ᠮᠤᠩᠭᠤᠯ ᠭᠤᠳᠤᠯ
ᠨᠡᠶᠢᠲᠡᠯᠡᠭᠰᠡᠨ ᠴᠠᠭ᠄
2024/4/18
    ᠭᠤᠳᠤᠯ ᠪᠤᠯ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠤᠨ ᠤᠯᠠᠮᠵᠢᠯᠠᠯᠳᠤ ᠬᠤᠪᠴᠠᠰᠤ ᠵᠠᠰᠠᠯ ᠤᠨ ᠴᠢᠬᠤᠯᠠ ᠨᠢᠬᠡᠨ ᠵᠦᠢᠯ ᠪᠤᠯᠤᠨ᠎ᠠ᠃ ᠭᠤᠳᠤᠯ ᠢᠶᠠᠨ ᠲᠦᠷᠦ ᠳᠤ ᠡᠮᠤᠰᠪᠡᠯ ᠵᠠᠰᠠᠯ᠂ ᠲᠦᠯᠡᠭᠡᠨ ᠳᠤ ᠡᠮᠤᠰᠪᠡᠯ ᠪᠠᠬᠢ ᠪᠠᠶᠢᠳᠠᠭ ᠠᠴᠠ ᠵᠢᠯ ᠤᠨ ᠲᠦᠷᠪᠡᠨ ᠤᠯᠠᠷᠢᠯ ᠳᠤ ᠪᠦᠷ ᠡᠮᠦᠰᠳᠡᠭ᠃ ᠬᠤᠶᠢᠳᠤ ᠬᠤᠰᠢᠭᠤᠨ ᠤ ᠮᠤᠩᠭᠤᠯᠴᠤᠳ ᠭᠤᠳᠤᠯ ᠢᠶᠠᠨ ᠮᠠᠰᠢ ᠡᠷᠬᠢᠮᠯᠡᠨ ᠦᠵᠡᠳᠡᠭ ᠠᠴᠠ ᠵᠠᠯᠠᠭᠤᠴᠤᠳ ᠤᠷᠤᠭ ᠲᠤᠭᠳᠠᠭᠠᠳ ᠬᠠᠳᠠᠮ ᠤᠨ ᠭᠠᠵᠠᠷ ᠲᠤ ᠪᠠᠨ ᠲᠦᠷᠦᠬᠦᠦ ᠤᠳᠠᠭ᠎ᠠ ᠤᠴᠢᠬᠤ ᠳᠤ ᠬᠡᠤᠬᠡᠨ ᠤ ᠲᠠᠯ᠎ᠠ ᠶᠢᠨ ᠬᠢᠨ ᠵᠠᠪᠠᠯ ᠭᠤᠷᠪᠠᠨ ᠬᠠᠪᠴᠢᠶᠠᠷᠢ ᠲᠠᠢ ᠭᠤᠳᠤᠯ ᠢ ᠡᠮᠦᠰᠭᠡᠳᠡᠭ ᠵᠠᠩᠰᠢᠯ ᠲᠠᠢ᠃   ᠮᠤᠩᠭᠤᠯ ᠭᠤᠳᠤᠯ ᠢ ᠪᠦᠳᠦᠭᠡᠭᠳᠡᠬᠦᠨ ᠤ ᠬᠢᠨᠢ ᠲᠠᠯ᠎ᠠ ᠠᠴᠠ ᠦᠵᠡᠪᠡᠯ ᠪᠦᠰ ᠭᠤᠳᠤᠯ᠂ ᠠᠷᠠᠰᠤᠨ ᠭᠤᠳᠤᠯ᠂ ᠢᠰᠡᠬᠡᠢ ᠭᠤᠳᠤᠯ ᠭᠡᠵᠤ ᠬᠤᠪᠢᠶᠠᠳᠠᠭ᠃ ᠬᠡᠯᠪᠡᠷᠢ ᠶᠢᠨ ᠲᠠᠯ᠎ᠠ ᠠᠴᠠ ᠨᠢ ᠭᠤᠷᠪᠠᠨ ᠬᠠᠪᠴᠢᠶᠠᠷᠢ ᠲᠠᠢ ᠭᠤᠳᠤᠯ᠂ ᠬᠤᠶᠠᠷ ᠬᠠᠮᠠᠷ ᠲᠠᠢ ᠭᠤᠳᠤᠯ᠂ ᠤᠭᠤᠰᠤᠷᠳᠤ ᠭᠤᠳᠤᠯ ︵ᠤᠤᠯᠠ︶ ᠦᠬᠡᠳᠡᠭ ᠭᠤᠳᠤᠯ᠂ ᠤᠶᠤᠮᠠᠯ ᠭᠤᠳᠤᠯ᠂ ᠬᠠᠳᠬᠤᠮᠠᠯ ᠭᠤᠳᠤᠯ᠂ ᠦᠡᠳᠦᠷ ᠲᠦᠷᠡᠢ ᠲᠠᠢ ᠭᠤᠳᠤᠯ᠂ ᠤᠭᠳᠤᠷ ᠲᠦᠷᠡᠢ ᠲᠠᠢ ᠭᠤᠳᠤᠯ ᠭᠡᠵᠤ ᠤᠯᠠᠨ ᠶᠠᠩᠵᠤ  ᠪᠠᠷ ᠬᠤᠪᠢᠶᠠᠳᠠᠭ᠃   ᠮᠤᠩᠭᠤᠯ ᠭᠤᠳᠤᠯ ᠢ ᠪᠦᠳᠦᠴᠡ ᠶᠢᠨ ᠲᠠᠯ᠎ᠠ ᠪᠠᠷ ᠭᠤᠳᠤᠯ ᠤᠨ ᠲᠦᠷᠡᠢ᠂ ᠵᠤᠯᠤᠭ᠂ ᠤᠯᠠ᠂ ᠬᠠᠪᠴᠢᠶᠠᠷᠢ᠂ ᠪᠤᠷᠪᠢ᠂ ᠬᠤᠩᠰᠢᠶᠠᠷ ᠭᠡᠵᠤ ᠬᠤᠪᠢᠶᠠᠳᠠᠭ᠃       ᠪᠦᠰ ᠭᠤᠳᠤᠯ ᠬᠢᠬᠦ ᠶᠠᠪᠤᠴᠠ   ᠪᠦᠰ ᠢ ᠤᠯᠠᠨ ᠲᠠᠪᠬᠤᠷ ᠨᠠᠭᠠᠵᠤ ᠬᠠᠳᠠᠭᠠᠭᠠᠳ ᠴᠠᠪᠤᠭ ᠪᠤᠯᠭᠠᠨ᠎ᠠ᠃ ᠲᠠᠬᠢᠨ ᠬᠠᠳᠠᠭᠰᠠᠨ ᠴᠠᠪᠤᠭ ᠢᠶᠠᠨ ᠬᠠᠶᠢᠴᠢᠯᠠᠨ ᠠᠪᠴᠤ᠂ ᠬᠦᠪᠡᠭᠡ ᠢᠷᠮᠡᠭ ᠢ ᠨᠢ ᠴᠠᠭᠠᠨ ᠪᠦᠰ ᠢᠶᠠᠷ ᠴᠢᠮᠡᠵᠦ ᠪᠠᠬᠢᠯᠡᠭᠡᠳ ᠤᠯᠤᠰᠤᠨ ᠤᠳᠠᠰᠤ ᠪᠠᠷ ᠰᠢᠷᠡᠵᠦ ᠭᠤᠳᠤᠯ ᠤᠨ ᠤᠯᠠ ᠵᠤᠬᠢᠶᠠᠨ᠎ᠠ᠃ ᠬᠠᠳᠠᠭᠰᠠᠨ ᠴᠠᠪᠤᠭ ᠢᠶᠠᠨ ᠬᠠᠷ᠎ᠠ ᠦᠩᠭᠡ ᠶᠢᠨ ᠰᠢᠨ᠎ᠡ ᠪᠦᠰ ᠢᠶᠠᠷ ᠭᠠᠳᠠᠷᠯᠠᠵᠤ᠂ ᠴᠠᠭᠠᠨ ᠦᠩᠭᠡ ᠶᠢᠨ ᠰᠢᠨ᠎ᠡ ᠪᠦᠰ ᠢᠶᠠᠷ ᠲᠤᠳᠤᠷᠯᠠᠵᠤ ᠵᠤᠯᠤᠭ ᠪᠤᠯᠭᠠᠨ ᠬᠠᠷ᠎ᠠ ᠤᠳᠠᠰᠤ ᠪᠠᠷ ᠱᠠᠭᠯᠠᠵᠤ᠂ ᠪᠤᠷᠪᠢ ᠪᠠ ᠬᠤᠩᠰᠢᠶᠠᠷ ᠲᠤ ᠨᠢ ᠨᠢᠭᠲᠠ ᠤᠶᠤᠨ᠎ᠠ᠃ ᠲᠦᠷᠡᠢ ᠶᠢ ᠮᠥᠨ ᠴᠠᠪᠤᠭ ᠢᠶᠠᠷ ᠵᠤᠯᠤᠭ ᠰᠢᠭ᠋ ᠨᠠᠭᠠᠵᠤ ᠵᠤᠬᠢᠶᠠᠭᠠᠳ ᠲᠡᠭᠡᠷ᠎ᠡ ᠨᠢ ᠲᠠᠮᠠᠭ᠎ᠠ ᠪᠤᠶᠤ ᠬᠡ ᠤᠭᠠᠯᠵᠠ ᠤᠶᠤᠨ᠎ᠠ᠃ ᠵᠤᠯᠤᠭ ᠰᠢᠭ᠋ ᠨᠢᠭᠲᠠ ᠤᠶᠤᠬᠤ ᠦᠬᠡᠢ᠃ ᠤᠴᠢᠷ ᠨᠢ ᠭᠤᠳᠤᠯ ᠤᠨ ᠲᠦᠷᠡᠢ ᠪᠤᠯ ᠵᠤᠯᠤᠭ ᠰᠢᠭ᠋ ᠬᠠᠳᠠᠭᠤ ᠶᠠᠭᠤᠮ᠎ᠠ ᠲᠠᠢ ᠰᠢᠭᠤᠳ ᠬᠦᠷᠦᠯᠴᠡᠬᠦ ᠨᠢ ᠪᠠᠭ᠎ᠠ ᠪᠠᠶᠢᠳᠠᠭ᠃ ᠵᠠᠷᠢᠮ ᠨᠢ ᠪᠤᠷᠪᠢ ᠪᠤᠶᠤ ᠬᠤᠩᠰᠢᠶᠠᠷ ᠲᠡᠭᠡᠷ᠎ᠡ ᠨᠢ ᠬᠡ ᠤᠭᠠᠯᠵᠠ ᠤᠶᠤᠴᠢᠬᠠᠳᠠᠭ᠃ ᠡᠨᠡ ᠨᠢ ᠦᠵᠡᠨᠦᠷᠢ ᠲᠠᠢ ᠪᠤᠯᠪᠠᠴᠤ ᠪᠠᠬᠢ ᠪᠢᠰᠢ ᠪᠠᠶᠢᠳᠠᠭ᠃ ᠡᠶᠢᠮᠤ ᠭᠤᠳᠤᠯ ᠢ ᠭᠤᠤᠯᠳᠠᠭᠤ ᠬᠦᠷᠬᠡᠨ ᠬᠦᠮᠦᠨ ᠳᠤ ᠡᠮᠦᠰᠭᠡᠬᠦ ᠵᠠᠰᠠᠯ ᠤᠨ ᠭᠤᠤᠳᠯ ᠳᠤ ᠬᠡᠷᠡᠭᠯᠡᠳᠡᠭ᠃         ᠬᠠᠪᠴᠢᠶᠠᠷᠢ   ᠬᠠᠪᠴᠢᠶᠠᠷᠢ ᠭᠡᠵᠤ ᠬᠠᠷ᠎ᠠ ᠦᠩᠭᠡ ᠶᠢᠨ ᠲᠠᠰᠤᠮ ᠢᠶᠠᠷ ᠬᠢᠳᠡᠭ᠃ ᠭᠤᠳᠤᠯ ᠤᠨ ᠵᠤᠯᠤᠭ᠂ ᠲᠦᠷᠡᠢ ᠶᠢ ᠲᠠᠰᠤᠮ  ᠤᠨ ᠪᠢᠳᠡᠬᠦᠦ ᠲᠠᠯ᠎ᠠ ᠳᠤ ᠤᠯᠤᠰᠤᠨ ᠤᠳᠠᠰᠤ ᠶᠢ ᠬᠠᠪᠴᠢᠭᠤᠯᠵᠤ ᠤᠯᠤᠰᠤᠨ ᠤᠳᠠᠰᠤ ᠪᠠᠷ ᠬᠠᠪᠴᠢᠵᠤ ᠤᠶᠤᠨ᠎ᠠ᠃ ᠬᠠᠪᠴᠢᠵᠤ ᠤᠶᠤᠭᠰᠠᠨ ᠵᠤᠯᠤᠭ ᠲᠦᠷᠡᠢ ᠪᠠᠨ ᠨᠢᠭᠤᠷ ᠬᠠᠪᠰᠤᠷᠭᠠᠵᠤ ᠡᠮᠤᠨ᠎ᠡ ᠬᠤᠶᠢᠨ᠎ᠠ ᠲᠠᠯ᠎ᠠ ᠶᠢ ᠮᠥᠨ ᠲᠠᠰᠤᠮ  ᠢ ᠬᠠᠪᠴᠢᠵᠤ ᠤᠶᠤᠭᠠᠳ ᠤᠷᠪᠠᠭᠤᠯᠤᠨ ᠭᠠᠷᠭᠠᠪᠠᠯ ᠭᠤᠳᠤᠯ ᠤᠨ ᠬᠡᠯᠪᠡᠷᠢ ᠭᠠᠷᠴᠢᠬᠠᠬᠤ ᠶᠤᠮ᠃        ᠭᠤᠳᠤᠯ ᠤᠯᠠᠯᠠᠬᠤ    ᠭᠤᠳᠤᠯ ᠤᠯᠠᠯᠠᠬᠤ ᠭᠡᠳᠡᠭ ᠨᠢ ᠤᠯᠠ ᠵᠤᠯᠤᠭ ᠲᠠᠢ ᠨᠢ ᠨᠡᠶᠢᠯᠡᠬᠦᠯᠦᠨ ᠤᠶᠤᠬᠤ ᠶᠢ ᠬᠡᠯᠡᠨ᠎ᠡ᠃ ᠤᠯᠠ ᠪᠠ ᠬᠠᠪᠰᠤᠷᠴᠤ ᠤᠶᠤᠭᠰᠠᠨ ᠵᠤᠯᠤᠭ ᠲᠦᠷᠡᠢ ᠲᠠᠢ ᠨᠢ ᠨᠡᠯᠢᠶᠡᠳ ᠪᠠᠬᠢ ᠤᠯᠤᠰᠤᠨ ᠤᠳᠠᠰᠤ ᠪᠠᠷ ᠤᠯᠠᠯᠠᠪᠠᠯ ᠲᠠᠷᠤᠢ ᠭᠤᠳᠤᠯ ᠪᠦᠳᠦᠴᠢᠬᠡᠬᠦ ᠶᠤᠮ᠃  ᠨᠢᠬᠡ ᠵᠦᠢᠷᠡᠢ ᠭᠤᠳᠤᠯ ᠳᠤ ᠬᠤᠶᠠᠷ ᠤᠯᠠ᠂ ᠲᠦᠷᠪᠡᠨ ᠵᠤᠯᠤᠭ᠂ ᠲᠦᠷᠪᠡᠨ ᠲᠦᠷᠡᠢ ᠪᠠᠶᠢᠳᠠᠭ ᠢᠶᠠᠷ ᠨᠢ ᠮᠠᠨ ᠤ ᠬᠤᠰᠢᠭᠤᠨ ᠤ ᠮᠤᠩᠭᠤᠯᠴᠤᠳ《 ᠠᠬ᠎ᠠ ᠲᠡᠬᠦᠦ ᠠᠷᠪᠠ ᠶᠢ ᠠᠶᠢᠮᠠᠭᠯᠠᠭᠠᠳ ᠲᠠᠯᠪᠢᠪᠠᠯ ᠬᠤᠶᠠᠷᠬᠠᠨ》 ᠭᠡᠵᠤ ᠤᠨᠢᠰᠤᠭ᠎ᠠ ᠪᠤᠯᠭᠠᠨ ᠬᠡᠯᠡᠳᠡᠭ᠃   ᠡᠮᠡᠭᠳᠡᠶᠢᠴᠦᠳ ᠤᠨ ᠡᠮᠦᠰᠳᠡᠭ ᠭᠤᠳᠤᠯ ᠢ ᠪᠤᠯ ᠵᠤᠯᠤᠭ ᠲᠦᠷᠡᠢ ᠭᠡᠵᠤ ᠬᠤᠪᠢᠶᠠᠬᠤ ᠦᠬᠡᠢ ᠵᠤᠯᠤᠭ ᠲᠦᠷᠡᠢ ᠶᠢ ᠨᠢᠬᠡᠯᠬᠡᠨ ᠴᠤᠭᠴᠠ ᠪᠤᠯᠭᠠᠨ ᠰᠢᠭᠤᠳ ᠵᠤᠬᠢᠶᠠᠵᠤ᠂ ᠲᠡᠭᠡᠷ᠎ᠡ ᠨᠢ ᠦᠩᠭᠡ ᠶᠢᠨ ᠤᠳᠠᠰᠤ ᠪᠠᠷ ᠬᠤᠸᠠᠷ ᠬᠠᠳᠬᠤᠮᠠᠯ ᠤᠷᠠᠯᠠᠴᠢᠬᠠᠳᠠᠭ᠃ ᠡᠷᠡᠭᠳᠡᠶᠢᠴᠤᠳ ᠤᠨ ᠭᠤᠤᠳᠯ ᠲᠠᠢ ᠠᠳᠠᠯᠢᠳᠬᠠᠪᠠᠯ ᠲᠦᠷᠡᠢ ᠨᠢ ᠪᠠᠭ᠋ᠠᠨ ᠦᠡᠳᠦᠷ ᠪᠠᠶᠢᠳᠠᠭ᠃   ᠬᠠᠮᠠᠷ ᠲᠠᠢ ᠭᠤᠳᠤᠯ  ᠬᠠᠮᠠᠷ ᠲᠠᠢ ᠭᠤᠳᠤᠯ ᠭᠡᠳᠡᠭ ᠨᠢ ᠪᠦᠰ ᠭᠤᠳᠤᠯ ᠲᠠᠢ ᠨᠢᠬᠡ ᠯᠠ ᠠᠳᠠᠯᠢ ᠪᠠᠶᠢᠳᠠᠭ᠃ ᠭᠠᠭᠴᠠᠬᠦ ᠬᠤᠩᠰᠢᠶᠠᠷ ᠲᠡᠭᠡᠷ᠎ᠡ ᠨᠢ ᠬᠤᠶᠠᠷ ᠬᠤᠷᠤᠭᠤ ᠰᠢᠬᠠᠮ ᠦᠷᠭᠡᠨ᠂ ᠲᠦᠷᠪᠡᠨ ᠬᠤᠷᠤᠭᠤ ᠰᠢᠬᠠᠮ ᠤᠷᠳᠤ ᠭᠤᠷᠪᠠᠯᠵᠢᠨ ᠵᠦᠢᠳᠡᠭᠡᠰᠦ ᠤᠷᠤᠭᠤᠯᠵᠤ ᠵᠤᠯᠤᠭ ᠤᠨ ᠬᠤᠩᠰᠢᠶᠠᠷ ᠪᠤᠯᠭᠠᠵᠤ ᠮᠥᠨ ᠲᠠᠰᠤᠮ ᠢ ᠬᠠᠪᠴᠢᠵᠤ ᠬᠠᠮᠠᠷ ᠭᠠᠷᠭᠠᠳᠠᠭ᠃   ᠪᠦᠰ ᠭᠤᠳᠤᠯ ᠢ ᠡᠮᠦᠰᠬᠦ ᠳᠤ ᠲᠠᠪᠬᠤᠷ ᠤᠶᠢᠮᠤᠰᠤ᠂ ᠬᠦᠯ ᠤᠨ ᠤᠷᠢᠶᠠᠳᠠᠰᠤ᠂ ᠬᠦᠪᠦᠩ ᠤᠶᠢᠮᠤᠰᠤ᠂ ᠨᠢᠮᠬᠡᠨ ᠢᠰᠡᠬᠡᠢ ᠤᠶᠢᠮᠤᠰᠤ᠂ ᠮᠤᠷᠢᠨ ᠤ ᠲᠡᠯ ᠬᠢᠯᠭᠠᠰᠤ ᠶᠢ ᠨᠡᠮᠡᠵᠦ ᠬᠦᠯ ᠤᠨ ᠤᠷᠢᠶᠠᠳᠠᠰᠤ ᠪᠤᠯᠭᠠᠨ ᠡᠮᠦᠰᠳᠡᠭ᠃   ᠠᠷᠠᠰᠤᠨ ᠭᠤᠳᠤᠯ  ᠠᠷᠠᠰᠤᠨ ᠭᠤᠳᠤᠯ ᠢ ᠠᠷᠠᠰᠤᠨ ᠭᠤᠳᠤᠯ᠂ ᠪᠤᠯᠭᠠᠷᠢ ᠶᠢᠨ ᠭᠤᠳᠤᠯ᠂ ᠤᠭᠤᠰᠤᠷᠳᠤ ᠭᠤᠳᠤᠯ ︵ᠤᠤᠯᠠ︶ ᠭᠡᠵᠤ ᠬᠡᠳᠦᠨ ᠵᠦᠢᠯ ᠳᠤ ᠬᠤᠪᠢᠶᠠᠳᠠᠭ᠃   ᠠᠷᠠᠰᠤᠨ ᠭᠤᠳᠤᠯ ᠬᠢᠬᠦ ᠶᠠᠪᠤᠴᠠ  ᠨᠡᠯᠢᠶᠡᠳ ᠬᠡᠳᠦᠨ ᠲᠠᠪᠬᠤᠷ ᠠᠷᠠᠰᠤ ᠪᠠᠷ ᠤᠯᠠ ᠬᠢᠵᠦ ᠨᠠᠷᠢᠬᠠᠨ ᠰᠢᠷᠢ ᠪᠠᠷ ᠨᠢᠭᠲᠠ ᠰᠢᠷᠢᠵᠦ ᠤᠶᠤᠨ᠎ᠠ᠃ ᠵᠤᠯᠤᠭ ᠲᠦᠷᠡᠢ ᠭᠡᠵᠤ ᠦᠷᠬᠦᠯᠵᠢᠯᠡᠬᠦᠯᠦᠨ ᠬᠠᠶᠢᠴᠢᠯᠠᠵᠤ᠂ ᠲᠦᠷᠡᠢ ᠶᠢᠨ ᠬᠦᠪᠡᠭᠡ ᠶᠢ ᠨᠢᠮᠬᠡᠨ ᠠᠷᠠᠰᠤ ᠪᠠᠷ ᠴᠢᠮᠬᠢᠨ ᠨᠠᠷᠢᠨ ᠰᠢᠷᠢ ᠤᠳᠠᠰᠤ ᠪᠠᠷ ᠤᠶᠤᠨ᠎ᠠ᠃ ᠲᠦᠷᠡᠢ ᠶᠢ ᠪᠦᠰ ᠭᠤᠳᠤᠯ ᠠᠴᠠ ᠦᠡᠳᠦᠷ ᠬᠢᠨ᠎ᠡ᠃ ᠤᠯᠠᠯᠠᠬᠤ ᠳᠤ ᠪᠠᠨ ᠮᠥᠨ ᠰᠢᠷᠢ ᠤᠳᠠᠰᠤ ᠪᠠᠷ ᠤᠶᠤᠨ᠎ᠠ᠃ ᠡᠬᠦᠨ ᠢ ᠶᠡᠷᠦ ᠨᠢ ᠡᠪᠦᠯ ᠢᠰᠡᠬᠡᠢ ᠤᠶᠢᠮᠤᠰᠤ ᠲᠠᠢ ᠡᠮᠦᠰᠳᠡᠭ᠃ ᠵᠠᠷᠢᠮ  ᠨᠢ ᠠᠷᠠᠰᠤᠨ ᠭᠤᠳᠤᠯ ᠢ ᠪᠦᠰ ᠭᠤᠳᠤᠯ ᠲᠠᠢ ᠠᠳᠠᠯᠢᠪᠳᠤᠷ ᠬᠢᠵᠦ᠂ ᠭᠤᠳᠤᠯ ᠤᠨ ᠲᠤᠳᠤᠷ᠎ᠠ ᠪᠠᠨ ᠡᠮᠦᠰᠬᠦ ᠢᠰᠡᠭᠡᠢ ᠤᠶᠢᠮᠤᠰᠤ ᠶᠢᠨ ᠲᠦᠷᠡᠢ ᠶᠢ ᠭᠤᠳᠤᠯ ᠤᠨ ᠲᠦᠷᠡᠢ ᠠᠴᠠ ᠬᠤᠶᠠᠷ ᠬᠤᠷᠤᠭᠤ ᠦᠡᠳᠦᠷ ᠪᠠᠶᠢᠯᠭᠠᠵᠤ᠂ ᠲᠡᠬᠦᠨ ᠢᠶᠠᠨ ᠦᠬᠡᠷ᠎ᠡ ᠦᠩᠭᠡ ᠶᠢᠨ ᠪᠦᠰ ᠢᠶᠠᠷ ᠬᠦᠪᠡᠭᠡᠯᠡᠵᠦ ᠵᠠᠰᠠᠯ ᠪᠤᠯᠭᠠᠳᠠᠭ᠃   ᠠᠷᠠᠰᠤᠨ ᠭᠤᠳᠤᠯ ᠨᠢ ᠡᠷᠡᠭᠳᠡᠶᠢᠴᠤᠳ ᠬᠡᠬᠡᠷ᠎ᠡ ᠬᠦᠳᠡᠭᠡ ᠬᠠᠷ ᠠᠵᠢᠯ ᠳᠤ ᠡᠮᠦᠰᠬᠦ ᠳᠤ ᠰᠠᠶᠢᠨ ᠪᠠᠶᠢᠳᠠᠭ᠃   ᠤᠭᠤᠰᠤᠷᠳᠤ ᠭᠤᠳᠤᠯ  ᠤᠭᠤᠰᠤᠷᠳᠤ ᠭᠤᠳᠤᠯ ᠤᠨ ᠪᠦᠳᠦᠴᠡ ᠨᠢ ᠲᠤᠩ ᠲᠦᠬᠦᠮᠬᠡᠨ ᠤᠯᠠ ᠵᠤᠯᠤᠭ ᠭᠡᠵᠤ ᠨᠢᠬᠡᠯᠬᠡᠨ ᠴᠤᠭᠴᠠ ᠪᠠᠶᠢᠳᠠᠭ᠃ ᠢᠷᠮᠡᠭ ᠲᠤ ᠪᠠᠨ ᠤᠯᠠᠨ ᠤᠭᠤᠰᠤᠷ ᠲᠠᠢ᠂ ᠡᠬᠦᠨ ᠢᠶᠠᠨ ᠪᠠᠰᠠ ᠤᠤᠯᠠ ᠭᠡᠳᠡᠭ᠃ ᠡᠨᠡ ᠭᠤᠳᠤᠯ ᠨᠢ ᠲᠦᠢᠯ ᠤᠨ ᠬᠦᠩᠭᠡᠨ ᠪᠠᠶᠢᠳᠠᠭ᠃ ᠲᠡᠷᠡ ᠨᠢ ᠬᠦᠩᠬᠡᠨ ᠱᠦᠩᠬᠡᠨ ᠪᠠᠶᠢᠳᠠᠭ ᠠᠴᠠ ᠠᠪᠠ ᠰᠢᠪᠠᠭᠤᠨ ᠳᠤ ᠶᠠᠪᠤᠬᠤ  ᠳᠤ ᠲᠤᠩ ᠲᠤᠬᠢᠷᠠᠮᠵᠢᠳᠠᠢ ᠪᠠᠶᠢᠳᠠᠭ᠃ ᠡᠬᠦᠨ ᠢ ᠡᠮᠦᠰᠬᠦ ᠳᠤ ᠤᠯᠠ ᠡᠪᠡᠰᠦ ᠶᠢ ᠲᠡᠭᠡᠷᠮᠡᠳᠡᠵᠦ ᠵᠦᠬᠡᠯᠡᠨ ᠪᠤᠯᠭᠠᠭᠠᠳ ᠬᠦᠯ ᠢᠶᠠᠨ ᠪᠠᠭᠯᠠᠵᠤ ᠡᠮᠦᠰᠳᠡᠭ᠃   ᠵᠦᠬᠡᠯᠡᠨ ᠠᠷᠠᠰᠤᠨ ᠭᠤᠳᠤᠯ   ᠵᠦᠬᠡᠯᠡᠨ ᠠᠷᠠᠰᠤᠨ ᠭᠤᠳᠤᠯ ᠢ ᠬᠦᠷᠦᠰᠦ ᠰᠠᠶᠢᠳᠠᠢ ᠵᠦᠬᠡᠯᠡᠨ ᠡᠯᠳᠡᠭᠰᠡᠨ ᠢᠮᠠᠭ᠎ᠠ ᠬᠤᠨᠢ ᠶᠢᠨ ᠦᠰᠦᠳᠡᠢ ᠠᠷᠠᠰᠤ ᠶᠢ ᠤᠯᠠ ᠵᠤᠯᠤᠭ ᠲᠦᠷᠡᠢ ᠲᠠᠢ ᠨᠢ ᠨᠢᠬᠡ ᠯᠡ ᠦᠷᠬᠦᠯᠵᠢᠯᠡᠬᠦᠯᠦᠨ ᠬᠠᠶᠢᠴᠢᠯᠠᠨ ᠠᠪᠴᠤ ᠡᠮᠤᠨ᠎ᠡ ᠬᠤᠶᠢᠨᠠᠬᠢ ᠶᠢ ᠨᠡᠶᠢᠯᠡᠬᠦᠯᠦᠨ ᠤᠶᠤᠪᠠᠯ ᠪᠤᠯᠴᠢᠬᠠᠨ᠎ᠠ᠃ ᠡᠬᠦᠨ ᠢ ᠭᠤᠤᠯᠳᠠᠭᠤ ᠬᠡᠤᠬᠡᠳ ᠪᠡ ᠬᠦᠭᠰᠢᠳ ᠯᠠ ᠡᠮᠦᠰᠳᠡᠭ᠃   ᠢᠰᠡᠭᠡᠢ ᠭᠤᠳᠤᠯ   ᠢᠰᠡᠭᠡᠢ ᠭᠤᠳᠤᠯ ᠢ ᠮᠠᠨ ᠤ ᠬᠢᠨᠢ《 ᠵᠠᠩ ᠭᠠᠳᠠ》 ᠭᠡᠳᠡᠭ᠃ ᠢᠮᠠᠭ᠎ᠠ ᠬᠤᠨᠢᠨ ᠤ ᠦᠰᠦ ᠨᠤᠤᠰᠤ ᠪᠠᠷ ᠬᠢᠭᠰᠡᠨ ᠭᠤᠳᠤᠯ᠃ ᠬᠡᠤᠬᠡᠳ ᠪᠠ ᠡᠮᠡᠭᠳᠡᠶᠢᠴᠤᠳ ᠪᠤᠯ ᠪᠤᠭᠤᠨᠢ ᠲᠦᠷᠡᠢ ᠲᠠᠢ ᠢᠰᠡᠭᠡᠢ ᠭᠤᠳᠤᠯ ᠢ ᠡᠮᠦᠰᠴᠦ᠂ ᠡᠷᠡᠭᠳᠡᠶᠢᠴᠤᠳ ᠪᠤᠯ ᠦᠡᠳᠦᠷ ᠲᠦᠷᠡᠢ ᠲᠠᠢ ᠶᠢ ᠡᠮᠦᠰᠳᠡᠭ᠃ ᠡᠨᠡ ᠭᠤᠳᠤᠯ ᠨᠢ ᠲᠡᠷᠭᠡ ᠪᠤᠶᠤ ᠲᠡᠮᠡᠬᠡᠨ ᠲᠡᠭᠡᠷ᠎ᠡ ᠶᠠᠪᠤᠬᠤ ᠳᠤ ᠲᠤᠩ ᠲᠤᠯᠠᠭᠠᠨ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠪᠤᠳᠠᠰ ᠤᠨ ᠪᠤᠰᠤ ᠪᠠ ᠪᠤᠳᠠᠰ ᠤᠨ ᠰᠤᠶᠤᠯ ᠤᠨ ᠦᠪ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号