᠨ ᠨᠢᠬᠡ ᠬᠦᠷᠪᠡᠬᠦᠯᠵᠦ᠂ ᠨᠤᠭᠤᠰᠤ ᠶᠢ | ᠨᠢ ᠳᠡᠭᠡᠭᠰᠢ ᠪᠠᠭ᠎ᠠ ᠳᠠᠰᠢᠭᠤᠯᠤᠨ ᠪᠤᠰᠬᠠᠨ᠎ᠠ᠃ ᠨᠠᠰᠢ ᠴᠠᠰᠢ ᠬᠡᠯᠬᠢᠨ ᠤᠶᠠᠵᠤ ᠳᠠᠭᠤᠰᠤᠭᠰᠠᠨ ᠤ ᠳᠠᠷᠠᠭ᠎ᠠ ᠳᠡᠬᠡᠷ᠎ᠠ | ᠰᠢᠭ ᠰᠠᠭᠤᠳᠠᠯ ᠳᠤ ᠰᠠᠭᠤᠵᠤ ᠳᠤᠭᠤᠷᠢᠭᠤᠯᠤᠨ ᠬᠦᠷᠦᠨ᠎ᠠ᠃ ᠲᠦᠬᠡ ᠦᠨᠳᠦᠷ ᠪᠤᠶᠤ ᠪᠠᠭ᠎ᠠ ᠢᠯᠡᠬᠦᠦ ᠰᠢᠭ᠋ | ᠬᠦᠷᠦᠮᠡᠭᠴᠡ ᠪᠠᠨ ᠬᠦᠷᠦᠬᠦ ᠪᠠᠨ ᠵᠤᠭᠰᠤᠵᠤ᠂ ᠢᠷᠮᠡᠭ ᠳᠠᠷᠤᠨ᠎ᠠ᠃ ᠠᠷᠭᠠᠯ ᠤᠨ ᠰᠠᠭᠰᠤ ᠲᠠᠢ ᠨᠢᠬᠡ ᠯᠠ ᠠᠳᠠᠯᠢ | ᠭᠤᠷᠪᠠᠨ ᠮᠦᠰᠦᠯᠡᠨ ᠮᠤᠰᠬᠢᠨ ᠳᠠᠷᠤᠨ᠎ᠠ᠃ | ᠬᠦᠷᠦᠯᠬᠡ ᠶᠢᠨ ᠤᠷᠤᠢ ᠪᠠᠨ ᠴᠡᠪᠡᠷᠯᠡᠵᠦ ᠳᠠᠭᠤᠰᠤᠭᠰᠠᠨ ᠤ ᠳᠠᠷᠠᠭ᠎ᠠ ᠬᠡᠳᠤᠨ ᠡᠳᠤᠷ ᠨᠠᠷᠠᠨ ᠳᠤ ᠬᠠᠳᠠᠭᠠᠭᠠᠳ | ᠦᠬᠡᠷ ᠤᠨ ᠰᠢᠩᠭᠡᠨ ᠪᠠᠭᠠᠰᠤ ᠪᠠᠷ ᠬᠤᠶᠠᠷ ᠤᠳᠠᠭ᠎ᠠ ᠰᠢᠭᠯᠡᠨ ᠰᠢᠪᠠᠨᠠ᠃ | ᠫᠤᠯᠤ ᠶᠢ ᠪᠠᠰᠠ ᠪᠦᠳᠦᠬᠦᠨ ᠪᠤᠷᠭᠠᠰᠤ ᠪᠠᠷ ᠤᠶᠠᠳᠠᠭ᠃ ᠰᠠᠪᠬᠠᠨ ᠴᠢᠨᠡᠭᠡ ᠪᠦᠳᠦᠬᠦᠨ ᠰᠠᠯᠠᠭ᠎ᠠ ᠨᠠᠮᠠᠭ᠎ᠠ ᠪᠠᠭ᠎ᠠ | ᠪᠢᠷᠠᠭᠤᠨ ᠬᠦᠬᠡ ᠪᠤᠷᠭᠠᠰᠤ ᠪᠠᠷ ᠤᠶᠠᠨ᠎ᠠ᠃ ᠫᠤᠯᠤ ᠶᠢᠨ ᠪᠤᠷᠭᠠᠰᠤ ᠪᠠᠨ ᠰᠤᠩᠭᠤᠨ ᠠᠪᠴᠢᠷᠠᠭᠰᠠᠨ ᠤ ᠳᠠᠷᠠᠭ᠎ᠠ | ᠬᠤᠶᠠᠷ ᠠᠷᠭ᠎ᠠ ᠪᠠᠷ ᠠᠮᠠᠷᠬᠠᠨ ᠬᠤᠭᠤᠷᠠᠬᠤ ᠶᠢ ᠰᠢᠢᠳᠪᠤᠷᠢᠯᠡᠨ᠎ᠠ᠃ ᠨᠢᠬᠡ ᠠᠷᠭ᠎ᠠ ᠨᠢ ᠤᠰᠤᠨ ᠳᠤ ᠳᠡᠪᠳᠦᠬᠡᠨᠠ᠃ | ᠳᠠᠪᠤ ᠠᠴᠠ ᠳᠤᠯᠤᠭᠠᠨ ᠡᠳᠤᠷ ᠪᠤᠷᠭᠠᠰᠤ ᠶᠢ ᠤᠰᠤᠨ ᠳᠤ ᠳᠡᠪᠳᠦᠬᠡᠭᠰᠡᠨ ᠤ ᠳᠠᠷᠠᠭ᠎ᠠ ᠪᠤᠷᠭᠠᠰᠤ ᠨᠢ ᠪᠠᠷᠤᠭ | ᠵᠦᠬᠡᠯᠡᠨ ᠰᠤᠷ ᠰᠢᠭ᠋ ᠨᠠᠮᠢᠯᠵᠠᠮᠠ ᠪᠤᠯᠴᠢᠬᠠᠳᠠᠭ᠃ | ᠨᠦᠬᠦᠬᠡ ᠨᠢᠬᠡ ᠠᠷᠭ᠎ᠠ ᠨᠢ ᠬᠡᠪᠡᠯ ᠪᠤᠷᠭᠠᠰᠤ ᠪᠠᠨ ᠶᠡᠭᠡ ᠳᠤᠭᠤᠭ᠎ᠠ ᠲᠠᠢ ᠤᠰᠤᠨ ᠳᠤ ᠬᠢᠵᠦ ᠴᠢᠨᠠᠨ᠎ᠠ᠃ ᠰᠠᠶᠢᠨ | ᠬᠡᠳᠤᠨ ᠴᠠᠭ ᠴᠢᠨᠠᠭᠰᠠᠨ ᠤ ᠳᠠᠷᠠᠭ᠎ᠠ ᠳᠤᠭᠤᠯ ᠪᠤᠷᠭᠠᠰᠤ ᠨᠢ ᠭᠠᠷ ᠤᠨ ᠠᠶ᠎ᠠ ᠪᠠᠷ ᠨᠠᠮᠢᠯᠵᠠᠬᠤ ᠵᠦᠬᠡᠯᠡᠨ ᠪᠤᠷᠭᠠᠰᠤ | ᠪᠤᠯᠳᠠᠭ᠃ | ᠫᠤᠯᠤ ᠪᠠᠨ ᠤᠶᠠᠬᠤ ᠦᠶ᠎ᠠ ᠳᠤ ᠪᠤᠷᠭᠠᠰᠤ ᠪᠠᠨ ᠪᠠᠭ᠎ᠠ ᠡᠬᠡᠷᠡᠬᠦᠯᠦᠭᠡᠳ ᠶᠠᠭ ᠤᠶᠠᠬᠤ ᠦᠶᠡᠰ ᠲᠤ ᠪᠠᠨ ᠬᠠᠯᠢᠰᠤ | ᠶᠢ ᠨᠢ ᠱᠠᠭᠠᠯᠤᠨᠠ᠃ | ᠫᠤᠯᠤ ᠪᠠᠨ ᠤᠶᠠᠬᠤ ᠳᠡᠭᠰᠢ ᠭᠠᠵᠠᠷ ᠢᠶᠠᠨ ᠰᠤᠩᠭᠤᠭᠰᠠᠨ ᠤ ᠳᠠᠷᠠᠭ᠎ᠠ ᠫᠤᠯᠤ ᠶᠢᠨ ᠢᠷᠤᠭᠠᠷ ᠤᠨ ᠬᠡᠮᠵᠢᠶ᠎ᠠ ᠪᠠᠷ | ᠳᠤᠭᠤᠷᠢᠭ ᠵᠢᠷᠤᠵᠤ᠂ ᠵᠢᠷᠤᠭᠠᠰᠤᠨ ᠳᠡᠬᠡᠷ᠎ᠠ ᠪᠠᠨ ᠫᠤᠯᠤ ᠶᠢᠨ ᠬᠠᠨ᠎ᠠ ᠶᠢᠨ ᠶᠠᠩᠵᠤ ᠪᠠᠷ ᠪᠠᠭ᠎ᠠ ᠳᠠᠰᠢᠭᠤᠯᠤᠨ | ᠭᠠᠳᠠᠰᠤ ᠭᠠᠳᠠᠨ᠎ᠠ᠃ ᠭᠠᠳᠠᠰᠤ ᠶᠢᠨ ᠢᠶᠠᠨ ᠪᠤᠰᠤᠭ᠎ᠠ ᠶᠢ ᠮᠥᠨ ᠫᠤᠯᠤ ᠶᠢᠨ ᠬᠠᠨ᠎ᠠ ᠶᠢᠨ ᠪᠤᠰᠤᠭ᠎ᠠ ᠲᠠᠢ | ᠳᠡᠩᠴᠡᠬᠦᠯᠦᠨᠠ᠃ | ᠬᠠᠮᠤᠭ ᠠᠴᠠ ᠡᠮᠤᠨ᠎ᠠ ᠳᠤᠭᠤᠷᠢᠭ ᠤᠨ ᠭᠤᠤᠯ ᠤᠭᠳᠤᠯᠤᠭᠠᠰᠤ ᠶᠢᠨ ᠬᠤᠶᠠᠷ ᠭᠠᠳᠠᠰᠤ ᠶᠢ ᠤᠶᠠᠭᠠᠰᠤ ᠪᠠᠷ ᠢᠶᠠᠨ | ᠬᠤᠯᠪᠤᠨ ᠤᠶᠠᠨ᠎ᠠ᠃ ᠤᠶᠠᠬᠤ ᠠᠷᠭ᠎ᠠ ᠨᠢ ᠬᠡᠪᠡᠯ ᠨᠢᠬᠡ ᠭᠠᠳᠠᠰᠤ ᠶᠢᠨ ᠢᠶᠠᠨ ᠤᠷᠤᠢ ᠳᠡᠬᠡᠷ᠎ᠠ ᠠᠴᠠ ᠤᠷᠢᠶᠠᠨ | ᠴᠢᠩᠭ᠎ᠠ ᠤᠶᠠᠭᠠᠳ᠂ ᠤᠶᠠᠭᠠᠰᠤ ᠪᠠᠨ ᠭᠠᠳᠠᠰᠤ ᠶᠢ ᠳᠠᠭᠠᠭᠤᠯᠤᠨ ᠳᠤᠷᠤᠭᠰᠢ ᠬᠦᠶᠦᠯᠬᠡᠬᠡᠳ᠂ ᠭᠠᠳᠠᠰᠤ ᠶᠢᠨ | ᠰᠠᠭᠤᠷᠢ ᠳᠡᠬᠡᠷ᠎ᠠ ᠤᠶᠠᠭᠠᠰᠤ ᠪᠠᠨ ᠪᠤᠰᠤᠳ ᠤᠶᠠᠳᠠᠯ ᠢᠶᠠᠷ ᠴᠢᠩᠭ᠎ᠠ ᠬᠤᠯᠪᠤᠨ ᠤᠶᠠᠨ᠎ᠠ᠃ ᠳᠠᠬᠢᠭᠠᠳ ᠤᠷᠳᠤ | ᠤᠶᠠᠭᠠᠰᠤ ᠪᠠᠨ ᠭᠠᠵᠠᠷ ᠲᠠᠢ ᠨᠢᠭᠤᠷᠳᠠᠭᠤᠯᠤᠨ ᠨᠦᠬᠦᠬᠡ ᠭᠠᠳᠠᠰᠤ ᠶᠢᠨ ᠰᠠᠭᠤᠷᠢ ᠳᠡᠬᠡᠷ᠎ᠠ ᠦᠬᠡᠷ᠎ᠠ ᠤᠶᠠᠭᠠᠰᠤ ᠪᠠᠷ | ᠤᠶᠠᠭᠤᠯᠤᠭᠠᠳ ᠭᠠᠳᠠᠰᠤ ᠶᠢ ᠳᠠᠭᠠᠵᠤ ᠤᠷᠤᠢ ᠳᠡᠬᠡᠷ᠎ᠠ ᠨᠢ ᠭᠤᠭᠴᠤᠭᠠᠯᠠᠨᠠ᠃ | ᠫᠤᠯᠤ ᠶᠢᠨ ᠤᠶᠠᠭᠠᠰᠤ ᠶᠢ ᠰᠠᠶᠢᠨ ᠤᠯᠤᠰᠤ ᠪᠠᠷ ᠬᠢᠳᠡᠭ᠃ ᠤᠯᠤᠰᠤ ᠪᠠᠨ ᠤᠷᠢᠳᠡᠪᠡᠷ ᠬᠡᠳᠤ ᠬᠡᠳᠤᠨ ᠰᠢᠷᠬᠡᠭ | ᠢᠶᠠᠷ ᠰᠢᠳᠠᠮᠰᠦᠯᠡᠬᠡᠳ ᠤᠯᠤᠰᠤᠨ ᠤᠳᠠᠰᠤᠨ ᠤ ᠬᠢᠷᠢ ᠪᠠᠷ ᠴᠢᠷᠭᠠᠭᠤᠯ ᠢᠶᠠᠷ ᠢᠶᠠᠨ ᠴᠢᠷᠭᠠᠭᠤᠯᠳᠠᠵᠤ ᠴᠢᠩᠭ᠎ᠠ | ᠡᠷᠴᠢᠮ ᠤᠷᠤᠭᠤᠯᠤᠨ ᠤᠷᠢᠶᠠᠵᠤ ᠠᠪᠤᠭᠠᠳ ᠪᠡᠯᠡᠳᠭᠡᠳᠡᠭ᠃ ᠶᠠᠷᠤ ᠶᠢᠨ ᠪᠠᠶᠢᠳᠠᠯ ᠳᠤᠤᠷ᠎ᠠ ᠨᠢᠬᠡ ᠫᠤᠯᠤ ᠶᠢ | ᠬᠦᠷᠦᠵᠦ ᠪᠠᠷᠢᠳᠠᠯᠠ ᠵᠠᠯᠭᠠᠰᠤ ᠦᠭᠡᠢ ᠪᠠᠶᠢᠬᠤ ᠶᠢ ᠪᠠᠷᠢᠮᠳᠠᠯᠠᠳᠠᠭ᠃ | ᠫᠤᠯᠤ ᠶᠢᠨ ᠭᠤᠤᠯ ᠤᠳᠠᠰᠤ ᠪᠠᠨ ᠳᠠᠳᠠᠵᠤ ᠳᠠᠭᠤᠰᠤᠭᠰᠠᠨ ᠤ ᠳᠠᠷᠠᠭ᠎ᠠ ᠭᠤᠭᠴᠤᠭᠠᠯᠠᠵᠤ ᠳᠠᠯᠪᠢᠭᠰᠠᠨ ᠳᠠᠯ᠎ᠠ | ᠠᠴᠠ ᠡᠬᠢᠯᠡᠵᠦ ᠪᠤᠷᠭᠠᠰᠤ ᠪᠠᠨ ᠰᠢᠷᠭᠤᠭᠤᠯᠵᠤ ᠵᠡᠷᠭᠡᠯᠡᠨᠠ᠃ ᠭᠠᠳᠠᠰᠤ ᠶᠢᠨ ᠤᠷᠤᠢ ᠠᠴᠠ ᠤᠬᠤᠷ᠂ ᠤᠬᠤᠷ ᠠᠴᠠ | ᠪᠠᠨ ᠢᠳᠡᠭ ᠢᠳᠡᠭ ᠢᠶᠠᠷ ᠤᠷᠳᠤ ᠶᠢ ᠵᠡᠷᠭᠡᠯᠡᠵᠦ᠂ ᠬᠠᠮᠤᠭ ᠭᠤᠤᠯ ᠳᠤ ᠬᠠᠮᠤᠭ ᠦᠨᠳᠦᠷ ᠢ ᠤᠷᠤᠭᠤᠯᠤᠭᠠᠳ | ᠳᠠᠬᠢᠨ ᠢᠳᠡᠭ ᠢᠳᠡᠭ ᠢᠶᠠᠷ ᠪᠤᠭᠤᠨᠢᠰᠬᠠᠨ ᠨᠦᠬᠦᠬᠡ ᠭᠠᠳᠠᠰᠤ ᠶᠢᠨ ᠤᠷᠤᠢ ᠳᠡᠬᠡᠷ᠎ᠠ ᠬᠠᠮᠤᠭ ᠤᠬᠤᠷ ᠪᠤᠷᠭᠠᠰᠤ ᠶᠢ | ᠰᠢᠷᠭᠤᠭᠤᠯᠤᠨᠠ᠃ ᠭᠤᠭᠴᠤᠭᠠᠯᠠᠭᠰᠠᠨ ᠤᠶᠠᠭᠠᠰᠤ ᠪᠠᠨ ᠠᠯᠳᠠᠷᠭᠠᠨ ᠠᠪᠴᠤ᠂ ᠦᠬᠡᠷ᠎ᠠ ᠤᠶᠠᠳᠠᠯ ᠢᠶᠠᠷ ᠤᠶᠠᠭᠠᠰᠤ | ᠪᠠᠨ ᠤᠶᠠᠵᠤ ᠳᠠᠯᠪᠢᠭᠠᠳ ᠤᠶᠠᠭᠠᠰᠤ ᠪᠠᠷ ᠢᠶᠠᠨ ᠡᠬᠢᠨ ᠤ ᠪᠤᠷᠭᠠᠰᠤ ᠶᠢ ᠬᠤᠶᠠᠷ ᠤᠷᠢᠶᠠᠨ᠂ ᠨᠢᠬᠡ ᠡᠷᠬᠦᠨ ᠨᠢᠬᠡ | ᠳᠠᠷᠤᠬᠤ ᠬᠦᠷᠦᠯᠬᠡ ᠶᠢᠨ ᠠᠷᠭ᠎ᠠ ᠪᠠᠷ ᠫᠤᠯᠤ ᠶᠢᠨ ᠪᠤᠷᠭᠠᠰᠤ ᠪᠠᠨ ᠰᠦᠯᠵᠢᠨ ᠳᠠᠳᠠᠨ᠎ᠠ᠃ ᠪᠤᠷᠭᠠᠰᠤ ᠪᠠᠨ ᠵᠠᠭᠠᠭ | ᠦᠭᠡᠢ ᠴᠢᠩᠭ᠎ᠠ ᠵᠡᠷᠭᠡᠯᠡᠵᠦ ᠤᠶᠠᠭᠠᠰᠤ ᠪᠠᠨ ᠴᠢᠩᠭᠠᠭᠠᠳ ᠨᠦᠬᠦᠬᠡ ᠭᠠᠳᠠᠰᠤ ᠶᠢᠨ ᠤᠷᠤᠢ ᠳᠡᠬᠡᠷ᠎ᠠ ᠨᠢ ᠬᠦᠷᠦᠨ᠎ᠠ᠃ | ᠪᠤᠷᠭᠠᠰᠤ ᠪᠠᠨ ᠵᠡᠷᠭᠡᠯᠡᠬᠦ ᠳᠤ ᠪᠠᠨ ᠡᠷᠭᠡᠪᠰᠢ ᠪᠤᠷᠭᠠᠰᠤ ᠶᠢᠨ ᠳᠤᠯᠤᠭᠠᠢ ᠪᠦᠭᠰᠡ ᠶᠢ ᠳᠠᠷᠠᠭᠠᠯᠠᠨ ᠰᠤᠯᠢᠬᠤ ᠶᠢ | ᠤᠨᠴᠠ ᠠᠩᠬᠠᠷᠳᠠᠭ᠃ ᠤᠶᠠᠳᠠᠯ ᠤᠨ ᠪᠤᠷᠭᠠᠰᠤ ᠪᠠᠨ ᠨᠢᠬᠡ ᠯᠠ ᠤᠳᠠᠭ᠎ᠠ ᠳᠤ ᠵᠡᠷᠭᠡᠯᠡᠨ ᠭᠡᠯᠬᠢᠪᠡᠯ ᠳᠠᠬᠢᠵᠦ | ᠰᠤᠯᠢᠵᠦ ᠳᠡᠶᠢᠯᠬᠦ ᠦᠭᠡᠢ ᠪᠤᠯᠳᠠᠭ᠃ ᠡᠶᠢᠮᠤ ᠠᠴᠠ ᠬᠦᠷᠦᠮᠡᠯ ᠤᠨ ᠪᠤᠷᠭᠠᠰᠤ ᠪᠠᠨ ᠡᠬᠢᠨ ᠠᠴᠠ ᠨᠢ ᠳᠡᠬᠦᠰᠳᠡᠯᠠ | ᠠᠯᠬᠤᠨ ᠳᠠᠷᠠᠭ᠎ᠠ ᠲᠠᠢ ᠪᠦᠬᠡᠳ ᠵᠢᠭᠳᠡ ᠰᠠᠶᠢᠬᠠᠨ ᠢᠶᠠᠷ ᠴᠢᠩᠭ᠎ᠠ ᠵᠡᠷᠭᠡᠴᠡᠬᠦᠯᠬᠦ ᠶᠢ ᠪᠠᠷᠢᠮᠳᠠᠯᠠᠳᠠᠭ ᠶᠤᠮ᠃ | ᠫᠤᠯᠤ ᠶᠢᠨ ᠢᠷᠤᠭᠠᠷ ᠢ ᠡᠬᠢᠯᠡᠩᠬᠦᠳᠡ ᠪᠠᠨ ᠳᠠᠷᠤᠢ ᠬᠠᠨ᠎ᠠ ᠲᠠᠢ ᠪᠠᠨ ᠭᠠᠷᠬᠤ ᠶᠠᠩᠵᠤ ᠲᠦᠯᠦᠪ ᠨᠢ ᠢᠯᠡᠷᠡᠳᠡᠭ | ᠳᠤᠯᠠ ᠬᠤᠶᠠᠷ ᠭᠤᠷᠪᠠᠳᠤᠭᠠᠷ ᠬᠦᠶᠦᠯᠬᠡᠨ ᠤᠶᠠᠭᠠᠰᠤ ᠪᠠᠨ ᠭᠡᠯᠬᠢᠬᠦ ᠳᠤ ᠬᠤᠶᠠᠷ ᠤᠶᠠᠭᠠᠰᠤ ᠶᠢᠨ ᠠᠰ ᠱᠤᠭᠤᠮ | ᠤᠨ ᠬᠤᠭᠤᠷᠤᠨᠳᠤᠬᠢ ᠵᠠᠢ ᠶᠢ ᠨᠢᠬᠡ ᠯᠠ ᠬᠤᠷᠤᠭᠤ ᠶᠢᠨ ᠦᠷᠬᠡᠨ ᠢᠶᠠᠷ ᠱᠠᠭᠠᠷᠳᠠᠳᠠᠭ᠃ ᠪᠠᠷᠤᠭ ᠯᠠ ᠨᠢᠬᠡ ᠵᠤᠷᠪᠤᠰ | ᠤᠶᠠᠭᠠᠰᠤ ᠳᠠᠳᠠᠬᠤ ᠪᠦᠷᠢ ᠳᠤ ᠨᠢᠬᠡ ᠤᠶᠠᠭᠠᠰᠤᠨ ᠤ ᠪᠤᠷᠭᠠᠰᠤ ᠶᠢᠨ ᠦᠵᠦᠬᠦᠷ ᠢ ᠬᠠᠶᠠᠭᠠᠳ ᠶᠠᠪᠤᠳᠠᠭ ᠳᠤᠯᠠ | ᠢᠷᠮᠡᠭ ᠳᠡᠬᠡᠷ᠎ᠠ ᠬᠦᠷᠪᠡᠯ ᠬᠤᠶᠠᠷ ᠤᠷᠢᠶᠠᠬᠤ ᠪᠤᠶᠤ ᠳᠤᠭᠤᠷᠢᠭ ᠤᠨ ᠭᠠᠳᠠᠰᠤ ᠶᠢᠨ ᠰᠠᠭᠤᠷᠢ ᠳᠡᠬᠡᠷ᠎ᠠ ᠬᠦᠷᠪᠡᠯ | ᠭᠠᠳᠠᠰᠤ ᠳᠤ ᠳᠠᠳᠠᠵᠤ ᠤᠶᠠᠬᠤ ᠶᠢ ᠮᠠᠷᠳᠠᠯ ᠦᠭᠡᠢ ᠪᠡᠶᠡᠯᠡᠬᠦᠯᠵᠦ ᠤᠶᠠᠭᠠᠰᠤ ᠪᠠᠨ ᠴᠢᠩᠭᠠᠯᠠᠵᠤ ᠶᠠᠪᠤᠳᠠᠭ᠃ ᠳᠤᠰ | ᠶᠠᠩᠵᠤ ᠪᠠᠷ ᠢᠶᠠᠨ ᠤᠶᠠᠭᠰᠠᠭᠠᠷ ᠫᠤᠯᠤ ᠶᠢᠨ ᠬᠠᠭᠠᠰ ᠢ ᠤᠶᠠᠵᠤ᠂ ᠬᠠᠭᠠᠰ ᠢᠷᠮᠡᠭ ᠢ ᠳᠡᠩᠴᠡᠬᠦᠷᠢᠳᠠᠢ ᠪᠤᠯᠭᠠᠭᠠᠳ | ᠳᠠᠬᠢᠭᠠᠳ ᠭᠤᠤᠯ ᠠᠴᠠ ᠨᠢ ᠨᠦᠬᠦᠬᠡ ᠬᠠᠭᠠᠰ ᠳᠠᠯ᠎ᠠ ᠶᠢ ᠭᠠᠳᠠᠭᠰᠢ ᠬᠦᠬᠡᠬᠡᠵᠦ ᠳᠠᠳᠠᠨ᠎ᠠ᠃ | ᠡᠨᠡ ᠦᠶ᠎ᠠ ᠳᠤ ᠭᠤᠤᠯ ᠤᠶᠠᠭᠠᠰᠤᠨ ᠤ ᠡᠬᠢᠨ ᠤ ᠤᠶᠠᠭᠠᠰᠤ ᠶᠢ ᠠᠯᠳᠠᠷᠭᠠᠨ᠂ ᠨᠦᠬᠦᠬᠡ ᠳᠠᠯ᠎ᠠ ᠶᠢᠨ ᠭᠠᠳᠠᠰᠤ | ᠠᠴᠠ ᠭᠠᠳᠠᠭᠰᠢ ᠰᠦᠯᠵᠢᠵᠦ᠂ ᠳᠤᠰ ᠭᠠᠳᠠᠰᠤᠨ ᠳᠡᠭᠡᠷ᠎ᠠ ᠪᠠᠨ ᠢᠷᠡᠪᠡᠯ ᠤᠶᠠᠭᠠᠰᠤ ᠪᠠᠨ ᠵᠠᠯᠭᠠᠵᠤ ᠨᠦᠬᠦᠬᠡ | ᠬᠠᠭᠠᠰ ᠳᠠᠯ᠎ᠠ ᠶᠢᠨ ᠤᠶᠠᠭᠠᠰᠤ ᠰᠢᠭ᠋ ᠢᠶᠠᠷ ᠤᠶᠠᠵᠤ ᠳᠠᠭᠤᠰᠬᠠᠨ᠎ᠠ᠃ | ᠢᠡᠭᠭᠢᠵᠦ ᠤᠶᠠᠵᠤ ᠳᠠᠭᠤᠰᠤᠭᠰᠠᠨ ᠤ ᠳᠠᠷᠠᠭ᠎ᠠ᠂ ᠳᠤᠭᠤᠷᠢᠭ ᠤᠨ ᠭᠠᠳᠠᠰᠤ ᠶᠢᠨ ᠢᠶᠠᠨ ᠦᠵᠦᠬᠦᠷ ᠢᠶᠠᠷ | ᠳᠤᠭᠤᠷᠢᠭ ᠤᠳᠠᠰᠤ ᠳᠠᠳᠠᠵᠤ᠂ ᠤᠳᠠᠰᠤᠨ ᠠᠴᠠ ᠳᠡᠭᠡᠭᠰᠢ ᠭᠠᠷᠤᠭᠰᠠᠨ ᠤᠶᠠᠭᠠᠰᠤ ᠶᠢᠨ ᠪᠤᠷᠭᠠᠰᠤ ᠶᠢ ᠪᠦᠬᠦᠨ ᠢ | ᠳᠠᠩ ᠲᠠᠢ ᠰᠠᠶᠢᠬᠠᠨ ᠬᠠᠶᠢᠴᠢᠯᠠᠨ ᠠᠪᠤᠨ᠎ᠠ᠃ | ᠳᠠᠷᠠᠭ᠎ᠠ ᠳᠤ ᠨᠢ ᠨᠠᠷᠢᠨ ᠪᠦᠳᠦᠬᠦᠨ ᠦᠵᠦᠬᠦᠷ ᠢ ᠨᠢ ᠰᠤᠯᠢᠭᠰᠠᠨ ᠬᠤᠶᠠᠷ ᠬᠤᠶᠠᠷ ᠪᠤᠷᠭᠠᠰᠤ ᠪᠠᠷ ᠭᠠᠳᠠᠭᠤᠷ | ᠨᠢ ᠨᠢᠬᠡ ᠳᠤᠳᠤᠭᠤᠷ ᠨᠢ ᠨᠢᠬᠡ ᠬᠦᠪᠡᠭᠡᠯᠡᠵᠦ᠂ ᠢᠷᠮᠡᠭ ᠤᠨ ᠳᠡᠭᠡᠷ᠎ᠠ ᠤᠷᠤᠢ ᠳᠡᠭᠡᠬᠦᠷ ᠨᠢ ᠪᠦᠳᠦᠬᠦᠨ ᠰᠢᠭ ᠨᠢᠬᠡ | ᠪᠤᠷᠭᠠᠰᠤ ᠶᠢ ᠳᠤᠭᠤᠷᠢᠭᠤᠯᠤᠨ ᠳᠠᠷᠤᠵᠤ ᠳᠤᠪᠬᠢᠨᠠ᠃ ᠳᠠᠷᠠᠭ᠎ᠠ ᠳᠤ ᠨᠢ ᠭᠠᠳᠠᠰᠤ ᠶᠢᠨ ᠢᠷᠤᠭᠠᠷ ᠲᠤ ᠬᠢ ᠪᠤᠢ | ᠪᠦᠬᠦᠢ ᠤᠶᠠᠳᠠᠯ ᠢ ᠠᠯᠳᠠᠷᠭᠠᠨ ᠠᠪᠤᠨ᠎ᠠ᠃ | ᠳᠠᠪᠤᠨ ᠪᠤᠷᠭᠠᠰᠤᠨ ᠤ ᠰᠠᠭᠤᠳᠠᠯ᠂ ᠢᠷᠮᠡᠭ ᠤᠨ ᠭᠠᠳᠠᠨ᠎ᠠ ᠳᠤᠳᠤᠨ᠎ᠠ ᠪᠠ ᠳᠡᠭᠡᠷ᠎ᠠ ᠤᠷᠤᠢ ᠶᠢ ᠳᠤᠩ ᠰᠠᠶᠢᠬᠠᠨ | ᠬᠠᠪᠴᠢᠵᠦ ᠳᠠᠭᠠᠷᠠᠭᠰᠠᠨ ᠪᠠᠶᠢᠪᠠᠯ ᠢᠷᠮᠡᠭ ᠢ ᠨᠢᠬᠡ ᠳᠠᠯ᠎ᠠ ᠠᠴᠠ ᠨᠢ ᠰᠢᠷᠢ ᠪᠠᠷ ᠴᠢᠩᠭ᠎ᠠ ᠤᠷᠢᠶᠠᠨ᠎ᠠ᠃ ᠤᠷᠢᠶᠠᠬᠤ | ᠳᠤ ᠪᠠᠨ ᠤᠶᠠᠭᠠᠰᠤ ᠶᠢᠨ ᠪᠤᠷᠭᠠᠰᠤ ᠪᠦᠷᠢ ᠶᠢ ᠰᠢᠪᠦᠬᠡᠳᠡᠵᠦ ᠨᠦᠬᠡ ᠭᠠᠷᠭᠠᠨ ᠰᠢᠯᠵᠢᠵᠦ ᠰᠠᠯᠤᠰᠢ ᠦᠭᠡᠢ ᠪᠠᠷ | ᠪᠠᠳᠤ ᠪᠠᠬᠢ ᠤᠷᠢᠶᠠᠬᠤ ᠶᠢ ᠡᠷᠬᠢᠮᠯᠡᠳᠡᠭ᠃ | ᠢᠡᠭᠭᠢᠵᠦ ᠤᠶᠠᠭᠰᠠᠨ ᠫᠤᠯᠤ ᠪᠠᠨ ᠠᠶᠢᠯ ᠡᠷᠤᠬᠡ ᠦᠪᠡᠷ ᠲᠤ ᠪᠠᠨ ᠯᠠ ᠵᠠᠷᠤᠵᠤ ᠬᠡᠷᠡᠭᠯᠡᠬᠦ ᠠᠴᠠ ᠪᠢᠰᠢ ᠦᠬᠡᠷ᠎ᠠ | ᠪᠤᠰᠤᠳ ᠠᠶᠢᠯ ᠡᠷᠤᠬᠡ ᠳᠤ ᠵᠢᠭᠡᠯᠡᠬᠦᠯᠳᠡᠭ ᠦᠭᠡᠢ᠃ | ᠰᠤᠯᠠ ᠬᠡᠷᠡᠭᠰᠡᠯ | ᠡᠳᠤᠷ ᠳᠤᠳᠤᠮ ᠤᠨ ᠠᠮᠢᠳᠤᠷᠠᠯ ᠤᠨ ᠬᠡᠷᠡᠭᠰᠡᠯ ᠳᠤᠳᠤᠷ᠎ᠠ ᠪᠤᠷᠭᠠᠰᠤ᠂ ᠡᠪᠡᠰᠤ᠂ ᠦᠨᠳᠦᠰᠦ ᠵᠡᠷᠭᠡ ᠪᠠᠷ ᠬᠢᠭᠰᠡᠨ | ᠡᠳ᠋ᠯᠡᠯ ᠬᠡᠷᠡᠭᠰᠡᠯ ᠦᠨᠡᠨ ᠮᠤᠩ ᠦᠭᠡᠢ᠃ ᠡᠨᠡ ᠨᠢ ᠮᠦᠨᠴᠤ ᠬᠡᠴᠤᠨᠡᠨ ᠤᠷᠳᠤ ᠳᠡᠤᠬᠡᠨ ᠶᠠᠪᠤᠴᠠ ᠶᠢ ᠦᠡᠭᠭᠡᠷᠡᠭᠰᠡᠨ | ᠢ ᠦᠯᠦ ᠮᠡᠳᠡᠨ᠎ᠠ᠃ ᠤᠳᠤ ᠪᠤᠯᠳᠠᠯ᠎ᠠ ᠪᠤᠯᠪᠠᠰᠤᠨ ᠡᠳ᠋ᠯᠡᠯ ᠢᠶᠠᠷ ᠬᠦᠮᠦᠰ ᠲᠤ ᠦᠵᠡᠭᠳᠡᠨ ᠳᠠᠨᠢᠭᠳᠠᠵᠤ᠂ ᠳᠠᠭᠠᠰᠢᠶᠠᠯ | ᠪᠠᠭ᠋ᠠᠷᠬᠠᠯ ᠢ ᠨᠢ ᠤᠯᠤᠭᠰᠠᠭᠠᠷ ᠪᠠᠶᠢᠨ᠎ᠠ᠃ | ᠬᠦᠷᠦᠮᠡᠯ ᠤᠶᠠᠮᠠᠯ ᠤᠨ ᠰᠤᠯᠠ ᠬᠡᠷᠡᠭᠰᠡᠯ ᠤᠨ ᠳᠤᠳᠤᠷ᠎ᠠ ᠳᠡᠪᠦᠬᠦᠷ᠂ ᠬᠠᠷᠮᠠᠭᠤᠯ᠂ ᠰᠠᠶᠢᠵᠠ᠂ ᠪᠦᠷᠬᠦᠬᠡᠰᠤ᠂ | ᠠᠳᠠᠷ᠂ ᠵᠢᠩᠨᠡᠬᠦᠷ᠂ ᠳᠤᠭᠤᠭᠠᠨ ᠱᠦᠬᠦᠷ᠂ ᠵᠤᠤᠯᠢ᠂ ᠡᠪᠡᠰᠤᠨ ᠮᠠᠯᠠᠭᠠᠢ᠂ ᠴᠤᠪᠠ ᠁ ᠵᠡᠷᠭᠡ ᠨᠢ ᠨᠡᠶᠢᠳᠡᠯᠢᠭ | ᠵᠢᠱᠢᠶ᠎ᠠ ᠪᠤᠯᠤᠨ᠎ᠠ᠃ | ᠳᠠᠪᠦᠬᠦᠷ | ᠳᠠᠪᠦᠬᠦᠷ ᠭᠡᠭᠴᠢ ᠨᠢ ᠳᠠᠷᠤᠢ ᠪᠤᠳᠠᠭᠠᠨ ᠤ ᠠᠯᠢ ᠪᠤᠶᠤ ᠠᠭᠠᠭ ᠬᠡᠪᠡᠭ ᠢ ᠰᠠᠯᠬᠢ ᠳᠠᠳᠠᠨ ᠠᠷᠢᠯᠭᠠᠬᠤ ᠪᠠᠭᠠᠵᠢ | ᠬᠡᠷᠡᠭᠯᠡᠬᠦᠷ ᠮᠥᠨ᠃ ᠪᠠᠰᠠ ᠵᠢᠪᠡᠭᠡ ᠭᠡᠳᠡᠭ᠃ | ᠪᠤᠳᠠᠭ᠎ᠠ ᠢᠡᠭᠳᠡᠵᠦ ᠴᠠᠶᠢᠯᠭᠠᠬᠤ ᠳᠤ ᠳᠤᠳᠠᠭᠳᠠᠵᠤ ᠪᠤᠯᠤᠰᠢ ᠦᠭᠡᠢ ᠤᠴᠢᠷ ᠠᠴᠠ ᠠᠶᠢᠯ ᠡᠷᠤᠬᠡ ᠪᠦᠬᠦᠨ | ᠳᠡᠪᠦᠬᠦᠷ ᠢᠶᠠᠷ ᠳᠤᠳᠠᠵᠤ ᠪᠤᠯᠤᠰᠢ ᠦᠭᠡᠢ ᠪᠠᠶᠢᠳᠠᠭ᠃ | ᠳᠡᠪᠦᠬᠦᠷ ᠢ ᠮᠥᠨ ᠬᠤᠶᠠᠷ ᠶᠠᠩᠵᠤ ᠪᠠᠷ ᠬᠦᠷᠦᠵᠦ᠂ ᠤᠶᠠᠵᠤ ᠵᠤᠬᠢᠶᠠᠨ ᠪᠦᠳᠦᠬᠡᠳᠡᠭ᠃ | ᠳᠠᠪᠦᠬᠦᠷ ᠬᠦᠷᠦᠬᠦ ᠳᠤ ᠠᠷᠭᠠᠯ ᠤᠨ ᠰᠠᠭᠰᠤᠨ ᠤ ᠨᠠᠷᠢᠨ ᠪᠤᠷᠭᠠᠰᠤ ᠶᠢ ᠭᠡᠷᠡᠭᠯᠡᠨ᠎ᠠ᠃ ᠳᠡᠪᠦᠬᠦᠷ ᠢ ᠡᠬᠢᠯᠡᠵᠦ | ᠬᠦᠷᠦᠬᠦ ᠶᠢ ᠳᠡᠪᠦᠬᠦᠷ ᠤᠨ ᠡᠯᠢᠬᠡ ᠭᠠᠷᠭᠠᠬᠤ ᠭᠡᠳᠡᠭ᠃ ᠳᠡᠪᠦᠬᠦᠷ ᠤᠨ ᠡᠯᠢᠬᠡ ᠶᠢ ᠡᠭᠡᠵᠢᠭ ᠤᠨ ᠰᠠᠭᠰᠤᠨ ᠤ | ᠢᠷᠤᠭᠠᠷ ᠲᠠᠢ ᠠᠳᠠᠯᠢ ᠪᠠᠷ ᠡᠬᠢᠯᠡᠬᠦ ᠪᠤᠯᠪᠠᠴᠤ ᠳᠡᠪᠦᠬᠦᠷ ᠤᠨ ᠳᠤᠭᠳᠤᠢ ᠦᠬᠡᠳᠡ ᠪᠠᠨ ᠮᠤᠬᠤᠭᠤ ᠦᠨᠴᠦᠭᠳᠠᠢ ᠪᠠᠷ | ᠪᠦᠬᠡᠷᠡᠩᠭᠡᠶᠢᠯᠡᠨ ᠬᠦᠷᠦᠨ᠎ᠠ᠃ ᠠᠩᠬᠠᠨ ᠤ ᠨᠤᠭᠤᠰᠤ ᠬᠤᠯᠪᠤᠬᠤ ᠨᠢ ᠡᠬᠡᠬᠡ ᠠᠳᠠᠯᠢ᠃ ᠡᠯᠢᠬᠡ ᠶᠢᠨ ᠭᠤᠤᠯ | ᠬᠡᠯᠬᠢᠶᠠᠰᠤ ᠨᠢ ᠬᠤᠶᠠᠷ ᠳᠤᠬᠤᠢ᠂ ᠡᠯᠢᠬᠡ ᠶᠢᠨ ᠦᠷᠬᠡᠨ ᠨᠢ ᠳᠤᠬᠤᠢ ᠬᠠᠭᠠᠰ᠃ ᠭᠡᠯᠬᠢᠶᠡᠰᠤ ᠶᠢᠨ ᠪᠢᠳᠡᠬᠦᠦ | ᠭᠤᠭᠴᠤᠭ᠎ᠠ ᠶᠢᠨ ᠳᠠᠯ᠎ᠠ ᠶᠢ ᠳᠡᠬᠦᠪᠦᠷ ᠤᠨ ᠭᠡᠯᠡ ᠭᠡᠳᠡᠭ᠃ ᠡᠶᠢᠮᠤᠷᠬᠦ ᠳᠡᠪᠦᠬᠦᠷ ᠤᠨ ᠡᠯᠢᠬᠡ ᠨᠢ ᠬᠡᠯᠡ ᠵᠦᠭ ᠢᠶᠠᠨ | ᠰᠠᠷᠪᠠᠭ᠂ ᠳᠤᠭᠳᠤᠢ ᠵᠦᠭ ᠢᠶᠠᠨ ᠳᠤᠭᠤᠷᠢᠭ ᠪᠠᠶᠢᠳᠠᠭ᠃ | ᠪᠠᠷᠢᠮᠵᠢᠶ᠎ᠠ ᠶᠤᠰᠤᠭᠠᠷ ᠳᠡᠪᠦᠭᠦᠷ ᠤᠨ ᠬᠡᠯᠡ ᠶᠢ ᠢᠷᠮᠡᠭᠯᠡᠨ ᠬᠦᠷᠦᠵᠦ ᠳᠠᠭᠤᠰᠤᠭᠰᠠᠨ ᠤ ᠳᠠᠷᠠᠭ᠎ᠠ ᠨᠦᠬᠦᠬᠡ | ᠭᠤᠷᠪᠠᠨ ᠳᠠᠯ᠎ᠠ ᠶᠢᠨ ᠨᠤᠭᠤᠰᠤ ︵ᠪᠢᠳᠡᠬᠦᠦ ᠳᠠᠯ᠎ᠠ ᠶᠢᠨ ᠬᠦᠷᠦᠯᠬᠡ ᠶᠢᠨ ᠦᠵᠦᠬᠦᠷ ᠢ ᠨᠤᠭᠤᠰᠤ ᠪᠤᠯᠭᠠᠨ᠎ᠠ︶ ᠶᠢ | ᠳᠡᠭᠡᠭᠰᠢ ᠪᠤᠰᠬᠠᠵᠤ ᠳᠤᠭᠤᠷᠢᠭᠤᠯᠤᠨ ᠬᠦᠷᠦᠨ᠎ᠠ᠃ ᠳᠡᠪᠦᠬᠦᠷ ᠤᠨ ᠭᠤᠷᠪᠠᠨ ᠳᠠᠯ᠎ᠠ ᠶᠢᠨ ᠪᠤᠰᠤᠭ᠎ᠠ ᠭᠡᠰᠡᠭ ᠢ ᠮᠥᠨ | ᠳᠡᠪᠦᠬᠦᠷ ᠤᠨ ᠬᠠᠨ᠎ᠠ ᠭᠡᠳᠡᠭ᠃ ᠳᠡᠪᠦᠬᠦᠷ ᠤᠨ ᠬᠠᠨ᠎ᠠ ᠶᠢᠨ ᠪᠤᠰᠤᠭ᠎ᠠ ᠨᠢ ᠪᠠᠷᠤᠭ ᠳᠠᠪᠤᠨ ᠬᠤᠷᠤᠭᠤ ᠪᠠᠶᠢᠳᠠᠭ᠃ | ᠳᠡᠪᠤᠬᠦᠷ ᠤᠨ ᠬᠠᠨ᠎ᠠ ᠶᠢ ᠬᠦᠷᠦᠵᠦ ᠳᠠᠭᠤᠰᠤᠭᠰᠠᠨ ᠤ ᠳᠠᠷᠠᠭ᠎ᠠ ᠳᠡᠪᠦᠬᠦᠷ ᠤᠨ ᠢᠷᠮᠡᠭ ᠢ ᠳᠠᠷᠤᠨ᠎ᠠ᠃ | ᠳᠡᠪᠤᠬᠦᠷ ᠤᠨ ᠢᠷᠮᠡᠭ ᠢ ᠬᠤᠶᠠᠷ ᠳᠠᠯ᠎ᠠ ᠠᠴᠠ ᠨᠢ ᠳᠠᠷᠤᠳᠠᠭ᠃ ᠳᠠᠷᠤᠢ ᠳᠡᠪᠦᠬᠦᠷ ᠤᠨ ᠬᠡᠯᠡᠨ ᠤ ᠪᠠᠷᠠᠭᠤᠨ ᠬᠠᠨ᠎ᠠ | ᠠᠴᠠ ᠰᠤᠯᠢᠭᠠᠢ ᠪᠠᠷ ᠭᠤᠷᠪᠠᠨ ᠮᠦᠰᠦᠯᠡᠨ ᠨᠤᠭᠤᠰᠤ ᠶᠢ ᠳᠠᠷᠤᠵᠤ᠂ ᠳᠡᠪᠦᠬᠦᠷ ᠤᠨ ᠳᠤᠬᠤᠨ ᠤ ᠭᠤᠤᠯ ᠳᠤ | ᠵᠤᠭᠰᠤᠨ᠎ᠠ᠃ ᠳᠠᠬᠢᠭᠠᠳ ᠳᠡᠪᠦᠬᠦᠷ ᠤᠨ ᠬᠡᠯᠡᠨ ᠤ ᠵᠡᠬᠦᠨ ᠳᠠᠯ᠎ᠠ ᠶᠢᠨ ᠬᠠᠨ᠎ᠠ ᠠᠴᠠ ᠪᠠᠷᠠᠭᠤᠨ ᠢᠶᠠᠷ ᠭᠤᠷᠪᠠᠨ | ᠮᠦᠰᠦᠯᠡᠨ ᠨᠤᠭᠤᠰᠤ ᠶᠢ ᠳᠠᠷᠤᠵᠤ᠂ ᠳᠡᠪᠦᠬᠦᠷ ᠤᠨ ᠳᠤᠬᠤᠨ ᠤ ᠭᠤᠤᠯ ᠳᠤ ᠵᠤᠭᠰᠤᠨ᠎ᠠ᠃ ᠳᠡᠪᠦᠬᠦᠷ ᠤᠨ ᠳᠤᠬᠤᠨ | ᠤ ᠭᠤᠤᠯ ᠳᠤ ᠬᠤᠶᠠᠷ ᠳᠠᠯ᠎ᠠ ᠶᠢᠨ ᠨᠤᠭᠤᠰᠤᠨ ᠤ ᠦᠵᠦᠬᠦᠷ ᠢ ᠵᠦᠷᠢᠬᠦᠯᠦᠨ ᠴᠢᠩᠭ᠎ᠠ ᠤᠶᠠᠵᠤ ᠢᠷᠮᠡᠭ ᠢ ᠳᠠᠷᠤᠵᠤ | ᠳᠠᠭᠤᠰᠬᠠᠨ᠎ᠠ᠃ | ᠡᠶᠢᠮᠤᠷᠬᠦ ᠳᠡᠪᠦᠬᠦᠷ ᠢ ᠬᠦᠷᠦᠵᠦ ᠳᠠᠭᠤᠰᠤᠭᠰᠠᠨ ᠤ ᠳᠠᠷᠠᠭ᠎ᠠ ᠰᠠᠶᠢᠳᠤᠷ ᠬᠠᠳᠠᠭᠠᠨ ᠦᠬᠡᠷ ᠤᠨ ᠰᠢᠩᠭᠡᠨ ᠪᠠᠭᠠᠰᠤ | ᠪᠠᠷ ᠪᠢᠯᠳᠠᠵᠤ ᠰᠢᠪᠠᠵᠤ ᠬᠠᠳᠠᠭᠠᠭᠠᠳ ᠵᠠᠷᠤᠵᠤ ᠬᠡᠷᠡᠭᠯᠡᠳᠡᠭ᠃ | ᠳᠡᠪᠦᠬᠦᠷ ᠢ ᠪᠠᠰᠠ ᠪᠦᠳᠦᠬᠦᠨ ᠪᠤᠷᠭᠠᠰᠤ ᠪᠠᠷ ᠤᠶᠠᠳᠠᠭ᠃ ᠳᠠᠷᠤᠢ ᠰᠠᠪᠬᠠᠨ ᠴᠢᠨᠡᠭᠡ ᠪᠦᠳᠦᠬᠦᠨ ᠪᠢᠷᠠᠭᠤᠨ | ᠬᠦᠬᠡ ᠪᠤᠷᠭᠠᠰᠤ ᠪᠠᠷ ᠤᠶᠠᠨ᠎ᠠ᠃ ᠳᠡᠪᠦᠬᠦᠷ ᠤᠨ ᠪᠤᠷᠭᠠᠰᠤ ᠶᠢ ᠫᠤᠯᠤ ᠶᠢᠨ ᠪᠤᠷᠭᠠᠰᠤ ᠲᠠᠢ ᠠᠳᠠᠯᠢ ᠪᠠᠷ | ᠰᠢᠢᠳᠪᠤᠷᠢᠯᠡᠳᠡᠭ᠃ | ᠳᠡᠪᠦᠬᠦᠷ ᠤᠶᠠᠬᠤ ᠠᠴᠠ ᠪᠠᠨ ᠡᠮᠤᠨ᠎ᠠ ᠤᠷᠢᠳᠡᠪᠡᠷ ᠲᠦᠷᠪᠡᠨ ᠬᠤᠷᠤᠭᠤ ᠦᠷᠬᠡᠨ ᠬᠠᠭᠠᠰ ᠬᠤᠷᠤᠭᠤ ᠵᠤᠵᠠᠭᠠᠨ | ᠂ ᠬᠤᠶᠠᠷ ᠳᠤᠬᠤᠢ ᠬᠠᠭᠠᠰ ᠤᠨ ᠤᠷᠳᠤ ᠮᠤᠳᠤᠨ ᠬᠠᠪᠳᠠᠰᠤ ᠶᠢ ᠪᠡᠯᠡᠳᠭᠡᠳᠡᠭ᠃ ᠳᠡᠬᠦᠨ ᠢᠶᠠᠨ ᠳᠡᠪᠦᠬᠦᠷ ᠤᠨ ᠢᠶᠠᠨ | ᠦᠵᠦᠬᠦᠷ ᠳᠡᠬᠡᠷ᠎ᠠ ᠪᠠᠨ ᠪᠠᠬᠢᠯᠡᠨ ᠤᠶᠠᠵᠤ ᠳᠤᠷᠭᠤᠭᠠᠨᠠ᠃ ᠳᠡᠬᠦᠨ ᠢᠶᠠᠨ ᠳᠡᠪᠦᠬᠦᠷ ᠤᠨ ᠬᠡᠯᠡ ᠭᠡᠳᠡᠭ᠃ ᠳᠡᠪᠦᠬᠦᠷ | ᠤᠨ ᠬᠡᠯᠡ ᠪᠠᠨ ᠤᠷᠢᠳᠡᠰᠠ ᠬᠤᠶᠠᠷ ᠦᠵᠦᠬᠦᠷ ᠢ ᠨᠢ ᠳᠡᠭᠡᠭᠰᠢ ᠳᠠᠰᠢᠭᠤᠯᠤᠨ ᠮᠡᠳᠠᠵᠤ ᠳᠤᠰᠬᠠᠵᠤ ᠳᠠᠯᠪᠢᠳᠠᠭ᠃ | ᠬᠤᠶᠠᠷ ᠮᠠᠳᠠᠭᠰᠠᠨ ᠳᠠᠯ᠎ᠠ ᠶᠢ ᠳᠡᠪᠦᠬᠦᠷ ᠤᠨ ᠵᠡᠬᠦᠨ ᠪᠠᠷᠠᠭᠤᠨ ᠬᠤᠶᠠᠷ ᠵᠠᠪᠢᠵᠢ ᠭᠡᠳᠡᠭ᠃ | ᠳᠡᠪᠦᠬᠦᠷ ᠬᠦᠷᠦᠬᠦ ᠳᠤ ᠪᠠᠨ ᠭᠠᠵᠠᠷ ᠳᠡᠬᠡᠷ᠎ᠠ ᠭᠠᠳᠠᠰᠤ ᠭᠠᠳᠠᠵᠤ᠂ ᠳᠡᠪᠦᠬᠦᠷ ᠤᠨ ᠬᠡᠯᠡ ᠪᠠᠨ ᠪᠠᠬᠢᠯᠡᠵᠦ | ᠤᠶᠠᠭᠠᠳ᠂ ᠳᠠᠬᠢᠨ ᠳᠡᠪᠦᠬᠦᠷ ᠤᠨ ᠳᠤᠭᠳᠤᠢ ᠶᠢᠨ ᠬᠡᠮᠵᠢᠶᠠᠨ ᠳᠤ ᠬᠡᠳᠤᠨ ᠭᠠᠳᠠᠰᠤ ᠶᠢ ᠭᠠᠳᠠᠭᠠᠳ᠂ ᠳᠡᠪᠦᠬᠦᠷ | ᠤᠨ ᠬᠡᠯᠡ ᠶᠢᠨ ᠭᠤᠤᠯ ᠳᠤᠮᠳᠠ ᠠᠴᠠ ᠳᠤᠭᠳᠤᠢ ᠶᠢᠨ ᠭᠤᠤᠯ ᠳᠤᠮᠳᠠᠬᠢ ᠭᠠᠳᠠᠰᠤ ᠶᠢ ᠪᠡᠯᠡᠳᠭᠡᠭᠰᠡᠨ ᠤᠯᠤᠰᠤᠨ | ᠤᠶᠠᠭᠠᠰᠤ ᠪᠠᠷ ᠢᠶᠠᠨ ᠴᠢᠩᠭ᠎ᠠ ᠳᠠᠳᠠᠨ ᠬᠤᠯᠪᠤᠵᠤ᠂ ᠳᠠᠬᠢᠭᠠᠳ ᠳᠤᠭᠳᠤᠢ ᠶᠢᠨ ᠭᠠᠳᠠᠰᠤ ᠶᠢᠨ ᠪᠡᠶ᠎ᠠ ᠶᠢ ᠳᠡᠭᠡᠭᠰᠢ | ᠳᠠᠭᠠᠭᠤᠯᠤᠨ ᠳᠠᠳᠠᠭᠠᠳ᠂ ᠭᠠᠳᠠᠰᠤ ᠶᠢᠨ ᠤᠷᠤᠢ ᠳᠤ ᠭᠤᠭᠴᠤᠭᠠᠯᠠᠨᠠ᠃ ᠳᠤᠰ ᠭᠠᠳᠠᠰᠤ ᠶᠢᠨ ᠤᠶᠠᠭᠠᠰᠤ ᠠᠴᠠ | ᠡᠬᠢᠯᠡᠵᠦ ᠤᠶᠠᠯᠭ᠎ᠠ ᠶᠢᠨ ᠪᠤᠷᠭᠠᠰᠤ ᠪᠠᠨ ᠪᠤᠭᠤᠨᠢ ᠠᠴᠠ ᠤᠷᠳᠤ ᠪᠠᠷ ᠳᠤᠯᠤᠭᠠᠢ ᠪᠦᠭᠰᠡ ᠶᠢ ᠨᠢ ᠰᠤᠯᠢᠵᠦ | ᠵᠡᠷᠭᠡᠴᠡᠬᠦᠯᠦᠨ᠂ ᠭᠤᠭᠴᠤᠭᠠᠯᠠᠭᠰᠠᠨ ᠤᠶᠠᠭᠠᠰᠤ ᠪᠠᠨ ᠠᠯᠳᠠᠷᠭᠠᠨ ᠬᠠᠮᠤᠭ ᠡᠬᠢᠨ ᠤ ᠪᠤᠷᠭᠠᠰᠤ ᠶᠢ ᠬᠤᠶᠠᠷ | ᠤᠷᠢᠶᠠᠭᠠᠳ ᠰᠦᠯᠵᠢᠨ ᠤᠶᠠᠵᠤ᠂ ᠳᠡᠪᠦᠬᠦᠷ ᠤᠨ ᠬᠡᠯᠡ ᠶᠢᠨ ᠴᠤᠭᠤᠯᠤᠭᠰᠠᠨ ᠨᠦᠬᠡ ᠪᠠᠷ ᠰᠢᠷᠭᠤᠭᠤᠯᠤᠨ ᠭᠠᠷᠭᠠᠵᠤ | ᠳᠠᠳᠠᠨ᠎ᠠ᠃ | ᠳᠠᠬᠢᠭᠠᠳ ᠤᠶᠠᠭᠠᠰᠤ ᠪᠠᠨ ᠳᠡᠪᠦᠬᠦᠷ ᠤᠨ ᠬᠡᠯᠡᠨ ᠤ ᠪᠠᠷᠠᠭᠤᠨ ᠳᠠᠯ᠎ᠠ ᠶᠢᠨ ᠨᠦᠬᠡ ᠪᠠᠷ ᠰᠢᠷᠭᠤᠭᠤᠯᠤᠨ | ᠭᠠᠷᠭᠠᠵᠤ᠂ ᠳᠡᠪᠦᠬᠦᠷ ᠤᠨ ᠳᠤᠭᠳᠤᠢ ᠤᠷᠤᠭᠤ ᠰᠦᠯᠵᠢᠨ ᠤᠶᠠᠨ᠎ᠠ᠃ ᠬᠤᠶᠠᠷ ᠵᠤᠷᠪᠤᠰ ᠤᠶᠠᠭᠠᠰᠤ ᠶᠢᠨ | ᠬᠤᠭᠤᠷᠤᠨᠳᠤᠬᠢ ᠵᠠᠢ ᠶᠢ ᠮᠥᠨ ᠨᠢᠬᠡ ᠬᠤᠷᠤᠭᠤ ᠠᠴᠠ ᠵᠠᠶᠢᠳᠠᠢ ᠪᠠᠶᠢᠯᠭᠠᠵᠤ ᠪᠤᠯᠬᠤ ᠦᠭᠡᠢ᠃ | ᠳᠡᠪᠦᠬᠦᠷ ᠤᠨ ᠵᠡᠬᠦᠨ ᠪᠠᠷᠠᠭᠤᠨ ᠳᠠᠯ᠎ᠠ ᠳᠤ᠂ ᠳᠡᠪᠦᠬᠦᠷ ᠤᠨ ᠬᠡᠯᠪᠡᠷᠢ ᠪᠠᠷ ᠢᠶᠠᠨ ᠭᠠᠵᠠᠷ ᠭᠠᠳᠠᠰᠤ ᠭᠠᠳᠠᠵᠤ᠂ | ᠪᠤᠷᠭᠠᠰᠤ ᠪᠠᠨ ᠰᠦᠯᠵᠢᠨ ᠤᠶᠠᠬᠤ ᠶᠢᠨ ᠳᠠᠭᠠᠤ ᠳᠤ ᠤᠶᠠᠭᠠᠰᠤ ᠪᠤᠯᠤᠨ ᠪᠤᠷᠭᠠᠰᠤ ᠶᠢ ᠳᠠᠳᠠᠵᠤ ᠤᠶᠠᠨ᠎ᠠ᠃ | ᠳᠡᠪᠦᠬᠦᠷ ᠤᠨ ᠨᠢᠬᠡ ᠳᠠᠯ᠎ᠠ ᠶᠢ ᠤᠶᠠᠵᠤ ᠳᠠᠭᠤᠰᠤᠭᠰᠠᠨ ᠤ ᠳᠠᠷᠠᠭ᠎ᠠ ᠳᠠᠬᠢᠭᠠᠳ ᠨᠦᠬᠦᠬᠡ ᠳᠠᠯ᠎ᠠ ᠶᠢ ᠠᠳᠠᠯᠢ | ᠶᠤᠰᠤᠭᠠᠷ ᠰᠦᠯᠵᠢᠨ ᠤᠶᠠᠨ᠎ᠠ᠃ | ᠳᠡᠪᠦᠬᠦᠷ ᠤᠨ ᠬᠡᠯᠪᠡᠷᠢ ᠪᠠᠷ ᠢᠶᠠᠨ ᠳᠡᠪᠦᠬᠦᠷ ᠢᠶᠠᠨ ᠤᠶᠠᠵᠤ ᠳᠠᠭᠤᠰᠤᠭᠰᠠᠨ ᠤ ᠳᠠᠷᠠᠭ᠎ᠠ᠂ ᠬᠤᠶᠠᠷ ᠵᠠᠪᠢᠵᠢ ᠶᠢᠨ | ᠳᠡᠬᠡᠷ᠎ᠠ ᠤᠷᠤᠢ ᠪᠤᠶᠤ ᠳᠡᠪᠦᠬᠦᠷ ᠤᠨ ᠭᠤᠤᠯ ᠳᠤᠬᠤᠨ ᠤ ᠤᠷᠤᠢ ᠶᠢ ᠳᠤᠭᠤᠷᠢᠭᠤᠯᠤᠨ ᠤᠳᠠᠰᠤ ᠳᠠᠳᠠᠵᠤ᠂ | ᠢᠯᠡᠬᠦᠦ ᠭᠠᠷᠤᠭᠰᠠᠨ ᠪᠤᠷᠭᠠᠰᠤ ᠶᠢ ᠳᠠᠩ ᠲᠠᠢ ᠰᠠᠶᠢᠬᠠᠨ ᠬᠠᠶᠢᠴᠢᠯᠠᠨ ᠠᠪᠤᠨ᠎ᠠ᠃ | ᠳᠠᠷᠠᠭ᠎ᠠ ᠳᠤ ᠨᠢ ᠨᠠᠷᠢᠨ ᠪᠦᠳᠦᠬᠦᠨ ᠦᠵᠦᠬᠦᠷ ᠢ ᠨᠢ ᠰᠤᠯᠢᠭᠰᠠᠨ ᠬᠤᠶᠠᠷ ᠤᠷᠳᠤ ᠪᠤᠷᠭᠠᠰᠤ ᠪᠠᠷ ᠳᠡᠪᠦᠬᠦᠷ ᠤᠨ | ᠢᠷᠮᠡᠭ ᠤᠨ ᠳᠤᠳᠤᠷ᠎ᠠ ᠨᠢ ᠨᠢᠬᠡ᠂ ᠭᠠᠳᠠᠭᠤᠷ ᠨᠢ ᠨᠢᠬᠡ ᠳᠤᠭᠤᠷᠢᠭᠤᠯᠤᠨ᠂ ᠳᠡᠭᠡᠷ᠎ᠠ ᠢᠷᠮᠡᠭ ᠢᠶᠠᠷ ᠨᠢ ᠪᠦᠳᠦᠬᠦᠨ | ᠰᠢᠭ ᠪᠤᠷᠭᠠᠰᠤ ᠪᠠᠷ ᠳᠤᠭᠤᠷᠢᠭᠤᠯᠤᠨ᠂ ᠠᠳᠡ ᠳᠡᠨᠳᠡ ᠲᠦᠬᠦᠮ ᠳᠤᠪᠬᠢᠨᠠ᠃ | ᠳᠡᠬᠦᠨ ᠤ ᠪᠠᠨ ᠳᠠᠷᠠᠭ᠎ᠠ ᠳᠤ ᠨᠢ ᠰᠠᠶ᠋ᠢ ᠡᠬᠢᠯᠡᠬᠦ ᠠᠴᠠ ᠤᠶᠠᠵᠤ ᠪᠠᠷᠠᠳᠠᠯᠠᠬᠢ ᠭᠠᠳᠠᠰᠤ ᠲᠠᠢ ᠬᠤᠯᠪᠤᠭᠰᠠᠨ | ᠤᠶᠠᠳᠠᠯ ᠢ ᠳᠠᠶᠢᠯᠵᠦ᠂ ᠦ ᠰᠡᠪᠡ ᠶᠢ ᠨᠢ ᠵᠠᠰᠠᠭᠠᠳ᠂ ᠳᠡᠪᠦᠬᠦᠷ ᠤᠨ ᠢᠷᠮᠡᠭ ᠢᠶᠠᠨ ᠳᠡᠪᠦᠬᠦᠷ ᠤᠨ ᠬᠡᠯᠡᠨ ᠤ ᠨᠢᠬᠡ | ᠰᠡᠵᠢᠬᠦᠷ ᠠᠴᠠ ᠡᠬᠢᠯᠡᠵᠦ ᠳᠡᠪᠦᠬᠦᠷ ᠤᠨ ᠢᠷᠮᠡᠭ ᠢᠶᠠᠨ ᠰᠢᠷᠢ ᠪᠠᠷ ᠴᠢᠩᠭ᠎ᠠ ᠪᠠᠬᠢᠯᠡᠨ ᠤᠷᠢᠶᠠᠨ᠎ᠠ᠃ ᠭᠡᠬᠦ ᠳᠤ ᠪᠠᠨ | ᠫᠤᠯᠤ ᠶᠢᠨ ᠢᠷᠮᠡᠭ ᠢ ᠤᠶᠠᠬᠤ ᠲᠠᠢ ᠨᠢᠬᠡ ᠯᠠ ᠠᠳᠠᠯᠢ ᠪᠠᠷ ᠪᠤᠷᠭᠠᠰᠤ ᠶᠢᠨ ᠦᠵᠦᠬᠦᠷ ᠢ ᠰᠢᠪᠦᠭᠡᠳᠡᠵᠦ ᠴᠤᠭᠤᠯᠤᠨ | ᠴᠢᠩᠭ᠎ᠠ ᠤᠶᠠᠨ᠎ᠠ᠃ | ᠤᠶᠠᠵᠤ ᠪᠠᠷᠠᠭᠰᠠᠨ ᠳᠡᠪᠦᠬᠦᠷ ᠤᠨ ᠢᠶᠠᠨ ᠡᠪ ᠶᠠᠩᠵᠤ ᠶᠢ ᠨᠢ ᠦᠵᠡᠵᠦ᠂ ᠬᠡᠷᠪᠡ ᠵᠤᠬᠢᠮᠵᠢ ᠠᠶᠠᠳᠠᠢ ᠪᠤᠯ ᠰᠢᠷᠤᠢ | ᠬᠢᠵᠦ ᠳᠤᠰᠬᠠᠬᠤ ᠪᠤᠶᠤ ᠤᠶᠠᠵᠤ ᠬᠦᠯᠢᠵᠦ ᠳᠠᠰᠬᠠᠬᠤ ᠠᠷᠭ᠎ᠠ ᠶᠢ ᠬᠡᠷᠡᠭᠯᠡᠵᠦ ᠰᠢᠢᠳᠪᠤᠷᠢᠯᠡᠨ᠎ᠠ᠃ | ᠬᠠᠷᠮᠠᠭᠤᠯ | ᠬᠠᠭᠤᠷᠤᠭᠰᠠᠨ ᠪᠤᠳᠠᠭ᠎ᠠ ᠪᠠᠨ ᠬᠠᠯᠠᠭᠤᠨ ᠳᠤᠭᠠᠨ ᠠᠴᠠ ᠰᠢᠷᠤᠢ ᠲᠠᠢ ᠨᠢ ᠬᠠᠷᠮᠠᠨ ᠠᠪᠬᠤ ᠳᠤᠰᠬᠠᠢ ᠡᠳ᠋ᠯᠡᠯ ᠢ | ᠬᠠᠷᠮᠠᠭᠤᠯ ᠬᠡᠨ᠎ᠠ᠃ | ᠬᠠᠷᠮᠠᠭᠤᠯ ᠢ ᠪᠠᠰᠠ ᠬᠠᠷᠮᠠᠭᠤᠷ ᠭᠡᠳᠡᠭ᠃ ᠪᠢᠷᠠᠭᠤᠨ ᠬᠦᠬᠡ ᠪᠤᠷᠭᠠᠰᠤ᠂ ᠤᠯᠠᠭᠠᠨ ᠪᠤᠷᠭᠠᠰᠤ᠂ ᠴᠠᠭᠠᠨ | ᠪᠤᠷᠭᠠᠰᠤ ᠪᠠᠷ ᠤᠶᠠᠨ᠎ᠠ᠃ | ᠨᠠᠢᠮᠠᠨ ᠢᠮᠠᠬᠤ ᠤᠷᠳᠤ ᠪᠠᠷᠢᠮ᠎ᠠ ᠠᠳᠬᠤᠭᠤᠷ ᠤᠨ ᠴᠢᠨᠡᠭᠡ ᠨᠠᠷᠢᠨ ᠮᠤᠳᠤ ᠪᠠᠷ ᠡᠰᠢ ᠬᠢᠨ᠎ᠠ᠃ ᠮᠤᠳᠤᠨ ᠤ | ᠪᠠᠨ ᠬᠤᠶᠠᠷ ᠦᠵᠦᠬᠦᠷ ᠢ ᠳᠤᠰ ᠪᠦᠷᠢ ᠨᠢᠬᠡ ᠬᠤᠷᠤᠭᠤ ᠦᠯᠡᠳᠡᠭᠡᠵᠦ᠂ ᠳᠤᠳᠤᠷ᠎ᠠ ᠭᠡᠰᠡᠭ ᠢ ᠨᠢ ᠪᠠᠭ᠋ᠠᠨ ᠵᠤᠷᠭᠤᠵᠤ | ᠠᠪᠤᠨ᠎ᠠ᠃ ᠪᠤᠷᠭᠠᠰᠤ ᠪᠠᠨ ᠬᠤᠶᠠᠷ ᠲᠤᠬᠤᠢ ᠬᠤᠶᠠᠷ ᠢᠮᠠᠬᠤ ᠪᠠᠷ ᠪᠦᠬᠦᠨ ᠢ ᠤᠭᠳᠤᠯᠵᠤ᠂ ᠪᠤᠷᠭᠠᠰᠤᠨ ᠤ ᠪᠠᠨ | ᠭᠤᠤᠯ ᠳᠤᠮᠳᠠ ᠨᠢ ᠪᠠᠯᠪᠠᠷᠠᠭᠤᠯᠤᠨ ᠮᠤᠰᠬᠢᠵᠦ᠂ ᠮᠤᠳᠤ ᠪᠠᠨ ᠡᠮᠬᠦᠬᠦᠵᠦ᠂ ᠨᠢᠬᠡ ᠳᠠᠯ᠎ᠠ ᠠᠴᠠ ᠨᠢ ᠡᠷᠴᠢᠮ | ᠤᠷᠤᠭᠤᠯᠤᠭᠰᠠᠨ ᠤᠯᠤᠰᠤᠨ ᠤᠶᠠᠭᠠᠰᠤ ᠪᠠᠷ ᠢᠶᠠᠨ ᠰᠦᠯᠵᠢᠨ ᠤᠶᠠᠨ᠎ᠠ᠃ ᠡᠰᠢ ᠮᠤᠳᠤᠨ ᠳᠡᠬᠡᠷ᠎ᠠ ᠪᠠᠨ ᠪᠤᠷᠭᠠᠰᠤ | ᠶᠢᠨ ᠪᠠᠭᠳᠠᠬᠤ ᠬᠢᠷᠢ ᠪᠠᠷ ᠰᠢᠬᠠᠨ ᠴᠢᠩᠭ᠎ᠠ ᠳᠠᠳᠠᠵᠤ ᠤᠶᠠᠭᠠᠳ᠂ ᠨᠦᠬᠦᠬᠡ ᠦᠵᠦᠬᠦᠷ ᠨᠢ ᠭᠠᠷᠤᠭᠰᠠᠨ ᠤ ᠳᠠᠷᠠᠭ᠎ᠠ | ᠂ ᠤᠶᠠᠭᠠᠰᠤ ᠪᠠᠨ ᠵᠠᠬᠠᠨ ᠤ ᠪᠤᠷᠭᠠᠰᠤ ᠶᠢ ᠨᠢᠬᠡ ᠤᠷᠢᠶᠠᠵᠤ᠂ ᠳᠠᠬᠢᠨ ᠭᠡᠳᠡᠷᠬᠦᠦ ᠪᠠᠨ ᠪᠤᠷᠭᠠᠰᠤ ᠪᠠᠨ ᠨᠢᠬᠡ ᠡᠷᠬᠦᠨ | ᠨᠢᠬᠡ ᠳᠠᠷᠤᠬᠤ ᠠᠷᠭ᠎ᠠ ᠪᠠᠷ ᠰᠦᠯᠵᠢᠨ ᠤᠶᠠᠵᠤ᠂ ᠵᠠᠬ᠎ᠠ ᠳᠡᠬᠡᠷ᠎ᠠ ᠪᠠᠨ ᠬᠦᠷᠦᠨ᠎ᠠ᠃ | ᠪᠤᠷᠭᠠᠰᠤ ᠪᠠᠨ ᠵᠡᠷᠭᠡᠴᠡᠬᠦᠯᠬᠦ ᠳᠤ ᠪᠠᠨ ᠮᠥᠨ ᠳᠤᠯᠤᠭᠠᠢ ᠪᠦᠭᠰᠡ᠂ ᠳᠤᠯᠤᠭᠠᠢ ᠪᠦᠭᠰᠡ ᠶᠢᠨ ᠳᠡᠰ ᠳᠠᠷᠠᠭᠠᠯᠠᠯ | ᠢᠶᠠᠷ ᠵᠢᠬᠰᠠᠭᠠᠨᠠ᠃ ᠡᠨᠡ ᠨᠢ ᠵᠢᠵᠢᠭ ᠭᠠᠷ ᠡᠳ᠋ᠯᠡᠯ ᠤᠴᠢᠷ ᠠᠴᠠ ᠪᠤᠷᠭᠠᠰᠤ ᠪᠠᠨ ᠳᠡᠪᠳᠦᠬᠡᠨ ᠵᠦᠬᠡᠯᠡᠷᠡᠬᠦᠯᠬᠦ | ᠦᠭᠡᠢ ᠳᠤ ᠪᠤᠯᠴᠢᠬᠠᠬᠤ ᠮᠦᠷᠳᠡᠭᠡᠨ ᠬᠠᠯᠢᠰᠤ ᠶᠢ ᠨᠢ ᠠᠪᠳᠠᠭ ᠦᠭᠡᠢ᠃ | ᠤᠶᠠᠭᠠᠰᠤ ᠪᠠᠨ ᠶᠠᠪᠤᠬᠤ ᠳᠤᠳᠤᠮ ᠢᠶᠠᠨ ᠴᠢᠩᠭᠠᠷᠠᠭᠤᠯᠵᠤ᠂ ᠨᠢᠬᠡ ᠳᠤᠬᠤᠢ ᠶᠢᠨ ᠦᠵᠦᠬᠦᠷ ᠬᠦᠷᠬᠦ ᠦᠶ᠎ᠠ ᠳᠤ | ᠬᠠᠷᠮᠠᠭᠤᠯ ᠤᠨ ᠦᠵᠦᠬᠦᠷ ᠢᠶᠠᠨ ᠬᠠᠭᠠᠰ ᠳᠤᠭᠤᠷᠢᠭ ᠤᠨ ᠬᠡᠯᠪᠡᠷᠢ ᠲᠠᠢ ᠪᠤᠯᠭᠠᠨ ᠤᠶᠠᠳᠠᠭ᠃ ᠬᠠᠷᠮᠠᠭᠤᠯ ᠤᠨ | ᠦᠵᠦᠬᠦᠷ ᠤᠨ ᠬᠠᠭᠠᠰ ᠳᠤᠭᠤᠷᠢᠭ ᠬᠡᠯᠪᠡᠷᠢ ᠲᠠᠢ ᠪᠠᠶᠢᠳᠠᠭ ᠤᠨ ᠰᠢᠯᠳᠠᠭᠠᠨ ᠨᠢ ᠬᠡᠪᠡᠯ ᠳᠠᠷᠤᠢ ᠳᠤᠭᠤᠭᠠᠨ ᠢᠷᠤᠭᠠᠷ | ᠠᠴᠠ ᠬᠠᠷᠮᠠᠭᠤᠯ ᠤᠨ ᠦᠵᠦᠬᠦᠷ ᠢᠶᠠᠷ ᠢᠶᠠᠨ ᠬᠠᠷᠮᠠᠬᠤ ᠳᠤ ᠵᠤᠬᠢᠷᠠᠳᠠᠭ᠃ | ᠤᠶᠠᠵᠤ ᠳᠠᠭᠤᠰᠤᠭᠰᠠᠨ ᠬᠠᠷᠮᠠᠭᠤᠯ ᠤᠨ ᠢᠶᠠᠨ ᠦᠵᠦᠬᠦᠷ ᠢ ᠳᠤᠤᠷ᠎ᠠ ᠳᠠᠯ᠎ᠠ ᠠᠴᠠ ᠨᠢ ᠢᠷ ᠰᠠᠶᠢᠳᠠᠢ ᠬᠢᠳᠤᠭ᠎ᠠ | ᠪᠠᠷ ᠠᠳᠠᠯᠢ ᠳᠡᠭᠰᠢ ᠪᠠᠷ ᠵᠤᠷᠭᠤᠨ ᠠᠪᠳᠠᠭ᠃ | ᠡᠶᠢᠮᠤᠷᠬᠦ ᠦᠵᠦᠬᠦᠷ ᠨᠢ ᠢᠶᠠᠷ ᠲᠠᠢ ᠪᠦᠬᠡᠳ ᠳᠤᠳᠤᠭᠰᠢ ᠪᠠᠨ ᠬᠤᠮᠢᠭᠠᠷ᠂ ᠳᠤᠮᠳᠠ ᠪᠠᠨ ᠴᠠᠭᠡᠯ ᠬᠡᠳᠡᠰᠤ ᠲᠠᠢ | ᠬᠠᠷᠮᠠᠭᠤᠯ ᠨᠢ ᠬᠠᠭᠤᠷᠤᠭᠰᠠᠨ ᠪᠤᠳᠠᠭ᠎ᠠ ᠶᠢ ᠰᠢᠷᠤᠢ ᠲᠠᠢ ᠨᠢ ᠦᠳᠳᠡᠷ ᠲᠦᠷᠬᠡᠨ ᠢᠶᠠᠷ ᠳᠤᠭᠤᠭᠠᠨ ᠠᠴᠠ | ᠤᠳᠬᠤᠨ ᠬᠠᠷᠮᠠᠵᠤ ᠠᠪᠬᠤ ᠳᠤ ᠡᠳ᠋ ᠤᠨ ᠶᠠᠭᠤᠮ᠎ᠠ ᠪᠠᠶᠢᠭ᠎ᠠ ᠶᠤᠮ᠃ | ᠰᠠᠶᠢᠵᠠ | ᠨᠠᠷᠢᠨ ᠶᠠᠭᠤᠮ᠎ᠠ ᠶᠢ ᠭᠤᠭᠤᠵᠢᠭᠤᠯᠵᠤ ᠪᠦᠳᠦᠬᠦᠨ ᠢ ᠨᠢ ᠦᠯᠡᠳᠡᠭᠡᠵᠦ ᠠᠪᠳᠠᠭ ᠢᠷᠤᠭᠠᠷ ᠲᠤ ᠪᠠᠨ ᠰᠡᠶᠢᠮᠡᠬᠡᠢ | ᠰᠦᠪᠡ ᠲᠠᠢ ᠰᠠᠵᠢᠯᠯᠠᠨ ᠬᠡᠷᠡᠭᠯᠡᠳᠡᠭ ᠬᠡᠷᠡᠭᠰᠡᠯ ᠢ ᠰᠠᠶᠢᠵᠠ ᠭᠡᠳᠡᠭ᠃ ᠵᠠᠷᠢᠮ ᠳᠤ ᠪᠠᠨ ᠪᠠᠰᠠ ᠡᠯᠬᠡᠭ ᠭᠡᠳᠡᠭ᠃ | ᠪᠤᠳᠠᠭ᠎ᠠ ᠰᠠᠶᠢᠵᠠᠳᠠᠬᠤ ᠪᠤᠶᠤ ᠯᠠᠢ ᠰᠠᠶᠢᠵᠠᠳᠠᠬᠤ ᠰᠠᠶᠢᠵᠠ ᠶᠢ ᠮᠤᠩᠭᠤᠯᠴᠤᠳ ᠪᠤᠷᠭᠠᠰᠤ ᠪᠠᠷ ᠤᠶᠠᠳᠠᠭ᠃ ᠨᠢᠬᠡ | ᠨᠢ ᠨᠠᠷᠢᠨ ᠪᠤᠷᠭᠠᠰᠣ᠂ ᠨᠦᠬᠦᠬᠡ ᠨᠢ ᠬᠠᠭᠠᠯᠤᠭᠰᠠᠨ ᠪᠤᠷᠭᠠᠰᠤ ᠪᠠᠷ ᠰᠠᠶᠢᠵᠠᠨ ᠤ ᠪᠠᠨ ᠲᠤᠤᠷ ᠬᠢᠳᠡᠭ᠃ | ᠰᠠᠶᠢᠵᠠᠨ ᠤ ᠳᠤᠤᠷ ᠢ ᠬᠤᠶᠠᠷ ᠬᠤᠶᠠᠷ ᠪᠤᠷᠭᠠᠰᠤ ᠪᠠᠷ ᠬᠦᠨᠳᠡᠯᠡᠨ ᠭᠤᠤᠯᠳᠤ ᠪᠠᠷ ᠳᠡᠭᠰᠢ ᠲᠦᠷᠪᠡᠯᠵᠢᠨ ᠵᠢᠵᠢᠭ | ᠨᠦᠬᠡ ᠭᠠᠷᠭᠠᠨ ᠰᠦᠯᠵᠢᠨ᠎ᠠ᠃ ᠰᠦᠯᠵᠢᠶᠡᠨ ᠤ ᠪᠤᠷᠭᠠᠰᠤ ᠪᠠᠨ ᠨᠢᠭᠡ ᠡᠷᠬᠦᠵᠦ᠂ ᠨᠢᠬᠡ ᠳᠠᠷᠤᠬᠤ ᠠᠷᠭ᠎ᠠ ᠪᠠᠷ | ᠡᠷᠳᠡᠨᠢ ᠰᠢᠰᠢ ᠶᠢᠨ ᠮᠦᠬᠦᠯᠢᠭ ᠭᠤᠭᠤᠵᠢᠵᠦ ᠭᠠᠷᠬᠤ ᠬᠡᠮᠵᠢᠶ᠎ᠠ ᠪᠠᠷ ᠪᠠᠷᠢᠮᠵᠢᠶ᠎ᠠ ᠪᠤᠯᠭᠠᠵᠤ ᠳᠤᠮᠳᠠ ᠠᠴᠠ ᠨᠢ | ᠡᠬᠢᠯᠡᠵᠦ ᠰᠦᠯᠵᠢᠵᠦ ᠭᠠᠷᠭᠠᠨ᠎ᠠ᠃ ᠳᠤᠤᠷᠯᠠᠭᠰᠠᠨ ᠳᠠᠯᠠᠪᠠᠢ ᠶᠢ ᠳᠡᠭᠰᠢ ᠲᠦᠷᠪᠡᠯᠵᠢᠨ ᠨᠢᠬᠡ ᠳᠤᠬᠤᠢ ᠬᠤᠶᠠᠷ | ᠢᠮᠠᠬᠤ ᠶᠢᠨ ᠭᠡᠮᠵᠢᠶ᠎ᠠ ᠪᠠᠷ ᠰᠦᠯᠵᠢᠭᠰᠡᠨ ᠤ ᠳᠠᠷᠠᠭ᠎ᠠ ︵ᠪᠤᠷᠭᠠᠰᠤ ᠪᠠᠨ ᠬᠠᠭᠠᠯᠵᠤ ᠰᠦᠯᠵᠢᠭᠰᠡᠨ ᠪᠠᠶᠢᠪᠠᠯ︶ ᠳᠡᠬᠦᠨ | ᠢᠶᠠᠨ ᠨᠢᠬᠡ ᠬᠦᠷᠪᠡᠬᠦᠯᠦᠬᠡᠳ᠂ ᠬᠤᠶᠠᠷ ᠬᠤᠶᠠᠷ ᠪᠦᠳᠦᠬᠦᠨ ᠰᠢᠭ ᠪᠤᠷᠭᠠᠰᠤ ᠪᠠᠷ ᠲᠦᠷᠪᠡᠨ ᠬᠤᠷᠤᠭᠤ ᠪᠠᠷ | ᠵᠠᠶᠢᠴᠢᠯᠠᠨ ᠳᠡᠭᠰᠢ ᠲᠦᠷᠪᠡᠯᠵᠢᠨ ᠢᠶᠠᠷ ᠳᠤᠤᠷᠯᠠᠵᠤ᠂ ᠰᠠᠶᠢᠵᠠᠨ ᠤ ᠪᠠᠨ ᠨᠠᠷᠢᠨ ᠳᠤᠤᠷ ᠤᠨ ᠬᠠᠪᠰᠤᠷᠤᠭᠴᠢ | ᠪᠤᠯᠭᠠᠵᠤ ᠬᠦᠨᠳᠡᠯᠡᠨ ᠭᠤᠤᠯᠳᠤ ᠰᠢᠷᠬᠡᠭ ᠲᠠᠢ ᠨᠢ ᠳᠡᠩᠴᠡᠬᠦᠯᠵᠦ ᠳᠠᠯᠪᠢᠨ᠎ᠠ᠃ | ᠳᠠᠷᠠᠭ᠎ᠠ ᠳᠤ ᠨᠢ ᠵᠦᠬᠡᠯᠡᠨ ᠪᠤᠷᠭᠠᠰᠤ ᠪᠠᠷ ᠨᠢᠬᠡ ᠳᠠᠯ᠎ᠠ ᠠᠴᠠ ᠨᠢ ᠰᠠᠭᠰᠤᠨ ᠢᠷᠤᠭᠠᠷ ᠭᠠᠷᠭᠠᠬᠤ ᠶᠠᠩᠵᠤ ᠪᠠᠷ | ᠳᠤᠭᠤᠷᠢᠭᠤᠯᠤᠨ ᠬᠦᠷᠦᠨ᠎ᠠ᠃ ᠳᠤᠭᠤᠷᠢᠭᠤᠯᠤᠨ ᠬᠦᠷᠦᠬᠦ ᠳᠤ ᠪᠠᠨ ᠬᠤᠶᠠᠷ ᠶᠠᠩᠵᠤ ᠶᠢᠨ ᠳᠤᠤᠷ ᠤᠨ ᠪᠤᠷᠭᠠᠰᠤ ᠶᠢ | ᠵᠡᠷᠭᠡᠴᠡᠬᠦᠯᠦᠨ ᠳᠠᠷᠤᠵᠤ ᠬᠠᠮᠳᠤ ᠳᠤ ᠨᠢ ᠨᠤᠭᠤᠰᠤ ᠪᠤᠯᠭᠠᠬᠤ ᠤᠴᠢᠷ ᠠᠴᠠ ᠨᠤᠭᠤᠰᠤ ᠶᠢᠨ ᠵᠠᠢ ᠪᠠᠨ ᠴᠦ | ᠰᠠᠶᠢᠳᠤᠷ ᠠᠩᠬᠠᠷᠬᠤ ᠬᠡᠷᠡᠭᠳᠡᠢ ᠪᠠᠶᠢᠳᠠᠭ᠃ | ᠨᠢᠬᠡ ᠳᠤᠭᠤᠷᠢᠭᠤᠯᠤᠨ ᠬᠦᠷᠦᠭᠰᠡᠨ ᠤ ᠳᠠᠷᠠᠭ᠎ᠠ ᠰᠠᠶᠢᠵᠠᠨ ᠤ ᠢᠷᠤᠭᠠᠷ ᠨᠢ ᠭᠤᠷᠪᠠ ᠠᠴᠠ ᠲᠦᠷᠪᠡᠨ ᠬᠤᠷᠤᠭᠤ | ᠦᠰᠳᠡᠭ᠃ ᠡᠨᠡ ᠦᠶ᠎ᠠ ᠪᠤᠯᠤᠮᠠᠭᠴᠠ ᠰᠠᠶᠢᠵᠠᠨ ᠢᠷᠤᠭᠠᠷ ᠢᠶᠠᠨ ᠳᠠᠬᠢᠨ ᠨᠢᠬᠡ ᠬᠦᠷᠪᠡᠬᠦᠯᠵᠦ᠂ ᠨᠤᠭᠤᠰᠤ ᠪᠠᠨ | ᠳᠡᠭᠡᠭᠰᠢ ᠪᠤᠰᠬᠠᠨ ᠬᠦᠷᠦᠨ᠎ᠠ᠃ ᠬᠠᠨ᠎ᠠ ᠶᠢ ᠨᠢ ᠨᠢᠬᠡ ᠲᠦᠬᠡ ᠪᠤᠰᠬᠠᠨ ᠬᠦᠷᠦᠬᠡᠳ ᠢᠷᠮᠡᠭ ᠢᠶᠠᠨ ᠳᠠᠷᠤᠨ᠎ᠠ᠃ | ᠢᠷᠮᠡᠭ ᠳᠠᠷᠤᠬᠤ ᠨᠢ ᠠᠷᠭᠠᠯ ᠤᠨ ᠰᠠᠭᠰᠤᠨ ᠤ ᠬᠢ ᠲᠠᠢ ᠠᠳᠠᠯᠢ ᠪᠠᠶᠢᠳᠠᠭ᠃ | ᠪᠤᠷᠭᠠᠰᠤᠨ ᠰᠠᠶᠢᠵᠠ ᠶᠢᠨ ᠳᠤᠤᠷ ᠢᠶᠠᠨ ᠪᠦᠬᠦᠯᠢ ᠨᠠᠷᠢᠨ ᠪᠤᠷᠭᠠᠰᠤ ᠪᠠᠷ ᠰᠦᠯᠵᠢᠭᠰᠡᠨ ᠪᠠᠶᠢᠪᠠᠯ ᠳᠡᠬᠦᠨ ᠢᠶᠠᠨ | ᠬᠦᠷᠪᠡᠬᠦᠯᠬᠦ ᠦᠭᠡᠢ ᠪᠠᠷ ᠰᠢᠭᠤᠳ ᠬᠠᠪᠰᠤᠷᠤᠭᠴᠢ ᠲᠤᠤᠷ ᠢᠶᠠᠨ ᠬᠠᠪᠰᠤᠷᠴᠤ᠂ ᠳᠤᠭᠤᠷᠢᠭᠤᠯᠤᠨ ᠨᠤᠭᠤᠰᠤ | ᠭᠠᠷᠭᠠᠵᠤ ᠬᠦᠷᠦᠨ᠎ᠠ᠃ | ᠬᠠᠪᠰᠤᠷᠤᠭᠴᠢ ᠳᠤᠤᠷ ᠬᠠᠳᠠᠵᠤ ᠪᠠᠶᠢᠭ᠎ᠠ ᠶᠢᠨ ᠤᠴᠢᠷ ᠨᠢ ᠬᠦᠨᠳᠦ ᠶᠠᠭᠤᠮ᠎ᠠ ᠰᠠᠪᠠᠯᠠᠬᠤ ᠳᠤ ᠰᠠᠶᠢᠵᠠ ᠶᠢᠨ | ᠭᠤᠤᠯ ᠨᠢ ᠳᠠᠭᠠᠭᠠᠬᠤ ᠦᠭᠡᠢ ᠪᠤᠯᠵᠤ᠂ ᠰᠠᠶᠢᠵᠠᠨ ᠳᠤᠤᠷ ᠤᠨ ᠴᠦᠮᠦᠷᠡᠬᠦ ᠠᠴᠠ ᠬᠢᠴᠢᠶᠡᠨ ᠪᠠᠬᠢᠯᠡᠵᠦ ᠪᠠᠶᠢᠭ᠎ᠠ | ᠶᠠᠪᠤᠳᠠᠯ ᠪᠤᠯᠤᠨ᠎ᠠ᠃ | ᠪᠤᠷᠭᠠᠰᠤᠨ ᠰᠠᠶᠢᠵᠠ ᠶᠢ ᠶᠡᠷᠤ ᠠᠴᠠ ᠬᠦᠬᠡ ᠪᠤᠷᠭᠠᠰᠤ᠂ ᠰᠢᠷ᠎ᠠ ᠪᠤᠷᠭᠠᠰᠤ ᠪᠠᠷ ᠬᠦᠷᠦᠳᠡᠭ᠃ ᠪᠤᠷᠭᠠᠰᠤᠨ | ᠰᠠᠶᠢᠵᠠ ᠨᠢ ᠮᠥᠨ ᠵᠠᠷᠤᠳᠠᠯ ᠶᠡᠭᠡ ᠲᠠᠢ ᠡᠳ᠋ ᠪᠠᠶᠢᠵᠦ᠂ ᠡᠷᠳᠡᠨᠢ ᠰᠢᠰᠢ ᠠᠪᠬᠤ᠂ ᠮᠤᠩᠭᠤᠯ ᠨᠠᠩᠭᠢ ᠠᠪᠬᠤ᠂ ᠡᠯ᠎ᠠ | ᠵᠤᠶᠢᠯ ᠤᠨ ᠪᠤᠷᠴᠠᠭ ᠠᠪᠬᠤ ᠳᠤ ᠳᠤᠳᠠᠭᠳᠠᠵᠤ ᠪᠤᠯᠤᠰᠢ ᠦᠭᠡᠢ ᠪᠠᠶᠢᠳᠠᠭ ᠪᠦᠬᠡᠳ ᠡᠯ᠎ᠠ ᠵᠤᠶᠢᠯ ᠤᠨ ᠳᠠᠷᠢᠶᠠᠨ ᠤ | ᠡᠰᠢ ᠰᠦᠷᠡᠯ ᠠᠴᠠ ᠭᠠᠭ᠋ᠠᠢ ᠳᠡᠵᠢᠬᠡᠬᠦ ᠨᠠᠷᠢᠨ ᠯᠠᠢ ᠰᠠᠶᠢᠵᠠᠳᠠᠨ ᠠᠪᠬᠤ ᠳᠤ ᠤᠯᠳᠠᠰᠢ ᠦᠭᠡᠢ ᠬᠤᠪᠤᠷ ᠡᠳ᠋ ᠪᠠᠶᠢᠭ᠎ᠠ | ᠶᠤᠮ᠃ | ᠪᠤᠷᠭᠠᠰᠤᠨ ᠰᠠᠶᠢᠵᠠᠨ ᠤ ᠳᠤᠤᠷ ᠢ ᠬᠠᠭᠠᠯᠤᠭᠰᠠᠨ ᠪᠤᠷᠭᠠᠰᠤ ᠪᠠᠷ ᠰᠦᠯᠵᠢᠵᠦ ᠪᠠᠶᠢᠭ᠎ᠠ ᠰᠢᠯᠳᠠᠭᠠᠨ ᠨᠢ ᠬᠡᠪᠡᠯ | ᠳᠠᠷᠤᠢ ᠪᠦᠬᠦᠯᠢ ᠪᠤᠷᠭᠠᠰᠤ ᠪᠠᠷ ᠳᠤᠤᠷ ᠰᠦᠯᠵᠢᠪᠠᠯ ᠬᠤᠳᠤᠭᠤᠷ ᠬᠦᠳᠦᠬᠦᠷ ᠤᠨ ᠵᠦᠷᠢᠶ᠎ᠠ ᠶᠡᠬᠡᠰᠴᠤ᠂ ᠰᠠᠶᠢᠵᠠᠨ | ᠨᠦᠬᠡ ᠠᠮᠠᠷᠬᠠᠨ ᠪᠦᠭᠯᠡᠷᠡᠵᠦ᠂ ᠭᠤᠭᠤᠵᠢᠭᠤᠷ ᠤᠳᠠᠭᠠᠨ ᠪᠤᠯᠳᠠᠭ᠃ ᠪᠤᠷᠭᠠᠰᠤ ᠶᠢ ᠬᠠᠭᠠᠯᠵᠤ ᠬᠠᠪᠳᠠᠭᠠᠶᠢᠯᠠᠪᠠᠯ | ᠰᠠᠶᠢᠵᠠᠨ ᠳᠤᠤᠷ ᠤᠨ ᠬᠤᠳᠤᠭᠤᠷ ᠬᠦᠳᠦᠬᠦᠷ ᠤᠨ ᠵᠦᠷᠢᠶ᠎ᠠ ᠪᠠᠭᠠᠰᠴᠤ᠂ ᠰᠠᠪᠠᠨ ᠤ ᠶᠠᠭᠤᠮ᠎ᠠ ᠶᠢᠨ ᠰᠢᠯᠵᠢᠬᠦ ᠨᠢ | ᠲᠦᠷᠬᠡᠰᠴᠤ ᠭᠤᠭᠤᠵᠢᠭᠤᠷ ᠬᠤᠷᠳᠤᠰᠤᠨᠠ᠃ | ᠪᠤᠷᠭᠠᠰᠤᠨ ᠰᠠᠶᠢᠵᠠ ᠨᠢ ᠠᠶᠢᠯ ᠡᠷᠤᠬᠡ ᠪᠦᠬᠦᠨ ᠤ ᠬᠠᠶᠢᠷᠠᠳᠠᠢ ᠡᠳ᠋ᠯᠡᠯ ᠤᠨ ᠨᠢᠬᠡ ᠪᠠᠶᠢᠵᠦ᠂ ᠪᠤᠰᠤᠳ ᠲᠤ | ᠶᠡᠷᠤ ᠠᠴᠠ ᠵᠢᠬᠡᠯᠡᠬᠦᠯᠬᠦ ᠳᠤᠷ᠎ᠠ ᠦᠭᠡᠢ ᠪᠠᠶᠢᠳᠠᠭ᠃ | ᠪᠦᠷᠬᠦᠬᠡᠰᠤ | ᠮᠤᠩᠭᠤᠯᠴᠤᠳ ᠤᠨ ᠬᠡᠷ ᠤᠨ ᠰᠠᠪᠠ ᠬᠡᠷᠡᠭᠰᠡᠯ ᠪᠠᠷᠤᠭ ᠪᠦᠷ ᠪᠦᠷᠬᠦᠬᠡᠰᠤ ᠠᠮᠠᠰᠠᠷ ᠲᠠᠢ ᠪᠠᠶᠢᠳᠠᠭ᠃ ᠳᠡᠶᠢᠮᠤᠷᠬᠦ | ᠶᠠᠮᠠᠷ ᠨᠢᠬᠡᠨ ᠰᠠᠪᠠ ᠬᠡᠷᠡᠭᠰᠡᠯ ᠤᠨ ᠠᠮᠠᠰᠠᠷ ᠢ ᠳᠠᠷᠤᠬᠤ ᠬᠦᠷᠦᠮᠡᠯ ᠤᠶᠠᠮᠠᠯ ᠪᠤᠶᠤ ᠤᠶᠤᠮᠠᠯ ᠬᠠᠪᠳᠠᠭᠠᠢ ᠡᠳ᠋ ᠢ | ᠪᠦᠷᠬᠦᠬᠡᠰᠤ ᠭᠡᠳᠡᠭ᠃ | ᠪᠦᠷᠬᠦᠬᠡᠰᠤ ᠶᠢ ᠤᠳᠤᠯᠢ ᠶᠢᠨ ᠭᠤᠤᠯ ︵ᠵᠡᠭᠡᠰᠦᠨ ᠭᠤᠤᠯ︶᠂ ᠰᠢᠰᠢ ᠶᠢᠨ ᠱᠤᠭᠠᠢ ᠶᠢᠨ ᠦᠵᠦᠬᠦᠷ᠂ | ᠪᠤᠷᠭᠠᠰᠤ᠂ ᠮᠤᠳᠤᠨ ᠬᠠᠪᠳᠠᠰᠤ ᠪᠠᠷ ᠬᠢᠳᠡᠭ᠃ ᠪᠦᠷᠬᠦᠬᠡᠰᠤᠨ ᠤ ᠶᠡᠭᠡ ᠪᠠᠭ᠎ᠠ ᠳᠤ ᠬᠢᠵᠠᠭᠠᠷ ᠦᠭᠡᠢ᠂ ᠶᠠᠮᠠᠷ ᠶᠡᠭᠡ | ᠠᠮᠠᠰᠠᠷ ᠢ ᠶᠠᠮᠠᠷ ᠶᠡᠭᠡ ᠪᠦᠷᠬᠦᠬᠡᠰᠤ ᠪᠠᠷ ᠪᠦᠳᠡᠭᠡᠨᠠ᠃ | ᠤᠳᠤᠯᠢ ᠶᠢᠨ ᠭᠤᠤᠯ ᠢᠶᠠᠷ ᠶᠠᠩᠵᠤ ᠪᠦᠷᠢ ᠶᠢᠨ ᠳᠤᠭᠤᠭ᠎ᠠ᠂ ᠭᠠᠨᠭ᠌ ᠰᠠᠪᠠ ᠶᠢᠨ ᠪᠦᠷᠬᠦᠬᠡᠰᠤ ᠤᠶᠤᠳᠠᠭ᠃ | ᠤᠳᠤᠯᠢ ᠶᠢᠨ ᠭᠤᠤᠯ ᠢ ᠨᠠᠮᠤᠷ ᠤᠨ ᠰᠡᠭᠦᠯᠴᠢ ᠠᠴᠠ ᠢᠷᠡᠬᠦ ᠬᠠᠪᠤᠷ ᠤᠨ ᠡᠬᠢ ᠪᠤᠯᠳᠠᠯ᠎ᠠ ᠬᠠᠳᠤᠵᠤ | ᠠᠪᠴᠢᠷᠠᠭᠠᠳ ᠠᠷᠢᠯᠭᠠᠨ ᠬᠡᠷᠡᠭᠯᠡᠳᠡᠭ᠃ ᠤᠳᠤᠯᠢ ᠶᠢᠨ ᠭᠤᠤᠯ ᠨᠢ ᠶᠠᠭ ᠯᠠ ᠤᠰᠤ ᠰᠢᠭ᠋ ᠢᠶᠠᠷ ᠦᠨᠦᠷ ᠦᠭᠡᠢ᠂ | ᠠᠮᠳᠠ ᠦᠭᠡᠢ᠂ ᠬᠤᠤᠷ ᠦᠭᠡᠢ ᠪᠠᠶᠢᠳᠠᠭ᠃ ᠳᠡᠶᠢᠮᠤ ᠠᠴᠠ ᠬᠦᠮᠦᠰ ᠵᠠᠭᠤᠰᠢᠨ ᠨᠤᠭᠤᠭ᠎ᠠ ᠶᠢᠨ ᠢᠶᠠᠨ ᠳᠤᠭᠤᠭ᠎ᠠ | ᠶᠢᠨ ᠠᠮᠠᠰᠠᠷ ᠢᠶᠠᠨ ᠤᠶᠤᠵᠤ ᠬᠢᠳᠡᠭ᠃ | ᠤᠳᠤᠯᠢ ᠶᠢᠨ ᠭᠤᠤᠯ ᠨᠢ ᠤᠭ ᠠᠴᠠ ᠪᠠᠨ ᠤᠷᠤᠢ ᠶᠢᠨ ᠳᠤᠯᠤᠭᠠᠢ ︵ᠫᠤᠷᠬᠢᠭᠤᠯ︶ ᠳᠤ ᠪᠠᠨ ᠬᠦᠷᠳᠡᠯ᠎ᠠ ᠦᠶ᠎ᠠ | ᠦᠭᠡᠢ᠂ ᠠᠰᠬᠠᠨ ᠰᠢᠯᠤᠭᠤᠨ ᠪᠠᠶᠢᠳᠠᠭ᠃ ᠤᠳᠤᠯᠢ ᠶᠢᠨ ᠭᠤᠤᠯ ᠢᠶᠠᠷ ᠳᠤᠭᠤᠭ᠎ᠠ ᠰᠠᠪᠠ ᠶᠢᠨ ᠪᠦᠷᠬᠦᠬᠡᠰᠤ ᠬᠢᠬᠦ | ᠳᠤ ᠪᠠᠨ ᠤᠷᠢᠳᠡᠪᠡᠷ ᠬᠡᠳᠤᠢ ᠶᠡᠭᠡ ᠳᠤᠭᠤᠷᠢᠭ ᠲᠠᠢ ᠪᠠᠶᠢᠬᠤ ᠶᠢ ᠬᠡᠮᠵᠢᠨ ᠳᠤᠭᠳᠠᠭᠠᠵᠤ᠂ ᠭᠤᠤᠯ ᠳᠤᠮᠳᠠ ᠠᠴᠠ ᠨᠢ | ᠡᠬᠢᠯᠡᠨ ᠤᠶᠤᠨ᠎ᠠ᠃ | ᠬᠠᠮᠤᠭ ᠬᠤᠶᠠᠷ ᠦᠨᠳᠦᠷ ᠤᠳᠤᠯᠢ ᠶᠢᠨ ᠭᠤᠤᠯ ᠢᠶᠠᠨ ᠨᠡᠮᠡᠬᠦ ᠳᠡᠮᠳᠡᠭ ᠪᠤᠯᠭᠠᠨ ᠰᠤᠯᠢᠪᠴᠠᠭᠤᠯᠤᠨ ᠠᠳᠬᠤᠵᠤ᠂ | ᠤᠯᠤᠰᠤᠨ ᠤᠳᠠᠰᠤᠨ ᠤ ᠪᠠᠨ ᠦᠵᠦᠬᠦᠷ ᠳᠡᠬᠡᠷ᠎ᠠ ᠨᠢ ᠵᠠᠩᠬᠢᠳᠤᠭᠠᠳ ᠳᠤᠤᠷ᠎ᠠ ᠳᠠᠯ᠎ᠠ ᠠᠴᠠ ᠨᠢ ᠳᠡᠭᠡᠭᠰᠢ ᠪᠠᠨ | ᠬᠤᠶᠠᠷ ᠤᠳᠤᠯᠢ ᠶᠢᠨ ᠭᠤᠤᠯ ᠢ ᠰᠢᠪᠳᠤᠭᠤᠯᠤᠨ ᠬᠠᠳᠬᠤᠵᠤ᠂ ᠵᠡᠬᠦᠦ ᠤᠳᠠᠰᠤ ᠪᠠᠨ ᠳᠤᠯᠳᠠᠯ᠎ᠠ ᠳᠠᠳᠠᠵᠤ | ᠭᠠᠷᠭᠠᠨ᠎ᠠ᠃ ᠳᠡᠭᠡᠷ᠎ᠠ ᠳᠠᠯ᠎ᠠ ᠳᠤ ᠪᠠᠰᠠ ᠨᠢᠬᠡ ᠤᠳᠤᠯᠢ ᠶᠢᠨ ᠭᠤᠤᠯ ᠢ ᠴᠢᠩᠭ᠎ᠠ ᠵᠡᠷᠭᠡᠴᠡᠬᠦᠯᠦᠨ ᠠᠳᠬᠤᠵᠤ ︵ | ᠳᠤᠯᠤᠭᠠᠢ ᠪᠦᠭᠰᠡ ᠶᠢ ᠨᠢ ᠰᠤᠯᠢᠵᠦ ᠵᠡᠷᠭᠡᠴᠡᠬᠦᠯᠦᠨᠠ︶ ᠭᠤᠤᠯ ᠳᠤᠮᠳᠠ ᠠᠴᠠ ᠨᠢ ᠡᠬᠢᠨ ᠤ ᠵᠠᠩᠭᠢᠳᠤᠭᠠᠰᠤ ᠶᠢᠨ | ᠨᠦᠬᠡ ᠪᠠᠷ ᠵᠡᠬᠦᠦ ᠪᠠᠨ ᠰᠢᠪᠳᠤᠯᠤᠨ ᠭᠠᠷᠭᠠᠵᠤ᠂ ᠤᠳᠠᠰᠤ ᠪᠠᠨ ᠨᠠᠭᠠᠯᠳᠤᠳᠠᠯᠠ ᠴᠢᠩᠭᠠᠨ᠎ᠠ᠃ ᠳᠠᠬᠢᠭᠠᠳ ᠳᠤᠤᠷ᠎ᠠ | ᠳᠠᠯ᠎ᠠ ᠶᠢᠨ ᠬᠦᠨᠳᠡᠯᠡᠨ ᠤᠳᠤᠯᠢ ᠶᠢᠨ ᠭᠤᠤᠯ ᠢ ᠳᠠᠭᠠᠭᠤᠯᠵᠤ ᠨᠢᠬᠡ ᠶᠢ ᠵᠡᠷᠭᠡᠴᠡᠬᠦᠯᠦᠬᠡᠳ᠂ ᠵᠡᠬᠦᠦ ᠪᠠᠷ ᠢᠶᠠᠨ | ᠳᠤᠮᠳᠠ ᠠᠴᠠ ᠨᠢ ᠳᠡᠭᠡᠭᠰᠢ ᠬᠠᠳᠬᠤᠵᠤ᠂ ᠳᠡᠭᠡᠷ᠎ᠠ ᠳᠠᠯ᠎ᠠ ᠶᠢᠨ ᠳᠤᠷᠤᠭᠰᠢ ᠬᠠᠳᠬᠤᠭᠰᠠᠨ ᠨᠦᠬᠡ ᠪᠠᠷ ᠵᠡᠬᠦᠦ ᠪᠠᠨ | ᠰᠢᠷᠭᠤᠭᠤᠯᠤᠨ ᠭᠠᠷᠭᠠᠵᠤ᠂ ᠤᠳᠠᠰᠤ ᠪᠠᠨ ᠳᠤᠯᠳᠠᠯ᠎ᠠ ᠴᠢᠩᠭ᠎ᠠ ᠳᠠᠳᠠᠨ᠎ᠠ᠃ ᠡᠨᠡ ᠮᠡᠳᠤ ᠪᠠᠷ ᠵᠢᠰᠢᠬᠦᠯᠦᠨ ᠤᠶᠤᠵᠤ | ᠂ ᠬᠦᠨᠳᠡᠯᠡᠨ ᠭᠤᠤᠯᠳᠤ ᠵᠡᠷᠭᠡᠴᠡᠬᠦᠯᠦᠯ ᠤᠨ ᠪᠠᠷᠠᠭᠤᠨ ᠦᠨᠴᠦᠭ ᠲᠤ ᠬᠦᠷᠦᠭᠰᠡᠨ ᠤ ᠳᠠᠷᠠᠭ᠎ᠠ᠂ ᠶᠡᠷᠡᠨ ᠭᠷᠠᠳᠦ᠋ᠰ | ᠤᠨ ᠳᠡᠭᠰᠢ ᠦᠨᠴᠦᠭᠳᠤ ᠭᠠᠷᠭᠠᠵᠤ᠂ ᠤᠶᠤᠳᠠᠯ ᠤᠨ ᠳᠡᠷᠡ ᠶᠤᠰᠤᠭᠠᠷ ᠢᠶᠠᠨ ᠤᠶᠤᠭᠠᠳ ᠳᠡᠭᠡᠷᠡᠬᠢ ᠬᠦᠨᠳᠡᠯᠡᠨ | ᠤᠳᠤᠯᠢ ᠶᠢᠨ ᠭᠤᠤᠯ ᠤᠨ ᠳᠤᠮᠳᠠ ᠬᠦᠷᠦᠭᠰᠡᠨ ᠤ ᠳᠠᠷᠠᠭ᠎ᠠ ᠤᠶᠤᠳᠠᠯ ᠢᠶᠠᠨ ᠪᠠᠰᠠ ᠳᠡᠭᠰᠢ ᠲᠦᠷᠪᠡᠯᠵᠢᠨ | ᠦᠨᠴᠦᠭᠯᠡᠬᠦᠯᠵᠦ᠂ ᠳᠡᠭᠡᠷᠡᠬᠢ ᠪᠠᠨ ᠨᠢᠬᠡ ᠨᠢᠬᠡ ᠪᠠᠷ ᠵᠡᠷᠭᠡᠯᠡᠨ ᠳᠤᠤᠷᠠᠬᠢ ᠲᠠᠢ ᠪᠠᠨ ᠰᠦᠯᠵᠢᠨ ᠤᠶᠤᠨ᠎ᠠ᠃ | ᠳᠤᠤᠷᠠᠬᠢ ᠭᠤᠤᠯ ᠲᠦᠪ ᠤᠨ ᠭᠤᠤᠯᠳᠤ ᠤᠳᠤᠯᠢ ᠶᠢᠨ ᠭᠤᠤᠯ ᠬᠦᠷᠦᠭᠰᠡᠨ ᠤ ᠳᠠᠷᠠᠭ᠎ᠠ ᠪᠠᠰᠠ ᠳᠡᠭᠰᠢ ᠦᠨᠴᠦᠭᠳᠤ | ᠭᠠᠷᠭᠠᠵᠤ᠂ ᠳᠤᠤᠷᠠᠬᠢ ᠶᠢ ᠵᠡᠷᠭᠡᠯᠡᠨ ᠨᠡᠮᠡᠵᠦ᠂ ᠰᠦᠯᠵᠢᠨ ᠤᠶᠤᠭᠰᠠᠭᠠᠷ ᠨᠦᠬᠦᠬᠡ ᠦᠨᠴᠦᠭ ᠬᠦᠷᠬᠦ ᠳᠤ ᠨᠢᠬᠡᠨᠳᠡ | ᠳᠡᠬᠡᠷ᠎ᠠ ᠳᠤᠤᠷᠠᠬᠢ ᠬᠦᠨᠳᠡᠯᠡᠨ ᠭᠤᠤᠯᠳᠤ ᠤᠳᠤᠯᠢ ᠶᠢᠨ ᠭᠤᠤᠯ ᠢ ᠵᠡᠷᠭᠡᠯᠡᠨ ᠳᠤᠪᠬᠢᠭᠠᠳ ᠳᠠᠭᠤᠰᠴᠢᠬᠠᠭᠰᠠᠨ | ᠪᠠᠶᠢᠳᠠᠭ᠃ ᠬᠡᠪᠡᠴᠤ ᠳᠡᠷᠡ ᠦᠨᠴᠦᠭ ᠠᠴᠠ ᠪᠠᠨ ᠶᠡᠷᠡᠨ ᠭᠷᠠᠳᠦ᠋ᠰ ᠤᠨ ᠴᠢᠭᠯᠡᠯ ᠢᠶᠠᠷ ᠤᠶᠤᠵᠤ ᠢᠷᠮᠡᠭ ᠲᠤ ᠨᠢ | ᠬᠦᠷᠬᠡᠨ᠎ᠠ᠃ | ᠡᠨᠡ ᠮᠡᠳᠤ ᠪᠠᠷ ᠤᠶᠤᠵᠤ ᠳᠠᠭᠤᠰᠤᠭᠰᠠᠨ ᠤ ᠳᠠᠷᠠᠭ᠎ᠠ᠂ ᠤᠳᠠᠰᠤᠨ ᠤ ᠨᠢᠬᠡ ᠦᠵᠦᠬᠦᠷ ᠲᠤ ᠵᠢᠵᠢᠭ ᠭᠠᠳᠠᠭ᠎ᠠ | ᠶᠢ ᠤᠶᠠᠵᠤ᠂ ᠭᠠᠳᠠᠭ᠎ᠠ ᠪᠠᠨ ᠪᠦᠷᠬᠦᠬᠡᠰᠤ ᠶᠢᠨ ᠭᠤᠤᠯ, ᠳᠤᠮᠳᠠ ᠨᠢ ᠭᠠᠳᠠᠭᠠᠳ᠂ ᠤᠳᠠᠰᠤᠨ ᠤ ᠪᠠᠨ ᠨᠦᠬᠦᠬᠡ | ᠦᠵᠦᠬᠦᠷ ᠳᠡᠬᠡᠷ᠎ᠠ ᠬᠠᠭᠠᠰ ᠳᠤᠭᠤᠷᠢᠭ ᠤᠨ ᠬᠡᠮᠵᠢᠶ᠎ᠠ ᠶᠢ ᠬᠡᠮᠵᠢᠶᠡᠯᠡᠬᠡᠳ᠂ ᠨᠢᠬᠡᠨ ᠭᠠᠳᠠᠭ᠎ᠠ ᠪᠤᠶᠤ ᠵᠡᠬᠦᠦ ᠰᠢᠪᠦᠭᠡ | ᠶᠢᠨ ᠦᠵᠦᠬᠦᠷ ᠢ ᠤᠶᠠᠵᠤ ᠳᠤᠭᠤᠷᠢᠭᠤᠯᠤᠨ ᠡᠷᠬᠢᠬᠦᠯᠵᠦ᠂ ᠳᠤᠭᠤᠷᠢᠭ ᠪᠦᠷᠬᠦᠬᠡᠰᠤ ᠶᠢᠨ ᠵᠢᠷᠤᠭᠠᠰᠤ ᠳᠡᠮᠳᠡᠭ | ᠬᠢᠨ᠎ᠠ᠃ | ᠢᠷ ᠰᠠᠶᠢᠳᠠᠢ ᠬᠢᠳᠤᠭ᠎ᠠ ᠪᠠᠷ ᠳᠤᠭᠤᠷᠢᠭ ᠤᠨ ᠵᠷᠤᠭᠠᠰᠤ ᠪᠠᠷ ᠪᠦᠷᠬᠦᠬᠡᠰᠤ ᠶᠢᠨ ᠬᠦᠪᠡᠭᠡ ᠶᠢᠨ ᠢᠯᠡᠬᠦᠳᠡᠯ ᠢ | ᠤᠭᠳᠤᠯᠤᠨ ᠠᠪᠤᠨ᠎ᠠ᠃ ᠪᠦᠷᠬᠦᠬᠡᠰᠤ ᠪᠠᠨ ᠢᠡᠭᠭᠢᠵᠦ ᠤᠶᠤᠵᠤ ᠳᠠᠭᠤᠰᠤᠭᠰᠠᠨ ᠤ ᠳᠠᠷᠠᠭ᠎ᠠ ᠪᠦᠷᠬᠦᠬᠡᠰᠤ ᠶᠢᠨ | ᠭᠠᠳᠠᠷ ᠳᠡᠬᠡᠷ᠎ᠠ ᠭᠤᠤᠯ ᠲᠦᠪ ᠲᠤ ᠨᠢ ᠢᠮᠠᠭ᠎ᠠ ᠬᠤᠨᠢᠨ ᠤ ᠱᠠᠭ᠎ᠠ ᠶᠢ ᠪᠦᠬᠦ ᠪᠠᠷ ᠨᠢ ᠪᠤᠰᠬᠠᠵᠤ ᠪᠠᠬᠢᠯᠡᠨ ᠤᠶᠤᠵᠤ | ᠂ ᠪᠦᠷᠬᠦᠬᠡᠰᠤ ᠶᠢᠨ ᠪᠠᠷᠢᠭᠤᠯ ᠬᠢᠳᠡᠭ᠃ | ᠰᠢᠰᠢ ᠶᠢᠨ ᠱᠤᠶᠢᠨᠢ ᠶᠢᠨ ᠤᠷᠤᠢ ᠪᠠᠷ ᠪᠦᠷᠬᠦᠬᠡᠰᠤ ᠤᠶᠤᠬᠤ ᠳᠤ ᠪᠠᠨ ᠮᠥᠨ ᠳᠡᠭᠡᠷᠡᠬᠢ ᠲᠠᠢ ᠠᠳᠠᠯᠢ ᠶᠠᠪᠤᠴᠠ | ᠪᠠᠷ ᠤᠶᠤᠳᠠᠭ᠃ | ᠪᠤᠷᠭᠠᠰᠤᠨ ᠪᠦᠷᠬᠦᠬᠡᠰᠤ ᠶᠢ ᠭᠤᠤᠯᠳᠠᠭᠤ ᠲᠦᠡᠭᠰᠡᠨ ᠰᠠᠭᠰᠤ ᠰᠢᠭ᠋ ᠶᠡᠭᠡ ᠰᠠᠪᠠ ᠳᠤ ᠯᠠ ᠬᠦᠷᠦᠵᠦ ᠬᠡᠷᠡᠭᠯᠡᠳᠡᠭ᠃ | ᠪᠤᠷᠭᠠᠰᠤᠨ ᠨᠦᠷᠬᠦᠬᠡᠰᠤ ᠶᠢ ᠫᠤᠯᠤ ᠶᠢᠨ ᠢᠷᠤᠭᠠᠷ ᠭᠠᠷᠭᠠᠬᠤ ᠰᠢᠭ᠋ ᠢᠶᠠᠷ ᠨᠤᠭᠤᠰᠤ ᠰᠠᠯᠭᠠᠨ ᠶᠡᠬᠡᠰᠬᠡᠨ ᠬᠦᠷᠦᠳᠡᠭ᠃ | ᠳᠤᠭᠤᠷᠢᠭ ᠤᠨ ᠬᠡᠮᠵᠢᠶ᠎ᠠ ᠨᠢ ᠬᠦᠢᠴᠡᠭᠰᠡᠨ ᠤ ᠳᠠᠷᠠᠭ᠎ᠠ ᠬᠠᠪᠳᠠᠭᠠᠢ ᠪᠠᠷ ᠨᠢ ᠢᠷᠮᠡᠭ ᠢ ᠨᠢ ᠳᠠᠷᠤᠵᠤ ᠬᠡᠷᠡᠭᠯᠡᠨ᠎ᠠ᠃ | ᠪᠤᠷᠭᠠᠰᠤᠨ ᠪᠦᠷᠬᠦᠬᠡᠰᠤ ᠶᠢ ᠭᠤᠤᠯᠳᠠᠭᠤ ᠪᠤᠳᠠᠭ᠎ᠠ ᠰᠠᠪᠠᠯᠠᠳᠠᠭ ᠰᠠᠪᠠᠨ ᠳᠤ ᠬᠤᠯᠤᠭᠠᠨ᠎ᠠ ᠪᠤᠶᠤ ᠳᠠᠬᠢᠶ᠎ᠠ ᠰᠢᠪᠠᠭᠤ | ᠤᠷᠤᠵᠤ ᠳᠡᠶᠢᠳᠬᠦ ᠠᠴᠠ ᠰᠡᠷᠭᠡᠶᠢᠯᠡᠵᠦ ᠬᠡᠷᠡᠭᠯᠡᠳᠡᠭ᠃ | ᠮᠤᠳᠤᠨ ᠬᠠᠪᠳᠠᠰᠤᠨ ᠪᠦᠷᠬᠦᠬᠡᠰᠤ ᠶᠢ ᠪᠠᠷᠤᠭᠳᠠᠢ ᠠᠶᠢᠯ ᠡᠷᠤᠬᠡ ᠤᠯᠵᠤ ᠬᠡᠷᠡᠭᠯᠡᠳᠡᠭ ᠦᠭᠡᠢ ᠪᠠᠶᠢᠪᠠ᠃ ᠮᠤᠳᠤ | ᠶᠢ ᠳᠤᠷ᠎ᠠ ᠪᠠᠷ ᠤᠭᠳᠤᠯᠵᠤ ᠠᠪᠬᠤ ᠶᠢ ᠬᠡᠯᠡᠬᠦ ᠦᠭᠡᠢ ᠵᠢᠷᠤᠬᠡ ᠴᠦ ᠠᠮᠠᠷ ᠤᠯᠳᠠᠳᠠᠭ ᠦᠭᠡᠢ᠃ ᠮᠤᠳᠤᠨ ᠳᠠᠷᠬᠠᠨ | ᠪᠤᠶᠤ ᠮᠤᠳᠤᠨ ᠳᠠᠷᠬᠠᠨ ᠤ ᠤᠶᠢᠷ᠎ᠠ ᠲᠦᠷᠦᠯ ᠡᠰᠡᠬᠦᠯ᠎ᠠ ᠳᠤᠮᠤ ᠪᠠᠶᠠᠳ ᠨᠤᠶᠠᠳ ᠤᠨ ᠬᠡᠷ ᠪᠦᠯᠢ ᠯᠠ ᠰᠠᠶ᠋ᠢ | ᠮᠤᠳᠤᠨ ᠬᠠᠪᠳᠠᠰᠤ ᠶᠢᠨ ᠪᠦᠷᠬᠦᠬᠡᠰᠤ ᠭᠢᠵᠦ ᠬᠡᠷᠡᠭᠯᠡᠳᠡᠭ᠃ | ᠤᠳᠤᠯᠢ ᠶᠢᠨ ᠭᠤᠤᠯ ᠪᠤᠶᠤ ᠰᠢᠰᠢ ᠶᠢᠨ ᠱᠤᠶᠢᠨᠢ ᠪᠠᠷ ᠤᠶᠤᠭᠰᠠᠨ ᠪᠦᠷᠬᠦᠬᠡᠰᠤ ᠪᠠᠨ ᠳᠤᠰᠬᠠᠢ ᠪᠦᠷᠬᠦᠬᠡᠰᠤ | ᠪᠢᠰᠢ ᠪᠤᠯᠭᠠᠵᠤ ᠵᠠᠷᠤᠵᠤ ᠬᠡᠷᠡᠭᠯᠡᠬᠦ ᠳᠤ ᠪᠠᠨ ᠠᠳᠠᠭᠠᠷ ᠭᠡᠵᠤ ᠨᠡᠷᠡᠯᠡᠳᠡᠭ᠃ ᠳᠡᠷᠡ ᠨᠢ ᠳᠠᠷᠤᠢ ᠬᠠᠪᠳᠠᠰᠤ ᠭᠡᠰᠡᠨ | ᠠᠭᠤᠯᠭ᠎ᠠ ᠪᠠᠷ ᠯᠠ ᠬᠡᠯᠡᠵᠦ ᠪᠠᠶᠢᠭ᠎ᠠ ᠶᠠᠪᠤᠳᠠᠯ ᠪᠤᠯᠤᠨ᠎ᠠ᠃ | ᠵᠢᠩᠨᠡᠬᠦᠷ | ᠪᠠᠩᠰᠢ ᠪᠤᠤᠪᠤ ᠮᠡᠳᠤ ᠶᠢᠨ ᠶᠠᠭᠤᠮ᠎ᠠ ᠶᠢ ᠵᠡᠷᠭᠡᠯᠡᠵᠦ ᠳᠠᠯᠪᠢᠭᠠᠳ ᠵᠢᠩᠨᠡᠵᠦ ᠢᠷᠡᠬᠦ ᠳᠤ ᠬᠡᠷᠡᠭᠯᠡᠬᠦ ᠠᠳᠠᠭᠠᠷ ᠢ | ᠵᠢᠩᠨᠡᠬᠦᠷ ᠬᠡᠨ᠎ᠠ᠃ | ᠵᠢᠩᠨᠡᠬᠦᠷ ᠢ ᠬᠤᠶᠠᠷ ᠵᠡᠷᠭᠡᠴᠡᠭᠡ ᠮᠤᠳᠤᠨ ᠳᠡᠭᠡᠷ᠎ᠠ ᠤᠳᠤᠯᠢ ᠶᠢᠨ ᠭᠤᠤᠯ ᠪᠤᠶᠤ ᠰᠢᠰᠢ ᠶᠢᠨ ᠱᠤᠭᠠᠢ ᠶᠢᠨ ᠤᠷᠤᠢ | ᠶᠢ ᠬᠦᠨᠳᠡᠯᠡᠨ ᠢᠶᠠᠷ ᠵᠡᠷᠭᠡᠯᠡᠨ ᠤᠶᠠᠭᠠᠳ᠂ ᠳᠤᠭᠤᠭᠠᠨ ᠤ ᠴᠡᠭᠡᠯ ᠤᠨ ᠳᠤᠮᠳᠠ ᠠᠰ ᠢᠶᠠᠷ ᠳᠤᠭᠳᠠᠬᠤ ᠶᠠᠩᠵᠤ ᠪᠠᠷ | ᠳᠤᠭᠤᠷᠢᠭᠤᠯᠤᠨ ᠬᠢᠷᠪᠢᠵᠦ ᠠᠪᠤᠭᠠᠳ᠂ ᠳᠤᠤᠷ᠎ᠠ ᠬᠦᠪᠡᠭᠡ ᠪᠠᠷ ᠨᠢ ᠤᠷᠳᠤ ᠬᠦᠬᠡ ᠪᠤᠷᠭᠠᠰᠤ ᠶᠢ ᠮᠠᠳᠠᠵᠤ | ᠳᠤᠭᠤᠷᠢᠭᠯᠠᠭᠤᠯᠤᠨ ᠪᠠᠬᠢᠯᠡᠵᠦ ᠤᠶᠠᠨ᠎ᠠ᠃ | ᠬᠤᠶᠠᠷ ᠳᠤᠬᠤᠢ ᠶᠢᠨ ᠤᠷᠳᠤ᠂ ᠨᠢᠬᠡ ᠢᠮᠠᠬᠤ ᠶᠢᠨ ᠳᠡᠭᠰᠢ ᠲᠦᠷᠪᠡᠯᠵᠢᠨ ᠮᠤᠳᠤ ᠪᠤᠶᠤ ᠡᠰᠡᠬᠦᠯ᠎ᠠ ᠠᠳᠬᠤᠨ | ᠨᠠᠷᠢᠨ ᠤᠯᠢᠶᠠᠰᠤ ᠮᠤᠳᠤᠨ ᠤ ᠬᠤᠶᠠᠷ ᠦᠵᠦᠬᠦᠷ ᠪᠠ ᠭᠤᠤᠯ ᠳᠤᠮᠳᠠ ᠨᠢ ᠲᠦᠬᠡ ᠬᠢᠷᠢ ᠶᠢᠨ ᠠᠳᠬᠤ ᠪᠦᠳᠦᠬᠦᠨ | ᠮᠤᠳᠤ ᠪᠠᠷ ᠬᠤᠯᠪᠤᠨ ᠭᠠᠳᠠᠨ᠎ᠠ᠃ ᠳᠤᠰ ᠬᠤᠶᠠᠷ ᠵᠡᠷᠭᠡᠴᠡᠭᠡ ᠮᠤᠳᠤᠨ ᠤ ᠪᠠᠨ ᠭᠤᠤᠯ ᠳᠤᠮᠳᠠᠭᠤᠷ ᠬᠦᠨᠳᠡᠯᠡᠨ ᠢᠶᠠᠷ | ᠪᠠᠷᠤᠭ ᠯᠠ ᠵᠠᠢ ᠵᠠᠪᠰᠠᠷ ᠦᠭᠡᠢ ᠪᠠᠷ ᠵᠡᠬᠦᠦ ᠤᠳᠠᠰᠤ ᠤᠷᠤᠬᠤ ᠨᠦᠬᠡ ᠴᠤᠭᠤᠯᠠᠨᠠ᠃ ᠵᠡᠷᠭᠡᠴᠡᠭᠡ ᠮᠤᠳᠤᠨ ᠤ ᠪᠠᠨ | ᠨᠢᠬᠡ ᠦᠵᠦᠬᠦᠷ ᠠᠴᠠ ᠡᠬᠢᠯᠡᠵᠦ ᠤᠳᠤᠯᠢ ᠶᠢᠨ ᠭᠤᠤᠯ ᠪᠤᠶᠤ ᠰᠢᠰᠢ ᠶᠢᠨ ᠱᠤᠭᠠᠢ ᠪᠠᠨ ᠪᠤᠭᠤᠨᠢ ᠠᠴᠠ ᠤᠷᠳᠤ | ᠪᠠᠷ ᠳᠠᠷᠠᠭᠠᠯᠠᠨ ᠵᠡᠷᠭᠡᠯᠡᠵᠦ᠂ ᠤᠯᠤᠰᠤᠨ ᠤᠳᠠᠰᠤ ᠪᠠᠷ ᠳᠤᠤᠷᠠᠬᠢ ᠵᠡᠷᠭᠡᠴᠡᠭᠡ ᠮᠤᠳᠤ ᠲᠠᠢ ᠪᠠᠨ ᠬᠤᠯᠪᠤᠨ ᠤᠶᠤᠨ᠎ᠠ᠃ | ᠤᠳᠤᠯᠢ ᠶᠢᠨ ᠭᠤᠤᠯ ᠪᠤᠶᠤ ᠱᠤᠭᠠᠢ ᠪᠠᠨ ᠡᠷᠭᠡᠪᠰᠢ ᠴᠢᠩᠭ᠎ᠠ ᠨᠠᠭᠠᠯᠳᠤᠭᠤᠯᠤᠨ ᠵᠡᠷᠭᠡᠯᠡᠬᠦ ᠶᠢ ᠪᠠᠷᠢᠮᠳᠠᠯᠠᠨ᠎ᠠ᠃ | ᠨᠢᠬᠡ ᠳᠠᠯ᠎ᠠ ᠶᠢ ᠨᠢ ᠤᠶᠤᠵᠤ ᠳᠠᠭᠤᠰᠤᠭᠰᠠᠨ ᠤ ᠳᠠᠷᠠᠭ᠎ᠠ ᠨᠦᠬᠦᠬᠡ ᠦᠵᠦᠬᠦᠷ ᠠᠴᠠ ᠪᠠᠨ ᠭᠤᠤᠯ ᠪᠠ ᠱᠤᠭᠠᠢ | ᠪᠠᠨ ᠠᠰᠯᠠᠨ ᠵᠡᠷᠭᠡᠯᠡᠵᠦ ᠴᠢᠩᠭ᠎ᠠ ᠤᠶᠤᠵᠤ ᠪᠠᠬᠢᠯᠡᠨᠠ᠃ ᠳᠠᠷᠠᠭ᠎ᠠ ᠳᠤ ᠨᠢ ᠳᠤᠭᠤᠷᠢᠭ ᠪᠤᠷᠭᠠᠰᠤ ᠶᠢᠨ ᠢᠶᠠᠨ ᠬᠤᠶᠠᠷ | ᠦᠵᠦᠬᠦᠷ ᠢ ᠵᠡᠷᠭᠡᠴᠡᠭᠡ ᠮᠤᠳᠤᠨ ᠤ ᠦᠵᠦᠬᠦᠷ ᠳᠡᠬᠡᠷ᠎ᠠ ᠨᠦᠬᠡ ᠭᠠᠷᠭᠠᠨ ᠱᠠᠭᠠᠵᠤ ᠤᠷᠤᠭᠤᠯᠤᠨ ᠪᠠᠬᠢᠯᠡᠭᠡᠳ᠂ | ᠵᠢᠩᠨᠡᠬᠦᠷ ᠤᠨ ᠬᠦᠪᠡᠭᠡ ᠶᠢ ᠤᠷᠢᠶᠠᠨ ᠤᠶᠠᠬᠤ ᠪᠦᠭᠡᠳ ᠤᠶᠤᠵᠤ ᠪᠠᠬᠢᠯᠡᠨᠠ᠃ | ᠵᠢᠩᠨᠡᠬᠦᠷ ᠲᠤ ᠰᠢᠷ᠎ᠠ ᠪᠤᠷᠭᠠᠰᠤ ︵ᠭᠠᠰᠢᠭᠤᠨ︶ ᠪᠤᠶᠤ ᠡᠯ᠎ᠠ ᠵᠤᠶᠢᠯ ᠤᠨ ᠦᠨᠦᠷ ᠠᠮᠳᠠ ᠲᠠᠢ ᠤᠷᠭᠤᠮᠠᠯ ᠤᠨ | ᠵᠤᠶᠢᠯᠡᠰ ᠢ ᠤᠷᠤᠭᠤᠯᠳᠠᠭ ᠦᠭᠡᠢ᠃ | ᠵᠢᠩᠨᠡᠬᠦᠷ ᠳᠡᠬᠡᠷ᠎ᠠ ᠪᠠᠨ ᠬᠦᠮᠦᠰ ᠪᠠᠰᠠ ᠵᠢᠩᠨᠡᠬᠦᠷ ᠤᠨ ᠪᠦᠰ ᠭᠡᠵᠤ ᠪᠤᠳᠤᠭ ᠦᠭᠡᠢ ᠴᠠᠭᠠᠨ ᠪᠦᠰ ᠢ | ᠳᠤᠰᠬᠠᠶᠢᠯᠠᠨ ᠬᠡᠷᠡᠭᠯᠡᠳᠡᠭ᠃ ᠶᠠᠮᠠᠷ ᠴᠦ ᠶᠠᠭᠤᠮ᠎ᠠ ᠶᠢ ᠵᠢᠩᠨᠡᠬᠦ ᠭᠡᠭᠰᠡᠭᠡᠷ ᠳᠤᠰ ᠪᠦᠰ ᠢᠶᠠᠨ ᠤᠬᠢᠶᠠᠵᠤ ᠨᠤᠶᠢᠳᠠᠨ | ᠢᠶᠠᠷ ᠨᠢ ᠳᠡᠯᠬᠡᠵᠦ ᠳᠠᠯᠪᠢᠭᠠᠳ ᠰᠠᠶ᠋ᠢ ᠵᠡᠷᠭᠡᠯᠡᠬᠦ ᠶᠠᠭᠤᠮ᠎ᠠ ᠪᠠᠨ ᠵᠡᠷᠭᠡᠯᠡᠳᠡᠭ᠃ | ᠵᠢᠩᠨᠡᠬᠦᠷ ᠤᠨ ᠢᠶᠠᠨ ᠬᠤᠶᠠᠷ ᠳᠠᠯ᠎ᠠ ᠳᠤ ᠨᠢ ᠪᠠᠰᠠ ᠬᠤᠶᠠᠷ ᠰᠡᠨᠵᠢ ᠳᠠᠭᠠᠷᠠᠭᠤᠯᠳᠠᠭ᠃ ᠳᠠᠷᠤᠢ ᠵᠡᠷᠭᠡᠴᠡᠭᠡ | ᠬᠤᠶᠠᠷ ᠮᠤᠳᠤᠨ ᠤ ᠪᠠᠨ ᠬᠤᠶᠠᠷ ᠦᠵᠦᠬᠦᠷ ᠳᠡᠬᠡᠷ᠎ᠠ ᠪᠠᠬᠢᠯᠡᠨᠠ᠃ | ᠵᠤᠤᠯᠢ | ᠪᠤᠳᠠᠭ᠎ᠠ ᠱᠦᠬᠦᠬᠦ᠂ ᠪᠠᠩᠰᠢ ᠱᠦᠬᠦᠬᠦ ᠵᠡᠷᠭᠡ ᠱᠦᠬᠦᠬᠦ ᠳᠤ ᠬᠡᠷᠡᠭᠯᠡᠬᠦ ᠬᠠᠭᠠᠰ ᠬᠤᠯᠤ ᠶᠢᠨ ᠬᠡᠯᠪᠡᠷᠢᠳᠠᠢ | ᠰᠡᠶᠢᠮᠡᠬᠡᠢ ᠬᠦᠷᠦᠮᠡᠯ ᠡᠳ᠋ ᠶᠢ ᠵᠤᠤᠯᠢ ᠭᠡᠳᠡᠭ᠃ | ᠵᠤᠤᠯᠢ ᠶᠢ ᠬᠦᠬᠡ ᠪᠤᠷᠭᠠᠰᠤ᠂ ᠤᠯᠠᠭᠠᠨ ᠪᠤᠷᠭᠠᠰᠤ᠂ ᠰᠢᠷ᠎ᠠ ᠪᠤᠷᠭᠠᠰᠤ ᠪᠠᠷ ᠤᠶᠠᠨ᠎ᠠ᠃ ᠵᠤᠤᠯᠢ ᠳᠤ ᠶᠠᠩᠵᠤ | ᠪᠦᠷᠢ ᠶᠢᠨ ᠬᠡᠷᠡᠭᠴᠡᠬᠡᠨ ᠤ ᠪᠠᠶᠢᠳᠠᠭ ᠪᠦᠬᠡᠳ ᠶᠡᠭᠡ ᠪᠠᠭ᠎ᠠ ᠨᠢ ᠴᠦ ᠠᠳᠠᠯᠢ ᠦᠭᠡᠢ ᠪᠠᠶᠢᠳᠠᠭ᠃ ᠵᠤᠤᠯᠢ ᠭᠡᠭᠴᠢ ᠨᠢ | ᠳᠠᠷᠤᠢ ᠣᠰᠣ ᠰᠦᠮᠦᠰᠦ ᠠᠴᠠ ᠠᠭᠰᠢᠭᠤᠨ ᠢ ᠨᠢ ᠱᠦᠬᠦᠵᠦ ᠠᠪᠬᠤ ᠳᠤ ᠬᠡᠷᠡᠭᠯᠡᠬᠦ ᠪᠠᠭᠠᠵᠢ ᠮᠥᠨ᠃ ᠡᠶᠢᠮᠤ ᠠᠴᠠ | ᠠᠶᠢᠯ ᠡᠷᠤᠬᠡ ᠪᠤᠯᠭᠠᠨ ᠵᠤᠤᠯᠢ ᠪᠠᠷ ᠳᠤᠳᠠᠵᠤ ᠪᠤᠯᠤᠰᠢ ᠦᠭᠡᠢ ᠪᠠᠶᠢᠳᠠᠭ᠃ | ᠵᠤᠤᠯᠢ ᠶᠢ ᠡᠭᠡᠵᠢᠭ ᠤᠨ ᠰᠠᠭᠰᠤ ᠶᠢᠨ ᠢᠷᠤᠭᠠᠷ ᠭᠠᠷᠭᠠᠬᠤ ᠲᠠᠢ ᠠᠳᠠᠯᠢ ᠪᠠᠷ ᠭᠦᠷᠦᠵᠦ ᠡᠬᠢᠯᠡᠳᠡᠭ᠃ ᠪᠠᠰᠠ | ᠬᠠᠮᠤᠭ ᠤᠷᠢᠳᠡᠪᠡᠷ ᠨᠢᠬᠡ ᠪᠤᠷᠭᠠᠰᠤ ᠪᠠᠨ ᠭᠤᠤᠯ ᠢᠶᠠᠷ ᠨᠢ ᠨᠤᠭᠤᠯᠤᠨ ᠬᠦᠶᠦᠯᠬᠡᠨ ᠳᠠᠮᠤᠭᠠᠳ᠂ ᠳᠤᠯᠤᠭᠠᠢ ᠪᠦᠭᠰᠡ | ᠶᠢ ᠨᠢ ᠰᠤᠯᠢᠭᠰᠠᠨ ᠭᠤᠷᠪᠠᠨ ᠪᠤᠷᠭᠠᠰᠤ ᠪᠠᠷ ᠨᠢᠬᠡ ᠢᠵᠢ ᠨᠤᠭᠤᠰᠤ ᠪᠤᠯᠭᠠᠵᠤ ᠳᠠᠮᠤᠭᠰᠠᠨ ᠪᠤᠷᠭᠠᠰᠤᠨ ᠳᠡᠭᠡᠰᠤᠨ | ᠳᠤ ᠪᠠᠨ ᠰᠢᠷᠭᠤᠭᠤᠯᠤᠨᠠ᠃ ᠳᠤᠮᠳᠠ ᠶᠢᠨ ᠵᠤᠤᠯᠢ ᠳᠤ ᠳᠠᠪᠤ ᠠᠴᠠ ᠳᠤᠯᠤᠭᠠᠨ ᠨᠤᠭᠤᠰᠤ ᠬᠢᠳᠡᠭ᠃ ᠭᠡᠪᠡᠴᠤ | ᠢᠯᠡᠬᠦᠦ ᠨᠢᠬᠡ ᠢᠵᠢ ᠨᠤᠭᠤᠰᠤ ᠬᠢᠵᠦ ᠬᠦᠷᠦᠳᠡᠭ᠃ ᠨᠤᠭᠤᠰᠤ ᠶᠢᠨ ᠢᠶᠠᠨ ᠵᠠᠢ ᠶᠢ ᠵᠢᠭᠳᠡ ᠵᠤᠬᠢᠴᠠᠭᠤᠯᠤᠭᠰᠠᠨ ᠤ | ᠳᠠᠷᠠᠭ᠎ᠠ ᠪᠤᠷᠭᠠᠰᠤᠨ ᠳᠡᠭᠡᠰᠤᠨ ᠤ ᠪᠠᠨ ᠨᠢᠬᠡ ᠳᠠᠯ᠎ᠠ ᠠᠴᠠ ᠨᠢ ᠨᠤᠭᠤᠰᠤ ᠪᠠᠨ ᠨᠢᠬᠡ ᠡᠷᠬᠦᠵᠦ᠂ ᠨᠢᠬᠡ ᠳᠠᠷᠤᠬᠤ | ᠬᠦᠷᠦᠯᠬᠡ ᠶᠢᠨ ᠠᠷᠭ᠎ᠠ ᠪᠠᠷ ᠪᠤᠷᠭᠠᠰᠤ ᠪᠠᠨ ᠬᠦᠷᠦᠨ᠎ᠠ᠃ ᠬᠦᠷᠦᠯᠬᠡ ᠶᠢᠨ ᠪᠤᠷᠭᠠᠰᠤ ᠶᠢᠨ ᠢᠶᠠᠨ ᠪᠦᠭᠰᠡ ᠶᠢ ᠵᠤᠤᠯᠢ | ᠶᠢᠨ ᠢᠶᠠᠨ ᠡᠰᠢ ᠬᠢᠬᠦ ᠪᠠᠷ ᠦᠯᠡᠳᠡᠭᠡᠵᠦ᠂ ᠳᠡᠭᠡᠭᠰᠢ ᠰᠦᠯᠵᠢᠨ ᠬᠦᠷᠦᠬᠡᠳ ᠤᠷᠤᠢ ᠶᠢ ᠨᠢ ᠳᠤᠷᠰᠢ ᠦᠯᠡᠳᠡᠭᠡᠨ᠎ᠠ᠃ | ᠳᠠᠬᠢᠭᠠᠳ ᠨᠦᠬᠦᠬᠡ ᠪᠤᠷᠭᠠᠰᠤ ᠪᠠᠨ ᠡᠬᠢᠨ ᠤ ᠪᠤᠷᠭᠠᠰᠤ ᠶᠢᠨ ᠢᠶᠠᠨ ᠡᠷᠬᠦᠭᠰᠡᠨ ᠢ ᠨᠢ ᠳᠠᠷᠤᠵᠤ᠂ ᠳᠠᠷᠤᠭᠰᠠᠨ | ᠨᠤᠭᠤᠰᠤ ᠶᠢ ᠨᠢ ᠡᠷᠬᠦᠵᠦ ᠬᠦᠷᠦᠨ᠎ᠠ᠃ ᠡᠨᠡ ᠮᠡᠳᠤ ᠶᠢᠨ ᠭᠤᠤᠯ ᠤᠨ ᠪᠤᠷᠭᠠᠰᠤᠨ ᠳᠡᠭᠡᠰᠤᠨ ᠤ ᠨᠢᠬᠡ ᠳᠠᠯ᠎ᠠ ᠳᠤ | ᠠᠷᠪᠠᠨ ᠵᠢᠷᠭᠤᠭᠠᠨ ᠪᠤᠷᠭᠠᠰᠤ ᠶᠢ ᠬᠦᠷᠦᠨ᠎ᠠ᠃ | ᠳᠠᠬᠢᠭᠠᠳ ᠭᠤᠤᠯ ᠤᠨ ᠪᠤᠷᠭᠠᠰᠤᠨ ᠳᠡᠬᠡᠰᠤᠨ ᠤ ᠨᠦᠬᠦᠬᠡ ᠳᠠᠯ᠎ᠠ ᠶᠢ ᠬᠠᠮᠤᠭ ᠡᠬᠢᠨ ᠤ ᠬᠦᠷᠦᠭᠰᠡᠨ ᠪᠤᠷᠭᠠᠰᠤ | ᠶᠢᠨ ᠡᠷᠬᠦᠭᠰᠡᠨ ᠢ ᠨᠢ ᠳᠠᠷᠤᠵᠤ᠂ ᠳᠠᠷᠤᠭᠰᠠᠨ ᠨᠤᠭᠤᠰᠤ ᠶᠢ ᠡᠷᠬᠦᠨ᠂ ᠪᠤᠷᠭᠠᠰᠤ ᠶᠢᠨ ᠪᠦᠭᠰᠡ ᠪᠠᠨ ᠴᠠᠴᠠᠤᠯᠠᠨ | ᠬᠦᠷᠦᠨ᠎ᠠ᠃ ᠪᠠᠰᠠ ᠨᠡᠶᠢᠳᠡ ᠠᠷᠪᠠᠨ ᠵᠢᠷᠭᠤᠭᠠᠨ ᠪᠤᠷᠭᠠᠰᠤ ᠶᠢ ᠬᠦᠷᠦᠵᠦ ᠳᠠᠭᠤᠰᠬᠠᠨ᠎ᠠ᠃ | ᠢᠡᠭᠭᠢᠵᠦ ᠬᠦᠷᠦᠵᠦ ᠤᠶᠠᠵᠤ ᠳᠠᠭᠤᠰᠤᠭᠰᠠᠨ ᠤ ᠳᠠᠷᠠᠭ᠎ᠠ᠂ ᠭᠤᠴᠢᠨ ᠬᠤᠶᠠᠷ ᠪᠤᠷᠭᠠᠰᠤ ᠶᠢᠨ ᠢᠶᠠᠨ ᠳᠡᠬᠡᠷ᠎ᠠ | ᠤᠷᠤᠢ ᠶᠢ ᠨᠡᠶᠢᠳᠡ ᠲᠦᠷᠪᠡᠨ ᠭᠡᠰᠡᠭ ᠲᠤ ᠬᠤᠪᠢᠶᠠᠨ ᠤᠷᠤᠢ ᠶᠢᠨ ᠢᠷᠮᠡᠭ ᠢ ᠳᠠᠪᠬᠤᠷ ᠳᠠᠷᠤᠵᠤ ᠬᠦᠷᠦᠨ᠎ᠠ᠃ | ᠲᠦᠷᠪᠡᠨ ᠭᠡᠰᠡᠭ ᠢᠶᠠᠨ ᠭᠤᠤᠯ ᠳᠤᠮᠳᠠᠬᠢ ᠭᠡᠯᠬᠢᠵᠦ ᠳᠠᠮᠤᠭᠰᠠᠨ ᠪᠤᠷᠭᠠᠰᠤ ᠠᠴᠠ ᠪᠠᠨ ᠪᠠᠷᠠᠭᠤᠨ ᠳᠠᠯ᠎ᠠ᠂ ᠵᠡᠬᠦᠨ | ᠳᠠᠯ᠎ᠠ ᠭᠡᠵᠤ ᠬᠤᠪᠢᠶᠠᠨ᠂ ᠪᠠᠰᠠ ᠳᠡᠭᠡᠷ᠎ᠠ ᠨᠤᠭᠤᠰᠤ ᠠᠴᠠ ᠴᠠᠭᠠᠰᠢ ᠳᠠᠳᠠᠵᠤ ᠪᠠᠶᠢᠭ᠎ᠠ ᠶᠢ ᠨᠢ ᠪᠠᠷᠠᠭᠤᠨ ᠴᠠᠭᠠᠳᠠᠢ | ᠳᠠᠯ᠎ᠠ᠂ ᠵᠡᠬᠦᠨ ᠴᠠᠭᠠᠳᠠᠢ ᠳᠠᠯ᠎ᠠ ᠭᠡᠵᠤ ᠠᠩᠭᠢᠯᠠᠨ᠎ᠠ᠃ | ᠵᠤᠤᠯᠢ ᠶᠢᠨ ᠤᠷᠤᠢ ᠶᠢ ᠳᠠᠷᠤᠵᠤ ᠬᠦᠷᠦᠬᠦ ᠶᠢ ᠬᠦᠮᠦᠰᠬᠡ ᠳᠠᠷᠤᠨ᠎ᠠ ᠭᠡᠳᠡᠭ᠃ ᠬᠦᠮᠦᠰᠬᠡ ᠶᠢ ᠪᠠᠰᠠ ᠳᠤᠳᠤᠷ | ᠬᠦᠮᠦᠰᠭᠡ᠂ ᠭᠠᠳᠠᠷ ᠬᠦᠮᠦᠰᠬᠡ ᠭᠡᠵᠤ ᠠᠩᠭᠢᠯᠠᠳᠠᠭ᠃ | ᠬᠠᠮᠤᠭ ᠤᠨ ᠡᠮᠤᠨ᠎ᠠ᠂ ᠪᠠᠷᠠᠭᠤᠨ ᠳᠠᠯ᠎ᠠ ᠶᠢᠨ ᠬᠦᠷᠦᠮᠡᠯ ᠪᠤᠷᠭᠠᠰᠤ ᠶᠢᠨ ᠤᠷᠤᠢ ᠶᠢ ᠵᠡᠬᠦᠨ ᠳᠠᠯ᠎ᠠ ᠶᠢᠨ ᠬᠦᠷᠦᠮᠡᠯ | ᠪᠤᠷᠭᠠᠰᠤ ᠶᠢᠨ ᠠᠷᠤ ᠪᠠᠷ᠂ ᠬᠠᠮᠤᠭ ᠳᠡᠬᠡᠷ᠎ᠠ ᠨᠤᠭᠤᠰᠤ ᠶᠢᠨ ᠠᠷᠤ ᠳᠡᠰᠢ ᠳᠠᠷᠤᠵᠤ᠂ ᠵᠡᠬᠦᠨ ᠴᠠᠭᠠᠳᠠᠢ ᠳᠠᠯ᠎ᠠ ᠶᠢᠨ | ᠬᠦᠷᠦᠮᠡᠯ ᠪᠤᠷᠭᠠᠰᠤ ᠶᠢᠨ ᠤᠷᠤᠢ ᠶᠢ ᠳᠡᠬᠦᠨ ᠤ ᠪᠠᠨ ᠠᠷᠤ ᠪᠠᠷ ᠪᠠᠷᠠᠭᠤᠨᠰᠢ ᠳᠠᠷᠤᠵᠤ ᠠᠳᠬᠤᠭᠠᠳ᠂ ᠡᠬᠦᠨ ᠤ | ᠪᠠᠨ ᠳᠡᠬᠡᠬᠦᠷ᠂ ᠵᠡᠬᠦᠨ ᠳᠠᠯ᠎ᠠ ᠶᠢᠨ ᠬᠦᠷᠦᠮᠡᠯ ᠪᠤᠷᠭᠠᠰᠤ ᠶᠢᠨ ᠢᠶᠠᠨ ᠬᠠᠮᠤᠭ ᠵᠠᠬ᠎ᠠ ᠶᠢᠨ ᠪᠤᠷᠭᠠᠰᠤ ᠠᠴᠠ, ᠡᠬᠢᠯᠡᠵᠦ᠂ | ᠬᠠᠮᠤᠭ ᠳᠡᠭᠡᠷ᠎ᠠ ᠨᠤᠭᠤᠰᠤᠨ ᠤ ᠪᠠᠨ ᠠᠷᠤ ᠪᠠᠷ ᠨᠢ ᠳᠠᠷᠤᠵᠤ᠂ ᠳᠤᠷᠤᠭᠰᠢ ᠨᠤᠭᠤᠰᠤ ᠶᠢ ᠳᠠᠭᠠᠵᠤ ᠳᠤᠷᠰᠢ | ᠬᠦᠷᠦᠨ᠎ᠠ᠃ ᠳᠠᠬᠢᠭᠠᠳ ᠵᠡᠬᠦᠨ ᠳᠠᠯ᠎ᠠ ᠶᠢᠨ ᠴᠠᠭᠠᠳᠠᠢ ᠬᠦᠷᠦᠮᠡᠯ ᠤᠨ ᠪᠤᠷᠭᠠᠰᠤ ᠶᠢᠨ ᠵᠡᠬᠦᠨ ᠳᠠᠯ᠎ᠠ ᠠᠴᠠ ᠨᠢ | ᠡᠬᠢᠯᠡᠵᠦ᠂ ᠳᠡᠬᠡᠷ᠎ᠠ ᠨᠤᠭᠤᠰᠤ ᠶᠢᠨ ᠨᠠᠭᠠᠳᠤ ᠳᠠᠯ᠎ᠠ ᠪᠠᠷ ᠳᠠᠷᠤᠵᠤ᠂ ᠳᠤᠷᠤᠭᠰᠢ ᠳᠤᠷᠰᠢ ᠬᠦᠷᠦᠨ᠎ᠠ᠃ ᠡᠨᠡ ᠮᠡᠳᠤ | ᠪᠠᠷ ᠳᠡᠭᠡᠷ᠎ᠠ ᠪᠠᠷᠠᠭᠤᠨ ᠬᠦᠮᠦᠰᠬᠡ ᠶᠢ ᠳᠠᠷᠤᠵᠤ ᠳᠠᠭᠤᠰᠬᠠᠨ᠎ᠠ᠃ | ᠳᠠᠬᠢᠭᠠᠳ ᠵᠡᠬᠦᠨ ᠬᠦᠮᠦᠰᠬᠡ ᠶᠢ ᠳᠠᠷᠤᠨ᠎ᠠ᠃ ᠪᠠᠷᠠᠭᠤᠨ ᠳᠠᠯ᠎ᠠ ᠶᠢᠨ ᠬᠦᠷᠦᠮᠡᠯ ᠪᠤᠷᠭᠠᠰᠤ ᠶᠢᠨ ᠬᠠᠮᠤᠭ ᠪᠠᠷᠠᠭᠤᠨ | ᠵᠠᠬ᠎ᠠ ᠠᠴᠠ ᠪᠤᠷᠭᠠᠰᠤ ᠶᠢ ᠳᠡᠬᠡᠷ᠎ᠠ ᠨᠤᠭᠤᠰᠤ ᠶᠢᠨ ᠠᠷᠤ ᠪᠠᠷ ᠳᠠᠷᠤᠵᠤ᠂ ᠳᠤᠷᠤᠭᠰᠢ ᠳᠤᠷᠰᠢ ᠬᠦᠷᠦᠨ᠎ᠠ᠃ | ᠳᠠᠷᠠᠭ᠎ᠠ ᠳᠤ ᠨᠢ ᠪᠠᠷᠠᠭᠤᠨ ᠠᠷᠤ ᠳᠠᠯ᠎ᠠ ᠶᠢᠨ ᠬᠦᠷᠦᠮᠡᠯ ᠪᠤᠷᠭᠠᠰᠤ ᠶᠢᠨ ᠵᠠᠬ᠎ᠠ ᠶᠢᠨ ᠪᠤᠷᠭᠠᠰᠤ ᠶᠢ ᠳᠡᠬᠦᠨ ᠤ ᠪᠠᠨ | ᠳᠡᠭᠡᠬᠦᠷ᠂ ᠳᠡᠭᠡᠷ᠎ᠠ ᠨᠤᠭᠤᠰᠤᠨ ᠤ ᠪᠠᠨ ᠨᠠᠭᠠᠭᠤᠷ ᠨᠢ ᠳᠠᠷᠤᠵᠤ᠂ ᠳᠤᠷᠤᠭᠰᠢ ᠨᠤᠭᠤᠰᠤ ᠶᠢ ᠳᠠᠭᠠᠵᠤ ᠳᠤᠷᠰᠢ | ᠬᠦᠷᠦᠨ᠎ᠠ᠃ ᠳᠤᠰ ᠠᠯᠬᠤᠮ ᠳᠠᠷᠠᠭ᠎ᠠ ᠪᠠᠷ ᠪᠦᠬᠦ ᠬᠦᠷᠦᠮᠡᠯ ᠪᠤᠷᠭᠠᠰᠤ ᠶᠢ ᠬᠦᠷᠦᠵᠦ ᠳᠠᠭᠤᠰᠬᠠᠨ᠎ᠠ᠃ | ᠪᠠᠷᠠᠭᠤᠨ ᠵᠡᠬᠦᠨ ᠬᠦᠮᠦᠰᠬᠡ ᠶᠢ ᠢᠡᠭᠭᠢᠵᠦ ᠠᠯᠬᠤᠮ ᠳᠠᠷᠠᠭ᠎ᠠ ᠲᠠᠢ ᠪᠦᠬᠡᠳ ᠴᠢᠩᠭ᠎ᠠ ᠳᠠᠳᠠᠵᠤ ᠳᠠᠷᠤᠵᠤ | ᠳᠠᠭᠤᠰᠬᠠᠭᠰᠠᠨ ᠤ ᠳᠠᠷᠠᠭ᠎ᠠ᠂ ᠳᠤᠷᠤᠭᠰᠢ ᠳᠠᠷᠤᠵᠤ ᠬᠦᠷᠦᠭᠰᠡᠨ ᠬᠦᠷᠦᠮᠡᠯ ᠪᠤᠷᠭᠠᠰᠤᠨ ᠤ ᠪᠠᠨ ᠦᠵᠦᠬᠦᠷ ᠢ | ᠪᠠᠷᠠᠭᠤᠨ ᠵᠡᠬᠦᠨ ᠬᠤᠶᠠᠷ ᠳᠠᠯ᠎ᠠ ᠬᠤᠪᠢᠶᠠᠨ᠂ ᠬᠠᠮᠤᠭ ᠳᠤᠤᠷᠠᠬᠢ ᠨᠤᠭᠤᠰᠤ ᠶᠢ ᠠᠪᠴᠤ ᠬᠠᠶᠠᠭᠠᠳ᠂ ᠬᠦᠷᠦᠮᠡᠯ | ᠪᠤᠷᠭᠠᠰᠤ ᠶᠢᠨ ᠪᠦᠭᠰᠡ ᠶᠢ ᠳᠡᠭᠡᠷ᠎ᠠ ᠳᠤᠤᠷ᠎ᠠ ᠬᠤᠶᠠᠷ ᠠᠩᠭᠢ ᠬᠤᠪᠢᠶᠠᠵᠤ᠂ ᠳᠡᠬᠦᠨ ᠤ ᠪᠠᠨ ᠬᠤᠭᠤᠷᠤᠨᠳᠤᠭᠤᠷ | ᠬᠤᠶᠠᠷ ᠳᠡᠰᠢ ᠵᠦᠷᠢᠬᠦᠯᠦᠨ ᠴᠢᠩᠭᠠᠭᠠᠵᠤ᠂ ᠵᠤᠤᠯᠢ ᠶᠢᠨ ᠳᠤᠯᠤᠭᠠᠢ ᠶᠢ ᠬᠤᠮᠤᠶᠢᠯᠭᠠᠨ ᠳᠠᠳᠠᠭᠠᠳ᠂ ᠤᠶᠠᠭᠠᠰᠤ | ᠪᠤᠷᠭᠠᠰᠤ ᠪᠠᠷ ᠰᠤᠯᠢᠪᠴᠠᠭᠤᠯᠤᠨ ᠤᠶᠠᠨ᠎ᠠ᠃ ᠡᠬᠦᠨ ᠢ ᠵᠤᠤᠯᠢ ᠶᠢᠨ ᠵᠠᠭᠠᠮ᠎ᠠ ᠭᠠᠷᠭᠠᠨ᠎ᠠ ᠭᠡᠳᠡᠭ᠃ | ᠵᠠᠭᠠᠮ᠎ᠠ ᠭᠠᠷᠭᠠᠵᠤ ᠳᠠᠭᠤᠰᠤᠭᠰᠠᠨ ᠤ ᠳᠠᠷᠠᠭ᠎ᠠ ᠬᠠᠵᠠᠭᠤ ᠢᠷᠮᠡᠭ ᠳᠠᠷᠤᠳᠠᠭ᠃ ᠪᠠᠷᠠᠭᠤᠨ ᠳᠠᠯ᠎ᠠ ᠠᠴᠠ ᠡᠬᠢᠯᠡᠪᠡᠯ | ᠂ ᠬᠠᠮᠤᠭ ᠳᠡᠬᠡᠷ᠎ᠠ ᠨᠤᠭᠤᠰᠤ ᠶᠢ ᠬᠤᠶᠠᠳᠤᠭᠠᠷ ᠨᠤᠭᠤᠰᠤ ᠶᠢᠨ ᠨᠠᠭᠠᠭᠤᠷ ᠨᠢ ᠤᠷᠤᠭᠤᠯᠵᠤ᠂ ᠨᠢᠬᠡ ᠳᠠᠷᠤᠵᠤ᠂ | ᠨᠢᠬᠡ ᠡᠷᠬᠦᠬᠦ ᠬᠦᠷᠦᠯᠬᠡ ᠶᠢᠨ ᠠᠷᠭ᠎ᠠ ᠪᠠᠷ ᠳᠤᠷᠤᠭᠰᠢ ᠳᠤᠷᠰᠢ ᠬᠦᠷᠦᠨ᠎ᠠ᠃ ᠳᠠᠬᠢᠭᠠᠳ ᠬᠤᠶᠠᠳᠤᠭᠠᠷ᠂ | ᠭᠤᠷᠪᠠᠳᠤᠭᠠᠷ ᠨᠤᠭᠤᠰᠤ ᠶᠢ ᠳᠠᠷᠤᠵᠤ᠂ ᠠᠯᠬᠤᠮ ᠠᠯᠬᠤᠮ ᠢᠶᠠᠷ ᠪᠦᠬᠦᠨ ᠢ ᠳᠠᠷᠤᠨ᠎ᠠ᠃ ᠡᠬᠦᠨ ᠢᠶᠠᠨ ᠬᠤᠶᠠᠷ | ᠠᠩᠭᠢ ᠬᠦᠷᠦᠯᠬᠡ ᠶᠢᠨ ᠪᠤᠷᠭᠠᠰᠤ ᠶᠢᠨ ᠢᠶᠠᠨ ᠬᠤᠭᠤᠷᠤᠨᠳᠤᠭᠤᠷ ᠵᠡᠬᠦᠨᠰᠢ ᠭᠠᠷᠭᠠᠵᠤ ᠬᠠᠶᠠᠭᠠᠳ᠂ ᠵᠡᠬᠦᠨ ᠳᠠᠯ᠎ᠠ | ᠶᠢᠨ ᠨᠤᠭᠤᠰᠤ ᠶᠢ ᠪᠠᠷᠠᠭᠤᠨ ᠳᠠᠯ᠎ᠠ ᠶᠢᠨ ᠬᠢ ᠰᠢᠭ᠋ ᠢᠶᠠᠷ ᠳᠠᠷᠤᠵᠤ ᠢᠷᠮᠡᠭ ᠢ ᠭᠠᠷᠭᠠᠨ᠎ᠠ᠃ ᠨᠤᠭᠤᠰᠤᠨ ᠤ ᠪᠠᠨ | ᠦᠵᠦᠬᠦᠷ ᠢ ᠬᠤᠶᠠᠷ ᠠᠩᠭᠢ ᠬᠦᠷᠦᠯᠬᠡ ᠶᠢᠨ ᠪᠤᠷᠭᠠᠰᠤ ᠶᠢᠨ ᠬᠤᠭᠤᠷᠤᠨᠳᠤᠭᠤᠷ ᠪᠠᠷᠠᠭᠤᠨᠰᠢ ᠳᠠᠳᠠᠵᠤ᠂ ᠨᠦᠬᠦᠬᠡ | ᠳᠠᠯ᠎ᠠ ᠶᠢᠨ ᠨᠤᠭᠤᠰᠤᠨ ᠦᠵᠦᠬᠦᠷ ᠲᠠᠢ ᠪᠠᠨ ᠰᠤᠯᠢᠪᠴᠠᠭᠤᠯᠤᠨ ᠴᠢᠩᠭᠠᠵᠤ ᠤᠶᠠᠭᠠᠳ᠂ ᠳᠠᠬᠢᠨ ᠳᠤᠷᠤᠭᠰᠢ | ᠨᠤᠭᠤᠯᠤᠨ ᠬᠤᠶᠠᠷ ᠠᠩᠭᠢ ᠬᠦᠷᠦᠯᠬᠡ ᠶᠢᠨ ᠪᠤᠷᠭᠠᠰᠤ ᠶᠢᠨ ᠪᠦᠭᠰᠡ ᠲᠠᠢ ᠨᠡᠶᠢᠯᠡᠬᠦᠯᠵᠦ ᠡᠰᠢ ᠪᠤᠯᠭᠠᠨ᠎ᠠ᠃ | ᠵᠤᠤᠯᠢ ᠶᠢᠨ ᠨᠤᠭᠤᠰᠤᠨ ᠪᠤᠷᠭᠠᠰᠤ ᠶᠢᠨ ᠤᠷᠤᠢ ᠪᠠᠨ ᠬᠦᠷᠦᠯᠬᠡ ᠶᠢᠨ ᠪᠤᠷᠭᠠᠰᠤ ᠶᠢᠨ ᠪᠦᠭᠰᠡ ᠶᠢᠨ ᠢᠶᠠᠨ | ᠳᠤᠳᠤᠷ᠎ᠠ ᠨᠢ ᠤᠷᠤᠭᠤᠯᠵᠤ᠂ ᠵᠤᠤᠯᠢ ᠶᠢᠨ ᠡᠰᠢ ᠶᠢ ᠦᠵᠡᠮᠵᠢ ᠲᠠᠢ ᠰᠠᠶᠢᠬᠠᠨ ᠤᠶᠠᠨ᠎ᠠ᠃ ᠵᠤᠤᠯᠢ ᠶᠢᠨ ᠡᠰᠢᠨ ᠳᠤ | ᠶᠡᠷᠤᠩᠭᠡᠢ ᠳᠤ ᠪᠠᠨ ᠭᠤᠷᠪᠠᠨ ᠤᠷᠢᠶᠠᠮᠠᠭ ᠤᠶᠠᠭᠠᠰᠤ ᠦᠭᠳᠡᠭ᠃ ᠵᠠᠭᠠᠮ᠎ᠠ ᠭᠠᠷᠭᠠᠵᠤ ᠤᠶᠠᠭᠰᠠᠨ ᠪᠠᠭᠠᠯᠵᠤᠷ ᠢ | ᠵᠤᠤᠯᠢ ᠶᠢᠨ ᠪᠤᠭᠤᠮᠢ ᠭᠡᠳᠡᠭ᠃ ᠵᠤᠤᠯᠢ ᠶᠢᠨ ᠪᠤᠭᠤᠮᠢ ᠪᠠᠷ ᠨᠢᠬᠡ ᠤᠷᠢᠶᠠᠮᠠᠭ ᠤᠶᠠᠭᠠᠰᠤ ᠦᠭᠴᠤ᠂ ᠡᠰᠢᠨ ᠤ | ᠦᠵᠦᠬᠦᠷ ᠪᠠ ᠳᠤᠮᠳᠠ ᠨᠢ ᠳᠤᠰ ᠪᠦᠷᠢ ᠨᠢᠬᠡ ᠤᠷᠢᠶᠠᠮᠠᠭ ᠤᠶᠠᠭᠠᠰᠤ ᠦᠭᠭᠦᠨ᠎ᠠ᠃ | ᠵᠤᠤᠯᠢ ᠶᠢᠨ ᠢᠶᠠᠨ ᠤᠶᠠᠭᠠᠰᠤ ᠶᠢ ᠤᠶᠠᠵᠤ ᠳᠠᠭᠤᠰᠤᠭᠰᠠᠨ ᠤ ᠳᠠᠷᠠᠭ᠎ᠠ ᠵᠤᠤᠯᠢ ᠶᠢᠨ ᠢᠶᠠᠨ ᠬᠤᠶᠠᠷ ᠳᠡᠰᠢ | ᠭᠠᠷᠤᠭᠰᠠᠨ ᠵᠠᠭᠠᠮ᠎ᠠ ᠶᠢᠨ ᠦᠵᠦᠬᠦᠷ ᠢ ᠬᠠᠶᠢᠴᠢᠯᠠᠨ ᠠᠪᠴᠤ᠂ ᠡᠰᠢᠨ ᠤ ᠪᠠᠨ ᠦᠵᠦᠬᠦᠷ ᠢ ᠳᠤᠭᠤᠷᠢᠭᠯᠠᠨ | ᠤᠭᠳᠤᠯᠵᠤ ᠠᠪᠤᠨ᠎ᠠ᠃ | ᠵᠤᠤᠯᠢ ᠶᠢ ᠪᠠᠰᠠ ᠪᠦᠳᠦᠬᠦᠯᠢᠭ ᠬᠡᠷᠡᠭᠯᠡᠬᠡᠨ ᠳᠤ ᠬᠠᠯᠢᠰᠤ ᠲᠠᠢ ᠬᠦᠷᠦᠯᠬᠡ ᠪᠠᠷ ᠬᠦᠷᠦᠵᠦ᠂ ᠨᠠᠷᠢᠯᠢᠭ ᠬᠡᠷᠡᠭᠯᠡᠬᠡᠨ | ᠳᠤ ᠬᠠᠯᠢᠰᠤ ᠦᠭᠡᠢ ᠴᠠᠭᠠᠮᠠᠯ ᠢᠶᠠᠷ ᠬᠦᠷᠦᠳᠡᠭ᠃ | ᠵᠤᠤᠯᠢ ᠶᠢ ᠬᠦᠮᠦᠨ ᠪᠦᠬᠦᠨ ᠭᠤᠶᠤ ᠰᠠᠶᠢᠬᠠᠨ ᠬᠦᠷᠦᠵᠦ ᠳᠡᠶᠢᠯᠳᠡᠭ ᠦᠭᠡᠢ ᠠᠴᠠ ᠮᠦᠨᠴᠤ ᠮᠤᠩᠭᠤᠯᠴᠤᠳ ᠤᠨ | ᠬᠠᠶᠢᠷᠠᠳᠠᠢ ᠡᠳ᠋ᠯᠡᠯ ᠬᠡᠷᠡᠭᠰᠡᠯ ᠤᠨ ᠨᠢᠬᠡ ᠪᠤᠯᠤᠭᠰᠠᠭᠠᠷ ᠢᠷᠡᠭᠰᠡᠨ ᠶᠤᠮ᠃ | ᠳᠤᠭᠤᠭᠠᠨ ᠱᠦᠬᠦᠷ | ᠳᠤᠭᠤᠭᠠᠨ ᠤ ᠪᠤᠵᠠᠷ ᠪᠤᠷᠳᠠᠭ ᠢ ᠱᠦᠬᠦᠷᠳᠡᠨ ᠠᠷᠢᠯᠭᠠᠬᠤ ᠳᠤ ᠬᠡᠷᠡᠭᠯᠡᠬᠦ ᠯᠠᠭᠰᠠᠭᠠᠷ ᠦᠵᠦᠬᠦᠷ ᠲᠠᠢ ᠤᠶᠠᠮᠠᠯ | ᠡᠳ᠋ ᠢ ᠱᠦᠬᠦᠷ ᠭᠡᠳᠡᠭ᠃ | ᠳᠤᠭᠤᠭᠠᠨ ᠱᠦᠬᠦᠷ ᠢ ᠶᠡᠷᠤ ᠨᠠᠷᠢᠨ ᠨᠠᠮᠠᠭ᠎ᠠ ᠨᠢ ᠵᠤᠵᠠᠭᠠᠨ ᠯᠠᠭᠰᠠᠭᠠᠷ ᠵᠦᠬᠡᠯᠡᠨ ᠤᠯᠠᠭᠠᠨ ᠪᠤᠷᠭᠠᠰᠤ ᠪᠠᠷ | ᠤᠶᠠᠳᠠᠭ ᠪᠦᠬᠡᠳ ᠳᠤᠤᠵᠤᠤ ᠶᠢᠨ ᠰᠢᠰᠢ᠂ ᠰᠢᠰᠢ ᠶᠢᠨ ᠳᠤᠯᠤᠭᠠᠢ᠂ ᠴᠠᠬᠢᠯᠳᠠᠭ ᠤᠨ ᠦᠨᠳᠦᠰᠦ ᠪᠠᠷ ᠤᠶᠠᠵᠤ | ᠪᠤᠭᠤᠵᠤ ᠬᠢᠨ᠎ᠠ᠃ | ᠤᠯᠠᠭᠠᠨ ᠪᠤᠷᠭᠠᠰᠤ ᠪᠠᠨ ᠬᠠᠳᠤᠵᠤ ᠠᠪᠴᠢᠷᠠᠭᠰᠠᠨ ᠤ ᠳᠠᠷᠠᠭ᠎ᠠ ᠰᠠᠯᠠᠭ᠎ᠠ ᠨᠠᠮᠠᠭ᠎ᠠ ᠶᠢ ᠨᠢ ᠵᠤᠬᠢᠴᠠᠭᠤᠯᠤᠨ | ᠳᠡᠭᠰᠢᠯᠡᠵᠦ᠂ ᠠᠳᠬᠤ ᠪᠠᠭᠳᠠᠮ᠎ᠠ ᠪᠤᠯᠭᠠᠭᠰᠠᠨ ᠤ ᠳᠠᠷᠠᠭ᠎ᠠ᠂ ᠲᠦᠬᠡ ᠢᠯᠡᠬᠦᠦ ᠤᠷᠤᠢ ᠶᠢ ᠨᠢ ᠦᠯᠡᠳᠡᠭᠡᠵᠦ᠂ | ᠰᠦᠬᠦᠮ ᠬᠢᠷᠢ ᠶᠢᠨ ᠪᠠᠷᠢᠭᠤᠯ ᠢ ᠨᠢ ᠨᠠᠷᠢᠨ ᠤᠯᠠᠭᠠᠨ ᠪᠤᠷᠭᠠᠰᠤ ᠶᠢ ᠪᠠᠯᠪᠠᠷᠠᠭᠤᠯᠤᠨ ᠮᠤᠰᠬᠢᠵᠦ ᠭᠤᠷᠪᠠᠨ ᠤᠷᠢᠶᠠᠮᠠᠭ | ᠤᠷᠢᠶᠠᠵᠤ ᠤᠶᠠᠨ᠎ᠠ᠃ ᠶᠠᠭᠠᠬᠢᠵᠦ ᠤᠷᠢᠶᠠᠭᠰᠠᠨ ᠴᠦ ᠤᠷᠢᠶᠠᠮᠠᠭ ᠨᠢ ᠪᠠᠰᠠ ᠰᠤᠯᠠᠪᠳᠤᠷ ᠰᠢᠭ᠋ ᠪᠤᠯ ᠡᠷᠡᠭᠡᠢ | ᠬᠤᠷᠤᠭᠤ ᠠᠴᠠ ᠪᠠᠭ᠎ᠠ ᠨᠠᠷᠢᠨ ᠪᠤᠷᠭᠠᠰᠤ ᠶᠢ ᠮᠤᠬᠤᠷ ᠰᠦᠬᠦᠮ ᠤᠭᠳᠤᠯᠵᠤ᠂ ᠦᠵᠦᠬᠦᠷ ᠭᠠᠷᠭᠠᠨ ᠵᠤᠷᠭᠤᠭᠠᠳ᠂ | ᠪᠠᠷᠢᠭᠤᠯ ᠤᠨ ᠤᠭ ᠠᠴᠠ ᠳᠤᠳᠤᠭᠰᠢ ᠪᠠᠨ ᠱᠠᠭᠠᠵᠤ ᠤᠷᠤᠭᠤᠯᠤᠨ᠎ᠠ᠃ | ᠳᠤᠤᠵᠤᠤ ᠶᠢᠨ ᠰᠢᠰᠢ ᠶᠢᠨ ᠳᠤᠯᠤᠭᠠᠢ ᠨᠢ ᠤᠷᠳᠤ ᠳᠤᠯᠠ ᠦᠨᠳᠦᠷ ᠰᠢᠭ ᠢ ᠨᠢ ᠬᠠᠶᠢᠴᠢᠯᠠᠨ ᠠᠪᠴᠤ᠂ ᠠᠰ | ᠰᠢᠭ᠋ ᠤᠷᠭᠤᠭᠰᠠᠨ ᠲᠠᠢ ᠨᠢ ᠨᠡᠶᠢᠯᠡᠬᠦᠯᠦᠨ ᠵᠤᠬᠢᠴᠠᠭᠤᠯᠵᠤ᠂ ᠳᠡᠭᠡᠷᠡᠬᠢ ᠤᠶᠠᠯᠭ᠎ᠠ ᠶᠢᠨ ᠠᠷᠭ᠎ᠠ ᠪᠠᠷ ᠤᠶᠠᠨ᠎ᠠ᠃ | ᠰᠢᠰᠢ ᠶᠢᠨ ᠳᠤᠯᠤᠭᠠᠢ ᠪᠠᠷ ᠮᠥᠨ ᠢᠡᠭᠭᠢᠵᠦ ᠳᠤᠭᠤᠭᠠᠨ ᠱᠦᠬᠦᠷ ᠤᠶᠠᠳᠠᠭ ᠪᠤᠯᠪᠠᠴᠤ᠂ ᠤᠷᠢᠳᠡᠪᠡᠷ ᠤᠰᠤᠨ ᠳᠤ | ᠳᠡᠪᠳᠦᠬᠡᠵᠦ ᠤᠶᠠᠳᠠᠭ᠃ ᠡᠰᠡ ᠳᠡᠶᠢᠮᠤ ᠪᠤᠯ ᠤᠶᠠᠵᠤ ᠪᠠᠶᠢᠳᠠᠯ᠎ᠠ ᠱᠤᠭᠠᠢ ᠨᠢ ᠠᠮᠠᠷᠬᠠᠨ ᠳᠠᠰᠤᠷᠠᠴᠢᠬᠠᠳᠠᠭ᠃ | ᠡᠳᠡᠬᠡᠷ ᠵᠤᠶᠢᠯᠡᠰ ᠢᠶᠠᠷ ᠳᠤᠭᠤᠭᠠᠨ ᠱᠦᠬᠦᠷ ᠬᠢᠳᠡᠭ ᠨᠢ ᠳᠠᠷᠤᠢ ᠳᠤᠭᠤᠭᠠᠨ ᠵᠢᠪᠡ ᠭᠭᠢᠷ ᠢ ᠰᠠᠶᠢᠨ ᠭᠠᠷᠭᠠᠳᠠᠭ | ᠪᠦᠬᠡᠳ ᠪᠤᠰᠤᠳ ᠵᠤᠶᠢᠯ ᠤᠨ ᠦᠨᠦᠷ ᠠᠮᠳᠠ ᠳᠠᠭᠠᠳᠠᠭ ᠦᠭᠡᠢ ᠠᠴᠠ ᠪᠤᠯᠤᠭᠰᠠᠨ ᠪᠠᠶᠢᠭ᠎ᠠ ᠶᠤᠮ᠃ | ᠳᠤᠤᠵᠤᠤ | ᠬᠡᠷ ᠡᠷᠤᠬᠡ ᠶᠢᠨ ᠳᠤᠳᠤᠷᠠᠬᠢ ᠭᠠᠵᠠᠷ ᠫᠠᠯᠡᠩ ᠪᠤᠶᠤ ᠬᠠᠨᠵᠤ ᠰᠢᠷᠳᠡᠭ ᠢ ᠱᠦᠬᠦᠷᠳᠡᠨ ᠠᠷᠢᠯᠭᠠᠬᠤ ᠠᠰ ᠳᠤᠷᠤᠭᠰᠢ | ᠬᠠᠨᠳᠤᠭᠰᠠᠨ ᠨᠠᠷᠢᠨ ᠵᠦᠬᠡᠯᠡᠨ ᠦᠵᠦᠬᠦᠷ ᠲᠠᠢ ᠱᠦᠬᠦᠷ ᠢ ᠳᠤᠤᠵᠤᠤ ᠭᠡᠳᠡᠭ᠃ | ᠳᠤᠤᠵᠤᠤ ᠶᠢ ᠵᠦᠬᠡᠯᠡᠨ ᠤᠯᠠᠭᠠᠨ ᠪᠤᠷᠭᠠᠰᠤ᠂ ᠳᠤᠤᠵᠤᠤ ᠶᠢᠨ ᠰᠢᠰᠢ ᠪᠤᠶᠤ ᠦᠨᠳᠦᠷ ᠳᠤᠯᠤᠭᠠᠢ ᠲᠠᠢ ᠰᠢᠰᠢ ᠶᠢᠨ | ᠳᠤᠯᠤᠭᠠᠢ ᠪᠠᠷ ᠤᠶᠠᠳᠠᠭ᠃ ᠬᠠᠨᠵᠤ ᠶᠢᠨ ᠳᠤᠤᠵᠤᠤ ᠶᠢ ᠪᠠᠰᠠ ᠤᠯᠠᠯᠵᠢ ᠪᠠᠷ ᠤᠶᠠᠨ᠎ᠠ᠃ | ᠨᠠᠮᠤᠷ ᠤᠨ ᠠᠭᠤᠷ ᠤᠷᠤᠭᠰᠠᠨ ᠤ ᠳᠠᠷᠠᠭ᠎ᠠ ᠵᠦᠬᠡᠯᠡᠨ ᠤᠷᠳᠤ ᠰᠠᠯᠠᠭ᠎ᠠ ᠨᠠᠮᠠᠭ᠎ᠠ ᠲᠠᠢ ᠨᠠᠷᠢᠨ ᠤᠯᠠᠭᠠᠨ ᠪᠤᠷᠭᠠᠰᠤ | ᠶᠢ ᠬᠠᠳᠤᠨ ᠠᠪᠴᠢᠷᠠᠭᠠᠳ ᠳᠡᠷᠡ ᠳᠠᠷᠤᠢ ᠳᠤᠤᠵᠤᠤ ᠤᠶᠠᠳᠠᠭ᠃ | ᠳᠤᠤᠵᠤᠤ ᠶᠢ ᠰᠠᠮᠠ ᠰᠢᠭ᠋ ᠰᠢᠳᠤ ᠲᠠᠢ ᠤᠶᠠᠳᠠᠭ᠃ ᠨᠢᠬᠡ ᠳᠤᠤᠵᠤᠤ ᠶᠢ ᠶᠡᠷᠤ ᠠᠴᠠ ᠳᠠᠪᠤ ᠠᠴᠠ ᠳᠤᠯᠤᠭᠠᠨ | ᠰᠢᠳᠤ ᠲᠠᠢ ᠤᠶᠠᠨ᠎ᠠ᠃ ᠳᠠᠪᠬᠤᠷ ᠳᠤᠭ᠎ᠠ ᠬᠡᠷᠡᠭᠯᠡᠳᠡᠭ ᠦᠭᠡᠢ᠃ ᠳᠤᠤᠵᠤᠤ ᠶᠢᠨ ᠢᠶᠠᠨ ᠳᠤᠷᠤᠭᠰᠢ ᠬᠠᠨᠳᠤᠭᠰᠠᠨ | ᠦᠵᠦᠬᠦᠷ ᠢ ᠳᠤᠤᠵᠤᠤ ᠶᠢᠨ ᠢᠷ ᠭᠡᠵᠤ᠂ ᠡᠬᠢᠨ ᠤ ᠰᠢᠳᠤ ᠶᠢᠨ ᠳᠡᠬᠡᠷ᠎ᠠ ᠳᠤᠬᠤ ᠶᠢ ᠳᠤᠤᠵᠤᠤ ᠶᠢᠨ ᠬᠠᠮᠠᠷ ᠭᠡᠵᠤ᠂ | ᠦᠨᠳᠦᠷ ᠪᠠᠷᠢᠭᠤᠯ ᠢ ᠨᠢ ᠡᠰᠢ ᠭᠡᠳᠡᠭ᠃ | ᠳᠤᠤᠵᠤᠤ ᠶᠢᠨ ᠨᠢᠬᠡᠳᠤᠬᠡᠷ ᠰᠢᠳᠤ ᠪᠠᠨ ᠠᠰ ᠢᠶᠠᠷ ᠨᠢ ᠡᠬᠢᠯᠡᠵᠦ ᠤᠷᠢᠶᠠᠵᠤ ᠤᠶᠠᠭᠠᠳ᠂ ᠤᠶᠠᠭᠠᠰᠤ ᠶᠢᠨ ᠢᠶᠠᠨ | ᠠᠷᠤ ᠪᠠᠷ ᠬᠤᠶᠠᠷ ᠳᠡᠰᠢ ᠬᠠᠭᠠᠯᠵᠤ᠂ ᠬᠤᠶᠠᠳᠤᠭᠠᠷ ᠰᠢᠳᠤ ᠶᠢ ᠰᠤᠯᠠ ᠪᠠᠷ ᠨᠢ ᠡᠮᠬᠦᠬᠦᠯᠵᠦ ᠬᠠᠮᠳᠤ ᠳᠤ ᠨᠢ | ᠪᠠᠷᠢᠵᠦ ᠤᠷᠢᠶᠠᠵᠤ ᠤᠶᠠᠨ᠎ᠠ᠃ ᠳᠤᠰ ᠬᠤᠶᠠᠷ ᠰᠢᠳᠤ ᠪᠠᠨ ᠪᠠᠭ᠎ᠠ ᠳᠤᠷᠤᠭᠰᠢ ᠳᠤᠩᠭᠤᠶᠢᠯᠭᠠᠵᠤ᠂ ᠤᠷᠢᠶᠠᠯᠳᠠ ᠶᠢᠨ | ᠠᠷᠤ ᠳᠤ ᠬᠤᠶᠠᠷ ᠳᠡᠰᠢ ᠬᠠᠭᠠᠯᠤᠨ᠂ ᠭᠤᠷᠪᠠᠳᠤᠭᠠᠷ ᠰᠢᠳᠤ ᠶᠢ ᠰᠤᠯᠠ ᠪᠠᠷ ᠨᠢ ᠬᠠᠪᠴᠢᠭᠤᠯᠵᠤ ᠬᠠᠮᠳᠤ ᠳᠤ ᠨᠢ | ᠤᠷᠢᠶᠠᠵᠤ ᠤᠶᠠᠨ᠎ᠠ᠃ ᠳᠠᠬᠢᠭᠠᠳ ᠤᠷᠢᠶᠠᠯᠳᠠ ᠶᠢᠨ ᠠᠷᠤ ᠶᠢ ᠬᠤᠶᠠᠷ ᠳᠡᠰᠢ ᠬᠠᠭᠠᠯᠵᠤ ᠲᠦᠷᠪᠡᠳᠤᠬᠡᠷ ᠰᠢᠳᠤ ᠶᠢ | ᠬᠠᠪᠴᠢᠭᠤᠯᠵᠤ ᠤᠶᠠᠨ᠎ᠠ᠃ ᠡᠨᠡ ᠦᠶ᠎ᠠ ᠳᠤ ᠨᠠᠯᠤᠪᠴᠢ ᠶᠢᠨ ᠬᠡᠮᠵᠢᠶ᠎ᠠ ᠨᠢ ᠪᠠᠭ᠋ᠠᠨ ᠪᠤᠰᠤᠭ᠎ᠠ ᠪᠤᠯᠵᠤ ᠪᠠᠶᠢᠭ᠎ᠠ ᠶᠤᠮ | ᠃ ᠲᠦᠷᠪᠡᠳᠤᠬᠡᠷ ᠤᠷᠢᠶᠠᠯᠳᠠ ᠶᠢᠨ ᠠᠷᠤ ᠶᠢ ᠬᠤᠶᠠᠷ ᠳᠡᠰᠢ ᠬᠠᠭᠠᠯᠵᠤ ᠳᠠᠪᠤᠳᠤᠭᠠᠷ ᠰᠢᠳᠤ ᠶᠢ ᠬᠠᠪᠴᠢᠭᠤᠯᠤᠨ | ᠤᠷᠢᠶᠠᠬᠤ ᠦᠶ᠎ᠠ ᠳᠤ ᠪᠠᠷᠤᠭ ᠰᠢᠳᠤ ᠨᠢ ᠡᠰᠢ ᠶᠢᠨ ᠬᠠᠨᠳᠤᠰᠢ ᠲᠠᠢ ᠠᠳᠠᠯᠢ ᠪᠤᠯᠳᠠᠭ᠃ | ᠡᠶᠢᠮᠤᠷᠬᠦ ᠬᠡᠳᠤᠨ ᠰᠢᠳᠤ ᠲᠠᠢ ᠴᠦ ᠳᠡᠷᠡ ᠳᠤᠤᠵᠤᠤ ᠶᠢᠨ ᠢᠶᠠᠨ ᠶᠠᠩᠵᠤ ᠶᠢ ᠭᠠᠷᠭᠠᠵᠤ ᠤᠶᠠᠬᠤ ᠶᠢ | ᠪᠠᠷᠢᠮᠳᠠᠯᠠᠨ᠎ᠠ᠃ ᠳᠠᠪᠤᠳᠤᠭᠠᠷ ᠰᠢᠳᠤ ᠠᠴᠠ ᠴᠢᠨᠠᠭᠰᠢᠳᠠ ᠨᠢᠬᠡᠨᠳᠡ ᠪᠠᠩᠬᠠᠶᠢᠭᠰᠠᠨ ᠪᠦᠳᠦᠬᠦᠨ ᠪᠤᠯᠳᠠᠭ ᠳᠤᠯᠠ | ᠦᠬᠡᠷ᠎ᠠ ᠤᠷᠢᠶᠠᠮᠠᠭ ᠳᠡᠭᠡᠰᠤ ᠪᠠᠷ ᠴᠢᠩᠭᠠᠯᠠᠨ ᠤᠷᠢᠶᠠᠵᠤ ᠳᠠᠰᠬᠠᠭᠠᠳ ᠰᠠᠶ᠋ᠢ ᠤᠷᠢᠶᠠᠵᠤ ᠪᠠᠶᠢᠭ᠎ᠠ ᠤᠳᠠᠰᠤ ᠪᠠᠷ | ᠢᠶᠠᠨ ᠪᠠᠬᠢᠯᠡᠨ ᠤᠶᠠᠨ᠎ᠠ᠃ ᠡᠨᠡ ᠮᠡᠳᠤ ᠪᠠᠷ ᠳᠤᠬᠤᠢ ᠬᠠᠭᠠᠰ ᠤᠷᠳᠤ ᠳᠤᠤᠵᠤᠤ ᠶᠢᠨ ᠡᠰᠢ ᠶᠢ ᠬᠤᠶᠠᠷ ᠬᠤᠷᠤᠭᠤ | ᠶᠢ ᠠᠯᠤᠰᠯᠠᠬᠤ ᠪᠦᠷᠢ ᠨᠢᠬᠡ ᠤᠷᠢᠶᠠᠵᠤ ᠪᠠᠬᠢᠯᠡᠭᠡᠳ ᠤᠶᠠᠵᠤ ᠳᠠᠭᠤᠰᠬᠠᠨ᠎ᠠ᠃ | ᠳᠤᠤᠵᠤᠤ ᠰᠢᠰᠢ᠂ ᠰᠢᠰᠢ ᠶᠢᠨ ᠳᠤᠯᠤᠭᠠᠢ ᠪᠤᠶᠤ ᠤᠯᠠᠯᠵᠢ ᠪᠠᠷ ᠤᠶᠠᠬᠤ ᠵᠢᠵᠢᠭ ᠳᠤᠤᠵᠤᠤ ᠶᠢ ᠴᠦᠮ ᠳᠤᠰ | ᠠᠷᠭ᠎ᠠ ᠪᠠ ᠶᠠᠪᠤᠴᠠ ᠪᠠᠷ ᠤᠶᠠᠨ᠎ᠠ᠃ | ᠱᠦᠬᠦᠷ | ᠬᠠᠰᠢᠶ᠎ᠠ ᠬᠦᠷᠢᠶ᠎ᠠ ᠶᠢᠨ ᠯᠠᠢ ᠯᠤᠭ ᠢ ᠬᠤᠮᠢᠵᠦ ᠠᠷᠢᠯᠭᠠᠬᠤ ᠪᠤᠶᠤ ᠦᠳᠦᠷᠮ᠎ᠠ ᠶᠢᠨ ᠪᠤᠳᠠᠭᠠᠨ ᠤ ᠨᠠᠷᠢᠨ ᠪᠦᠳᠦᠬᠦᠨ | ᠬᠡᠪᠡᠭ ᠰᠦᠷᠡᠯ ᠢ ᠭᠤᠶᠠᠳᠠᠨ ᠠᠷᠢᠯᠭᠠᠬᠤ ᠳᠤ ᠬᠡᠷᠡᠭᠯᠡᠳᠡᠭ ᠤᠷᠳᠤ ᠡᠰᠢ ᠲᠠᠢ ᠠᠷᠢᠯᠭᠠᠭᠤᠷ ᠪᠠᠭᠠᠵᠢ ᠶᠢ ᠱᠦᠬᠦᠷ | ᠭᠡᠳᠡᠭ᠃ | ᠱᠦᠬᠦᠷ ᠨᠢ ᠱᠦᠬᠦᠷ ᠤᠨ ᠦᠵᠦᠬᠦᠷ᠂ ᠱᠦᠬᠦᠷ᠂ ᠱᠦᠬᠦᠷ ᠤᠨ ᠪᠤᠭᠤᠮᠢ ᠪᠤᠶᠤ ᠡᠰᠢ ᠵᠡᠷᠭᠡ ᠭᠡᠰᠡᠭ ᠢᠶᠠᠷ | ᠪᠦᠷᠢᠯᠳᠦᠨ᠎ᠠ᠃ ᠦᠨᠡᠨᠳᠡᠬᠡᠨ ᠦᠵᠡᠬᠦ ᠳᠤ ᠯᠠᠭᠰᠠᠭᠠᠷ ᠳᠤᠯᠤᠭᠠᠢ ᠶᠢᠨ ᠭᠡᠰᠡᠭ ᠢ ᠨᠢ ᠱᠦᠬᠦᠷ ᠭᠡᠵᠤ᠂ ᠦᠯᠡᠳᠡᠭᠰᠡᠨ | ᠢ ᠨᠢ ᠡᠰᠢ ᠭᠡᠳᠡᠭ ᠪᠤᠯᠪᠠᠴᠤ᠂ ᠯᠠᠭᠰᠠᠭᠠᠷ ᠳᠤᠯᠤᠭᠠᠢ ᠶᠢ ᠨᠢ ᠪᠠᠰᠠ ᠬᠠᠪᠳᠠᠭᠠᠶᠢᠯᠠᠨ ᠳᠠᠷᠤᠵᠤ ᠬᠡᠪᠰᠢᠬᠦᠯᠦᠬᠡᠳ᠂ | ᠱᠦᠬᠦᠷ ᠤᠨ ᠦᠵᠦᠬᠦᠷ᠂ ᠱᠦᠬᠦᠷ ᠤᠨ ᠡᠯᠢᠬᠡ᠂ ᠵᠡᠬᠦᠨ ᠪᠠᠷᠠᠭᠤᠨ ᠵᠠᠪᠠᠵᠢ ᠭᠡᠵᠤ ᠢᠯᠭᠠᠨ ᠰᠠᠯᠭᠠᠨ ᠨᠡᠷᠡᠯᠡᠵᠦ | ᠳᠠᠭᠤᠳᠠᠳᠠᠭ ᠪᠦᠬᠡᠳ ᠬᠤᠶᠠᠷ ᠵᠠᠪᠠᠵᠢ ᠰᠠᠯᠵᠤ ᠭᠠᠷᠬᠤ ᠭᠡᠰᠡᠭ ᠢ ᠱᠦᠬᠦᠷ ᠤᠨ ᠪᠠᠭᠠᠯᠵᠤᠷ ᠭᠡᠬᠦ ᠪᠤᠶᠤ ᠪᠤᠭᠤᠮᠢ | ᠭᠡᠳᠡᠭ᠃ ᠱᠦᠬᠦᠷ ᠤᠨ ᠪᠤᠭᠤᠮᠢ ᠠᠴᠠ ᠪᠠᠨ ᠱᠦᠬᠦᠷ ᠤᠨ ᠡᠰᠢ ᠶᠢ ᠭᠤᠷᠪᠠᠨ ᠳᠤᠬᠤᠢ ᠰᠤᠩᠭᠠᠨ ᠤᠶᠠᠳᠠᠭ᠃ | ᠱᠦᠬᠦᠷ ᠢ ᠠᠯᠳᠠᠭᠠᠨ᠎ᠠ ᠶᠢᠨ ᠦᠨᠳᠦᠰᠦ ᠪᠤᠶᠤ ᠪᠤᠷᠭᠠᠰᠤ ᠪᠠᠷ ᠤᠶᠠᠵᠤ ᠪᠤᠭᠤᠳᠠᠭ᠃ ᠱᠦᠬᠦᠷ ᠢ ᠪᠠᠰᠠ | ᠬᠦᠷᠢᠶᠡᠨ ᠱᠦᠬᠦᠷ᠂ ᠦᠳᠦᠷᠮ᠎ᠠ ᠶᠢᠨ ᠱᠦᠬᠦᠷ ᠭᠡᠵᠤ ᠢᠯᠭᠠᠬᠤ ᠮᠦᠷᠳᠡᠭᠡᠨ ᠪᠦᠳᠦᠬᠦᠨ ᠱᠦᠬᠦᠷ᠂ ᠨᠠᠷᠢᠨ ᠱᠦᠬᠦᠷ | ᠭᠡᠵᠤ ᠢᠯᠭᠠᠨ᠂ ᠡᠬᠢ ᠮᠠᠲ᠋ᠧᠷᠢᠶᠠᠯ ᠢᠶᠠᠷ ᠨᠢ ᠪᠤᠷᠭᠠᠰᠤᠨ ᠱᠦᠬᠦᠷ᠂ ᠠᠯᠳᠠᠭᠠᠨ᠎ᠠ ᠶᠢᠨ ᠱᠦᠬᠦᠷ᠂ ᠶᠠᠰᠢᠯ ᠤᠨ | ᠱᠦᠬᠦᠷ᠂ ᠬᠠᠷᠠᠭᠠᠨ᠎ᠠ ︵ᠬᠡᠬᠡᠷ᠎ᠠ ᠶᠢᠨ ᠬᠦᠢᠯᠡᠰᠤ ᠶᠢ ᠬᠠᠷᠠᠭᠠᠨ᠎ᠠ ᠭᠡᠵᠤ ᠬᠡᠯᠡᠵᠦ ᠵᠠᠩᠰᠢᠪᠠ︶ ᠶᠢᠨ ᠱᠦᠬᠦᠷ᠂ | ᠬᠤᠯᠤᠰᠤᠨ ᠱᠦᠬᠦᠷ ᠭᠡᠬᠦ ᠮᠡᠳᠤ ᠪᠠᠷ ᠨᠡᠷᠡᠯᠡᠬᠦ ᠪᠦᠬᠡᠳ ᠬᠡᠷᠡᠭᠰᠡᠯ ᠢᠶᠠᠷ ᠨᠢ ᠬᠤᠭ ᠤᠨ ᠱᠦᠬᠦᠷ᠂ ᠬᠤᠤᠷᠭᠤᠯ ᠤᠨ | ᠱᠦᠬᠦᠷ᠂ ᠮᠦᠶᠡ ᠶᠢᠨ ᠱᠦᠬᠦᠷ᠂ ᠰᠢᠪᠠᠭᠠᠨ ᠱᠦᠬᠦᠷ᠂ ᠦᠳᠦᠷᠮ᠎ᠠ ᠶᠢᠨ ᠤᠯᠠ ᠶᠢᠨ ᠱᠦᠬᠦᠷ ᠭᠡᠬᠦ ᠵᠡᠷᠭᠡ ᠪᠠᠷ | ᠢᠯᠭᠠᠨ ᠰᠠᠯᠭᠠᠵᠤ ᠳᠠᠭᠤᠳᠠᠳᠠᠭ ᠪᠠᠶᠢᠭ᠎ᠠ ᠶᠤᠮ᠃ | ᠱᠦᠬᠦᠷ ᠢ ᠬᠡᠷᠡᠭᠯᠡᠬᠡᠨ ᠤ ᠱᠠᠭᠠᠷᠳᠠᠯᠭ᠎ᠠ ᠶᠤᠰᠤᠭᠠᠷ ᠤᠶᠠᠨ᠎ᠠ᠃ ᠮᠦᠨᠴᠤ ᠱᠦᠬᠦᠷ ᠪᠡᠶ᠎ᠠ ᠪᠤᠯᠤᠨ ᠡᠰᠢ ᠪᠡᠶ᠎ᠠ ᠶᠢ | ᠳᠡᠩᠨᠡᠬᠦᠯᠦᠨ ᠤᠶᠠᠵᠤ᠂ ᠱᠦᠬᠦᠷ ᠪᠡᠶ᠎ᠠ ᠶᠢ ᠬᠦᠨᠳᠦ ᠪᠢᠰᠢ᠂ ᠬᠦᠡᠭᠭᠡᠨ ᠪᠢᠰᠢ᠂ ᠤᠷᠳᠤ ᠪᠢᠰᠢ᠂ ᠤᠬᠤᠷ ᠪᠢᠰᠢ ᠪᠠᠷ | ᠤᠶᠠᠨ᠎ᠠ᠃ ᠡᠰᠢ ᠶᠢ ᠮᠥᠨ ᠱᠦᠬᠦᠷ ᠪᠡᠶ᠎ᠠ ᠶᠢᠨ ᠪᠠᠶᠢᠳᠠᠯ ᠳᠤ ᠵᠤᠬᠢᠴᠠᠭᠤᠯᠤᠨ ᠨᠠᠷᠢᠨ ᠴᠦ ᠪᠢᠰᠢ᠂ ᠪᠦᠳᠦᠬᠦᠨ ᠴᠦ | ᠪᠢᠰᠢ ᠪᠠᠷ ᠵᠠᠰᠠᠵᠤ ᠤᠶᠠᠳᠠᠭ ᠶᠤᠮ᠃ | ᠶᠠᠮᠠᠷ ᠴᠦ ᠮᠠᠲ᠋ᠧᠷᠢᠶᠠᠯ ᠢᠶᠠᠷ ᠤᠶᠠᠭᠰᠠᠨ ᠴᠦ ᠳᠡᠷᠡ᠂ ᠱᠦᠬᠦᠷ ᠪᠡᠶ᠎ᠠ ᠶᠢ ᠳᠠᠷᠤᠵᠤ ᠳᠠᠰᠬᠠᠳᠠᠭ᠃ ᠦᠵᠦᠬᠦᠷ | ᠪᠡᠶ᠎ᠠ ᠶᠢ ᠨᠢ ᠪᠠᠭ᠋ᠠᠨ ᠡᠷᠳᠡᠭ᠂ ᠡᠯᠢᠬᠡ ᠪᠠᠷ ᠢᠶᠠᠨ ᠪᠠᠭ᠋ᠠᠨ ᠮᠢᠳᠠᠭᠠᠷ᠂ ᠬᠤᠶᠠᠷ ᠵᠠᠪᠠᠵᠢ ᠨᠢ ᠰᠡᠷᠪᠡᠭ᠂ ᠱᠦᠬᠦᠷ ᠪᠡᠶ᠎ᠠ | ᠪᠠᠷ ᠢᠶᠠᠨ ᠬᠠᠪᠳᠠᠭᠠᠢ ᠪᠤᠯᠭᠠᠨ ᠵᠠᠰᠠᠳᠠᠭ᠃ ᠡᠰᠢ ᠶᠢ ᠦᠵᠦᠬᠦᠷ ᠦᠬᠡᠳᠡ ᠪᠠᠨ ᠪᠠᠭ᠎ᠠ ᠱᠤᠪᠳᠤᠭ ᠰᠢᠭ᠋ ᠢᠶᠠᠷ ᠮᠤᠳᠤ | ᠨᠡᠮᠡᠬᠦ ᠪᠤᠶᠤ ᠬᠠᠰᠤᠬᠤ ᠠᠷᠭ᠎ᠠ ᠪᠠᠷ ᠵᠠᠰᠠᠨ ᠤᠶᠠᠵᠤ᠂ ᠲᠦᠬᠡ ᠰᠦᠬᠦᠮ ᠵᠠᠢ ᠪᠠᠷ ᠡᠷᠡᠵᠦ ᠤᠶᠠᠨ᠎ᠠ᠃ ᠱᠦᠬᠦᠷ ᠤᠨ | ᠭᠡᠰᠡᠭ ᠨᠠᠮᠢᠯᠵᠠᠬᠤ ᠠᠴᠠ ᠪᠢᠰᠢ ᠡᠰᠢ ᠨᠠᠮᠢᠯᠵᠠᠬᠤ ᠦᠭᠡᠢ ᠭᠡᠮᠵᠢᠶ᠎ᠠ ᠪᠠᠷᠢᠮᠵᠢᠶ᠎ᠠ ᠪᠠᠷ ᠤᠶᠠᠳᠠᠭ᠃ | ᠱᠦᠬᠦᠷ ᠢᠶᠠᠨ ᠬᠡᠷᠡᠭᠯᠡᠬᠦ ᠦᠭᠡᠢ ᠦᠶ᠎ᠠ ᠳᠤ ᠬᠡᠷᠡᠮ ᠬᠠᠰᠢᠶ᠎ᠠ ᠶᠢᠨ ᠢᠶᠠᠨ ᠪᠤᠯᠤᠩ ᠳᠤ ᠱᠦᠬᠦᠷ ᠪᠡᠶ᠎ᠠ ᠶᠢ ᠨᠢ | ᠳᠡᠭᠡᠭᠰᠢ ᠬᠠᠨᠳᠤᠭᠤᠯᠤᠨ ᠪᠤᠰᠬᠠᠵᠤ ᠳᠠᠯᠪᠢᠨ᠎ᠠ᠃ ᠬᠤᠷᠢᠶᠠᠵᠤ ᠬᠠᠳᠠᠭᠠᠯᠠᠪᠠᠯ ᠢᠯᠡᠬᠦᠦ ᠬᠡᠷ᠂ ᠦᠪᠤᠡᠭ ᠳᠤ ᠪᠠᠨ | ᠬᠠᠨ᠎ᠠ ᠶᠢ ᠨᠢ ᠳᠠᠭᠠᠭᠤᠯᠤᠨ ᠬᠦᠨᠳᠡᠯᠡᠨ ᠢᠶᠠᠷ ᠬᠡᠪᠳᠡᠬᠦᠯᠦᠨ ᠡᠯᠬᠦᠵᠦ ᠳᠠᠯᠪᠢᠨ᠎ᠠ᠃ ᠮᠤᠩᠭᠤᠯᠴᠤᠳ ᠱᠦᠬᠦᠷ ᠢ ᠪᠤᠭ | ᠴᠢᠳᠬᠦᠷ ᠤᠨ ᠳᠠᠷᠤᠯᠭ᠎ᠠ᠂ ᠠᠷᠢᠭᠤᠨ ᠴᠡᠪᠡᠷ ᠤᠨ ᠬᠦᠳᠦᠯᠦᠭᠴᠢ ᠪᠠᠷ ᠦᠵᠡᠳᠡᠭ᠃ | ᠪᠠ ᠰᠦᠯᠵᠢᠶᠡᠰᠤ | ᠡᠷᠳᠡ ᠦᠶ᠎ᠠ ᠶᠢᠨ ᠡᠪᠦᠭᠡ ᠳᠡᠬᠡᠳᠤᠰ ᠠᠴᠠ ᠠᠪᠤᠭᠠᠳ ᠡᠪᠡᠰᠤ ᠮᠤᠳᠤ᠂ ᠦᠨᠳᠦᠰᠦ ᠳᠡᠭᠡᠰᠤ ᠪᠠᠷ ᠬᠦᠷᠦᠵᠦ | ᠰᠦᠯᠵᠢᠨ ᠳᠤᠤᠷᠯᠠᠬᠤ ᠵᠡᠷᠭᠡ ᠠᠷᠭ᠎ᠠ ᠠᠪᠴᠠᠯ ᠢᠶᠠᠷ ᠪᠦᠳᠦᠬᠦᠯᠢᠭ ᠠᠮᠢᠳᠤᠷᠠᠯ ᠢᠶᠠᠨ ᠡᠷᠭᠡᠰᠢᠶᠡᠨ ᠠᠷᠭᠠᠴᠠᠵᠤ᠂ ᠠᠮᠢ | ᠭᠤᠤᠯ ᠵᠢᠭᠤᠵᠤ ᠪᠠᠶᠢᠭᠰᠠᠨ ᠠᠴᠠ ᠪᠠᠨ ᠠᠩᠨᠠᠵᠤ ᠠᠯᠠᠯᠳᠤᠬᠤ ᠵᠡᠪᠰᠡᠭ᠂ ᠤᠶᠠᠵᠤ ᠬᠦᠯᠢᠬᠦ ᠪᠠᠭᠠᠵᠢ᠂ ᠨᠠᠷᠠ ᠰᠠᠯᠬᠢ | ᠶᠢ ᠬᠠᠯᠬᠠᠯᠠᠬᠤ ᠮᠠᠶᠢᠬᠠᠨ ᠰᠠᠷᠠᠪᠴᠢ᠂ ᠬᠤᠷᠢᠵᠦ ᠬᠠᠰᠢᠶᠠᠯᠠᠬᠤ ᠳᠤᠤᠷ ᠰᠦᠯᠵᠢᠶᠡᠰᠤ ᠦᠢᠯᠡᠳᠬᠦ ᠵᠡᠷᠭᠡ ᠪᠠᠷ | ᠠᠮᠢᠳᠤᠷᠠᠯ ᠤᠨ ᠰᠠᠯᠠᠭ᠎ᠠ ᠮᠦᠴᠢᠷ ᠢ ᠬᠤᠪᠢᠶᠠᠷᠢᠯᠠᠨ᠂ ᠤᠷᠳᠤ ᠬᠤᠭᠤᠴᠠᠭᠠᠨ ᠤ ᠴᠠᠭ ᠦᠶ᠎ᠠ ᠪᠠᠷ ᠠᠯᠬᠤᠮ ᠠᠯᠬᠤᠮ | ᠶᠢᠨ ᠰᠠᠶᠢᠵᠢᠷᠠᠭᠤᠯᠤᠭᠰᠠᠭᠠᠷ ᠠᠰ ᠳᠤᠰ ᠤᠨ ᠦᠷ᠎ᠠ ᠪᠦᠳᠦᠬᠡᠯ ᠢ ᠤᠯᠵᠤ᠂ ᠤᠶᠢᠷ᠎ᠠ ᠤᠷᠴᠢᠮ ᠤᠨ ᠱᠠᠳᠤ ᠦᠶ᠎ᠠ | ᠶᠢᠨ ᠰᠢᠨ᠎ᠠ ᠬᠦᠭᠵᠢᠯᠳᠡ ᠶᠢᠨ ᠱᠠᠳᠤᠨ ᠳᠤ ᠬᠦᠷᠴᠤ ᠢᠷᠡᠭᠰᠡᠨ ᠶᠤᠮ᠃ | ᠤᠨᠴᠠᠭᠠᠶᠢᠯᠠᠨ ᠳᠤᠤᠷᠯᠠᠵᠤ ᠰᠦᠯᠵᠢᠬᠦ ᠤᠷ᠎ᠠ ᠮᠡᠷᠭᠡᠵᠢᠯ ᠢᠶᠠᠷ ᠠᠪᠴᠤ ᠬᠡᠯᠡᠭᠰᠡᠨ ᠴᠦ ᠮᠤᠳᠤ᠂ ᠦᠨᠳᠦᠰᠦ᠂ | ᠳᠡᠭᠡᠰᠤ ᠪᠠᠷ ᠰᠠᠭᠠᠳ ᠬᠤᠷᠢᠭ ᠬᠢᠵᠦ ᠪᠠᠶᠢᠭᠰᠠᠨ ᠠᠴᠠ ᠪᠠᠨ ᠠᠯᠬᠤᠮ ᠠᠯᠬᠤᠮ ᠢᠶᠠᠷ ᠠᠷᠭ᠎ᠠ ᠬᠡᠯᠪᠡᠷᠢ ᠪᠠᠨ | ᠰᠠᠶᠢᠵᠢᠷᠠᠭᠤᠯᠤᠨ ᠨᠠᠷᠢᠯᠢᠭ ᠬᠢᠴᠠ ᠤᠷᠤᠭᠤ ᠰᠢᠯᠵᠢᠨ ᠤᠷᠤᠵᠤ᠂ ᠳᠤᠭᠳᠠᠩᠭᠤᠢ ᠰᠢᠪᠡᠬᠡᠨ ᠬᠠᠰᠢᠶ᠎ᠠ ᠬᠠᠪᠴᠢᠨ | ᠪᠠᠷᠢᠬᠤ ᠪᠤᠶᠤ ᠰᠢᠯᠵᠢᠩᠭᠦᠢ ᠬᠦᠳᠡᠯᠦᠩᠭᠦᠢ ᠵᠡᠮᠪᠡ ᠶᠢᠨ ᠬᠠᠰᠢᠶ᠎ᠠ ᠪᠤᠰᠬᠠᠬᠤ ᠪᠤᠯᠤᠭᠰᠠᠨ ᠶᠤᠮ᠃ ᠵᠠᠮᠪᠠ ᠬᠦᠷᠦᠵᠦ | ᠬᠠᠰᠢᠶ᠎ᠠ ᠪᠤᠰᠬᠠᠬᠤ ᠨᠢ ᠡᠬᠢ ᠮᠠᠲ᠋ᠧᠷᠢᠶᠠᠯ ᠳᠤ ᠠᠷᠪᠢᠳᠠᠢ ᠮᠦᠷᠳᠡᠭᠡᠨ ᠦᠷ᠎ᠠ ᠠᠰᠢᠭ ᠢᠶᠠᠷ ᠶᠡᠭᠡ᠂ ᠦᠵᠡᠮᠵᠢ ᠲᠠᠢ | ᠰᠠᠶᠢᠬᠠᠨ ᠪᠠᠷᠠᠭ᠎ᠠ ᠪᠤᠯᠵᠤ ᠲᠦᠬᠡᠮᠡᠯ ᠳᠡᠯᠬᠡᠷᠡᠵᠦ ᠢᠷᠡᠭᠰᠡᠨ ᠶᠤᠮ᠃ ᠤᠨᠴᠠᠭᠠᠶᠢᠯᠠᠨ ᠳᠤᠷᠠᠳᠴᠤ ᠬᠡᠯᠡᠪᠡᠯ ᠮᠤᠩᠭᠤᠯ | ᠬᠡᠷ ᠠᠴᠠ ᠪᠠᠨ ᠪᠠᠭ᠎ᠠ ᠪᠠᠭ᠎ᠠ ᠪᠠᠷ ᠪᠠᠶᠢᠰᠢᠩ ᠬᠡᠷ ᠪᠤᠯᠵᠤ ᠢᠷᠡᠬᠦ ᠦᠶ᠎ᠠ ᠳᠤ ᠵᠠᠮᠪᠠ ᠬᠦᠷᠦᠮᠡᠯ ᠨᠢ ᠬᠡᠷ ᠤᠨ ᠠᠳᠠᠭᠠᠷ | ᠪᠤᠯᠵᠤ᠂ ᠪᠦᠬᠡ ᠡᠳ᠋ᠯᠡᠯ ᠪᠦᠬᠡᠳ ᠰᠠᠶᠢᠬᠠᠨ ᠡᠳ᠋ᠯᠡᠯ ᠤᠨ ᠳᠠᠩᠰᠠᠨ ᠳᠤ ᠳᠡᠮᠳᠡᠭᠯᠡᠭᠳᠡᠵᠦ ᠢᠷᠡᠭᠰᠡᠨ ᠶᠤᠮ᠃ | ᠡᠶᠢᠮᠤ ᠠᠴᠠ ᠪᠠ ᠬᠦᠷᠦᠯᠬᠡ ᠨᠢ ᠠᠶᠢᠯ ᠡᠷᠤᠬᠡ ᠶᠢᠨ ᠠᠮᠢᠳᠤᠷᠠᠯ ᠢ ᠡᠷᠬᠦᠵᠦ ᠢᠷᠡᠭᠰᠡᠨ ᠭᠠᠷ ᠤᠷᠠᠯᠠᠯ ᠤᠨ | ᠴᠢᠮᠡᠭ ᠡᠳ᠋᠂ ᠦᠵᠡᠮᠵᠢ ᠲᠠᠢ ᠡᠳ᠋᠂ ᠬᠠᠶᠢᠷᠠᠳᠠᠢ ᠡᠳ᠋ ᠪᠤᠯᠵᠤ ᠢᠷᠡᠭᠰᠡᠨ ᠶᠤᠮ᠃ | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ᠂ ᠪᠤᠷᠭᠠᠰᠤ᠂ ᠬᠤᠨᠭ᠍ᠭᠤᠷᠴᠤᠭᠳᠤ ᠮᠤᠳᠤ᠂ | ᠵᠤᠯᠵᠠᠭ᠎ᠠ ᠮᠤᠳᠤ ᠪᠤᠶᠤ ᠮᠤᠳᠤᠨ ᠤ ᠰᠠᠯᠠᠭ᠎ᠠ ᠪᠠᠷ ᠨᠤᠭᠤᠰᠤ ᠭᠠᠳᠠᠵᠤ ᠵᠠᠮᠪᠠ ᠬᠦᠷᠦᠬᠦ ᠪᠤᠶᠤ ᠴᠠᠬᠢᠷᠰᠤ ᠰᠢᠭ᠋ | ᠳᠡᠪᠢᠰᠬᠡᠷᠯᠡᠨ ᠬᠠᠶᠢᠴᠢᠯᠠᠵᠤ ᠬᠦᠷᠦᠬᠦ ᠵᠠᠮᠪᠠ ᠪᠠᠨ ᠶᠡᠷᠤᠩᠭᠡᠶᠢᠯᠡᠬᠡᠳ ᠪᠠ ᠭᠡᠵᠤ ᠨᠡᠷᠡᠯᠡᠳᠡᠭ᠃ ᠪᠠ ᠶᠢᠨ ᠲᠦᠷᠦᠯ ᠳᠤ | ᠳᠠᠯ᠎ᠠ ᠪᠠ᠂ ᠴᠢᠭᠢᠷᠰᠤᠨ ᠪᠠ᠂ ᠫᠠᠶᠢᠰᠠᠨ ︵ᠠᠳᠠᠭᠠᠷ ᠤᠨ︶ ᠪᠠ᠂ ᠤᠷᠢᠶᠠᠮᠠᠭ ᠪᠠ ᠭᠡᠬᠦ ᠵᠡᠷᠭᠡ ᠪᠠᠷ ᠬᠤᠪᠢᠶᠠᠷᠢᠯᠠᠬᠤ | ᠪᠦᠬᠡᠳ ᠡᠬᠢ ᠮᠠᠲ᠋ᠧᠷᠢᠶᠠᠯ ᠢᠶᠠᠷ ᠨᠢ ᠪᠤᠷᠭᠠᠰᠤᠨ ᠪᠠ᠂ ᠮᠤᠳᠤᠨ ᠪᠠ᠂ ᠬᠠᠶᠢᠯᠠᠰᠤᠨ ᠪᠠ᠂ ᠬᠤᠨᠭ᠍ᠭᠤᠷᠴᠤᠭᠳᠤ | ᠮᠤᠳᠤᠨ ᠪᠠ᠂ ᠬᠤᠯᠤᠰᠤᠨ ᠪᠠ ᠭᠡᠬᠦ ᠵᠡᠷᠭᠡ ᠪᠠᠷ ᠳᠤᠰᠬᠠᠷᠯᠠᠨ ᠨᠡᠷᠡᠯᠡᠳᠡᠭ᠃ | ᠳᠠᠯ᠎ᠠ ᠪᠠ | ᠬᠦᠷᠦᠬᠦ ᠳᠠᠯ᠎ᠠ ᠨᠢ ᠦ ᠰᠡᠪᠡ ᠦᠭᠡᠢ ᠬᠦᠯᠢᠬᠡᠷ ᠰᠠᠶᠢᠬᠠᠨ᠂ ᠬᠦᠷᠦᠬᠦ ᠮᠦᠷ᠂ ᠬᠤᠸᠠᠷ ᠨᠢ ᠵᠤᠷᠪᠤᠰ ᠵᠤᠷᠪᠤᠰ | ᠢᠶᠠᠷ ᠵᠤᠷᠠᠶᠢᠭᠰᠠᠨ ᠪᠦᠬᠡᠳ ᠨᠦᠬᠦᠬᠡ ᠠᠷᠤ ᠳᠠᠯ᠎ᠠ ᠨᠢ ᠭᠤᠤᠷᠰᠤ ᠨᠢ ᠠᠷᠵᠠᠶᠢᠵᠦ᠂ ᠦᠵᠦᠬᠦᠷ ᠨᠠᠮᠠᠭ᠎ᠠ ᠨᠢ | ᠡᠷᠪᠡᠶᠢᠵᠦ ᠰᠡᠷᠪᠡᠶᠢᠭᠰᠡᠨ ᠬᠤᠶᠠᠷ ᠶᠠᠩᠵᠤ ᠶᠢᠨ ᠨᠢᠭᠤᠷ ᠳᠠᠯ᠎ᠠ ᠲᠠᠢ ᠪᠠ ᠶᠢ ᠳᠠᠯ᠎ᠠ ᠪᠠ ᠬᠡᠨ᠎ᠠ᠃ | ᠳᠠᠯ᠎ᠠ ᠪᠠ ᠶᠢ ᠨᠤᠭᠤᠰᠤ ᠭᠠᠳᠠᠵᠤ ᠪᠤᠰᠤᠭ᠎ᠠ ᠪᠠᠷ ᠬᠦᠷᠦᠳᠡᠭ᠃ ᠨᠤᠭᠤᠰᠤ ᠭᠡᠳᠡᠭ ᠨᠢ ᠳᠠᠷᠤᠢ ᠳᠠᠪᠤᠨ | ᠬᠤᠷᠤᠭᠤ ᠶᠢᠨ ᠵᠠᠢ ᠳᠤ ᠨᠢᠬᠡ ᠢᠵᠢ ᠨᠤᠭᠤᠰᠤ ᠶᠢ ︵ᠨᠢᠬᠡ ᠢᠵᠢᠨᠢ ᠬᠤᠶᠠᠷ ᠠᠴᠠ ᠲᠦᠷᠪᠡᠨ ᠠᠰᠬᠠᠨ ᠪᠤᠷᠭᠠᠰᠤ | ᠶᠢ ᠵᠡᠷᠭᠡᠴᠡᠬᠦᠯᠬᠦ ᠶᠢ ᠬᠡᠯᠡᠨ᠎ᠠ︶ ᠪᠤᠰᠬᠠᠨ᠎ᠠ᠃ ᠪᠤᠰᠬᠠᠭᠰᠠᠨ ᠨᠤᠭᠤᠰᠤ ᠪᠠᠨ ᠨᠢᠬᠡ ᠶᠢ ᠲᠦᠯᠬᠢᠵᠦ᠂ ᠨᠢᠬᠡ ᠶᠢ | ᠳᠠᠳᠠᠬᠤ ︵ᠦᠬᠡᠷ᠎ᠠ ᠪᠠᠷ ᠬᠡᠯᠡᠪᠡᠯ ᠰᠠᠭᠰᠤᠨ ᠤ ᠬᠦᠷᠦᠯᠬᠡ ᠶᠢᠨ ᠨᠢᠬᠡ ᠶᠢ ᠳᠠᠷᠤᠵᠤ᠂ ᠨᠢᠬᠡ ᠶᠢ ᠡᠷᠬᠦᠬᠦ ᠠᠷᠭ᠎ᠠ ᠶᠢ | ᠬᠡᠯᠡᠨ᠎ᠠ︶ ᠠᠷᠭ᠎ᠠ ᠪᠠᠷ ᠬᠦᠷᠦᠳᠡᠭ᠃ | ᠳᠠᠯ᠎ᠠ ᠪᠠ ᠬᠦᠷᠦᠬᠦ ᠳᠤ ᠪᠠᠨ ᠤᠷᠢᠳᠡᠪᠡᠷ ᠬᠡᠳᠤᠨ ᠵᠤᠶᠢᠯ ᠤᠨ ᠪᠡᠯᠡᠳᠬᠡᠯ ᠠᠵᠢᠯ ᠢ ᠬᠢᠵᠦ ᠬᠦᠢᠴᠡᠳᠬᠡᠳᠡᠭ᠃ | ᠨᠢᠬᠡ ᠳᠤ᠂ ᠶᠠᠮᠠᠷ ᠬᠦᠷᠦᠯᠬᠡ ᠶᠢᠨ ᠪᠤᠷᠭᠠᠰᠤ ᠪᠠᠷ ᠬᠦᠷᠦᠬᠦ ᠪᠠᠨ ᠳᠤᠭᠳᠠᠭᠠᠵᠤ᠂ ᠬᠡᠳᠤᠢ ᠪᠤᠰᠤᠭ᠎ᠠ᠂ ᠭᠡᠳᠤᠢ ᠤᠷᠳᠤ | ᠬᠦᠷᠦᠬᠦ ᠶᠠᠩᠵᠤ ᠪᠠᠷ ᠢᠶᠠᠨ ᠬᠡᠷᠡᠭᠯᠡᠬᠦ ᠬᠦᠷᠦᠯᠬᠡ ᠶᠢᠨ ᠪᠤᠷᠭᠠᠰᠤ ᠪᠤᠶᠤ ᠨᠤᠭᠤᠰᠤ ᠶᠢ ᠪᠡᠯᠡᠳᠬᠡᠨ ᠴᠤᠭᠯᠠᠭᠤᠯᠤᠨ᠎ᠠ᠃ | ᠬᠤᠶᠠᠷ ᠲᠤ᠂ ᠨᠤᠭᠤᠰᠤ ᠶᠢ ᠵᠠᠰᠠᠨ ᠵᠠᠯᠠᠵᠤ ᠠᠰᠯᠠᠭᠠᠳ᠂ ᠪᠤᠭᠤᠵᠢᠯᠠᠵᠤ ᠤᠶᠠᠨ ᠳᠠᠰᠬᠠᠨ᠎ᠠ᠃ ᠭᠤᠷᠪᠠ ᠳᠤ᠂ | ᠨᠤᠭᠤᠰᠤ ᠶᠢᠨ ᠨᠦᠬᠡ ᠶᠢ ᠭᠠᠵᠠᠷ ᠲᠤ ᠴᠤᠭᠤᠯᠵᠤ ᠨᠦᠬᠡ ᠭᠠᠷᠭᠠᠬᠤ ᠭᠠᠳᠠᠰᠤ ᠶᠢ ᠪᠡᠯᠡᠳᠭᠡᠨ᠎ᠠ᠃ ᠳᠡᠶᠢᠮᠤᠷᠬᠦ | ᠭᠠᠳᠠᠰᠤ ᠶᠢ ᠪᠠᠭᠠᠳᠤᠷ ᠭᠡᠳᠡᠭ᠃ ᠬᠤᠶᠠᠷ ᠠᠴᠠ ᠭᠤᠷᠪᠠᠨ ᠪᠦᠳᠦᠬᠦᠨ ᠪᠤᠷᠭᠠᠰᠤ ᠶᠢᠨ ᠪᠦᠭᠰᠡ ᠶᠢ ᠪᠠᠭᠳᠠᠬᠤ | ᠦᠷᠬᠡᠨ᠂ ᠨᠢᠬᠡ ᠲᠦᠬᠡ ᠶᠢᠨ ᠭᠠᠳᠠᠨ᠎ᠠ ᠬᠤᠶᠠᠷ ᠬᠤᠷᠤᠭᠤ ᠶᠢᠨ ᠦᠨᠳᠦᠷ ᠬᠠᠳᠠᠭᠤ ᠮᠤᠳᠤ ᠶᠢ ᠪᠦᠭᠰᠡᠨ ᠤ ᠬᠢᠨᠢ | ᠦᠵᠦᠬᠦᠷ ᠤᠷᠴᠢᠮ ᠢᠶᠠᠷ ᠬᠡᠷᠴᠢᠯᠡᠭᠡᠰᠤ ᠭᠠᠷᠭᠠᠨ᠂ ᠰᠢᠷᠢ ᠪᠠᠷ ᠬᠡᠳᠤᠨ ᠳᠠᠪᠬᠤᠷ ᠰᠢᠷᠢᠳᠡᠵᠦ ᠤᠷᠢᠶᠠᠬᠤ ᠪᠤᠶᠤ | ᠳᠠᠮᠤᠷ ᠤᠳᠠᠰᠤ ᠤᠯᠵᠤ ᠬᠡᠳᠤ ᠤᠷᠢᠶᠠᠵᠤ ᠪᠠᠬᠢᠯᠡᠨᠠ᠃ ᠳᠡᠭᠡᠪᠡᠯ ᠰᠦᠬᠡᠨ ᠳᠤᠬᠤ ᠪᠠᠷ ᠤᠳᠠᠭᠠᠨ ᠴᠤᠬᠢᠬᠤ ᠳᠤ | ᠬᠠᠭᠠᠷᠠᠬᠤ ᠦᠭᠡᠢ ᠪᠠᠶᠢᠳᠠᠭ᠃ ᠤᠷᠤᠢ ᠵᠦᠭ ᠲᠤ ᠨᠢ ᠬᠠᠪᠳᠠᠭᠠᠶᠢᠯᠠᠵᠤ ᠦᠵᠦᠬᠦᠷ ᠭᠠᠷᠭᠠᠨ᠎ᠠ᠃ ᠲᠦᠷᠪᠡ ᠳᠤ᠂ | ᠨᠢᠬᠡ ᠳᠤᠬᠤᠢ ᠤᠷᠴᠢᠮ ᠤᠨ ᠬᠤᠶᠠᠷ ᠪᠦᠳᠦᠬᠦᠨ ᠪᠤᠷᠭᠠᠰᠤᠨ ᠭᠠᠳᠠᠰᠤ ᠪᠡᠯᠡᠳᠬᠡᠵᠦ᠂ ᠪᠠ ᠬᠦᠷᠦᠬᠦ ᠤᠷᠳᠤ ᠶᠢᠨ | ᠬᠡᠮᠵᠢᠶᠠᠨ ᠤ ᠤᠳᠠᠰᠤ ᠳᠡᠭᠡᠰᠤ ᠶᠢᠨ ᠬᠤᠶᠠᠷ ᠦᠵᠦᠬᠦᠷ ᠲᠤ ᠪᠠᠬᠢᠯᠡᠵᠦ᠂ ᠤᠳᠠᠰᠤ ᠪᠠᠨ ᠭᠠᠵᠠᠷ ᠨᠠᠭᠠᠯᠳᠤᠳᠠᠯᠠ | ᠬᠤᠶᠠᠷ ᠳᠡᠰᠢ ᠪᠠᠨ ᠳᠠᠳᠠᠨ᠎ᠠ᠃ | ᠳᠠᠯ᠎ᠠ ᠪᠠ ᠶᠢᠨ ᠨᠤᠭᠤᠰᠤ ᠶᠢ ᠵᠡᠬᠦᠨ ᠳᠠᠯ᠎ᠠ ᠠᠴᠠ ᠡᠬᠢᠯᠡᠵᠦ ᠭᠠᠳᠠᠨ᠎ᠠ᠃ ᠳᠠᠳᠠᠭᠰᠠᠨ ᠤᠳᠠᠰᠤ ᠶᠢᠨ ᠨᠢᠬᠡ | ᠵᠠᠬ᠎ᠠ ᠶᠢᠨ ᠭᠠᠳᠠᠰᠤ ᠶᠢᠨ ᠬᠠᠪᠢ ᠳᠤ᠂ ᠤᠳᠠᠰᠤᠨ ᠤ ᠪᠠᠨ ᠨᠠᠭᠠᠳᠤ ᠳᠠᠯ᠎ᠠ ᠳᠤ ᠪᠠᠭᠠᠳᠤᠷ ᠤᠨ ᠦᠵᠦᠬᠦᠷ ᠢᠶᠠᠨ | ᠳᠤᠷᠤᠭᠰᠢ ᠬᠠᠨᠳᠤᠭᠤᠯᠤᠨ ᠬᠡᠮᠵᠢᠶ᠎ᠠ ᠳᠤ ᠪᠠᠨ ᠳᠤᠯᠳᠠᠯ᠎ᠠ ᠭᠠᠳᠠᠭᠠᠳ᠂ ᠪᠠᠭᠠᠳᠤᠷ ᠤᠨ ᠳᠤᠯᠤᠭᠠᠢ ᠶᠢ ᠡᠰᠢ ᠳᠡᠰᠢ | ᠰᠦᠭᠡ ᠪᠠᠷ ᠢᠶᠠᠨ ᠲᠤᠶ᠋ᠢᠵᠦ᠂ ᠰᠢᠷᠤᠢ ᠤᠷᠤᠭᠤᠯᠤᠯ ᠦᠭᠡᠢ ᠪᠠᠷ ᠬᠦᠡᠭᠭᠡᠭᠡᠨ ᠰᠤᠭᠤᠯᠤᠨ ᠠᠪᠤᠨ᠎ᠠ᠃ ᠰᠤᠩᠭᠤᠵᠤ | ᠭᠠᠷᠭᠠᠭᠰᠠᠨ ᠵᠠᠬ᠎ᠠ ᠶᠢᠨ ᠢᠳᠡᠷᠡᠬᠦᠨ ᠨᠤᠭᠤᠰᠤ ᠶᠢ ᠪᠦᠭᠰᠡ ᠪᠠᠷ ᠨᠢ ᠬᠡᠮᠵᠢᠶᠡᠴᠢᠯᠡᠨ ᠬᠢᠵᠦ ᠤᠷᠤᠭᠤᠯᠤᠭᠠᠳ᠂ | ᠬᠠᠭᠤᠷᠠᠢ ᠰᠢᠷᠤᠢ ᠬᠢᠵᠦ ᠰᠢᠯᠬᠡᠬᠡᠳ ᠡᠭᠴᠡ ᠪᠤᠰᠬᠠᠨ᠎ᠠ᠃ ᠵᠠᠬ᠎ᠠ ᠶᠢᠨ ᠨᠤᠭᠤᠰᠤ ᠶᠢᠨ ᠢᠶᠠᠨ ᠪᠠᠷᠠᠭᠤᠨ ᠳᠠᠯ᠎ᠠ ᠳᠤ | ᠭᠠᠷ ᠤᠨ ᠠᠯᠠᠭ᠎ᠠ ᠪᠠᠨ ᠳᠡᠯᠬᠡᠬᠡᠨ ᠳᠤᠷᠤᠭᠰᠢ ᠬᠠᠨᠳᠤᠭᠤᠯᠤᠨ ᠳᠠᠯᠪᠢᠵᠦ ᠬᠡᠮᠵᠢᠶᠡᠯᠡᠨ᠂ ᠲᠦᠷᠪᠡ ᠠᠴᠠ ᠳᠠᠪᠤᠨ | ᠬᠤᠷᠤᠭᠤ ︵ᠨᠠᠷᠢᠨ ᠪᠤᠷᠭᠠᠰᠤ ᠪᠠᠷ ᠬᠦᠷᠦᠬᠦ ᠭᠡᠵᠤ ᠪᠠᠶᠢᠪᠠᠯ ᠲᠦᠷᠪᠡᠨ ᠬᠤᠷᠤᠭᠤ᠂ ᠪᠦᠳᠦᠬᠦᠨ ᠪᠤᠷᠭᠠᠰᠤ ᠪᠠᠷ | ᠬᠦᠷᠦᠬᠦ ᠭᠡᠵᠤ ᠪᠠᠶᠢᠪᠠᠯ ᠳᠠᠪᠤᠨ ᠬᠤᠷᠤᠭᠤ︶ ᠶᠢᠨ ᠵᠠᠢ ᠦᠯᠡᠳᠡᠭᠡᠨ᠂ ᠪᠠᠭᠠᠳᠤᠷ ᠢᠶᠠᠨ ᠭᠠᠳᠠᠵᠤ᠂ ᠨᠦᠬᠦᠬᠡ | ᠨᠤᠭᠤᠰᠤ ᠪᠠᠨ ᠪᠤᠰᠬᠠᠨ᠎ᠠ᠃ | ᠡᠨᠡ ᠮᠡᠳᠤ ᠪᠠᠷ ᠳᠠᠳᠠᠭᠰᠠᠨ ᠳᠡᠭᠡᠰᠤᠨ ᠤ ᠪᠠᠨ ᠦᠵᠦᠬᠦᠷ ᠢ ᠬᠦᠷᠳᠡᠯ᠎ᠠ ᠨᠢᠬᠡ ᠯᠠ ᠤᠳᠠᠰᠤᠨ ᠳᠡᠬᠡᠷ᠎ᠠ | ᠨᠤᠭᠤᠰᠤ ᠪᠠᠨ ᠪᠤᠰᠬᠠᠵᠤ ᠳᠠᠭᠤᠰᠬᠠᠨ᠎ᠠ᠃ | ᠨᠤᠭᠤᠰᠤ ᠪᠠᠨ ᠪᠤᠰᠬᠠᠵᠤ ᠳᠠᠭᠤᠰᠤᠭᠰᠠᠨ ᠤ ᠳᠠᠷᠠᠭ᠎ᠠ᠂ ᠪᠠᠷᠠᠭᠤᠨ ᠬᠦᠮᠦᠨ ᠪᠤᠯ ᠵᠡᠬᠦᠨ ᠳᠠᠯ᠎ᠠ ᠠᠴᠠ᠂ | ᠰᠤᠯᠢᠭᠠᠢ ᠬᠦᠮᠦᠨ ᠪᠤᠯ ᠪᠠᠷᠠᠭᠤᠨ ᠳᠠᠯ᠎ᠠ ᠠᠴᠠ ᠡᠬᠢᠯᠡᠨ ᠳᠤᠱᠠᠨᠠ᠃ ᠳᠠᠯ᠎ᠠ ᠪᠠ ᠶᠢᠨ ᠡᠬᠢᠯᠡᠵᠦ ᠬᠦᠷᠦᠬᠦ ᠶᠢ | ᠳᠤᠱᠠᠨᠠ ᠭᠡᠳᠡᠭ᠃ ᠡᠩ ᠤᠨ ᠬᠦᠷᠦᠯᠬᠡ ᠲᠠᠢ ᠪᠠᠨ ᠳᠠᠭᠠᠷᠠᠬᠤ ᠦᠭᠡᠢ᠃ ᠳᠤᠮᠳᠠ ᠶᠢᠨ ᠵᠦᠬᠡᠯᠡᠨ ᠪᠤᠷᠭᠠᠰᠤ ︵ᠪᠠ | ᠬᠦᠷᠦᠬᠦ ᠳᠤ ᠬᠡᠷᠡᠭᠯᠡᠬᠦ ᠪᠤᠷᠭᠠᠰᠤ ᠮᠤᠳᠤ᠂ ᠰᠠᠯᠠᠭ᠎ᠠ ᠵᠡᠷᠭᠡ ᠪᠠᠨ ᠨᠡᠷ᠎ᠠ ᠪᠠᠷ ᠨᠢ ᠬᠡᠯᠡᠳᠡᠭ ᠦᠭᠡᠢ᠂ ᠬᠦᠷᠦᠯᠬᠡ ᠴᠦ | ᠭᠡᠵᠤ ᠬᠡᠯᠡᠳᠡᠭ ᠦᠭᠡᠢ᠂ ᠰᠢᠭᠤᠳ ᠪᠠ ᠶᠢᠨ ᠪᠤᠷᠭᠠᠰᠤ ᠬᠡᠳ ᠯᠠ ᠬᠡᠯᠡᠴᠢᠳᠡᠭ︶ ᠪᠤᠯ ᠭᠤᠷᠪᠠ ᠪᠠᠷ ᠬᠦᠷᠦᠯᠬᠡ | ᠬᠢᠵᠦ᠂ ᠪᠦᠳᠦᠬᠦᠨ ᠰᠢᠭ ᠪᠤᠷᠭᠠᠰᠤ ᠪᠤᠯ ᠬᠤᠶᠠᠷ ᠢᠶᠠᠷ ᠬᠦᠷᠦᠯᠬᠡ ᠬᠢᠳᠡᠭ᠃ ᠬᠦᠷᠦᠯᠬᠡ ᠶᠢᠨ ᠪᠤᠷᠭᠠᠰᠤ ᠪᠠᠨ ᠪᠠᠰᠠ | ᠬᠡᠳᠡᠭᠡᠳ ᠪᠤᠷᠭᠠᠰᠤ ᠭᠡᠳᠡᠭ᠃ | ᠪᠠ ᠶᠢᠨ ᠨᠤᠭᠤᠰᠤ ᠪᠠᠨ ᠳᠤᠱᠠᠬᠤ ᠳᠤ ᠪᠠᠰᠠ ᠵᠢᠷᠤᠮ ᠭᠤᠷᠢᠮ ᠪᠠᠶᠢᠳᠠᠭ᠃ ᠵᠠᠬ᠎ᠠ ᠶᠢᠨ ᠨᠤᠭᠤᠰᠤᠨ ᠤ ᠪᠠᠨ | ᠴᠠᠭᠠᠳᠤ ᠳᠠᠯ᠎ᠠ ᠳᠤ ᠬᠦᠷᠦᠯᠬᠡ ᠶᠢᠨ ᠪᠤᠷᠭᠠᠰᠤᠨ ᠤ ᠪᠠᠨ ᠪᠦᠭᠰᠡ ᠶᠢ ᠰᠢᠷᠭᠤᠭᠤᠯᠤᠨ ᠤᠷᠤᠭᠤᠯᠵᠤ᠂ ᠬᠤᠶᠠᠳᠤᠭᠠᠷ | ᠨᠤᠭᠤᠰᠤ ᠶᠢ ᠳᠠᠷᠤᠭᠠᠳ᠂ ᠭᠤᠷᠪᠠᠳᠤᠭᠠᠷ ᠨᠤᠭᠤᠰᠤ ᠶᠢᠨ ᠠᠷᠤ ᠪᠠᠷ ᠤᠷᠤᠭᠤᠯᠵᠤ ᠭᠠᠵᠠᠷ ᠨᠠᠭᠠᠯᠳᠤᠭᠤᠯᠤᠨ | ᠳᠠᠯᠪᠢᠨ᠎ᠠ᠃ ᠳᠠᠬᠢᠭᠠᠳ ᠬᠤᠶᠠᠳᠤᠭᠠᠷ ᠨᠤᠭᠤᠰᠤ ᠶᠢᠨ ᠠᠷᠤ ᠪᠠᠷ ᠬᠦᠷᠦᠯᠬᠡ ᠶᠢᠨ ᠪᠤᠷᠭᠠᠰᠤ ᠶᠢᠨ ᠪᠦᠭᠰᠡ ᠶᠢ | ᠰᠢᠷᠭᠤᠭᠤᠯᠵᠤ᠂ ᠭᠤᠷᠪᠠᠳᠤᠭᠠᠷ ᠨᠤᠭᠤᠰᠤ ᠶᠢ ᠳᠠᠷᠤᠭᠠᠳ᠂ ᠲᠦᠷᠪᠡᠳᠤᠬᠡᠷ ᠨᠤᠭᠤᠰᠤ ᠶᠢᠨ ᠠᠷᠤ ᠪᠠᠷ ᠳᠠᠷᠤᠵᠤ | ᠤᠷᠤᠭᠤᠯᠤᠨ᠂ ᠭᠠᠵᠠᠷ ᠨᠠᠭᠠᠯᠳᠤᠭᠤᠯᠤᠨ ᠬᠠᠶᠠᠨ᠎ᠠ᠃ ᠡᠨᠡ ᠮᠡᠳᠤ ᠪᠠᠷ ᠨᠦᠬᠦᠬᠡ ᠵᠠᠬ᠎ᠠ ᠶᠢᠨ ᠨᠤᠭᠤᠰᠤ ᠶᠢᠨ ᠠᠷᠤ | ᠪᠠᠷ ᠬᠠᠮᠤᠭ ᠰᠡᠬᠦᠯᠴᠢ ᠶᠢᠨ ᠬᠦᠷᠦᠯᠬᠡ ᠶᠢ ᠳᠠᠷᠤᠵᠤ᠂ ᠭᠠᠵᠠᠷ ᠨᠠᠭᠠᠯᠳᠤᠭᠤᠯᠵᠤ ᠳᠠᠭᠤᠰᠬᠠᠨ᠎ᠠ᠃ | ᠡᠬᠦᠨ ᠢᠶᠠᠨ ᠬᠠᠭᠠᠰ ᠳᠤᠱᠠᠯᠳᠠ ᠭᠡᠳᠡᠭ᠃ ᠬᠠᠭᠠᠰ ᠳᠤᠱᠠᠯᠳᠠ ᠳᠠᠭᠤᠰᠤᠭᠰᠠᠨ ᠤ ᠳᠠᠷᠠᠭ᠎ᠠ ᠳᠤᠰ ᠵᠠᠬ᠎ᠠ ᠶᠢᠨ | ᠬᠤᠶᠠᠳᠤᠭᠠᠷ ᠬᠦᠷᠦᠯᠬᠡ ᠶᠢᠨ ᠪᠤᠷᠭᠠᠰᠤ ᠶᠢ ᠨᠤᠭᠤᠰᠤᠨ ᠤ ᠪᠠᠨ ᠪᠠᠷᠠᠭᠤᠨ ᠳᠠᠯ᠎ᠠ ᠪᠠᠷ ᠳᠠᠳᠠᠨ ᠭᠠᠷᠭᠠᠵᠤ᠂ ᠨᠢᠬᠡ | ᠨᠢᠬᠡ ᠪᠤᠷᠭᠠᠰᠤ ᠪᠠᠷ ᠪᠠᠯᠪᠠᠷᠠᠭᠤᠯᠤᠨ ᠮᠤᠰᠬᠢᠵᠦ᠂ ᠵᠠᠬ᠎ᠠ ᠶᠢᠨ ᠨᠤᠭᠤᠰᠤ ᠶᠢ ᠤᠷᠢᠶᠠᠭᠠᠳ᠂ ᠵᠡᠬᠦᠨ ᠳᠠᠯ᠎ᠠ ᠪᠠᠷ ᠨᠢ | ᠳᠠᠳᠠᠨ ᠭᠠᠷᠭᠠᠵᠤ᠂ ᠬᠤᠶᠠᠳᠤᠭᠠᠷ ᠨᠤᠭᠤᠰᠤ ᠶᠢ ᠳᠠᠷᠤᠵᠤ᠂ ᠭᠤᠷᠪᠠᠳᠤᠭᠠᠷ ᠨᠤᠭᠤᠰᠤ ᠶᠢᠨ ᠠᠷᠤ ᠪᠠᠷ ᠳᠠᠷᠤᠵᠤ | ᠤᠷᠤᠭᠤᠯᠤᠨ᠎ᠠ᠃ ᠳᠠᠬᠢᠭᠠᠳ ᠵᠠᠬᠠᠨ ᠤ ᠬᠦᠷᠦᠯᠬᠡ ᠶᠢᠨ ᠪᠤᠷᠭᠠᠰᠤ ᠶᠢ ᠨᠢᠬᠡ ᠨᠢᠬᠡ ᠪᠠᠷ ᠪᠠᠯᠪᠠᠷᠠᠭᠤᠯᠤᠨ ᠮᠤᠰᠬᠢᠭᠠᠳ | ᠂ ᠵᠠᠬ᠎ᠠ ᠶᠢᠨ ᠨᠤᠭᠤᠰᠤ ᠶᠢ ᠤᠷᠢᠶᠠᠵᠤ᠂ ᠬᠤᠶᠠᠳᠤᠭᠠᠷ ᠨᠤᠭᠤᠰᠤᠨ ᠤ ᠠᠷᠤ ᠪᠠᠷ ᠳᠠᠷᠤᠵᠤ᠂ ᠵᠡᠬᠦᠨ ᠳᠠᠯ᠎ᠠ ᠪᠠᠷ ᠨᠢ | ᠳᠠᠳᠠᠨ ᠭᠠᠷᠭᠠᠵᠤ᠂ ᠭᠤᠷᠪᠠᠳᠤᠭᠠᠷ ᠨᠤᠭᠤᠰᠤ ᠶᠢ ᠳᠠᠷᠤᠭᠠᠳ᠂ ᠲᠦᠷᠪᠡᠳᠤᠬᠡᠷ ᠨᠤᠭᠤᠰᠤᠨ ᠤ ᠠᠷᠤ ᠪᠠᠷ ᠨᠢ | ᠤᠷᠤᠭᠤᠯᠤᠨ᠎ᠠ᠃ ᠳᠠᠬᠢᠭᠠᠳ ᠭᠤᠷᠪᠠᠳᠤᠭᠠᠷ ᠬᠦᠷᠦᠯᠬᠡ ᠶᠢᠨ ᠪᠤᠷᠭᠠᠰᠤ ᠶᠢ ᠬᠤᠶᠠᠳᠤᠭᠠᠷ ᠨᠤᠭᠤᠰᠤ ᠶᠢᠨ ᠨᠠᠭᠠᠭᠤᠷ | ᠳᠠᠳᠠᠨ ᠭᠠᠷᠭᠠᠵᠤ᠂ ᠨᠢᠬᠡᠳᠤᠬᠡᠷ ᠨᠤᠭᠤᠰᠤ ᠶᠢᠨ ᠠᠷᠤ ᠪᠠᠷ ᠨᠢ ᠤᠷᠤᠭᠤᠯᠤᠭᠠᠳ᠂ ᠨᠢᠬᠡ ᠨᠢᠬᠡ ᠪᠠᠷ ᠪᠠᠯᠪᠠᠷᠠᠭᠤᠯᠤᠨ | ᠮᠤᠰᠬᠢᠭᠠᠳ ᠨᠢᠬᠡ ᠤᠷᠢᠶᠠᠵᠤ᠂ ᠬᠤᠶᠠᠳᠤᠭᠠᠷ ᠨᠤᠭᠤᠰᠤ ᠶᠢᠨ ᠠᠷᠤ ᠪᠠᠷ ᠨᠢ ᠭᠤᠷᠪᠠᠳᠤᠭᠠᠷ ᠨᠤᠭᠤᠰᠤ ᠶᠢᠨ | ᠨᠠᠭᠠᠭᠤᠷ᠂ ᠲᠦᠷᠪᠡᠳᠤᠬᠡᠷ ᠨᠤᠭᠤᠰᠤ ᠶᠢᠨ ᠠᠷᠤ ᠪᠠᠷ ᠨᠢ ᠤᠷᠤᠭᠤᠯᠤᠨ᠎ᠠ᠃ ᠵᠠᠯᠭᠠᠭᠠᠳ ᠲᠦᠷᠪᠡᠳᠤᠬᠡᠷ᠂ | ᠲᠠᠪᠤᠳᠤᠭᠠᠷ᠂ ᠵᠢᠷᠭᠤᠳᠤᠭᠠᠷ ᠭᠡᠵᠤ ᠡᠮᠬᠢ ᠳᠠᠷᠠᠭ᠎ᠠ ᠲᠠᠢ ᠪᠠᠷ ᠨᠠᠭᠠᠨ᠎ᠠ ᠠᠴᠠ ᠨᠢ ᠴᠠᠰᠢ ᠬᠦᠬᠡᠬᠡᠵᠦ ᠬᠦᠷᠦᠵᠦ | ᠳᠠᠭᠤᠰᠬᠠᠬᠤ ᠶᠢ ᠳᠤᠱᠠᠵᠤ ᠳᠠᠭᠤᠰᠬᠠᠨ᠎ᠠ ᠭᠡᠳᠡᠭ᠃ ᠨᠠᠷᠢᠨ ᠨᠠᠮᠠᠭ᠎ᠠ ᠶᠢ ᠨᠢ ᠴᠦᠮ ᠴᠠᠭᠠᠨ᠎ᠠ ᠨᠢ ᠦᠯᠡᠳᠡᠭᠡᠨ᠎ᠠ᠃ | ᠢᠡᠭᠭᠢᠵᠦ ᠳᠤᠱᠠᠵᠤ ᠳᠠᠭᠤᠰᠤᠭᠰᠠᠨ ᠤ ᠪᠠᠨ ᠳᠠᠷᠠᠭ᠎ᠠ ᠡᠬᠢᠯᠡᠵᠦ ᠳᠤᠱᠠᠭᠰᠠᠨ ᠳᠠᠯ᠎ᠠ ᠠᠴᠠ ᠬᠤᠶᠠᠷ ᠨᠤᠭᠤᠰᠤ | ᠶᠢᠨ ᠬᠤᠭᠤᠷᠤᠨᠳᠤᠭᠤᠷ ᠠᠯᠳᠠᠯ ᠦᠭᠡᠢ ᠪᠠᠷ ᠮᠤᠳᠤᠨ ᠬᠠᠪᠳᠠᠰᠤ ᠶᠢ ᠳᠠᠯᠪᠢᠵᠦ ᠰᠦᠬᠡ ᠪᠠᠷ ᠢᠶᠠᠨ ᠳᠤᠷᠤᠭᠰᠢ | ᠴᠤᠬᠢᠵᠦ ᠴᠢᠩᠭᠠᠷᠠᠭᠤᠯᠤᠨ᠎ᠠ᠃ | ᠳᠠᠬᠢᠭᠠᠳ ᠳᠤᠱᠠᠵᠤ ᠳᠡᠬᠦᠰᠦᠭᠰᠡᠨ ᠳᠠᠯ᠎ᠠ ᠠᠴᠠ ᠬᠦᠷᠦᠯᠬᠡ ᠡᠬᠢᠯᠡᠨ᠎ᠠ᠃ ᠳᠡᠬᠦᠨ ᠢᠶᠠᠨ ᠮᠦᠷ ᠡᠬᠢᠯᠡᠨ᠎ᠠ ᠭᠡᠳᠡᠭ | ᠃ ᠭᠤᠷᠪᠠᠨ ᠬᠦᠷᠦᠯᠬᠡ ᠶᠢᠨ ᠪᠤᠷᠭᠠᠰᠤ ᠶᠢᠨ ᠢᠶᠠᠨ ᠪᠦᠭᠰᠡᠨ ᠦᠵᠦᠬᠦᠷ ᠢ ᠨᠢᠬᠡᠳᠤᠬᠡᠷ ᠨᠤᠭᠤᠰᠤᠨ ᠤ ᠠᠷᠤ ᠪᠠᠷ | ᠴᠠᠴᠠᠤᠯᠠᠨ ᠭᠠᠷᠭᠠᠵᠤ᠂ ᠨᠢᠬᠡ ᠨᠤᠭᠤᠰᠤ ᠶᠢ ᠲᠦᠯᠬᠢᠨ᠂ ᠨᠢᠬᠡ ᠨᠤᠭᠤᠰᠤ ᠶᠢ ᠳᠠᠳᠠᠵᠤ ᠬᠦᠷᠦᠬᠦ ᠠᠷᠭ᠎ᠠ ᠪᠠᠷ ᠨᠠᠷᠢᠨ | ᠨᠠᠮᠠᠭ᠎ᠠ ᠶᠢ ᠨᠢ ᠳᠤᠯᠳᠠᠯ᠎ᠠ ᠬᠦᠷᠦᠬᠡᠳ᠂ ᠨᠠᠷᠢᠨ ᠨᠠᠮᠠᠭ᠎ᠠ ᠶᠢ ᠨᠢ ᠴᠠᠭᠠᠳᠠᠢ ᠳᠠᠯ᠎ᠠ ᠳᠤ ᠨᠢ ᠭᠠᠷᠭᠠᠵᠤ ᠬᠠᠶᠠᠨ᠎ᠠ᠃ | ᠳᠠᠬᠢᠭᠠᠳ ᠭᠤᠷᠪᠠᠨ ᠪᠤᠷᠭᠠᠰᠤ ᠶᠢᠨ ᠪᠦᠭᠰᠡᠨ ᠦᠵᠦᠬᠦᠷ ᠢ ᠬᠤᠶᠠᠳᠤᠭᠠᠷ ᠨᠤᠭᠤᠰᠤᠨ ᠤ ᠠᠷᠤ ᠪᠠᠷ ᠤᠷᠤᠭᠤᠯᠵᠤ᠂ | ᠭᠤᠷᠪᠠᠳᠤᠭᠠᠷ ᠨᠤᠭᠤᠰᠤ ᠶᠢ ᠲᠦᠯᠬᠢᠵᠦ ᠳᠠᠷᠤᠭᠠᠳ᠂ ᠰᠦᠯᠵᠢᠨ ᠬᠦᠷᠦᠵᠦ᠂ ᠨᠠᠷᠢᠨ ᠨᠠᠮᠠᠭ᠎ᠠ ᠶᠢ ᠨᠢ ᠠᠷᠤ ᠳᠤ ᠨᠢ | ᠭᠠᠷᠭᠠᠵᠤ ᠵᠤᠭᠰᠤᠨ᠎ᠠ᠃ ᠭᠤᠷᠪᠠᠳᠤᠭᠠᠷ ᠬᠦᠷᠦᠯᠬᠡ ᠶᠢᠨ ᠪᠤᠷᠭᠠᠰᠤ ᠪᠠᠨ ᠪᠦᠭᠰᠡ ᠶᠢ ᠨᠢ ᠴᠠᠴᠠᠤᠯᠠᠵᠤ᠂ | ᠬᠤᠶᠠᠳᠤᠭᠠᠷ ᠨᠤᠭᠤᠰᠤ ᠶᠢᠨ ᠵᠡᠬᠦᠨ ᠬᠠᠪᠢ ᠶᠢᠨ ᠨᠢᠬᠡ᠂ ᠬᠤᠶᠠᠳᠤᠭᠠᠷ ᠬᠦᠷᠦᠯᠬᠡ ᠶᠢᠨ ᠪᠤᠷᠭᠠᠰᠤᠨ ᠤ ᠳᠤᠤᠭᠤᠷ | ᠨᠢ ᠰᠢᠷᠭᠤᠭᠤᠯᠤᠨ ᠤᠷᠤᠭᠤᠯᠤᠭᠠᠳ᠂ ᠲᠦᠷᠪᠡᠳᠤᠬᠡᠷ ᠨᠤᠭᠤᠰᠤ ᠶᠢ ᠲᠦᠯᠬᠢᠨ ᠳᠠᠷᠤᠵᠤ᠂ ᠰᠦᠯᠵᠢᠨ ᠬᠦᠷᠦᠨ᠎ᠠ᠃ | ᠡᠨᠡ ᠮᠡᠳᠤ ᠪᠠᠷ ᠳᠠᠷᠠᠭᠠᠯᠠᠨ ᠬᠤᠸᠠᠷ ᠭᠠᠷᠭᠠᠵᠤ ᠬᠦᠷᠦᠭᠰᠡᠬᠡᠷ ᠨᠦᠬᠦᠬᠡ ᠵᠠᠬ᠎ᠠ ᠳᠤ ᠬᠦᠷᠴᠤ ᠤᠴᠢᠪᠠᠯ᠂ ᠬᠦᠷᠦᠯᠬᠡ | ᠶᠢᠨ ᠪᠤᠷᠭᠠᠰᠤ ᠨᠢᠬᠡ ᠤᠷᠢᠶᠠᠵᠤ ᠨᠤᠭᠤᠯᠤᠨ ᠳᠠᠷᠤᠬᠤ ᠪᠤᠯᠤᠭᠰᠠᠭᠠᠷ ᠳᠠᠷᠤᠢ ᠨᠤᠭᠤᠯᠤᠨ ᠤᠷᠢᠶᠠᠵᠤ᠂ ᠨᠠᠷᠢᠨ ᠨᠠᠮᠠᠭ᠎ᠠ | ᠶᠢ ᠴᠠᠭᠠᠨ᠎ᠠ ᠨᠢ ᠭᠠᠷᠭᠠᠵᠤ ᠬᠠᠶᠠᠨ᠎ᠠ᠃ ᠬᠦᠷᠦᠯᠬᠡ ᠶᠢᠨ ᠪᠤᠷᠭᠠᠰᠤ ᠶᠢᠨ ᠳᠤᠮᠳᠠ ᠪᠡᠶ᠎ᠠ ᠨᠢ ᠵᠠᠬ᠎ᠠ ᠳᠤ ᠬᠦᠷᠴᠤ | ᠤᠴᠢᠪᠡᠯ᠂ ᠵᠠᠬ᠎ᠠ ᠶᠢᠨ ᠮᠦᠷ ᠤᠨ ᠦᠰᠬᠦ ᠨᠢ ᠤᠳᠠᠭᠠᠨ ᠪᠠᠶᠢᠪᠠᠯ᠂ ᠬᠦᠷᠦᠯᠭᠡ ᠶᠢᠨ ᠪᠤᠷᠭᠠᠰᠤ ᠪᠠᠨ ᠪᠠᠯᠪᠠᠷᠠᠭᠤᠯᠤᠨ | ᠮᠤᠰᠬᠢᠵᠦ᠂ ᠵᠠᠬ᠎ᠠ ᠶᠢᠨ ᠨᠤᠭᠤᠰᠤ ᠶᠢ ᠬᠤᠶᠠᠷ ᠤᠷᠢᠶᠠᠭᠠᠳ ᠨᠤᠭᠤᠯᠤᠨ ᠳᠠᠷᠤᠵᠤ ᠬᠦᠷᠦᠳᠡᠭ᠃ ᠮᠦᠷ ᠤᠨ | ᠳᠠᠷᠠᠭᠠᠯᠠᠯ ᠢᠶᠠᠷ ᠢᠶᠠᠨ ᠮᠦᠷ ᠢᠶᠠᠨ ᠬᠦᠢᠴᠡᠬᠡᠵᠦ ᠳᠠᠭᠤᠰᠪᠠᠯ᠂ ᠳᠠᠯ᠎ᠠ ᠪᠠ ᠶᠢᠨ ᠬᠦᠷᠦᠳᠡᠯ ᠤᠨ ᠬᠡᠮᠵᠢᠶ᠎ᠠ ᠨᠢ ᠳᠤᠷᠰᠢ | ᠳᠡᠭᠰᠢ ᠪᠤᠯᠳᠠᠭ᠃ ᠳᠠᠯ᠎ᠠ ᠪᠠ ᠶᠢᠨ ᠨᠢᠬᠡ ᠡᠷᠬᠢᠵᠦ ᠬᠦᠷᠦᠬᠦ ᠶᠢ ᠮᠦᠷ ᠬᠦᠢᠴᠡᠴᠡᠨᠠ ᠭᠡᠳᠡᠭ᠂ ᠳᠠᠬᠢᠭᠠᠳ ᠡᠬᠢᠯᠡᠬᠦ | ᠶᠢ ᠪᠠᠰᠠ ᠨᠢᠬᠡ ᠮᠦᠷ ᠡᠬᠢᠯᠡᠨ᠎ᠠ ᠭᠡᠳᠡᠭ᠃ ᠨᠢᠬᠡ ᠨᠢᠬᠡ ᠮᠦᠷ ᠢᠶᠠᠷ ᠪᠤᠳᠤᠪᠠᠯ ᠳᠠᠯ᠎ᠠ ᠪᠠ ᠶᠢ ᠶᠡᠷᠤ ᠠᠴᠠ ᠨᠠᠢᠮᠠᠨ | ᠠᠴᠠ ᠠᠷᠪᠠᠨ ᠮᠦᠷ ᠢᠶᠠᠷ ᠬᠦᠷᠦᠳᠡᠭ᠃ ᠪᠦᠳᠦᠬᠦᠨ ᠪᠤᠷᠭᠠᠰᠤ ᠪᠤᠯ ᠮᠦᠷ ᠤᠨ ᠳᠡᠭᠡᠭᠰᠢ ᠦᠰᠦᠯᠳᠡ ᠨᠢ ᠲᠦᠷᠬᠡᠨ | ᠳᠤᠯᠠ ᠨᠠᠢᠮᠠᠨ ᠮᠦᠷ ᠤᠶᠠᠪᠠᠯ ᠳᠠᠯ᠎ᠠ ᠪᠠ ᠨᠢ ᠬᠦᠮᠦᠨ ᠴᠢᠨᠡᠭᠡ ᠪᠤᠯᠴᠢᠬᠠᠳᠠᠭ᠃ ᠨᠠᠷᠢᠨ ᠪᠤᠷᠭᠠᠰᠤ ᠪᠠᠷ ᠪᠤᠯ ᠠᠷᠪᠠᠨ | ᠮᠦᠷ ᠬᠦᠷᠦᠮᠡᠨᠵᠢᠨ ᠰᠠᠶ᠋ᠢ ᠬᠡᠮᠵᠢᠶ᠎ᠠ ᠬᠦᠢᠴᠡᠨᠠ᠃ | ᠳᠠᠯ᠎ᠠ ᠪᠠ ᠶᠢᠨ ᠪᠤᠰᠤᠭ᠎ᠠ ᠶᠢ ᠶᠠᠷᠤ ᠠᠴᠠ ᠲᠦᠷᠪᠡᠨ ᠳᠤᠬᠤᠢ ᠠᠴᠠ ᠲᠦᠷᠪᠡᠨ ᠳᠤᠬᠤᠢ ᠬᠠᠭᠠᠰ ᠢᠶᠠᠷ | ᠬᠦᠷᠦᠳᠡᠭ᠃ ᠳᠠᠯ᠎ᠠ ᠪᠠ ᠪᠠᠨ ᠬᠦᠷᠦᠵᠦ ᠪᠠᠷᠠᠮᠠᠭᠴᠠ ᠪᠠᠨ ᠬᠦᠷᠦᠵᠦ ᠪᠠᠶᠢᠭ᠎ᠠ ᠨᠢᠭᠤᠷ ᠳᠠᠯ᠎ᠠ ᠶᠢᠨ ᠭᠠᠵᠠᠷ ᠢ | ᠳᠡᠭᠰᠢᠯᠡᠨ ᠴᠡᠪᠡᠷᠯᠡᠵᠦ᠂ ᠳᠠᠯ᠎ᠠ ᠪᠠ ᠪᠠᠨ ᠨᠢᠬᠡ ᠳᠠᠯ᠎ᠠ ᠠᠴᠠ ᠨᠢ ᠰᠤᠭᠤᠯᠤᠨ᠂ ᠨᠢᠭᠤᠷ ᠳᠠᠯ᠎ᠠ ᠪᠠᠷ ᠨᠢ ᠭᠠᠵᠠᠷ | ᠬᠡᠪᠳᠡᠬᠦᠯᠵᠦ᠂ ᠬᠤᠳᠤᠭᠤᠷ ᠬᠦᠳᠦᠬᠦᠷ ᠭᠠᠵᠠᠷ ᠢ ᠨᠢ ᠬᠢᠰᠬᠢᠨ ᠵᠠᠰᠠᠵᠤ᠂ ᠡᠪ ᠦᠭᠡᠢ ᠭᠠᠵᠠᠷ ᠪᠤᠯᠭᠠᠨ ᠳᠤ ᠨᠢ | ᠨᠤᠶᠢᠳᠠᠨ ᠰᠢᠷᠤᠢ ᠬᠠᠶᠠᠵᠤ ᠳᠠᠷᠤᠰᠢᠭᠤᠯᠤᠨ᠎ᠠ᠃ | ᠳᠠᠯ᠎ᠠ ᠪᠠ ᠶᠢᠨ ᠨᠤᠭᠤᠰᠤᠨ ᠤ ᠤᠷᠤᠢ ᠶᠢ ᠬᠦᠷᠦᠯᠬᠡ ᠶᠢᠨ ᠮᠦᠷ ᠠᠴᠠ ᠪᠠᠨ ᠨᠢᠬᠡ ᠳᠤᠬᠤᠢ ᠦᠨᠳᠦᠷ | ᠦᠯᠡᠳᠡᠬᠡᠵᠦ᠂ ᠳᠡᠪ ᠳᠡᠭᠰᠢ ᠪᠠᠷ ᠴᠠᠪᠴᠢᠨ ᠠᠪᠤᠨ᠎ᠠ᠃ | ᠳᠠᠯ᠎ᠠ ᠪᠠ ᠪᠠᠷ ᠬᠦᠷᠢᠶ᠎ᠠ ᠬᠠᠰᠢᠶ᠎ᠠ ᠪᠠᠨ ᠲᠦᠷᠪᠡᠯᠵᠢᠯᠡᠨ ᠪᠠᠷᠢᠬᠤ ᠳᠤ ᠤᠨᠴᠠ ᠶᠢᠨ ᠲᠦᠬᠦᠮ ᠪᠠᠶᠢᠳᠠᠭ᠃ | ᠳᠠᠷᠤᠢ ᠬᠡᠳᠤᠬᠡᠨ ᠪᠤᠯᠠᠭ᠎ᠠ ᠪᠤᠯᠵᠤ ᠬᠠᠪᠰᠤᠷᠭᠠᠨ ᠤᠶᠠᠪᠠᠯ ᠪᠤᠯᠴᠢᠬᠠᠳᠠᠭ᠃ ᠡᠬᠦᠨ ᠠᠴᠠ ᠭᠠᠳᠠᠨ᠎ᠠ ᠪᠠᠰᠠ ᠬᠤᠷᠤᠭ᠎ᠠ | ᠬᠠᠰᠢᠶ᠎ᠠ ᠪᠠᠷᠢᠵᠦ᠂ ᠤᠯᠠᠷᠢᠯ ᠢ ᠲᠠᠭᠠᠨ ᠰᠢᠯᠵᠢᠬᠦᠯᠦᠨ ᠳᠡᠪᠰᠢᠬᠦᠯᠬᠦ ᠳᠤ ᠳᠤᠶᠢᠯ ᠤᠨ ᠲᠦᠬᠦᠮ ᠪᠠᠷᠢᠯᠭ᠎ᠠ ᠶᠢᠨ ᠡᠳ᠋ | ᠪᠤᠯᠳᠠᠭ᠃ ᠳᠠᠯ᠎ᠠ ᠪᠠ ᠪᠠᠷ ᠠᠷᠭᠠᠯ ᠤᠨ ᠬᠠᠰᠢᠶ᠎ᠠ ᠪᠠᠷᠢᠬᠤ ᠳᠤ ᠬᠡᠳᠤᠨ ᠪᠤᠯᠠᠭ᠎ᠠ ᠪᠠᠨ ᠪᠤᠯᠠᠵᠤ ᠪᠤᠰᠬᠠᠭᠠᠳ ᠤᠶᠠᠪᠠᠯ | ᠳᠠᠷᠤᠢ ᠪᠤᠯᠴᠢᠬᠠᠳᠠᠭ᠃ | ᠳᠠᠯ᠎ᠠ ᠪᠠ ᠶᠢ ᠪᠤᠷᠭᠠᠰᠤ ᠮᠤᠳᠤ ᠶᠢ ᠬᠠᠳᠤᠵᠤ᠂ ᠪᠤᠭᠤᠵᠢ ᠪᠤᠭᠤᠵᠢ ᠪᠠᠷ ᠨᠢ ᠪᠤᠰᠬᠠᠨ ᠪᠤᠯᠠᠵᠤ ᠬᠠᠰᠢᠶ᠎ᠠ | ᠪᠠᠷᠢᠬᠤ ᠶᠢ ᠪᠤᠳᠤᠪᠠᠯ ᠪᠤᠷᠭᠠᠰᠤ ᠮᠤᠳᠤᠨ ᠳᠤ ᠪᠠᠨ ᠠᠷᠪᠢᠳᠠᠢ ᠪᠠᠷ ᠦᠯᠦ ᠪᠠᠷᠠᠨ ᠬᠠᠰᠢᠶ᠎ᠠ ᠬᠦᠷᠢᠶ᠎ᠠ ᠶᠢ ᠴᠦ ᠬᠤᠪᠢ | ᠶᠢᠨ ᠭᠠᠳᠠᠨ᠎ᠠ ᠦᠵᠡᠮᠵᠢ ᠲᠠᠢ ᠪᠤᠯᠭᠠᠳᠠᠭ᠃ | ᠳᠠᠯ᠎ᠠ ᠪᠠ ᠪᠠᠷ ᠪᠠᠰᠠ ᠬᠠᠰᠢᠶ᠎ᠠ ᠬᠦᠷᠢᠶ᠎ᠠ ᠶᠢᠨ ᠡᠬᠦᠳᠡ᠂ ᠳᠤᠯᠤᠭᠠᠨ ᠬᠠᠰᠢᠶ᠎ᠠ ᠬᠤᠷᠤᠭ᠎ᠠ ᠶᠢᠨ ᠳᠠᠷᠤᠭ᠎ᠠ | ᠬᠡᠳᠡᠭ ᠪᠦᠬᠡᠳ ᠦᠪᠤᠡᠭ ᠬᠡᠷ ᠪᠤᠰᠬᠠᠨ ᠪᠠᠷᠢᠳᠠᠭ ᠪᠤᠶᠤ ᠪᠠᠶᠢᠰᠢᠩ ᠬᠡᠷ ᠤᠨ ᠠᠳᠠᠭᠠᠷ ᠢᠶᠠᠨ ᠬᠢᠳᠡᠭ᠃ | ᠳᠠᠯ᠎ᠠ ᠪᠠ ᠶᠢ ᠵᠠᠪᠠᠯ ᠬᠡᠳᠤᠢ ᠦᠷᠬᠡᠨ ᠢᠶᠠᠷ ᠬᠦᠷᠦᠵᠦ ᠤᠶᠠᠬᠤ ᠠᠯᠪᠠ ᠭᠡᠵᠤ ᠦᠭᠡᠢ᠃ ᠦᠪᠡᠷ ᠤᠨ | ᠬᠡᠷᠡᠭᠴᠡᠭᠡ ᠱᠠᠭᠠᠷᠳᠠᠯᠭ᠎ᠠ ᠪᠠᠷ ᠢᠶᠠᠨ ᠬᠡᠮᠵᠢᠶᠡᠯᠡᠵᠦ ᠬᠦᠷᠦᠳᠡᠭ ᠶᠤᠮ᠃ ᠵᠠᠷᠢᠮ ᠬᠦᠮᠦᠰ ᠬᠡᠷ ᠤᠨ ᠠᠳᠠᠭᠠᠷ ᠢᠶᠠᠨ | ᠳᠤᠷᠰᠢ ᠳᠤ ᠨᠢ ᠬᠦᠷᠦᠬᠡᠳ ᠭᠠᠷᠭᠠᠴᠢᠬᠠᠳᠠᠭ᠃ ᠵᠠᠷᠢᠮ ᠬᠦᠮᠦᠰ ᠰᠤᠮᠤᠨ ᠭᠤᠤ ᠳᠠᠳᠠᠭᠠᠳ᠂ ᠭᠤᠤ ᠶᠢᠨ ᠤᠷᠤᠢ | ᠪᠠᠷ ᠢᠶᠠᠨ ᠳᠤᠷᠰᠢ ᠳᠤ ᠨᠢ ᠨᠤᠭᠤᠰᠤ ᠭᠠᠳᠠᠭᠠᠳ᠂ ᠭᠤᠤ ᠶᠢᠨ ᠪᠤᠰᠤᠭ᠎ᠠ ᠪᠠᠷ ᠳᠠᠯ᠎ᠠ ᠪᠠ ᠪᠠᠨ ᠳᠤᠷᠰᠢ | ᠬᠦᠷᠦᠴᠢᠭᠡᠳᠡᠭ ᠶᠤᠮ᠃ | ᠴᠢᠬᠢᠷᠰᠤᠨ ᠪᠠ | ᠴᠢᠬᠢᠷᠰᠤᠨ ᠬᠦᠷᠦᠮᠡᠯ ᠲᠠᠢ ᠠᠳᠠᠯᠢ ᠪᠠᠷ ᠬᠤᠸᠠᠷ ᠭᠠᠷᠭᠠᠵᠤ ᠬᠦᠷᠦᠬᠦ ᠪᠠ ᠶᠢ ᠴᠢᠬᠢᠷᠰᠤᠨ ᠪᠠ ᠭᠡᠳᠡᠭ᠃ | ᠴᠢᠬᠢᠷᠰᠤᠨ ᠪᠠ ᠶᠢ ᠳᠠᠯ᠎ᠠ ᠪᠠ ᠠᠳᠠᠯᠢ ᠪᠤᠰᠬᠠᠨ ᠬᠦᠷᠦᠳᠡᠭ ᠦᠭᠡᠢ ᠬᠠᠷᠢᠨ ᠴᠢᠬᠢᠷᠰᠤ ᠬᠦᠷᠦᠬᠦ ᠮᠡᠳᠤ ᠭᠠᠵᠠᠷ | ᠤᠨ ᠨᠢᠭᠤᠷ ᠳᠡᠬᠡᠷ᠎ᠠ ᠬᠡᠪᠳᠡᠭᠡ ᠪᠠᠷ ᠰᠤᠩᠭᠠᠨ ᠬᠦᠷᠦᠵᠦ᠂ ᠪᠠᠭ᠋ᠠᠨ ᠤᠷᠳᠤ ᠪᠤᠯᠵᠤ ᠭᠠᠵᠠᠷ ᠡᠵᠡᠯᠡᠬᠦ ᠪᠤᠯᠤᠮᠠᠭᠴᠠ | ᠠᠷᠤ ᠠᠴᠠ ᠨᠢ ᠡᠪᠬᠡᠨ ᠤᠷᠢᠶᠠᠵᠤ᠂ ᠬᠤᠶᠢᠰᠢ ᠳᠠᠳᠠᠭᠠᠳ ᠤᠭ ᠤᠨ ᠤᠷᠤᠨ ᠳᠤ ᠨᠢ ᠠᠪᠴᠢᠷᠠᠳᠠᠭ᠃ ᠳᠠᠯ᠎ᠠ ᠪᠠ | ᠲᠠᠢ ᠠᠳᠠᠯᠢ ᠳᠠᠯ᠎ᠠ ᠨᠢ ᠬᠡᠪᠡᠯ ᠨᠢᠭᠤᠷ ᠳᠠᠯ᠎ᠠ ᠨᠢ ᠦ ᠰᠡᠪᠡ ᠦᠭᠡᠢ᠂ ᠵᠤᠷᠠᠶᠢᠭᠰᠠᠨ ᠰᠠᠶᠢᠬᠠᠨ ᠳᠠᠤᠯᠠᠢ ᠶᠢᠨ ᠳᠠᠩᠨᠠᠢ | ᠶᠢᠨ ᠬᠤᠸᠠᠷ ᠲᠠᠢ᠂ ᠳᠡᠭᠡᠷ᠎ᠠ ᠳᠠᠯ᠎ᠠ ᠶᠢ ᠨᠢ ᠨᠢᠭᠤᠷ ᠳᠠᠯ᠎ᠠ ᠭᠡᠵᠤ᠂ ᠭᠠᠵᠠᠷ ᠨᠠᠭᠠᠯᠳᠤᠵᠤ ᠪᠠᠶᠢᠭ᠎ᠠ ᠳᠠᠯ᠎ᠠ ᠶᠢ ᠨᠢ | ᠠᠷᠤ ᠳᠠᠯ᠎ᠠ ᠭᠡᠳᠡᠭ᠃ ᠠᠷᠤ ᠳᠠᠯ᠎ᠠ ᠳᠤ ᠨᠢ ᠠᠷᠵᠠᠶᠢᠭᠰᠠᠨ ᠭᠤᠤᠷᠰᠤ ᠪᠠ ᠦᠵᠦᠬᠦᠷ ᠨᠠᠮᠠᠭ᠎ᠠ ᠲᠦᠬᠦᠷᠡᠩ | ᠦᠵᠡᠭᠳᠡᠳᠡᠭ᠃ | ᠴᠢᠬᠢᠷᠰᠤᠨ ᠪᠠ ᠶᠢ ᠬᠤᠶᠠᠷ ᠶᠠᠩᠵᠤ ᠪᠠᠷ ᠡᠬᠢᠯᠡᠳᠡᠭ᠃ ᠨᠢᠬᠡ ᠨᠢ ᠪᠢᠳᠡᠬᠦᠦ ᠪᠠᠷ ᠡᠬᠢᠯᠡᠨ᠎ᠠ᠃ ᠪᠢᠳᠡᠬᠦᠦ ᠪᠠᠷ | ᠡᠬᠢᠯᠡᠨ᠎ᠠ ᠭᠡᠭᠴᠢ ᠨᠢ ᠳᠠᠷᠤᠢ ᠬᠦᠷᠦᠯᠬᠡ ᠶᠢᠨ ᠪᠤᠷᠭᠠᠰᠤ ᠶᠢᠨ ᠢᠶᠠᠨ ᠳᠤᠮᠳᠠ ᠪᠡᠶ᠎ᠠ ᠪᠠᠷ ᠨᠢ ᠨᠤᠭᠤᠯᠵᠤ᠂ ᠪᠠᠷᠤᠭ | ᠳᠡᠭᠰᠢ ᠦᠨᠴᠦᠭᠳᠤ ᠭᠠᠷᠭᠠᠭᠠᠳ ᠬᠤᠶᠠᠷ ᠳᠡᠰᠢ ᠪᠠᠨ ᠴᠦᠮ ︵ᠬᠤᠶᠠᠷ ᠳᠠᠷᠤᠵᠤ᠂ ᠬᠤᠶᠠᠷ ᠡᠷᠬᠦᠬᠦ︶ ᠠᠷᠭ᠎ᠠ ᠪᠠᠷ | ᠵᠡᠷᠭᠡᠴᠡᠬᠦᠯᠦᠨ ᠤᠭᠰᠤᠷᠴᠤ ᠰᠦᠯᠵᠢᠨ᠎ᠠ᠃ ᠴᠢᠬᠢᠷᠰᠤᠨ ᠪᠠ ᠶᠢᠨ ᠬᠦᠷᠦᠵᠦ ᠰᠦᠯᠵᠢᠬᠦ ᠠᠳᠬᠤ ᠪᠤᠷᠭᠠᠰᠤ ᠶᠢ ᠬᠦᠯ | ᠭᠡᠳᠡᠭ᠃ ᠵᠢᠱᠢᠶᠡᠯᠡᠪᠡᠯ ᠬᠡᠳᠤᠢ ᠦᠷᠬᠡᠨ ᠢᠶᠠᠷ ᠬᠦᠷᠦᠬᠦ᠂ ᠪᠠᠷᠠᠭᠤᠨ ᠭᠠᠷ ᠳᠠᠯ᠎ᠠ ᠶᠢᠨ ᠬᠡᠳᠤᠢ ᠬᠦᠯ ᠪᠤᠯ ᠵᠡᠬᠦᠨ | ᠭᠠᠷ ᠳᠠᠯ᠎ᠠ ᠶᠢᠨ ᠬᠡᠳᠤᠢ ᠬᠦᠯ ᠲᠠᠢ ᠪᠠᠶᠢᠳᠠᠭ᠃ ᠪᠠᠷᠠᠭᠤᠨ ᠭᠠᠷ ᠤᠨ ᠬᠦᠯ ᠨᠢ ᠢᠷᠮᠡᠭ ᠢᠶᠠᠨ ᠬᠦᠷᠪᠡᠯ ᠳᠠᠬᠢᠭᠠᠳ | ᠵᠡᠬᠦᠨ ᠭᠠᠷ ᠤᠨ ᠬᠦᠯ ᠪᠤᠯᠵᠤ᠂ ᠵᠡᠬᠦᠨ ᠭᠠᠷ ᠤᠨ ᠬᠦᠯ ᠨᠢ ᠢᠷᠮᠡᠭ ᠢᠶᠠᠨ ᠬᠦᠷᠪᠡᠯ ᠳᠠᠬᠢᠭᠠᠳ ᠪᠠᠷᠠᠭᠤᠨ ᠭᠠᠷ ᠤᠨ | ᠬᠦᠯ ᠪᠤᠯᠳᠠᠭ᠃ ᠬᠦᠯ ᠤᠨ ᠦᠷᠬᠡᠨ ᠢ ᠶᠡᠷᠤ ᠠᠴᠠ ᠭᠤᠷᠪᠠᠨ ᠬᠤᠷᠤᠭᠤ ᠠᠴᠠ ᠦᠷᠬᠡᠨ ᠪᠠᠶᠢᠯᠭᠠᠳᠠᠭ ᠦᠭᠡᠢ᠃ | ᠪᠠᠰᠠ ᠬᠤᠶᠠᠷ ᠬᠤᠷᠤᠭᠤ ᠠᠴᠠ ᠨᠠᠷᠢᠨ ᠪᠠᠶᠢᠯᠭᠠᠳᠠᠭ ᠦᠭᠡᠢ᠃ | ᠨᠦᠬᠦᠬᠡ ᠨᠢᠬᠡ ᠨᠢ ᠤᠯᠠᠭᠠᠨ ᠪᠤᠷᠭᠠᠰᠤ ᠶᠢ ᠡᠷᠴᠢᠮ ᠤᠷᠤᠭᠤᠯᠤᠨ ᠮᠤᠰᠬᠢᠵᠦ᠂ ᠪᠠᠷᠠᠭᠤᠨ ᠵᠡᠬᠦᠨ ᠭᠠᠷ ᠤᠨ | ᠬᠦᠯ ᠤᠨ ᠪᠤᠷᠭᠠᠰᠤ ᠶᠢ ᠬᠠᠮᠳᠤᠷᠠᠭᠤᠯᠤᠨ ᠤᠶᠠᠵᠤ᠂ ᠬᠦᠷᠦᠬᠡᠳ ᠭᠤᠷᠪᠠ ᠠᠴᠠ ᠲᠦᠷᠪᠡᠨ ᠬᠤᠷᠤᠭᠤ ᠵᠠᠢ | ᠠᠯᠤᠰᠯᠠᠬᠤ ᠪᠦᠷᠢ ᠳᠤ ᠨᠢᠬᠡ ᠠᠳᠬᠤ ᠭᠡᠯᠬᠢᠨ ᠤᠶᠠᠵᠤ ᠳᠤᠷᠰᠢ ᠳᠤ ᠨᠢ ᠬᠤᠯᠪᠤᠵᠤ ᠳᠠᠭᠤᠰᠬᠠᠨ᠎ᠠ᠃ | ᠢᠡᠭᠭᠢᠵᠦ ᠬᠤᠯᠪᠤᠵᠤ ᠳᠠᠭᠤᠰᠮᠠᠭᠴᠠ ᠪᠠᠨ ᠨᠢᠬᠡ ᠳᠠᠯ᠎ᠠ ᠠᠴᠠ ᠨᠢ ᠬᠦᠷᠦᠯᠬᠡ ᠡᠬᠢᠯᠡᠨ᠎ᠠ᠃ ᠳᠠᠷᠤᠢ ᠡᠬᠢᠯᠡᠨ | ᠰᠦᠯᠵᠢᠨ᠎ᠠ᠃ ᠵᠡᠬᠦᠨ ᠭᠠᠷ ᠤᠨ ᠬᠦᠯ ᠢ ᠵᠡᠬᠦᠨᠰᠢ ᠰᠠᠯᠭᠠᠵᠤ᠂ ᠪᠠᠷᠠᠭᠤᠨ ᠭᠠᠷ ᠤᠨ ᠬᠦᠯ ᠢ ᠪᠠᠷᠠᠭᠤᠨᠰᠢ ᠰᠠᠯᠭᠠᠭᠠᠳ | ᠂ ᠵᠡᠬᠦᠨ ᠠᠴᠠ ᠪᠠᠷᠠᠭᠤᠨᠰᠢ ᠡᠬᠢᠯᠡᠪᠡᠯ᠂ ᠪᠠᠷᠠᠭᠤᠨ ᠭᠠᠷ ᠤᠨ ᠬᠤᠶᠠᠷ ᠬᠦᠯ ᠢ ᠳᠠᠷᠤᠭᠤᠯᠤᠭᠠᠳ᠂ ᠵᠡᠬᠦᠨ ᠭᠠᠷ ᠤᠨ | ᠨᠢᠬᠡ ᠬᠦᠯ ᠢ ᠳᠠᠳᠠᠨ ᠭᠠᠷᠭᠠᠬᠤ ᠬᠦᠷᠦᠯᠬᠡ ᠶᠢᠨ ᠠᠷᠭ᠎ᠠ ᠪᠠᠷ ᠳᠤᠷᠰᠢ ᠳᠤ ᠨᠢ ᠰᠦᠯᠵᠢᠵᠦ ᠭᠠᠷᠤᠨ᠎ᠠ᠃ | ᠳᠠᠬᠢᠭᠠᠳ ᠪᠠᠷᠠᠭᠤᠨ ᠳᠠᠯ᠎ᠠ ᠠᠴᠠ ᠨᠢ ᠡᠰᠡᠷᠬᠦᠦ ᠪᠠᠷ ᠬᠦᠷᠦᠨ᠎ᠠ᠃ ᠴᠢᠬᠢᠷᠰᠤᠨ ᠪᠠ ᠶᠢ ᠬᠦᠷᠦᠬᠦ ᠳᠤ | ᠬᠦᠷᠦᠯᠬᠡ ᠶᠢᠨ ᠬᠦᠯ ᠢ ᠠᠰ ᠱᠤᠭᠤᠮ ᠢᠶᠠᠷ ᠨᠢ ᠠᠯᠳᠠᠯ ᠦᠭᠡᠢ ᠰᠤᠩᠭᠠᠬᠤ ᠪᠤᠶᠤ ᠦᠷᠬᠡᠨ ᠨᠠᠷᠢᠨ ᠢ ᠨᠢ | ᠳᠡᠩᠨᠡᠬᠦᠯᠦᠨ ᠪᠤᠷᠭᠠᠰᠤ ᠪᠠᠨ ᠨᠡᠮᠡᠬᠦ ᠨᠢ ᠬᠠᠮᠤᠭ ᠤᠨ ᠦᠨᠳᠦᠰᠦᠨ ᠵᠠᠩᠬᠢᠯᠠᠭ᠎ᠠ ᠪᠤᠯᠳᠠᠭ᠃ | ᠪᠠᠷᠤᠭᠳᠠᠢ ᠬᠦᠮᠦᠰ ᠴᠢᠬᠢᠷᠰᠤᠨ ᠪᠠ ᠶᠢ ᠬᠦᠮᠦᠨ ᠤ ᠰᠠᠨᠠᠭᠠᠨ ᠳᠤ ᠬᠦᠷᠳᠡᠯ᠎ᠠ ᠢᠷᠠᠯᠵᠠᠳᠠᠯ᠎ᠠ ᠰᠠᠶᠢᠬᠠᠨ | ᠬᠦᠷᠦᠵᠦ ᠴᠢᠳᠠᠳᠠᠭ ᠦᠭᠡᠢ᠂ ᠢᠷᠮᠡᠭ ᠲᠤ ᠨᠢ ᠬᠦᠷᠪᠡᠯ ᠪᠤᠷᠤᠭᠤ ᠮᠤᠰᠬᠢᠵᠦ ᠢᠷᠡᠬᠦ ᠦᠭᠡᠢ ᠪᠤᠯ ᠬᠦᠯ ᠤᠨ ᠵᠠᠢ | ᠪᠤᠶᠤ ᠱᠤᠭᠤᠮ ᠢ ᠵᠦᠷᠢᠬᠦᠯᠵᠦ᠂ ᠡᠪ ᠬᠠᠪᠤ ᠦᠭᠡᠢ ᠶᠠᠭᠤᠮ᠎ᠠ ᠪᠤᠯᠭᠠᠴᠢᠬᠠᠳᠠᠭ᠃ | ᠴᠢᠬᠢᠷᠰᠤᠨ ᠪᠠ ᠶᠢ ᠬᠤᠯᠤᠰᠤ ᠪᠠᠷ ᠬᠦᠷᠦᠵᠦ᠂ ᠬᠡᠷ ᠤᠨ ᠠᠳᠠᠭᠠᠷ ᠬᠢᠳᠡᠭ᠃ ᠡᠨᠡ ᠨᠢ ᠮᠥᠨ ᠳᠤᠬᠠᠢ ᠶᠢᠨ | ᠦᠶᠡᠰ ᠤᠨ ᠭᠠᠷ ᠦᠵᠡᠬᠦᠯᠬᠡ ᠪᠤᠯᠵᠤ ᠪᠠᠶᠢᠭᠰᠠᠨ ᠪᠦᠬᠡᠳ ᠬᠡᠷ ᠪᠦᠯᠢ ᠶᠢᠨ ᠬᠦᠮᠦᠰ ᠤᠨ ᠤᠮᠤᠭᠰᠢᠯ ᠪᠤᠯᠵᠤ | ᠪᠠᠶᠢᠭᠰᠠᠨ ᠶᠤᠮ᠃ | ᠴᠢᠬᠢᠷᠰᠤᠨ ᠪᠠ ᠶᠢ ᠪᠠᠰᠠ ᠬᠡᠷᠡᠭᠴᠡᠬᠡᠨ ᠤ ᠪᠠᠨ ᠬᠢᠷᠢ ᠪᠠᠷ ᠨᠠᠷᠢᠨ ᠤᠷᠳᠤ ᠪᠠᠷ ᠬᠦᠷᠦᠵᠦ᠂ ᠠᠷᠭᠠᠯ ᠳᠡᠭᠡᠭᠡᠬᠦ | ᠳᠡᠷᠭᠡᠨ ᠤ ᠤᠷᠢᠶᠠᠮᠠᠭ ᠪᠠ ᠪᠤᠯᠭᠠᠨ ᠬᠡᠷᠡᠭᠯᠡᠵᠦ ᠪᠠᠶᠢᠭᠰᠠᠨ ᠪᠦᠬᠡᠳ ᠬᠤᠷᠭᠤᠤᠯ ᠤᠨ ᠶᠡᠭᠡ ᠤᠪᠤᠭᠠᠨ ᠤ ᠤᠷᠢᠶᠠᠮᠠᠭ | ᠪᠠ᠂ ᠭᠤᠤ ᠬᠦᠷᠢᠶ᠎ᠠ ᠶᠢᠨ ᠳᠡᠭᠡᠬᠦᠷ ᠬᠦᠶᠦᠯᠬᠡᠨ ᠪᠤᠰᠬᠠᠬᠤ ᠤᠷᠢᠶᠠᠮᠠᠭ ᠪᠠ ᠪᠤᠯᠭᠠᠨ ᠬᠡᠷᠡᠭᠯᠡᠭᠰᠡᠬᠡᠷ ᠢᠷᠡᠪᠡ᠃ | | |