ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠣᠩᠭᠤᠯᠴᠣᠳ ᠤᠨ ᠬᠤᠪᠴᠠᠰᠣ ᠵᠠᠰᠠᠯ ᠤᠨ ᠬᠡᠯᠪᠡᠷᠢ | ᠮᠠᠶ᠋ᠢᠭ ᠨᠢ ᠴᠢᠩ ᠣᠯᠣᠰ ᠤᠨ ᠦᠶ᠎ᠡ ᠳᠤ ᠬᠦᠷᠴᠦ ᠢᠷᠡᠭᠡᠳ ᠮᠠᠨᠵᠣ ᠦᠨᠳᠦᠰᠦᠳᠡᠨ ᠤ ᠬᠤᠪᠴᠠᠰᠣ ᠵᠠᠰᠠᠯ ᠢ ᠶᠡᠭᠡ | ᠯᠠ ᠲᠠᠭᠤᠷᠢᠶᠠᠪᠠ᠃ ᠲᠣᠬᠠᠢ ᠶᠢᠨ ᠦᠶ᠎ᠡ ᠠᠴᠠ ᠮᠣᠩᠭᠤᠯ ᠬᠦᠮᠦᠨ ᠤ ᠬᠤᠪᠴᠠᠰᠣ ᠲᠡᠪᠡᠯ ᠢ ᠲᠦᠷᠦ ᠶᠢᠨ | ᠬᠤᠪᠴᠠᠰᠣ ᠪᠠ ᠶᠡᠷᠦ ᠶᠢᠨ ᠬᠤᠪᠴᠠᠰᠣ ᠭᠡᠵᠤ ᠢᠯᠭᠠᠳᠠᠭ᠃ ᠸᠠᠩ ᠭᠦᠩ ᠠᠴᠠ ᠲᠣᠷᠣᠭᠰᠢᠬᠢ ᠬᠡᠷᠡᠬᠡᠮᠳᠡᠨ᠂ | ᠲᠦᠰᠢᠮᠡᠳ ᠴᠦᠮ ᠴᠢᠩ ᠣᠯᠣᠰ ᠠᠴᠠ ᠲᠣᠭᠳᠠᠭᠠᠭᠰᠨᠨ ᠵᠡᠷᠭᠡ ᠲᠡᠰ ᠤᠨ ᠢᠯᠭᠠᠭ᠎ᠠ ᠪᠠᠷ ᠬᠠᠳᠬᠤᠮᠠᠯ ᠲᠠᠢ | ᠬᠤᠪᠴᠠᠰᠣ ᠡᠮᠦᠰᠳᠡᠭ᠃ ᠦᠷᠭᠡᠨ ᠣᠯᠠᠨ ᠮᠣᠩᠭᠤᠯᠴᠣᠳ ᠴᠢᠩ ᠣᠯᠣᠰ ᠲᠤ ᠴᠡᠷᠢᠭ ᠤᠨ ᠠᠯᠪᠠ ᠬᠠᠰᠢᠬᠤ | ᠡᠭᠦᠷᠭᠡ ᠲᠠᠢ ᠪᠦᠭᠡᠳ ᠴᠡᠷᠢᠭ ᠤᠨ ᠬᠤᠪᠴᠠᠰᠣ ᠪᠠᠨ ᠴᠦ ᠦᠪᠡᠷᠳᠡᠭᠡᠨ ᠪᠡᠯᠡᠳᠭᠡᠳᠡᠭ᠃ ᠲᠡᠳᠡᠨ ᠤ ᠡᠩ ᠤᠨ | ᠬᠤᠪᠴᠠᠰᠣ ᠨᠢ ᠮᠥᠨ ᠮᠣᠩᠭᠤᠯ ᠬᠤᠪᠴᠠᠰᠣ ᠪᠠᠶᠢᠪᠠ᠃ ᠡᠩ ᠤᠨ ᠮᠣᠩᠭᠤᠯᠴᠣᠳ ᠮᠥᠨ ᠮᠣᠩᠭᠤᠯ ᠲᠡᠪᠡᠯ ᠲᠡᠷᠯᠢᠭ | ᠢᠶᠠᠨ ᠡᠮᠦᠰᠳᠡᠭ ᠪᠣᠯᠪᠠᠴᠣ ᠲᠣᠳᠣᠷ ᠬᠤᠪᠴᠠᠰᠣ ᠶᠢᠨ ᠶᠠᠩᠵᠣ ᠬᠡᠯᠪᠡᠷᠢ ᠨᠢ ᠮᠠᠨᠵᠣ ᠦᠨᠳᠦᠰᠦᠳᠡᠨ ᠪᠠ ᠬᠢᠳᠠᠳ | ᠦᠨᠳᠦᠰᠦᠳᠡᠨ ᠤ ᠮᠠᠶ᠋ᠢᠭ ᠤᠨ ᠪᠣᠯᠵᠣ ᠬᠤᠪᠢᠷᠠᠪᠠ᠃ | ᠡᠷᠡᠭᠳᠡᠶᠢᠴᠣᠳ ᠤᠨ ᠮᠣᠩᠭᠤᠯ ᠲᠡᠪᠡᠯ ᠨᠢ ᠠᠭᠤᠵᠢᠮ ᠮᠦᠷᠳᠡᠭᠡᠨ ᠣᠨᠣᠭᠤ ᠦᠭᠡᠢ᠂ ᠬᠠᠨᠴᠣᠢ ᠣᠷᠳᠣ᠂ ᠵᠠᠬ᠎ᠠ | ᠨᠢ ᠦᠨᠳᠦᠷ᠂ ᠪᠦᠰᠡ ᠪᠦᠰᠡᠯᠡᠪᠡᠯ ᠰᠠᠯᠬᠢᠨ ᠪᠠ ᠬᠦᠢᠳᠡᠨ ᠢ ᠬᠠᠯᠠᠭᠯᠠᠵᠣ ᠡᠪᠦᠯ ᠤᠨ ᠴᠠᠭ ᠲᠤ ᠮᠠᠯ ᠬᠠᠷᠢᠭᠤᠯᠬᠤ᠂ | ᠮᠣᠷᠢ ᠣᠨᠣᠬᠤ ᠳᠤ ᠡᠪᠦᠳᠦᠭ ᠲᠠᠷᠣᠵᠣ ᠲᠣᠯᠠᠭᠠᠯᠠᠳᠠᠭ᠃ ᠵᠣᠨ ᠤ ᠴᠠᠭ ᠲᠤ ᠪᠠᠳᠠᠭᠠᠨ᠎ᠠ ᠪᠠ ᠬᠠᠯᠠᠭᠤᠨ ᠨᠠᠷᠠ ᠶᠢ | ᠬᠠᠯᠠᠭᠯᠠᠵᠣ᠂ ᠴᠢᠨᠠᠭᠰᠢᠯᠠᠨ ᠡᠳᠦᠷ ᠲᠤ ᠪᠠᠨ ᠡᠮᠦᠰᠴᠦ ᠰᠦᠨᠢ ᠳᠤ ᠪᠠᠨ ᠨᠦᠮᠦᠷᠴᠦ ᠪᠣᠯᠳᠠᠭ᠃ ᠮᠣᠩᠭᠤᠯ | ᠬᠤᠪᠴᠠᠰᠣ ᠶᠢ ᠬᠢᠬᠦ ᠳᠤ᠂ ᠭᠡᠷ ᠤᠨ ᠴᠢᠨᠡᠭᠡᠯᠢᠭ ᠬᠡᠮᠵᠢᠶ᠎ᠡ ᠪᠣᠶᠣ ᠣᠯᠠᠷᠢᠯ ᠢ ᠢᠯᠭᠠᠵᠣ᠂ ᠲᠣᠷᠭ᠎ᠠ ᠲᠣᠷᠳᠣᠩ᠂ | ᠴᠢᠰᠴᠣ ᠮᠠᠶᠢᠨᠴᠣ ᠪᠣᠯᠣᠨ ᠪᠦᠰ ᠤᠨ ᠪᠠᠷᠠᠭ᠎ᠠ ᠪᠠᠷ ᠬᠢᠳᠡᠭ᠃ ᠡᠪᠦᠯ ᠳᠤ ᠪᠠᠨ ᠲᠣᠳᠣᠷ᠎ᠠ ᠬᠠᠨᠳᠠᠭᠠᠰᠣ᠂ ᠬᠤᠨᠢᠨ | ᠠᠷᠠᠰᠣᠨ ᠲᠡᠪᠡᠯ᠂ ᠣᠣᠵᠢ ᠡᠮᠦᠰᠦᠨ᠎ᠡ᠃ | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠣᠩᠭᠤᠯᠴᠣᠳ ᠮᠠᠯᠠᠭᠠᠢ ᠶᠢ ᠲᠣᠩ ᠬᠦᠨᠳᠦᠳᠭᠡᠳᠡᠭ᠃ | ᠶᠠᠮᠠᠷᠴᠦ ᠶᠣᠰᠣᠯᠠᠯ ᠨᠠᠶᠢᠷ ᠨᠠᠭᠠᠳᠣᠮ ᠳᠤ ᠴᠦᠮ ᠮᠠᠯᠠᠭᠠᠢ ᠵᠡᠭᠦᠳᠡᠭ᠃ ︵ᠪᠦᠸᠧ ᠸᠠᠩ ᠬᠤᠰᠢᠭᠤᠨ ᠤ | ᠮᠣᠩᠭᠤᠯᠴᠣᠳ ᠮᠠᠯᠠᠭᠠᠢ ᠵᠡᠭᠦᠭᠦ ᠶᠢ ᠴᠦᠮ ᠮᠠᠯᠠᠭᠠᠢ ᠡᠮᠦᠰᠬᠦ ᠭᠡᠳᠡᠭ︶ ᠡᠶᠢᠮᠦ ᠦᠶᠡᠰ ᠶᠡᠷᠦ ᠠᠴᠠ ᠮᠠᠯᠠᠭᠠᠢ ᠦᠭᠡᠢ | ᠨᠢᠴᠦᠭᠦᠨ ᠲᠣᠯᠣᠭᠠᠢ ᠪᠠᠷ ᠶᠠᠪᠣᠬᠤ ᠦᠭᠡᠢ᠃ ᠮᠠᠯᠠᠭᠠᠢ ᠶᠢ ᠬᠠᠪᠣᠷ ᠨᠠᠮᠣᠷ ᠬᠠᠷ᠎ᠠ ᠬᠤᠷᠠᠭᠠᠨ ᠠᠷᠠᠰᠣ᠂ ᠬᠢᠯᠢᠩ | ᠬᠠᠷ᠎ᠠ ᠦᠭᠡᠳᠡᠩ ᠬᠠᠳᠠᠭᠰᠠᠨ ᠲᠦᠭᠦᠷᠢᠭᠡᠨ ᠮᠠᠯᠠᠭᠠᠢ᠂ ᠶᠣᠰᠣᠯᠠᠯ ᠤᠨ ᠮᠠᠯᠠᠭᠠᠢ᠂ ᠵᠣᠨ ᠳᠤ ᠪᠠᠨ ᠶᠠᠩᠵᠣ ᠪᠦᠷᠢ | ᠶᠢᠨ ᠰᠡᠭᠦᠪᠴᠢᠳᠣ ᠰᠠᠷᠠᠪᠴᠢᠳᠠᠢ ᠪᠦᠰ ᠮᠠᠯᠠᠭᠠᠢ ᠪᠣᠶᠣ ᠰᠡᠷᠢᠭᠦᠨ ᠡᠪᠡᠰᠦᠨ ᠮᠠᠯᠠᠭᠠᠢ᠂ ᠡᠪᠦᠯ ᠳᠤ ᠪᠠᠨ ᠲᠦᠷᠪᠡᠨ | ᠴᠢᠬᠢᠳᠡᠢ ᠦᠨᠡᠭᠡᠨ ᠮᠠᠯᠠᠭᠠᠢ᠂ ᠭᠤᠵᠣᠭᠤᠷ ᠲᠣᠬᠤ ᠲᠠᠢ ᠡᠯᠪᠡᠩᠬᠦ ᠶᠢᠨ ᠦᠰᠦᠳᠡᠢ ᠮᠠᠯᠠᠭᠠᠢ᠂ ᠢᠰᠡᠭᠡᠢ ᠲᠣᠭᠤᠷᠴᠤᠭ | ᠵᠡᠷᠭᠡ ᠪᠠᠷ ᠰᠣᠯᠢᠵᠣ ᠬᠢᠵᠣ ᠡᠮᠦᠰᠳᠡᠭ᠃ ᠡᠮᠦᠰᠦᠭᠰᠡᠨ ᠮᠠᠯᠠᠭᠠᠢ ᠪᠠᠨ ᠬᠠ ᠶᠠ ᠦᠭᠡᠢ ᠬᠠᠶᠠᠬᠤ ᠦᠭᠡᠢ ᠲᠡᠭᠡᠷ᠎ᠡ | ᠪᠠᠨ ︿︿ᠬᠤᠶᠠᠷ ᠬᠦᠮᠦᠨ ᠶᠠᠪᠣᠪᠠᠯ ᠨᠢᠭᠡ ᠨᠢ ᠠᠬ᠎ᠠ᠂ ᠨᠢᠭᠡ ᠬᠦᠮᠦᠨ ᠶᠠᠪᠣᠪᠠᠯ ᠮᠠᠯᠠᠭᠠᠢ ᠨᠢ ᠠᠬ᠎ᠠ﹀﹀ ᠭᠡᠵᠤ | ᠬᠦᠨᠳᠦᠯᠡᠨ᠂ ᠲᠠᠶᠢᠯᠵᠣ ᠠᠪᠣᠮᠠᠭᠴᠠ ᠪᠠᠨ ᠬᠠᠨ᠎ᠠ ᠳᠤ ᠡᠯᠭᠦᠨ᠂ ᠰᠣᠯᠢᠭᠰᠠᠨ ᠢᠶᠠᠨ ᠲᠡᠭᠡᠷ᠎ᠡ ᠬᠤᠷᠢᠶᠠᠳᠠᠭ᠃ | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠣᠩᠭᠤᠯᠴᠣᠳ ᠤᠨ ᠲᠡᠪᠡᠯ ᠳᠤ ᠰᠡᠩᠰᠡ ᠲᠡᠪᠡᠯ᠂ | ᠬᠤᠷᠠᠭᠠᠨ ᠲᠡᠪᠡᠯ᠂ ᠬᠤᠳᠠᠨ ᠲᠡᠪᠡᠯ᠂ ᠢᠯᠬᠢᠨ ᠲᠡᠪᠡᠯ᠂ ᠬᠦᠪᠦᠩᠳᠡᠢ ᠲᠡᠪᠡᠯ ᠵᠡᠷᠭᠡ ᠪᠠᠶᠢᠳᠠᠭ᠃ ᠲᠡᠷᠯᠢᠭ ᠲᠤ | ᠬᠤᠶᠠᠷ ᠵᠦᠢᠯ ᠪᠠᠶᠢᠳᠠᠭ᠃ ᠲᠠᠷᠣᠢ ᠲᠠᠩ ᠪᠦᠰ᠂ ᠲᠣᠷᠭ᠎ᠠ ᠪᠠᠷ ᠬᠢᠭᠰᠡᠨ᠂ ᠨᠦᠭᠦᠭᠡ ᠨᠢ ᠬᠦᠪᠦᠩ ᠲᠠᠢ ᠭᠢᠭᠰᠡᠨ | ᠭᠡᠵᠤ ᠢᠯᠭᠠᠨ᠎ᠠ᠃ ᠪᠦᠸᠧ ᠸᠠᠩ ᠬᠤᠰᠢᠭᠤᠨ ᠤ ᠮᠣᠩᠭᠤᠯᠴᠣᠳ ᠶᠡᠷᠦ ᠠᠴᠠ ᠲᠡᠷᠯᠢᠭ ᠭᠡᠵᠤ ᠬᠡᠯᠡᠳᠡᠭ ᠦᠭᠡᠢ᠂ | ᠲᠠᠩ ᠴᠠᠮᠴᠠ ᠭᠡᠵᠤ᠂ ᠬᠦᠪᠦᠩᠳᠡᠢ ᠶᠢ ᠨᠢ ᠣᠭᠴᠣᠷ ᠭᠡᠳᠡᠭ᠃ ᠡᠷᠡᠭᠳᠡᠶᠢᠴᠣᠳ ᠵᠣᠨ ᠤ ᠬᠠᠯᠠᠭᠤᠨ ᠳᠤ ᠬᠦᠭᠡ᠂ | ᠴᠠᠭᠠᠨ ᠲᠠᠩ ᠴᠠᠮᠴᠠ ᠡᠮᠦᠰᠳᠡᠭ᠃ ᠬᠠᠶᠠ ᠡᠪᠦᠯ ᠤᠨ ᠣᠯᠠᠷᠢᠯ ᠳᠤ ᠠᠷᠠᠰᠣᠨ ᠲᠡᠪᠡᠯ ᠤᠨ ᠢᠶᠠᠨ ᠲᠣᠳᠣᠷ ᠴᠠᠮᠴᠠ | ᠪᠠᠨ ᠡᠮᠦᠰᠳᠡᠭ᠃ | ᠪᠦᠰᠡ ᠪᠦᠰᠡᠯᠡᠬᠦ ᠨᠢ ᠮᠣᠩᠭᠤᠯᠴᠣᠳ ᠤᠨ ᠲᠡᠪᠡᠯ ᠬᠤᠪᠴᠠᠰᠣ ᠪᠠᠨ ᠪᠡᠶ᠎ᠡ ᠳᠤ ᠪᠠᠨ ᠲᠣᠬᠢᠷᠠᠭᠤᠯᠬᠤ᠂ ᠣᠳᠣᠷ | ᠨᠡᠭᠦᠳᠡᠯ ᠢᠶᠠᠷ ᠶᠠᠪᠣᠬᠤ᠂ ᠠᠳᠣᠭᠤ ᠮᠠᠯ ᠢᠶᠠᠨ ᠬᠠᠷᠢᠭᠤᠯᠬᠤ᠂ ᠠᠶᠠᠨ ᠵᠢᠩ ᠳᠤ ᠶᠠᠪᠣᠬᠤ᠂ ᠬᠠᠯᠠᠭᠤᠨ ᠬᠦᠢᠳᠡᠨ ᠢ | ᠲᠡᠩᠨᠡᠭᠦᠯᠵᠣ ᠵᠢᠪᠠᠷ ᠰᠠᠯᠬᠢ ᠠᠪᠬᠤ ᠶᠢ ᠰᠡᠷᠭᠡᠶᠢᠯᠡᠬᠦ ᠵᠡᠷᠭᠡ ᠳᠤ ᠲᠣᠳᠠᠭᠳᠠᠵᠣ ᠪᠣᠯᠣᠰᠢ ᠦᠭᠡᠢ ᠴᠢᠬᠤᠯᠠ ᠦᠢᠯᠡᠳᠦᠯ | ᠢ ᠦᠵᠡᠭᠦᠯᠦᠭᠰᠡᠭᠡᠷ ᠢᠷᠡᠭᠰᠡᠨ ᠶᠤᠮ᠃ ᠲᠠᠩ ᠭᠠᠭᠴᠠ ᠵᠠᠰᠠᠯ ᠴᠢᠮᠡᠭᠯᠡᠯ ᠤᠨ ᠡᠳ᠋ ᠪᠢᠰᠢ ᠶᠤᠮ᠃ | ᠪᠦᠰᠡ ᠪᠣᠯ ᠲᠠᠶᠠᠭᠠᠷ ᠮᠣᠩᠭᠤᠯᠴᠣᠳ ᠤᠨ ᠡᠮᠦᠰᠭᠡᠯ ᠬᠤᠪᠴᠠᠰᠣᠨ ᠳᠤ ᠲᠦᠭᠡᠮᠡᠯ ᠬᠡᠷᠡᠭᠯᠡᠳᠡᠳᠡᠭ ᠴᠢᠬᠤᠯᠠ | ᠡᠳ᠋ᠯᠡᠯ ᠪᠣᠯᠣᠨ᠎ᠠ᠃ ᠪᠦᠸᠧ ᠸᠠᠩ ᠬᠤᠰᠢᠭᠤᠨ ᠤ ᠮᠣᠩᠭᠤᠯᠴᠣᠳ ᠪᠦᠰᠡ ᠶᠢ ᠶᠡᠷᠦ ᠨᠢ ᠣᠯᠠᠭᠠᠨ᠂ ᠨᠣᠭᠤᠭᠠᠨ᠂ | ᠰᠢᠷ᠎ᠠ᠂ ᠪᠣᠷᠣ ᠵᠡᠷᠭᠡ ᠦᠩᠭᠡ ᠶᠢᠨ ᠲᠣᠷᠭ᠎ᠠ ᠲᠣᠷᠳᠣᠩ ᠪᠣᠶᠣ ᠪᠦᠰ ᠢᠶᠠᠷ ᠬᠢᠳᠡᠭ᠃ ᠨᠢᠭᠡ ᠠᠴᠠ ᠬᠤᠶᠠᠷ ᠲᠣᠬᠤᠢ | ᠦᠷᠭᠡᠨ ᠢᠶᠠᠷ᠂ ᠶᠢᠰᠦᠨ ᠲᠣᠬᠤᠢ ᠣᠷᠳᠣ ᠬᠡᠮᠵᠢᠶᠡᠯᠡᠵᠣ ᠬᠢᠨ᠎ᠡ᠃ ᠡᠷᠡᠭᠳᠡᠶᠢᠴᠣᠳ ᠡᠪᠦᠯ᠂ ᠬᠠᠪᠣᠷ᠂ ᠨᠠᠮᠣᠷ ᠤᠨ | ᠣᠯᠠᠷᠢᠯ ᠳᠤ ᠲᠡᠪᠡᠯ ᠢᠶᠠᠨ ᠪᠠᠭ᠎ᠠ ᠠᠭᠰᠠᠭᠠᠨ ᠬᠦᠭᠡᠷᠭᠡᠵᠣ ᠪᠦᠰᠡᠯᠡᠳᠡᠭ᠃ ᠢᠳᠡᠷ ᠵᠠᠯᠠᠭᠤᠴᠣᠳ ᠵᠢᠯ ᠴᠠᠭᠠᠨ ᠰᠠᠷ᠎ᠠ᠂ | ᠬᠤᠷᠢᠮ ᠨᠠᠶᠢᠷ ᠲᠡᠭᠡᠷ᠎ᠡ ᠪᠦᠰᠡ ᠪᠠᠨ ᠠᠭᠠᠷᠴᠤᠭ ᠨᠢᠷᠣᠭᠤᠨ ᠳᠤ ᠪᠠᠨ ᠬᠤᠶᠠᠷ ᠴᠠᠴᠤᠭ ᠭᠠᠷᠭᠠᠵᠣ ᠪᠦᠰᠡᠯᠡᠨ᠎ᠡ᠃ | ᠪᠦᠰᠡ ᠶᠢ ᠣᠷᠳᠣ ᠲᠡᠪᠡᠯ ᠤᠨ ᠢᠶᠠᠨ ᠲᠡᠭᠡᠭᠦᠷ ᠦᠷᠭᠡᠨ ᠢᠶᠠᠷ ᠪᠦᠰᠡᠯᠡᠵᠣ ᠡᠷ᠎ᠡ ᠬᠦᠮᠦᠨ ᠤ ᠴᠤᠭ ᠰᠦᠯᠳᠡ ᠬᠡᠢ | ᠮᠣᠷᠢ ᠪᠠᠨ ᠮᠠᠨᠳᠣᠭᠤᠯᠵᠣ ᠪᠠᠶᠢᠳᠠᠭ᠃ | ᠪᠦᠸᠧ ᠸᠠᠩ ᠬᠤᠰᠢᠭᠤᠨ ᠤ ᠬᠠᠨᠵᠢᠶᠠᠷᠢ ᠬᠦᠷᠮ᠎ᠡ ᠶᠢ ᠪᠠᠷᠤᠭ ᠪᠦᠷ ᠣᠣᠵᠢ ᠭᠡᠵᠤ ᠬᠡᠯᠡᠳᠡᠭ᠃ ᠲᠣᠬᠠᠢ ᠦᠶ᠎ᠡ | ᠳᠤ ᠣᠣᠵᠢ ᠨᠢ ᠡᠷᠡᠭᠳᠡᠶᠢᠴᠣᠳ ᠤᠨ ᠯᠠᠷᠵᠢᠶ᠎ᠠ ᠰᠣᠷᠳᠣᠭᠤ ᠪᠣᠶᠣ ᠵᠠᠰᠠᠯ ᠤᠨ ᠡᠳ᠋ ᠪᠠᠶᠢᠪᠠ᠃ ᠵᠢᠯ ᠴᠠᠭᠠᠨ ᠰᠠᠷ᠎ᠠ᠂ | ᠬᠤᠷᠢᠮ ᠨᠠᠶᠢᠷ ᠲᠡᠭᠡᠷ᠎ᠡ ᠲᠡᠪᠡᠯ ᠲᠡᠷᠯᠢᠭ ᠤᠨ ᠢᠶᠠᠨ ᠭᠠᠳᠠᠭᠤᠷ ᠬᠦᠷᠮ᠎ᠠ ᠪᠣᠶᠣ ᠬᠠᠨᠵᠢᠶᠠᠷᠢ ᠰᠣᠭᠰᠣᠷᠠᠨ ᠡᠮᠦᠰᠳᠡᠭ᠂ | ᠣᠨᠴᠠᠭᠠᠶᠢᠯᠠᠨ ᠰᠢᠨ᠎ᠡ ᠬᠦᠷᠭᠡᠨ ᠮᠣᠷᠳᠠᠬᠤ ᠦᠶ᠎ᠡ ᠳᠤ ᠲᠣᠷᠭᠠᠨ ᠭᠠᠳᠠᠷ ᠲᠠᠢ ᠬᠤᠷᠠᠭᠠᠨ ᠵᠣᠪᠴᠠᠭ᠎ᠠ ᠡᠮᠦᠰᠴᠦ᠂ | ᠣᠯᠠᠭᠠᠨ ᠲᠣᠷᠳᠣᠩ ᠪᠦᠰᠡ ᠶᠢ ᠠᠷᠣ ᠳᠤ ᠪᠠᠨ ᠨᠢᠵᠡᠭᠡᠳ ᠭᠤᠭᠴᠤᠭ᠎ᠠ ᠭᠠᠷᠭᠠᠨ ᠶᠠᠩᠵᠣᠯᠠᠨ ᠪᠦᠰᠡᠯᠡᠵᠣ᠂ ᠲᠡᠭᠦᠨ | ᠤ ᠭᠠᠳᠠᠭᠤᠷ ᠦᠩᠭᠡ ᠶᠢᠨ ᠬᠤᠸᠠᠷᠳᠠᠢ ᠬᠦᠷᠮ᠎ᠡ ᠰᠣᠭᠰᠣᠷᠠᠨᠠ᠃ | ᠮᠣᠩᠭᠤᠯᠴᠣᠳ ᠤᠨ ᠡᠮᠦᠰᠳᠡᠭ ᠪᠠᠶᠢᠭᠰᠨᠨ ᠦᠮᠦᠳᠦ ᠶᠢᠨ ᠬᠢᠨᠢ ᠵᠠᠬ᠎ᠠ ᠨᠢ ᠦᠨᠳᠦᠷ᠂ ᠡᠯᠡᠨ ᠨᠢ ᠦᠷᠭᠡᠨ᠂ | ᠰᠢᠷᠬᠤᠨᠠᠭ ᠨᠢ ᠨᠠᠷᠢᠨ ᠪᠦᠭᠡᠳ ᠠᠷᠣ ᠦᠪᠦᠷ ᠤᠨ ᠢᠯᠭᠠᠭ᠎ᠠ ᠦᠭᠡᠢ᠃ ᠠᠳᠠᠯᠢ ᠪᠣᠰᠣ ᠣᠯᠠᠷᠢᠯ ᠳᠤ ᠠᠳᠠᠯᠢ ᠪᠣᠰᠣ | ᠪᠠᠷ ᠰᠣᠩᠭᠤᠵᠣ᠂ ᠲᠠᠩ᠂ ᠲᠠᠪᠬᠤᠷ᠂ ᠬᠦᠪᠦᠩᠳᠡᠢ ᠬᠢᠳᠡᠭ ᠪᠣᠶᠣ ᠦᠰᠦᠳᠡᠢ ᠠᠷᠠᠰᠣᠨ ᠦᠮᠦᠳᠦ᠂ ᠴᠣᠯᠭᠤᠢ | ᠠᠷᠠᠰᠣᠨ ᠦᠮᠦᠳᠦ ᠬᠡᠬᠦᠴᠢᠯᠡᠨ ᠬᠢᠵᠣ ᠡᠮᠦᠰᠳᠡᠭ᠃ | ᠵᠠᠷᠢᠮ ᠦᠶ᠎ᠡ ᠦᠮᠦᠳᠦ ᠶᠢᠨ ᠢᠶᠠᠨ ᠭᠠᠳᠠᠭᠤᠷ ᠠᠯᠠ ᠦᠭᠡᠢ᠂ ᠲᠠᠩ ᠰᠢᠷᠬᠤᠨᠠᠭ ᠢᠶᠠᠷ ᠪᠦᠷᠢᠯᠳᠦᠭᠰᠡᠨ ᠡᠮᠦᠰᠭᠡᠯ | ᠢ ᠲᠠᠪᠬᠤᠷᠯᠠᠨ ᠡᠮᠦᠰᠳᠡᠭ᠃ ᠲᠡᠭᠦᠨ ᠢ ᠲᠣᠬᠤᠣ ᠭᠡᠳᠡᠭ᠃ ᠲᠣᠣᠬᠤᠣ ᠳᠤ ᠬᠡᠳᠦᠨ ᠵᠦᠢᠯ ᠪᠠᠶᠢᠳᠠᠭ᠃ ᠲᠠᠷᠣᠢ | ᠢᠮᠠᠭ᠎ᠠ ᠬᠤᠨᠢᠨ ᠠᠷᠠᠰᠣ ᠶᠢᠨ ᠦᠰᠦᠳᠡᠢ ᠲᠣᠣᠬᠤᠣ ᠪᠣᠶᠣ ᠴᠣᠯᠭᠤᠢ ᠠᠷᠠᠰᠣᠨ ᠲᠣᠣᠬᠤᠣ ᠪᠠᠶᠢᠳᠠᠭ᠃ ᠪᠠᠰᠠ | ᠪᠦᠳᠦᠭᠦᠨ ᠰᠢᠷᠭᠡᠭ ᠲᠠᠢ ᠪᠦᠰ ᠪᠠᠷᠠᠭ᠎ᠠ ᠪᠠᠷ ᠬᠢᠭᠰᠡᠨ ᠴᠦ ᠪᠠᠶᠢᠳᠠᠭ᠃ ᠲᠣᠣᠬᠤᠣ ᠶᠢᠨ ᠦᠢᠯᠡᠳᠦᠯ ᠭᠡᠪᠡᠯ ᠲᠠᠷᠣᠢ | ᠬᠠᠬᠢᠷ ᠬᠦᠢᠳᠡᠨ ᠳᠤ ᠡᠪᠦᠳᠦᠭ ᠰᠢᠯᠪᠢ ᠶᠢ ᠲᠣᠯᠠᠭᠠᠯᠠᠨ ᠬᠠᠮᠠᠭᠠᠯᠠᠬᠤ᠂ ᠲᠦᠩ ᠢᠶᠠᠷ ᠲᠣᠭᠤᠷᠢᠵᠣ ᠲᠦᠯᠡᠭᠡ | ᠬᠠᠳᠣᠬᠤ ᠳᠤ ᠦᠮᠦᠳᠦᠨ ᠰᠢᠷᠬᠤᠨᠠᠭ ᠡᠪᠦᠳᠦᠭ ᠤᠨ ᠦᠷᠦᠭᠳᠡᠵᠣ ᠪᠠᠷᠠᠭᠳᠠᠬᠤ ᠶᠢ ᠬᠠᠮᠠᠭᠠᠯᠠᠵᠣ ᠪᠠᠶᠢᠳᠠᠭ᠃ ᠪᠠᠰᠠ | ᠲᠦᠯ ᠲᠣᠰᠬᠤ᠂ ᠬᠤᠨᠢ ᠢᠮᠠᠭ᠎ᠠ ᠠᠯᠠᠵᠣ ᠨᠢᠳᠣᠯᠠᠬᠤ᠂ ᠠᠳᠣᠭᠤ ᠲᠡᠯᠯᠡᠵᠣ ᠲᠠᠮᠠᠭᠠᠯᠠᠬᠤ᠂ ᠡᠰᠭᠡᠵᠣ ᠵᠠᠰᠠᠬᠤ ᠵᠡᠷᠭᠡ | ᠠᠵᠢᠯ ᠳᠤ ᠦᠮᠦᠳᠦ ᠳᠤ ᠪᠣᠵᠠᠷ ᠪᠣᠷᠳᠠᠭ ᠵᠦᠢᠯ ᠬᠦᠷᠬᠦ ᠠᠴᠠ ᠰᠡᠷᠭᠡᠶᠢᠯᠡᠵᠣ ᠴᠢᠳᠠᠳᠠᠭ ᠵᠡᠷᠭᠡ ᠦᠢᠯᠡᠳᠦᠯ ᠲᠠᠢ | ᠶᠤᠮ᠃ ᠲᠡᠶᠢᠮᠦ ᠠᠴᠠ ᠡᠷᠡᠭᠳᠡᠶᠢᠴᠣᠳ ᠪᠦᠬᠦᠨ ᠤ ᠨᠢᠭᠡᠨ ᠬᠤᠣᠰ ᠪᠣᠶᠣ ᠬᠡᠳᠦᠨ ᠵᠦᠢᠯ ᠤᠨ ᠲᠣᠣᠬᠤᠣ ᠪᠠᠶᠢᠳᠠᠭ᠃ | | ᠪᠦᠸᠧ ᠸᠠᠩ ᠬᠤᠰᠢᠭᠤᠨ ᠤ ᠮᠣᠩᠭᠤᠯᠴᠣᠳ ᠬᠤᠪᠴᠠᠰᠣ ᠵᠠᠰᠠᠯ ᠢ ᠲᠣᠩ ᠠᠩᠬᠠᠷᠳᠠᠭ ᠪᠦᠭᠡᠳ ᠠᠷᠢᠭᠤᠨ | ᠴᠠᠪᠡᠷ ᠢ ᠴᠦ ᠡᠷᠬᠢᠮᠯᠡᠳᠡᠭ᠃ ᠶᠠᠮᠠᠷᠴᠣ ᠱᠠᠬᠠᠢ ᠭᠤᠳᠣᠯ ᠡᠮᠦᠰᠬᠦ ᠳᠤ ᠪᠠᠨ ᠶᠠᠮᠠᠷ ᠣᠶᠢᠮᠣᠰᠣ ᠡᠮᠦᠰᠳᠡᠭ᠃ | ᠣᠶᠢᠮᠣᠰᠣ ᠶᠢ ᠴᠦᠮ ᠱᠠᠬᠠᠢ ᠶᠢᠨ ᠬᠡᠯᠪᠡᠷᠢ ᠪᠣᠶᠣ ᠭᠤᠳᠣᠯ ᠤᠨ ᠬᠡᠯᠪᠡᠷᠢ ᠪᠠᠷ ᠢᠶᠠᠨ ᠬᠠᠮᠠᠷ ᠲᠠᠢ ᠡᠰᠬᠡᠨ ᠣᠶᠣᠵᠣ᠂ | ᠲᠠᠩ ᠪᠣᠶᠣ ᠲᠠᠪᠬᠤᠷ᠂ ᠬᠦᠪᠦᠩᠳᠠᠢ ᠣᠶᠣᠬᠤ ᠪᠦᠭᠡᠳ ᠬᠤᠨᠢ᠂ ᠲᠡᠮᠡᠭᠡᠨ ᠨᠣᠣᠰᠣᠨ ᠣᠶᠢᠮᠣᠰᠣ᠂ ᠢᠰᠡᠭᠡᠢ ᠶᠢᠨ | ᠣᠶᠢᠮᠣᠰᠣ ᠡᠮᠦᠰᠳᠡᠭ᠃ | ᠬᠠᠪᠣᠷ ᠨᠠᠮᠣᠷ ᠡᠪᠦᠯ ᠤᠨ ᠰᠡᠷᠢᠭᠦᠨ ᠪᠣᠶᠣ ᠬᠦᠢᠳᠡᠨ ᠤ ᠣᠯᠠᠷᠢᠯ ᠳᠤ ᠭᠤᠳᠣᠯ ᠤᠨ ᠣᠯᠠ ᠳᠤ ᠪᠠᠨ ᠮᠣᠷᠢᠨ | ᠲᠡᠯ ᠢ ᠵᠣᠯᠠᠵᠣ ᠲᠡᠪᠢᠰᠴᠦ ᠡᠮᠦᠰᠦᠨ᠎ᠡ᠃ ᠬᠦᠯ ᠵᠢᠩᠬᠢᠨᠠᠪᠠᠯ ᠶᠡᠭᠡ ᠡᠪᠡᠳᠴᠢᠨ ᠣᠯᠣᠨ᠎ᠠ ᠭᠡᠵᠤ ᠬᠡᠵᠢᠶᠡᠳᠡ ᠬᠦᠯ | ᠢᠶᠠᠨ ᠲᠣᠯᠠᠭᠠᠯᠠᠵᠣ ᠶᠠᠪᠣᠳᠠᠭ᠃ ᠡᠪᠦᠯ ᠤᠨ ᠬᠦᠢᠳᠡᠨ ᠳᠤ ᠮᠣᠷᠢ ᠣᠨᠤᠭ᠎ᠠ ᠲᠡᠷᠭᠡ ᠮᠣᠳᠣᠨ ᠲᠡᠭᠡᠷ᠎ᠡ ᠶᠠᠪᠣᠬᠤ ᠳᠤ | ᠪᠠᠨ ᠲᠠᠩᠳᠡᠣᠮᠠ ᠠᠷᠠᠰᠣᠨ ᠭᠤᠳᠣᠯ ᠢ ᠢᠰᠡᠭᠡᠢ ᠣᠶᠢᠮᠣᠰᠣ ᠲᠠᠢ ᠡᠮᠦᠰᠴᠦ᠂ ᠲᠡᠷᠭᠡ ᠭᠡᠯᠢᠬᠦ᠂ ᠴᠠᠰᠣᠨ ᠲᠡᠭᠡᠷ᠎ᠡ | ᠶᠠᠪᠣᠬᠤ ᠳᠤ ᠪᠠᠨ ᠵᠠᠩ ᠭᠠᠳᠠ ᠭᠤᠳᠣᠯ ᠡᠮᠦᠰᠴᠦ᠂ ᠬᠤᠷᠢᠮ ᠬᠤᠷᠠᠯ᠂ ᠨᠠᠶᠢᠷ ᠨᠠᠭᠠᠳᠣᠮ ᠲᠡᠭᠡᠷ᠎ᠡ ᠦᠭᠡᠳᠡᠩ | ᠭᠤᠳᠣᠯ᠂ ᠬᠠᠮᠠ ᠭᠤᠳᠣᠯ᠂ ᠪᠣᠯᠢᠭᠠᠷᠢᠨ ᠭᠤᠳᠣᠯ᠂ ᠦᠯᠵᠡᠢ ᠵᠠᠩᠬᠢᠶ᠎ᠠ ᠡᠭᠦᠯᠡᠨ ᠭᠡ ᠣᠷᠠᠠᠯᠭᠰᠠᠨ ᠲᠣᠳᠣᠯᠠᠭᠰᠠᠨ | ᠭᠤᠳᠣᠯ ᠵᠡᠷᠭᠡ ᠶᠢ ᠴᠠᠭᠠᠨ ᠣᠶᠢᠮᠣᠰᠣ ᠲᠠᠢ ᠡᠮᠦᠰᠳᠡᠭ᠃ ᠬᠠᠪᠣᠷ ᠨᠠᠮᠣᠷ ᠤᠨ ᠰᠡᠷᠢᠭᠦᠨ ᠣᠯᠠᠷᠢᠯ ᠳᠤ ᠰᠦᠭᠦᠬᠡᠢ | ᠭᠤᠳᠣᠯ᠂ ᠰᠢᠷᠠᠮᠠᠯ ᠪᠦᠰ ᠣᠯᠠᠨ ᠲᠠᠢ ᠪᠦᠰ ᠭᠤᠳᠣᠯ᠂ ᠣᠭᠠᠯᠵᠠᠨ ᠪᠦᠰ ᠲᠠᠩ ᠭᠤᠳᠣᠯ ᠵᠡᠷᠭᠡ ᠶᠢ ᠡᠮᠦᠰᠦᠨ᠎ᠡ᠃ | ᠵᠣᠨ ᠤ ᠣᠯᠠᠷᠢᠯ ᠳᠤ ᠪᠦᠰ ᠱᠠᠬᠠᠢ ᠶᠢ ᠡᠮᠦᠰᠦᠨ᠎ᠡ᠃ ᠡᠷᠡᠭᠳᠡᠶᠢᠴᠣᠳ ᠭᠤᠳᠣᠯ ᠡᠮᠦᠰᠬᠦ ᠳᠤ ᠪᠠᠨ ᠦᠮᠦᠳᠦᠨ | ᠰᠢᠷᠬᠤᠨᠠᠭ ᠢᠶᠠᠨ ᠰᠢᠯᠪᠢ ᠠᠴᠠ ᠪᠠᠨ ᠲᠡᠭᠡᠭᠰᠢ ᠭᠠᠷᠳᠠᠯ᠎ᠠ ᠲᠣᠰᠬᠠᠢ ᠣᠷᠢᠶᠠᠯᠳᠠ ᠪᠠᠷ ᠣᠷᠢᠶᠠᠵᠣ ᠪᠣᠭᠤᠳᠠᠭ᠃ | ᠡᠷᠡᠭᠳᠡᠶᠢᠴᠣᠳ ᠬᠤᠷᠢᠮ ᠬᠤᠷᠠᠯ ᠪᠣᠶᠣ ᠵᠢᠯ ᠴᠠᠭᠠᠨ ᠰᠠᠷ᠎ᠠ ᠳᠤ ᠬᠦᠭᠡ ᠲᠣᠷᠭᠠᠨ ᠭᠠᠳᠠᠷ ᠲᠠᠢ ᠬᠤᠷᠠᠭᠠᠨ | ᠲᠡᠪᠡᠯ᠂ ᠬᠦᠭᠡ ᠴᠢᠰᠴᠣ ᠪᠣᠶᠣ ᠬᠦᠭᠡ ᠲᠠᠯᠢᠩ ᠭᠠᠳᠠᠷ ᠲᠠᠢ ᠬᠤᠨᠢᠨ ᠠᠷᠠᠰᠣᠨ ᠵᠣᠪᠴᠠᠭ᠎ᠠ ᠡᠮᠦᠰᠴᠦ᠂ ᠨᠣᠭᠤᠭᠠᠨ | ᠣᠯᠠᠭᠠᠨ ᠲᠣᠷᠭᠠᠨ ᠪᠦᠰᠡ ᠡᠰᠡᠭᠦᠯ᠎ᠡ ᠵᠢᠶᠠᠨᠴᠠᠣ ᠪᠦᠰᠡ ᠪᠦᠰᠡᠯᠡᠵᠣ᠂ ᠪᠠᠷᠠᠭᠤᠨ ᠲᠠᠰᠢᠶᠠᠨ ᠳᠤ ᠪᠠᠨ ᠮᠦᠩᠭᠦᠨ | ᠬᠤᠢ ᠲᠠᠢ ᠬᠢᠳᠤᠭ᠎ᠠ᠂ ᠶᠠᠩᠵᠣ ᠪᠦᠷᠢ ᠪᠠᠷ ᠶᠠᠩᠵᠣᠯᠠᠭᠰᠠᠨ ᠬᠤᠢ ᠲᠠᠢ ᠬᠢᠳᠤᠭ᠎ᠠ ᠵᠡᠭᠦᠵᠣ᠂ ᠵᠡᠭᠦᠨ ᠰᠦᠪᠡᠭᠡᠨ | ᠲᠡᠭᠡᠷ᠎ᠡ ᠪᠠᠨ ᠲᠠᠶᠢᠯᠠᠷ ᠬᠦᠬᠦᠷ ᠵᠡᠭᠦᠳᠡᠭ᠃ ᠦᠭᠡᠳᠡᠩ ᠭᠤᠳᠣᠯ ᠪᠣᠶᠣ ᠪᠣᠯᠢᠭᠠᠷᠢ ᠰᠠᠭᠠᠷᠢᠨ ᠭᠤᠳᠣᠯ ᠡᠮᠦᠰᠴᠦ᠂ | ᠬᠦᠭᠡ ᠲᠣᠷᠭᠠᠨ ᠭᠠᠳᠠᠷ ᠲᠠᠢ ᠬᠤᠷᠠᠭᠠᠨ ᠠᠷᠠᠰᠣᠨ ᠦᠮᠦᠳᠦ ᠪᠣᠶᠣ ᠬᠦᠪᠦᠩᠳᠡᠢ ᠦᠮᠦᠳᠦ᠂ ᠡᠰᠡᠭᠦᠯ᠎ᠡ ᠬᠠᠷ᠎ᠠ | ᠲᠠᠯᠢᠩ ᠭᠠᠳᠠᠷ ᠲᠠᠢ ᠪᠦᠰ ᠲᠣᠳᠣᠷ ᠲᠠᠢ ᠵᠢᠶᠠ ︵ᠲᠠᠪᠬᠤᠷ︶ ᠦᠮᠦᠳᠦ ᠡᠮᠦᠰᠴᠦ᠂ ᠪᠣᠯᠠᠭ᠎ᠠ᠂ ᠬᠠᠯᠢᠭᠤ᠂ | ᠦᠨᠡᠭᠡᠨ ᠠᠷᠠᠰᠣᠨ ᠮᠠᠯᠠᠭᠠᠢ᠂ ᠡᠯᠪᠡᠩᠭᠦ ᠶᠢᠨ ᠦᠰᠦᠳᠡᠢ ᠮᠠᠯᠠᠭᠠᠢ ᠪᠣᠶᠣ ᠬᠤᠷᠠᠭᠠᠨ ᠠᠷᠠᠰᠣᠨ ᠲᠣᠭᠤᠷᠴᠤᠭ ᠮᠠᠯᠠᠭᠠᠢ | ᠡᠮᠦᠰᠳᠡᠭ᠃ ᠲᠣᠮᠳᠠ ᠶᠢᠨ ᠨᠠᠰᠣᠨ ᠠᠴᠠ ᠲᠡᠭᠡᠭᠰᠢᠬᠢ ᠬᠦᠮᠦᠰ ᠪᠠᠰᠠ ᠴᠢᠬᠢ ᠶᠢᠨ ᠣᠬᠤᠴᠢᠭᠤᠷ ᠪᠠ ᠰᠢᠳᠦᠨ | ᠴᠢᠭᠴᠢᠯᠡᠭᠦᠷ ᠢ ᠬᠤᠯᠪᠣᠵᠣ ᠡᠭᠡᠮ ᠤᠨ ᠲᠣᠪᠴᠢ ᠠᠴᠠ ᠪᠠᠨ ᠵᠡᠭᠦᠳᠡᠭ᠃ ᠠᠰ ᠡᠩᠭᠡᠷ ᠲᠠᠢ ᠬᠠᠨᠳᠠᠭᠠᠵᠠ ᠪᠣᠯ | ᠬᠤᠶᠠᠳᠣᠭᠠᠷ ᠲᠣᠪᠴᠢ ᠠᠴᠠ ᠪᠠᠨ ᠵᠡᠭᠦᠵᠣ ᠪᠠᠶᠢᠳᠠᠭ᠃ ᠴᠢᠭᠴᠢᠯᠡᠭᠦᠷ ᠢ ᠮᠦᠩᠬᠦ ᠪᠠᠷ ᠬᠢᠨ᠎ᠡ᠂ ᠵᠡᠰ᠂ ᠭᠠᠣᠯᠢ᠂ | ᠲᠡᠮᠣᠷ ᠢᠶᠠᠷ ᠦᠪᠡᠷᠳᠡᠭᠡᠨ ᠬᠢᠭᠰᠡᠨ ᠴᠦ ᠪᠠᠶᠢᠳᠠᠭ᠃ ᠪᠦᠯᠡᠵᠡᠭ ᠢ ᠡᠷᠡᠬᠡᠢ ᠬᠤᠷᠣᠭᠤᠨ ᠳᠤ ᠪᠠᠨ ᠵᠡᠭᠦᠵᠣ ᠪᠠᠶᠢᠪᠠ᠃ | ᠪᠠᠶᠠᠴᠣᠳ ᠪᠣᠯ ᠰᠠᠶ᠋ᠢ ᠬᠤᠶᠠᠷ ᠲᠣᠯᠣᠪᠣᠷ ᠬᠤᠷᠣᠭᠤᠨ ᠠᠴᠠ ᠣᠨᠳᠣᠣ ᠨᠠᠢᠮᠠᠨ ᠬᠤᠷᠣᠭᠤᠨ ᠳᠤ ᠪᠠᠨ ᠪᠦᠷ | ᠪᠦᠯᠡᠵᠡᠭ ᠵᠡᠭᠦᠳᠡᠭ ᠴᠦ ᠪᠣᠢ᠃ ᠪᠦᠯᠡᠵᠡᠭ ᠢ ᠣᠯᠠᠩᠬᠢ ᠳᠤ ᠪᠠᠨ ᠠᠯᠳᠠ ᠮᠦᠩᠬᠦ᠂ ᠬᠠᠰ ᠢᠶᠠᠷ ᠬᠢᠨ᠎ᠡ᠃ ᠪᠦᠯᠡᠵᠡᠭ | ᠲᠡᠭᠡᠷ᠎ᠡ ᠣᠯᠠᠭᠠᠨ ᠨᠣᠭᠤᠭᠠᠨ ᠣᠭ᠍ᠶᠣ᠂ ᠰᠣᠪᠣᠳ ᠲᠠᠨ᠎ᠠ ᠰᠢᠬᠢᠳᠭᠡᠳᠡᠭ᠃ ᠨᠠᠰᠣᠳᠠᠶᠢᠴᠣᠳ ᠦᠨ᠎ᠡ ᠪᠡᠨ᠎ᠡ ᠲᠠᠢ | ᠭᠠᠩᠰᠠ ᠲᠠᠢ ᠪᠠᠨ ᠬᠤᠯᠪᠣᠭᠰᠠᠨ ᠭᠠᠩᠭᠠᠩ ᠰᠠᠶᠢᠬᠠᠨ ᠲᠠᠮᠠᠬᠢᠨ ᠣᠭᠤᠳᠠ ᠪᠠᠨ ᠪᠠᠷᠠᠭᠤᠨ ᠲᠠᠰᠢᠶᠠᠨ ᠲᠡᠭᠡᠷ᠎ᠡ ᠪᠠᠨ | ᠪᠦᠰᠡᠨ ᠳᠤ ᠪᠠᠨ ᠰᠣᠶᠢᠷᠠᠵᠣ ᠵᠡᠭᠦᠳᠡᠭ᠃ ᠭᠠᠩᠰᠠ ᠰᠢᠯᠪᠢ ᠪᠠᠨ ᠬᠠᠶᠢᠷᠠᠯᠠᠨ ᠬᠢᠮᠠᠭᠠᠳᠠᠬᠤ ᠳᠤ ᠲᠣᠰᠬᠠᠶᠢᠯᠠᠨ | ᠲᠣᠷᠭᠠᠨ ᠲᠣᠭᠳᠣᠢ ᠣᠶᠣᠵᠣ ᠭᠠᠩᠰᠠ ᠪᠠᠨ ᠬᠢᠭᠡᠳ ᠲᠠᠮᠠᠬᠢᠨ ᠣᠭᠤᠳᠠ ᠲᠠᠢ ᠪᠠᠨ ᠬᠤᠯᠪᠣᠳᠠᠭ᠃ ᠲᠠᠮᠠᠬᠢᠨ | ᠣᠭᠤᠳᠠ ᠶᠢ ᠣᠯᠠᠨ ᠦᠩᠭᠡ ᠶᠢᠨ ᠲᠣᠷᠭᠠᠨ ᠠᠴᠠ ᠲᠣᠷᠠᠳᠠᠢ ᠦᠩᠭᠡ ᠪᠠᠨ ᠰᠣᠩᠭᠤᠵᠣ᠂ ᠬᠤᠶᠠᠷ ᠲᠠᠯ᠎ᠠ᠂ | ᠢᠷᠣᠭᠠᠷ ᠢ ᠨᠢ ᠡᠮᠵᠢᠶᠡᠷᠢᠯᠡᠨ ᠲᠡᠭᠡᠷ᠎ᠡ ᠨᠢ ᠬᠤᠷᠭᠤᠢ ᠪᠠᠷ ᠬᠠᠯᠵᠠᠯᠠᠨ᠂ ᠴᠡᠴᠡᠭ ᠨᠠᠪᠴᠢ᠂ ᠵᠢᠭᠦᠷᠳᠡᠨ ᠰᠢᠪᠠᠭᠤ᠂ | ᠵᠢᠷᠬᠢᠬᠦ ᠡᠷᠪᠡᠬᠡᠢ᠂ ᠬᠡ ᠣᠭᠠᠯᠵᠠ ᠬᠠᠳᠬᠤᠮᠠᠯᠯᠠᠨ ᠲᠣᠣᠰᠠ ᠪᠠᠷ ᠬᠦᠪᠡᠭᠡᠯᠡᠨ ᠴᠢᠮᠡᠨ᠎ᠡ᠃ ᠣᠭᠤᠳᠠᠨ ᠠᠮᠠᠰᠠᠷ ᠤᠨ | ᠡᠰᠡᠷᠭᠦᠦ ᠲᠠᠯ᠎ᠠ ᠳᠤ ᠨᠢ ᠬᠡᠳᠦᠨ ᠦᠩᠭᠡ ᠶᠢᠨ ᠲᠣᠷᠭ᠎ᠠ ᠲᠣᠷᠳᠣᠩ ᠤᠨ ᠫᠢᠶᠣᠣᠳᠠᠢ ᠨᠠᠮᠢᠷᠠᠭᠤᠯᠣᠭᠰᠠᠨ ᠪᠠᠶᠢᠳᠠᠭ᠃ | ᠣᠭᠤᠳᠠᠨ ᠡᠯᠭᠦᠭᠦᠷ ᠤᠨ ᠢᠶᠠᠨ ᠲᠣᠯᠣᠭᠠᠢ ᠲᠡᠭᠡᠷ᠎ᠡ ᠣᠭ᠍ᠶᠣ ᠬᠠᠰ ᠤᠨ ᠪᠣᠶᠣ ᠬᠤᠪᠣᠷ ᠴᠣᠬᠠᠭ ᠣᠵᠢᠷᠭᠠᠨ ᠲᠣᠣᠬᠠᠢ | ᠣᠭᠰᠠᠷᠠᠵᠣ᠂ ᠪᠦᠰᠡᠨ ᠳᠤ ᠪᠠᠨ ᠬᠠᠪᠴᠢᠭᠤᠯᠣᠨ ᠴᠢᠮᠡᠭ ᠲᠡᠭᠡᠭ ᠪᠣᠯᠭᠠᠳᠠᠭ᠃ | | |