ᠨᠠᠶᠢᠷ ᠨᠠᠭᠠᠳᠤᠮ ᠤᠨ ᠵᠦᠢᠯᠡᠰ ︵ᠭᠤᠷᠪᠠ︶  ᠰᠤᠷ ᠬᠠᠷᠪᠤᠬᠤ
ᠨᠡᠶᠢᠲᠡᠯᠡᠭᠰᠡᠨ ᠴᠠᠭ᠄
2024/6/12
    ᠮᠤᠩᠭᠤᠯ ᠦᠨᠳᠣᠰᠣᠳᠡᠨ ᠤ ᠪᠠᠯᠠᠷ ᠡᠷᠲᠡ ᠠᠴᠠ ᠡᠭᠦᠳᠦᠨ ᠪᠦᠳᠦᠭᠡᠵᠦ ᠤᠯᠠᠮᠵᠢᠯᠠᠵᠦ ᠢᠷᠡᠭᠰᠡᠨ ᠡᠷ᠎ᠡ ᠶᠢᠨ ᠭᠤᠷᠪᠠᠨ ᠨᠠᠭᠠᠳᠣᠮ ᠤᠨ ᠲᠦᠷᠦᠯ ᠵᠦᠢᠯ ᠤᠨ ᠨᠢᠭᠡ ᠮᠦᠨ᠃ ᠮᠤᠨᠢ ᠠᠭᠤᠯᠠᠨ ᠬᠠᠳᠠᠨ ᠵᠢᠷᠤᠭ ᠳᠠᠬᠢ ᠬᠠᠷᠪᠤᠨ ᠠᠪᠠᠯᠠᠵᠦ ᠪᠠᠶᠢᠭ᠎ᠠ ᠡᠷᠳᠡᠨ ᠤ ᠬᠦᠮᠥᠰ ᠤᠨ ᠵᠢᠷᠤᠭ ᠲᠦᠷᠰᠦ ᠪᠠ ᠮᠤᠩᠭᠤᠯ ᠤᠯᠤᠰ ᠠᠴᠠ ᠮᠠᠯᠳᠠᠨ ᠭᠠᠷᠭᠠᠭᠰᠠᠨ ᠰᠢᠨ᠎ᠡ ᠴᠢᠯᠠᠭᠤᠨ ᠵᠡᠪᠰᠡᠭ ᠤᠨ ᠦᠶ᠎ᠡ ᠳᠠᠬᠢ ᠴᠢᠯᠠᠭᠤᠨ ᠵᠡᠪᠡ ᠪᠠ ᠬᠠᠳᠠᠨ ᠵᠢᠷᠤᠭ ᠨᠢ ᠡᠬᠦᠨ ᠢ ᠪᠠᠳᠦᠳᠠᠢ ᠬᠡᠷᠡᠴᠢᠯᠡᠵᠦ ᠪᠤᠢ᠃    ᠬᠦᠮᠥᠨ ᠲᠦᠷᠦᠯᠬᠢᠳᠡᠨ ᠤ ᠬᠦᠭᠵᠢᠯᠲᠡ ᠶᠢᠨ ᠵᠢᠮ᠎ᠡ ᠶᠤᠰᠤᠨ ᠠᠴᠠ ᠠᠵᠢᠭᠯᠠᠪᠠᠯ ᠨᠢᠭᠡ ᠵᠦᠢᠯ ᠤᠨ ᠪᠠᠭᠠᠵᠢ ᠬᠡᠷᠡᠭᠰᠡᠯ ᠪᠤᠢ ᠪᠤᠯᠤᠮᠠᠭᠴᠠ ᠲᠠᠷᠦᠢ ᠳᠤ ᠵᠤᠭ᠎ᠠ ᠴᠡᠩᠭᠡᠯ ᠤᠨ ᠬᠡᠷᠡᠭᠯᠡᠬᠦᠷ ᠪᠤᠯᠵᠦ ᠲᠡᠶᠢᠯᠬᠦ ᠦᠬᠡᠢ᠃ ᠲᠡᠷᠡ ᠨᠢ ᠪᠦᠳᠦᠬᠦᠯᠢᠭ ᠠᠴᠠ ᠨᠠᠷᠢᠯᠢᠭ᠂ ᠬᠦᠨᠳᠦ ᠠᠴᠠ ᠬᠦᠩᠭᠡᠨ᠂ ᠮᠤᠬᠤᠭᠤ ᠠᠴᠠ ᠬᠤᠷᠴᠠᠯᠢᠭ ᠪᠤᠯᠵᠦ ᠠᠳᠠᠯ ᠠᠮᠢᠳᠦᠷᠠᠯ  ᠤᠨ ᠲᠤᠮᠲᠠ ᠣᠷᠲᠦ ᠬᠤᠭᠤᠴᠠᠭᠠᠨ ᠤ ᠤᠯᠠᠨ ᠲᠠᠬᠢᠨ ᠤᠳᠠᠭᠠᠨ ᠤ ᠬᠡᠷᠡᠭᠯᠡᠯᠲᠡ ᠵᠠᠰᠠᠯᠲᠠ ᠦᠭᠡᠷᠡᠴᠢᠯᠡᠯᠲᠡ ᠶᠢ ᠦᠩᠭᠡᠷᠡᠮᠡᠨᠵᠢᠨ ᠰᠠᠶ᠋ᠢ ᠲᠡᠬᠦᠯᠳᠡᠷᠵᠢᠨ ᠲᠤᠭᠳᠠᠭᠠᠳᠠᠭ ᠠᠴᠠ ᠰᠣᠷ ᠬᠠᠷᠪᠤᠯᠲᠠ ᠮᠤᠩᠭᠤᠯᠴᠣᠳ ᠤᠨ ᠨᠠᠶᠢᠷ ᠨᠠᠭᠠᠳᠣᠮ  ᠤᠨ ᠵᠤᠭ᠎ᠠ ᠴᠡᠩᠭᠡᠯ ᠬᠡᠷᠡᠭᠯᠡᠬᠦᠷ ᠪᠤᠯᠬᠤ ᠠᠴᠠ ᠤᠩ ᠤᠵᠤᠭᠤᠷ ᠴᠠᠭ ᠲᠤ ᠲᠠᠷᠦᠢ ᠡᠬᠦᠳᠦᠨ ᠪᠦᠲᠦᠭᠡᠭᠳᠡᠵᠦ ᠡᠳᠦᠷ ᠲᠤᠳᠤᠮ ᠤᠨ ᠠᠮᠢᠳᠦᠷᠠᠯ ᠲᠤᠮᠲᠠ ᠪᠡᠶ᠎ᠡ ᠪᠠᠨ ᠬᠠᠮᠠᠭᠠᠯᠠᠬᠤ᠂ ᠠᠩ ᠬᠦᠷᠤᠭᠡ ᠠᠪᠠᠯᠠᠵᠦ ᠠᠯᠠᠬᠤ᠂ ᠠᠳᠠᠭᠠᠳᠠᠨ ᠲᠠᠶᠢᠰᠣᠨ ᠲᠠᠢ ᠪᠠᠶᠢᠯᠳᠣᠨ ᠲᠠᠶᠢᠯᠠᠯᠳᠣᠬᠤ ᠮᠡᠳᠦ ᠶᠢᠨ ᠠᠯᠢ ᠤᠯᠠᠨ ᠦᠢᠯᠡ ᠬᠦᠳᠡᠯᠭᠡᠭᠡᠨ ᠳᠤ ᠭᠡᠷᠡᠭᠯᠡᠭᠳᠡᠨ ᠪᠤᠯᠪᠠᠰᠣᠷᠠᠵᠦ ᠴᠠᠭᠠᠷᠠᠭᠰᠠᠨ ᠤ ᠲᠠᠷᠠᠭ᠎ᠠ ᠰᠠᠶ᠋ᠢ ᠨᠠᠶᠢᠷ ᠨᠠᠭᠠᠳᠣᠮ ᠤᠨ ᠲᠤᠭᠯᠠᠭᠠᠮ ᠤᠨ ᠵᠦᠢᠯᠡᠰ ᠪᠤᠯᠵᠦ ᠰᠠᠯᠤᠩᠭᠢᠷᠠᠨ ᠬᠤᠪᠢ ᠲᠣᠰ ᠢᠶᠠᠷ ᠢᠶᠠᠨ ᠨᠢᠭᠡ ᠵᠦᠢᠯ ᠤᠨ ᠬᠦᠳᠡᠯᠭᠡᠭᠡᠨ ᠪᠤᠯᠵᠤ ᠬᠦᠭᠵᠢᠭᠰᠡᠨ ᠶᠤᠮ᠃     ᠮᠣᠩᠭᠤᠯᠴᠣᠳ ᠡᠷᠲᠡ ᠲᠡᠭᠡᠲᠦ ᠦᠶ᠎ᠡ ᠠᠴᠠ ᠡᠬᠢᠯᠡᠨ ᠰᠢᠯᠢᠳᠡᠭ ᠰᠣᠷᠴᠢᠨ᠂ ᠮᠡᠷᠭᠡᠨ ᠬᠠᠷᠪᠤᠭᠠᠴᠢ ᠶᠢ ᠨᠠᠶᠢᠷ ᠨᠠᠭᠠᠳᠣᠮ ᠤᠨ ᠮᠠᠩᠯᠠᠢ ᠪᠠᠷ ᠮᠢᠯᠢᠶᠠᠳᠠᠭ ᠤᠯᠠᠮᠵᠢᠯᠠᠯ ᠲᠠᠢ᠃ ᠱᠠᠩᠰᠢ ᠶᠢᠨ ᠲᠠᠬᠢᠯᠭ᠎ᠠ᠂ ᠣᠪᠣᠭᠠᠨ ᠨᠠᠶᠢᠷ᠂ ᠲᠦᠷᠦ  ᠶᠢᠨ ᠲᠤᠮᠤ ᠨᠠᠶᠢᠷ ᠨᠠᠭᠠᠳᠤᠮ ᠳᠤ ︽ᠡᠷ᠎ᠡ ᠶᠢᠨ ᠭᠤᠷᠪᠠᠨ ᠨᠠᠭᠠᠳᠤᠮ︾ ᠢ ᠡᠷᠬᠢᠯᠡᠵᠦ ᠮᠡᠷᠭᠡᠨ ᠰᠣᠷᠴᠢᠨ ᠢ ᠦᠪᠡᠳᠡᠭᠰᠢ ᠶᠡᠭᠡ ᠪᠠᠷ ᠱᠠᠩᠨᠠᠨ ᠨᠠᠶᠢᠷ ᠤᠨ ᠮᠠᠩᠯᠠᠢ ᠪᠠᠷ ᠮᠢᠯᠢᠶᠠᠳᠠᠭ᠃      ᠮᠤᠩᠭᠤᠯᠴᠣᠳ ᠨᠤᠮᠤ ᠰᠤᠮᠤ ᠪᠠᠷ ᠭᠡᠤᠭᠡᠳ ᠬᠤᠶᠢᠴᠢᠰ ᠢᠶᠠᠨ ᠰᠣᠷᠭᠠᠨ ᠬᠦᠮᠥᠵᠢᠬᠦᠯᠬᠦ ᠶᠢᠨ ᠰᠣᠷᠬᠤ ᠪᠢᠴᠢᠭ ᠪᠤᠯᠭᠠᠳᠠᠭ ᠢ ᠠᠯᠣᠩᠭᠤᠸ᠎ᠠ ᠡᠬᠡ ᠶᠢᠨ ᠲᠠᠪᠤᠨ ᠮᠦᠰᠦ ᠪᠠᠷ ᠬᠡᠣᠬᠡᠳ ᠢᠶᠠᠨ ᠰᠣᠷᠭᠠᠭᠰᠠᠨ ᠠᠭᠤᠤ ᠰᠤᠷᠭᠠᠯ ᠨᠢ ᠪᠦᠯᠬᠦᠮᠳᠡᠨ ᠨᠢᠭ᠌ᠳᠡᠷᠡᠪᠡᠯ ᠦᠢᠯᠡᠰ ᠪᠦᠲᠦᠬᠡᠬᠦ ᠶᠤᠰᠤ ᠣᠴᠢᠷ ᠢ ᠲᠠᠶᠢᠯᠪᠤᠷᠢᠯᠠᠨ ᠲᠤᠭᠠᠴᠠᠭᠰᠠᠨ ᠪᠠᠶᠢᠭ᠎ᠠ ᠶᠤᠮ᠃ ᠤᠷᠳᠤ ᠬᠤᠭᠤᠴᠠᠭᠠᠨ ᠤ ᠲᠤᠷᠰᠢ ᠮᠤᠩᠭᠤᠯᠴᠣᠳ ᠨᠤᠮᠤ ᠰᠣᠮᠣ ᠪᠠᠷ ᠠᠮᠢ ᠪᠠᠶ᠎ᠠ ᠪᠠᠨ ᠬᠠᠮᠠᠭᠠᠯᠠᠬᠤ᠂ ᠠᠩ ᠬᠦᠷᠦᠭᠡ ᠠᠩᠨᠠᠬᠤ᠂ ᠲᠠᠶᠢᠨ ᠪᠠᠶᠢᠯᠳᠣᠭᠠᠨ ᠳᠤ ᠵᠡᠷ ᠵᠡᠪᠰᠡᠭ ᠪᠣᠯᠭᠠᠬᠤ ᠵᠡᠷᠭᠡ ᠲᠠᠯ᠎ᠠ ᠪᠠᠷ ᠠᠰᠢᠭᠯᠠᠭᠰᠠᠭᠠᠷ ᠢᠷᠡᠵᠡᠢ᠃      ᠤᠳᠤ ᠲᠡᠯᠡᠬᠡᠢ ᠶᠢᠨ ᠤᠯᠢᠮᠫᠢᠺ ᠪᠠ ᠪᠤᠰᠣᠳ ᠲᠤᠮᠤᠬᠠᠨ ᠲᠠᠮᠢᠷ ᠤᠨ ᠤᠷᠤᠯᠳᠣᠭᠠᠨ ᠳᠤ ᠰᠣᠷ ᠬᠠᠷᠪᠤᠯᠲᠠ ᠪᠦᠷ ᠪᠠᠶᠢᠳᠠᠭ ᠨᠢ ᠮᠤᠩᠭᠤᠯ ᠦᠨᠳᠣᠰᠣᠳᠡᠨ ᠤ ᠬᠦᠮᠥᠨ ᠲᠦᠷᠦᠯᠬᠢᠳᠡᠨ ᠤ ᠪᠤᠯᠪᠠᠰᠣᠨ ᠳᠤ ᠬᠠᠨᠳᠢᠪᠯᠠᠭᠰᠠᠨ ᠦᠷ᠎ᠡ ᠪᠦᠳᠦᠭᠡᠯ ᠮᠥᠨ᠃      ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠣᠳ ᠤᠨ ᠶᠡᠭᠡ ᠪᠠᠭ᠎ᠠ ᠨᠠᠶᠢᠷ ᠨᠠᠭᠠᠳᠤᠮ ᠳᠤ ᠰᠤᠷ ᠬᠠᠷᠪᠤᠬᠤ ᠲᠦᠷᠦᠯ ᠵᠦᠢᠯ ᠨᠢ ᠲᠠᠰᠤᠷᠠᠰᠢ ᠦᠬᠡᠢ ᠶᠠᠪᠤᠭᠳᠠᠵᠤ ᠪᠠᠶᠢᠬᠤ ᠪᠦᠬᠡᠳ ᠲᠤᠰᠬᠠᠢ《ᠰᠤᠷ ᠬᠤᠷᠪᠤᠯᠳᠠ ᠶᠢᠨ ᠨᠡᠶᠢᠭᠡᠮᠯᠢᠭ》 ᠪᠠᠶᠢᠭᠤᠯᠤᠭᠳᠠᠨ᠂ ᠡᠯ᠎ᠡ ᠰᠤᠷᠭᠠᠭᠤᠯᠢ ᠨᠤᠭᠤᠳ ᠲᠤ ᠰᠤᠷ ᠬᠤᠷᠪᠤᠯᠳᠠ ᠶᠢᠨ ᠬᠢᠴᠢᠶᠡᠯ ᠤᠷᠤᠬᠤ ᠪᠤᠯᠤᠭᠰᠠᠨ ᠨᠢ ᠡᠨᠡ ᠲᠦᠷᠦᠯ ᠤᠨ ᠨᠠᠭᠠᠳᠤᠮ ᠢ ᠤᠯᠠᠮᠵᠢᠯᠠᠵᠤ ᠲᠡᠯᠭᠡᠷᠡᠬᠦᠯᠬᠦ ᠳᠤ ᠮᠠᠰᠢ ᠶᠡᠭᠡ ᠲᠦᠯᠬᠢᠴᠡ ᠬᠦᠴᠦᠨ ᠪᠣᠯᠤᠭᠰᠠᠨ ᠪᠠᠶᠢᠨ᠎ᠠ᠃         ᠨᠤᠮᠤ ᠰᠣᠮᠤ ᠶᠢᠨ ᠪᠦᠳᠦᠴᠡ         ᠨᠤᠮᠤ ᠶᠢᠨ ᠪᠦᠳᠦᠴᠡ    ᠨᠤᠮᠤ ᠶᠢᠨ ᠬᠦᠪᠴᠢ᠂ ᠨᠤᠮᠤ ᠶᠢᠨ ᠤᠭᠤᠰᠤᠷ᠂ ᠨᠤᠮᠤ ᠶᠢᠨ ᠡᠭᠦᠰᠭᠡᠷ᠂ ᠨᠤᠮᠤ ᠶᠢᠨ ᠨᠢᠷᠤᠭᠤ᠂ ᠨᠤᠮᠤ ᠶᠢᠨ ᠭᠤᠤᠯ᠂ ᠨᠤᠮᠤ ᠶᠢᠨ ᠬᠢᠴᠢᠷ᠂ ᠨᠤᠮᠤ ᠶᠢᠨ ᠬᠠᠮᠠᠷ᠂ ᠨᠤᠮᠤ ᠶᠢᠨ ᠬᠠᠶᠢᠭᠤᠯ᠂ ᠨᠤᠮᠤ ᠶᠢᠨ ᠲᠡᠪᠡᠭᠡ᠂ ᠨᠤᠮᠤ ᠶᠢᠨ ᠲᠤᠪᠬᠤ᠂ ᠨᠤᠮᠤ ᠶᠢᠨ ᠵᠠᠭᠠᠳᠠᠰᠣᠨ᠂ ᠨᠤᠮᠤ ᠶᠢᠨ ᠬᠤᠳᠠᠷᠭ᠎ᠠ᠂ ᠨᠤᠮᠤ ᠶᠢᠨ ᠪᠠᠷᠢᠭᠤᠯ ᠵᠡᠷᠭᠡ 13 ᠵᠦᠢᠯ ᠢᠶᠠᠷ ᠪᠦᠳᠦᠳᠡᠭ᠃     ᠰᠣᠮᠣ ᠶᠢᠨ ᠪᠦᠳᠦᠴᠡ     ᠰᠣᠮᠣ ᠶᠢᠨ ᠲᠠᠪᠠᠭ᠂ ᠰᠣᠮᠣ ᠶᠢᠨ ᠣᠨᠢ᠂ ᠰᠣᠮᠣ ᠶᠢᠨ ᠰᠢᠬᠢᠷ᠎ᠡ᠂ ᠰᠣᠮᠤ ᠶᠢᠨ ᠴᠡᠭᠡᠵᠢ᠂ ᠰᠣᠮᠥ ᠶᠢᠨ ᠦᠳᠦ᠂ ᠰᠣᠮᠥ ᠶᠢᠨ ᠤᠩᠭᠢ᠂ ᠰᠣᠮᠥ ᠶᠢᠨ ᠬᠠᠳᠠᠩᠭᠢᠷ᠂ ᠰᠣᠮᠥ ᠶᠢᠨ ᠰᠣᠷᠪᠣᠯᠵᠢ᠂ ᠰᠣᠮᠥ ᠶᠢᠨ ᠵᠧ᠂ ᠰᠣᠮᠣ ᠶᠢᠨ ᠬᠦᠵᠦᠬᠦᠦ᠂ ᠰᠣᠮᠣ ᠶᠢᠨ ᠭᠤᠤᠯ᠂ ᠰᠣᠮᠣ ᠶᠢᠨ ᠬᠤᠰᠢᠭᠤ᠂ ᠰᠣᠮᠣ ᠶᠢᠨ ᠦᠵᠦᠬᠦᠷ ᠵᠡᠷᠭᠡ 13 ᠵᠦᠢᠯ ᠢᠶᠠᠷ ᠪᠦᠳᠦᠳᠡᠭ᠃      ᠦᠢᠯᠡᠳᠪᠦᠷᠢᠯᠡᠵᠦ ᠪᠦᠳᠦᠭᠡᠬᠦ ᠶᠠᠪᠤᠴᠠ      ᠪᠦᠳᠦᠴᠡ ᠬᠢᠴᠡ ᠶᠢ ᠱᠠᠭᠰᠢᠨ ᠮᠠᠭᠳᠠᠭᠰᠠᠨ ᠢᠷᠦᠭᠡᠯ ᠳᠤ᠄         ︽ᠣᠢ ᠶᠢᠨ ᠤᠯᠠᠨ ᠮᠤᠳᠤᠨ ᠤ ᠲᠤᠳᠤᠷ᠎ᠠ ᠠᠴᠠ          ᠣᠨᠴᠠᠭᠠᠢ ᠨᠢᠭᠡ ᠰᠢᠯᠤᠭᠤᠨ ᠪᠤᠷᠭᠠᠰᠣ ᠶᠢ          ᠬᠤᠤᠰᠯᠠᠨ ᠠᠪᠴᠦ          ᠬᠤᠶᠠᠷ ᠲᠤᠬᠤᠢ ᠪᠠᠷ ᠢᠶᠠᠨ ᠬᠡᠮᠵᠢᠵᠦ          ᠬᠠᠭᠤᠷᠠᠢ ᠵᠦᠯᠬᠦᠬᠦᠷ ᠢᠶᠠᠷ ᠵᠦᠯᠭᠦᠷᠳᠡᠵᠦ          ᠬᠤᠷᠳᠣᠨ ᠴᠠᠭᠠᠨ ᠰᠣᠮᠣ ᠪᠤᠯᠭᠠᠭᠰᠠᠨ          ᠬᠦᠬᠡᠷᠡᠨ ᠬᠠᠷᠠᠭᠳᠠᠬᠤ ᠬᠦᠬᠡ ᠤᠭᠳᠠᠷᠭᠤᠢ ᠶᠢᠨ ᠲᠤᠤᠭᠤᠷ          ᠬᠠᠯᠢᠵᠦ ᠨᠢᠰᠳᠡᠭ ᠲᠡᠷᠪᠡᠵᠦ ᠪᠠᠭᠤᠳᠠᠭ          ᠲᠠᠯ᠎ᠠ ᠲᠠᠶᠢᠬᠠᠨ ᠬᠡᠭᠴᠢ ᠨᠢ          ᠲᠠᠭᠠᠷᠠᠵᠦ ᠬᠢᠨᠠᠵᠦ          ᠲᠠᠯᠠᠯᠠᠵᠦ ᠵᠦᠢᠵᠦ ᠬᠢᠭᠰᠡᠨ ᠭᠡᠳᠡᠭ          ᠭᠠᠳᠠᠭᠠᠲᠦ ᠲᠠᠯᠠᠢ ᠶᠢ ᠭᠠᠳᠣᠯᠵᠦ ᠱᠣᠩᠪᠠᠭᠰᠠᠨ            ᠭᠠᠩᠭ᠎ᠠ ᠮᠦᠷᠡᠨ ᠢ ᠨᠡᠪᠳᠡᠯᠵᠦ ᠱᠣᠩᠪᠠᠭᠰᠠᠨ            ᠠᠯᠳᠠᠨ ᠨᠢᠳᠣᠳᠣ            ᠠᠩᠭᠠᠯᠵᠠᠭᠰᠠᠨ ᠵᠢᠭᠠᠰᠣ ᠶᠢ            ᠬᠠᠷᠪᠤᠵᠦ ᠨᠠᠮᠨᠠᠭᠠᠳ            ᠬᠠᠯᠢᠰᠣᠯᠠᠵᠦ ᠦᠪᠴᠢᠭᠡᠳ            ᠬᠠᠨᠳᠠᠯᠠᠵᠦ ᠴᠢᠨᠠᠵᠦ            ᠬᠠᠯᠳᠠᠷ ᠴᠠᠪᠠᠤ ᠪᠤᠯᠭᠠᠨ ᠨᠠᠭᠠᠯᠳᠣᠭᠤᠯᠤᠭᠰᠠᠨ ᠭᠡᠳᠡᠭ᠂            ᠪᠠᠯᠪᠠ ᠶᠢᠨ ᠲᠠᠷᠬᠠᠨ ᠪᠠᠯᠪᠠᠵᠦ ᠬᠢᠭᠰᠡᠨ            ᠪᠠᠭᠠᠳᠣᠷ ᠲᠠᠷᠬᠠᠨ ᠲᠠᠪᠳᠠᠵᠦ ᠬᠢᠭᠰᠡᠨ            ᠭᠠᠩ ᠲᠡᠮᠥᠷ ᠢ ᠰᠡᠶᠢᠯᠵᠦ ᠬᠢᠭᠰᠡᠨ            ᠭᠠᠯᠠᠭᠤᠨ ᠤ ᠲᠠᠪᠠᠭ ᠢ ᠶᠠᠩᠵᠤᠯᠠᠵᠦ ᠬᠢᠭᠰᠡᠨ ᠭᠡᠳᠡᠭ᠂            ᠲᠠᠷᠢᠬᠢᠨ ᠳᠤ ᠣᠷᠭᠤᠭᠰᠠᠨ ᠡᠪᠡᠷ ᠢᠶᠠᠷ ᠡᠷᠴᠢᠯᠡᠵᠦ            ᠲᠠᠬᠢᠮ ᠳᠤ ᠣᠷᠭᠤᠭᠰᠠᠨ ᠰᠢᠨᠳᠠᠰᠣ ᠪᠠᠷ ᠠᠷᠠᠯᠠᠨ ᠬᠢᠭᠰᠡᠨ            ᠡᠷ᠎ᠡ ᠦᠬᠡᠷ ᠤᠨ ᠰᠢᠷᠢ ᠶᠢ            ᠡᠰᠭᠡᠵᠦ ᠦᠪᠴᠢᠭᠡᠳ            ᠡᠯᠳᠡᠵᠦ ᠨᠤᠬᠤᠭᠠᠳ            ᠡᠷᠴᠢᠯᠡᠵᠦ ᠮᠣᠰᠬᠢᠵᠦ ᠬᠢᠭᠰᠡᠨ ᠬᠦᠪᠴᠢ ᠲᠠᠢ᠂            ᠬᠠᠷᠪᠤᠬᠤ ᠳᠤᠷ ᠮᠡᠷᠭᠡᠨ            ᠬᠠᠨᠢᠯᠠᠬᠤ ᠳᠤ ᠡᠶᠡᠯᠳᠡᠭ            ᠲᠠᠶᠢᠨ ᠤ ᠪᠠᠭᠠᠳᠣᠷ            ᠲᠠᠯᠠᠯᠭᠠᠨ ᠳᠤ ᠬᠡᠰᠢᠭ ᠲᠠᠢ            ᠪᠠᠶᠢᠯᠳᠣᠬᠤ ᠳᠤ ᠪᠠᠭᠠᠳᠣᠷᠯᠢᠭ            ᠰᠢᠷ᠎ᠡ ᠨᠤᠮᠤ ᠭᠡᠵᠦ ᠢᠷᠦᠭᠡᠨ ᠮᠠᠭᠳᠠᠳᠠᠭ᠃        ᠰᠣᠷ ᠬᠠᠷᠪᠤᠯᠲᠠ ᠶᠢᠨ ᠲᠦᠷᠦᠯ ᠵᠦᠢᠯ    ᠨᠠᠮᠨᠠᠭ᠎ᠠ — ᠮᠤᠷᠢᠨ ᠲᠤᠪᠳᠤᠯᠤᠭ᠎ᠠ ᠪᠠᠷ ᠬᠠᠷᠪᠤᠬᠤ ᠶᠢ ᠨᠠᠮᠨᠠᠭ᠎ᠠ ᠭᠡᠳᠡᠭ᠃ ᠨᠠᠮᠨᠠᠬᠤ ᠮᠡᠷᠭᠡᠵᠢᠯ ᠢ ᠪᠠᠰᠠ ᠲᠤᠳᠤᠷ᠎ᠠ ᠨᠢ ᠮᠤᠷᠢᠨ ᠲᠡᠭᠡᠷ᠎ᠡ ᠲᠦᠷᠦᠭᠡ ᠢᠰᠭᠦᠯᠥᠨ ᠵᠤᠭᠰᠤᠭ᠎ᠠ ᠪᠠᠷ ᠬᠠᠷᠪᠤᠬᠤ ᠶᠢ ᠤᠪᠳᠣ ᠲᠤᠪᠳᠣᠯᠤᠭ᠎ᠠ ᠭᠡᠵᠦ᠂ ᠮᠤᠷᠢᠨ ᠲᠤᠪᠳᠤᠯᠤᠭ᠎ᠠ ᠳᠤ ᠪᠡᠶ᠎ᠡ ᠡᠷᠬᠢᠨ ᠬᠤᠶᠢᠰᠢ ᠬᠠᠷᠪᠤᠬᠤ ᠶᠢ ᠬᠤᠳᠠᠷᠭᠠᠨ ᠭᠤᠳᠤᠰ ᠨᠠᠮᠨᠠᠭ᠎ᠠ ᠭᠡᠳᠡᠭ᠂ ᠤᠶᠢᠷ᠎ᠡ ᠲᠤᠯᠵᠦ ᠬᠠᠷᠪᠤᠬᠤ ᠶᠢ ᠲᠦᠷᠦᠬᠡᠨ ᠨᠠᠮᠨᠠᠭ᠎ᠠ ᠭᠡᠵᠦ᠂ ᠲᠡᠮᠡᠴᠡᠯᠳᠦᠨ ᠬᠠᠷᠪᠤᠬᠤ ᠶᠢ ᠪᠣᠷᠬᠢᠷᠠᠳᠣᠯ ᠨᠠᠮᠨᠠᠭ᠎ᠠ᠂ ᠮᠤᠷᠢᠨ ᠬᠦᠵᠦᠬᠦᠦ ᠶᠢ ᠨᠠᠭᠠᠯᠳᠤᠨ ᠬᠠᠷᠪᠤᠬᠤ ᠳᠤ ᠲᠡᠪᠢᠯᠳᠡᠭᠡ ᠨᠠᠮᠨᠠᠭ᠎ᠠ᠂ ᠭᠠᠷ ᠰᠣᠯᠢᠵᠦ ᠬᠠᠷᠪᠤᠬᠤ ᠶᠢ ᠤᠯᠠᠷᠢᠯᠳᠦ ᠨᠠᠮᠨᠠᠭ᠎ᠠ ᠭᠡᠵᠦ ᠲᠤᠰᠪᠣᠷᠢ ᠨᠡᠷᠡᠶᠢᠳᠦᠳᠡᠭ᠃     ᠨᠠᠶᠢᠷ ᠨᠠᠭᠠᠳᠦᠮ ᠲᠡᠭᠡᠷ᠎ᠡ ᠭᠤᠣᠯᠳᠠᠭᠤ ᠰᠠᠷᠠᠨ ᠫᠠᠢ᠂ ᠲᠡᠬᠦᠵᠢᠩ ᠫᠠᠢ᠂ ᠭᠡᠪᠳᠡᠭᠡ ᠫᠠᠢ᠂ ᠪᠣᠰᠤᠭ᠎ᠠ ᠫᠠᠢ ᠵᠡᠷᠬᠡ  ᠶᠢ ᠨᠠᠮᠨᠠᠳᠠᠭ᠃    ᠰᠠᠷᠠᠨ ᠫᠠᠢ ᠨᠠᠮᠨᠠᠬᠤ — ᠨᠠᠮᠨᠠᠯᠲᠠ ᠶᠢᠨ ᠵᠠᠢ ᠠᠴᠠ ᠲᠤᠭᠳᠠᠭᠰᠠᠨ ᠵᠠᠢ ᠲᠠᠢ ᠡᠯᠬᠦᠭᠰᠡᠨ ᠫᠠᠢ ᠶᠢᠨ ᠲᠠᠯ᠎ᠠ ᠪᠠᠷ ᠮᠤᠷᠢ ᠲᠤᠪᠲᠤᠯᠭᠠᠨ ᠦᠩᠭᠡᠷᠡᠬᠦ ᠬᠤᠷᠤᠮ ᠵᠠᠭᠤᠷ᠎ᠠ ᠲᠦᠷᠦᠬᠡᠨ ᠲᠡᠭᠡᠷ᠎ᠡ ᠵᠤᠭᠰᠣᠭᠠᠳ ᠪᠡᠶ᠎ᠡ ᠤᠷᠪᠠᠵᠦ ᠬᠠᠷᠪᠤᠬᠤ ᠶᠢ ᠬᠡᠯᠡᠨ᠎ᠡ᠃    ᠲᠡᠬᠦᠵᠢᠩ ᠫᠠᠢ ᠨᠠᠮᠨᠠᠬᠤ — ᠭᠠᠵᠠᠷ ᠲᠤ 12 ᠲᠤᠬᠤᠢ ︵4 ᠮᠧᠲᠷ︶ ᠰᠢᠬᠠᠮ ᠦᠷᠭᠡᠨ᠂ 2  ᠲᠤᠬᠤᠢ ᠬᠦᠨ᠂ 85 ᠮᠧᠲᠷ ᠣᠷᠲᠦ ᠠᠰᠬᠠᠨ ᠰᠣᠪᠠᠭ ᠮᠠᠯᠳᠠᠭᠠᠳ ᠬᠤᠶᠠᠷ ᠲᠠᠯ᠎ᠠ ᠳᠤᠨᠢ ᠵᠠᠮ ᠠᠴᠠ 6 — 9 ᠲᠤᠬᠤᠢ ᠬᠤᠯᠠ᠂ 6 ᠲᠤᠬᠤᠢ ᠦᠨᠳᠦᠷ ᠭᠤᠷᠪᠠᠨ ᠫᠠᠢ ᠶᠢ ᠮᠤᠳᠤᠨ ᠳᠤ ᠡᠯᠬᠦᠨ᠎ᠡ᠃ ᠫᠠᠢ ᠪᠦᠷᠢ ᠶᠢᠨ ᠬᠤᠭᠤᠷᠤᠨᠳᠣᠬᠢ ᠵᠠᠢ  ᠶᠢ 7.5 — 8 ᠬᠤᠤᠰ ᠠᠯᠲᠠ ᠪᠠᠶᠢᠯᠭᠠᠨ᠎ᠠ᠃ ᠨᠢᠭᠡᠳᠦᠭᠡᠷ ᠫᠠᠢ ᠨᠢ ᠲᠤᠭᠤᠢ ᠲᠦᠷᠪᠡᠯᠵᠢᠨ ᠤᠭᠤᠲᠠ᠂ ᠨᠠᠮᠨᠠᠯᠲᠠ ᠶᠢᠨ ᠵᠠᠮ ᠤᠨ ᠵᠡᠬᠦᠨ ᠲᠠᠯ᠎ᠠ ᠳᠤ ᠡᠯᠬᠦᠵᠦ᠂ ᠬᠤᠶᠠᠳᠣᠭᠠᠷ ᠫᠠᠢ ᠨᠢ ᠲᠤᠮᠤ ᠬᠦᠮᠥᠨ ᠤ ᠲᠤᠯᠤᠭᠠᠢ ᠶᠢᠨ ᠬᠢᠷᠢᠲᠡᠢ ᠪᠦᠰ ᠪᠦᠮᠪᠦᠭᠡ᠂ ᠵᠠᠮ ᠤᠨ ᠪᠠᠷᠠᠭᠤᠨ ᠲᠠᠯ᠎ᠠ ᠳᠤ ᠡᠯᠬᠦᠵᠦ᠂ ᠭᠤᠷᠪᠠᠳᠣᠭᠠᠷ ᠫᠠᠢ ᠨᠢ ᠭᠤᠷᠪᠠᠯᠵᠢᠨ ᠬᠡᠯᠪᠡᠷᠢᠲᠡᠢ ᠴᠠᠭᠠᠨ ᠪᠦᠰ ᠣᠭᠤᠲᠠ᠂ ᠵᠠᠮ ᠤᠨ ᠵᠡᠬᠦᠨ ᠲᠠᠯ᠎ᠠ ᠳᠤ ᠡᠯᠬᠦᠨ᠎ᠡ᠃ ᠲᠠᠮᠢᠷᠴᠢᠳ ᠵᠠᠮ ᠤᠨ ᠦᠵᠦᠬᠦᠷ  ᠠᠴᠠ 45 ᠬᠤᠤᠰ ᠠᠯᠲᠠ ᠵᠠᠢ ᠠᠴᠠ ᠮᠤᠷᠢ ᠲᠤᠪᠳᠣᠯᠭᠠᠨ ᠬᠠᠷᠪᠤᠯᠲᠠ ᠶᠢᠨ ᠵᠠᠮ ᠳᠤ ᠤᠷᠤᠨ᠎ᠠ᠃ ᠫᠠᠢ ᠣᠶᠢᠷᠠᠳᠣᠪᠠᠯ ᠰᠠᠶ᠋ᠢ ᠨᠤᠮᠤ ᠪᠠᠨ ᠠᠪᠴᠦ ᠰᠣᠮᠣ ᠣᠨᠢᠯᠠᠨ ᠬᠠᠷᠪᠤᠳᠠᠭ᠂ ᠡᠭᠡᠯᠵᠢ ᠪᠦᠷᠢ 3 ᠰᠣᠮᠣ᠂ ᠨᠡᠶᠢᠲᠡ ᠭᠤᠷᠪᠠᠨ ᠡᠬᠡᠯᠵᠢ ᠳᠤ ᠶᠢᠰᠦᠨ ᠰᠣᠮᠣ ᠬᠠᠷᠪᠤᠵᠦ ᠤᠨᠤᠭᠰᠠᠨ ᠰᠣᠮᠣᠨ ᠲᠤᠭ᠎ᠠ ᠪᠠᠷ ᠲᠡᠰ ᠳ᠋ᠣᠭᠠᠷ ᠢ ᠲᠣᠭᠳᠠᠭᠠᠨ᠎ᠠ᠃   ᠪᠤᠰᠤᠭ᠎ᠠ ᠫᠠᠢ ᠬᠠᠷᠪᠤᠬᠤ — ᠨᠠᠮᠨᠠᠯᠲᠠ ᠶᠢᠨ ᠵᠠᠮ ᠤᠨ ᠬᠤᠶᠠᠷ ᠲᠠᠯ᠎ᠠ ᠳᠤ ᠬᠦᠮᠥᠨ ᠤ ᠬᠢᠷᠢ ᠦᠨᠳᠦᠷ 3 — 5 ᠫᠠᠢ ᠪᠣᠰᠬᠠᠵᠦ ᠮᠤᠷᠢᠨ ᠲᠤᠪᠳᠣᠯᠤᠭ᠎ᠠ ᠪᠠᠷ ᠬᠠᠷᠪᠤᠨ᠎ᠠ᠂ ᠡᠨᠡ ᠨᠢ ᠲᠡᠬᠦᠵᠢᠩ ᠫᠠᠢ ᠬᠠᠷᠪᠤᠬᠤ ᠲᠠᠢ ᠪᠠᠷᠤᠭ ᠠᠳᠠᠯᠢ ᠪᠠᠶᠢᠳᠠᠭ᠃   ᠬᠡᠪᠳᠡᠭᠡ ᠫᠠᠢ ᠬᠠᠷᠪᠤᠬᠤ — ᠢᠰᠡᠬᠡᠢ ᠢᠶᠠᠷ ᠭᠤᠷᠪᠠᠨ ᠲᠠᠢ ᠮᠠᠯᠠᠭᠠᠢ ᠰᠢᠭ᠋ ᠶᠠᠭᠤᠮ᠎ᠠ ᠵᠤᠬᠢᠶᠠᠵᠦ ᠭᠠᠵᠠᠷ ᠲᠠᠯᠪᠢᠵᠦ ᠮᠣᠷᠢᠨ ᠲᠡᠪᠬᠢᠶᠠᠨ ᠲᠡᠭᠡᠷ᠎ᠡ ᠠᠴᠠ ᠲᠤᠷᠤᠭᠰᠢ ᠬᠠᠷᠪᠤᠬᠤ᠂ ᠡᠮᠡᠭᠲᠠᠢ ᠲᠠᠮᠢᠷᠴᠢᠳ ᠣᠷᠣᠯᠴᠠᠪᠠᠯ ᠵᠦᠭᠡᠯᠡᠨ ᠨᠤᠮᠤ ᠬᠡᠷᠡᠭᠯᠡᠳᠡᠭ᠃   ᠮᠠᠯᠠᠭᠠᠢ ᠶᠢᠨ ᠫᠠᠢ ᠨᠠᠮᠨᠠᠬᠤ — ᠡᠨᠡ ᠵᠦᠢᠯ ᠤᠨ ᠨᠠᠭᠠᠳᠣᠮ ᠬᠡᠪᠳᠡᠭᠡ ᠫᠠᠢ ᠬᠠᠷᠪᠤᠬ᠊ ᠲᠠᠢ ᠠᠳᠠᠯᠢ ᠪᠠᠶᠢᠳᠠᠭ᠃  ᠪᠦᠮᠪᠦᠭᠡ ᠨᠠᠮᠨᠠᠬᠤ — ᠠᠷᠠᠳ ᠤᠨ ᠲᠤᠮᠳᠠᠬᠢ ᠨᠠᠶᠢᠷ ᠨᠠᠭᠠᠳᠣᠮ ᠤᠨ ᠨᠢᠭᠡ ᠵᠦᠢᠯ᠃ ᠬᠤᠶᠠᠷ ᠮᠣᠳᠣ ᠪᠣᠶᠣ ᠱᠣᠷᠤᠭ ᠤᠨ ᠬᠤᠭᠤᠷᠤᠨᠲᠦ ᠲᠠᠳᠠᠭᠰᠠᠨ ᠲᠡᠭᠡᠰᠦᠨ ᠠᠴᠠ ᠦᠯᠢᠶᠡᠵᠦ ᠬᠡᠶᠢᠯᠡᠭᠰᠡᠨ ᠦᠭᠡᠷ ᠤᠨ ᠲᠠᠪᠤᠰᠠᠩ ᠪᠤᠶᠤ ᠬᠤᠷᠠᠭ᠎ᠠ ᠢᠰᠢᠭᠡ ᠶᠢᠨ ᠬᠦᠵᠡᠭᠡ ᠶᠢ 7 — 9 ᠣᠨᠵᠠᠶᠢᠯᠭᠠᠨ ᠣᠶᠠᠵᠦ᠂ 36 — 52 ᠨᠤᠮᠤ ᠶᠢᠨ ᠠᠯᠣᠰ  ᠠᠴᠠ ᠮᠤᠷᠢᠨ ᠤ ᠲᠤᠪᠳᠣᠯᠤᠭ᠎ᠠ ᠪᠠᠷ ᠲᠦᠷᠪᠡ ᠲᠦᠷᠪᠡᠨ ᠰᠣᠮᠣ ᠪᠠᠷ ᠬᠠᠷᠪᠤᠵᠦ ᠢᠯᠡᠬᠦᠦ ᠤᠨᠤᠭᠠᠭᠰᠠᠨ ᠢ ᠨᠢ ᠲᠡᠶᠢᠯᠥᠭᠰᠡᠨ ᠢᠶᠠᠷ ᠪᠤᠳᠤᠳᠠᠭ᠃   ᠲᠠᠥᠯᠠᠢ ᠬᠦᠬᠡᠬᠡᠵᠦ ᠨᠠᠮᠨᠠᠬᠤ — ᠮᠤᠷᠢ ᠲᠠᠢ ᠬᠦᠮᠥᠨ ᠳᠤ ᠤᠷᠲᠦ ᠲᠡᠭᠡᠰᠦ ᠪᠠᠷ ᠬᠦᠳᠦᠯᠥᠭᠳᠡᠨ ᠲᠡᠭᠡᠭᠰᠢ ᠲᠤᠷᠤᠭᠰᠢ ᠲᠡᠭᠳᠡᠬᠦ ᠭᠡᠶᠢᠲᠦ ᠬᠦᠵᠡᠭᠡ ᠶᠢ ᠮᠤᠷᠢᠲᠦ ᠲᠠᠮᠢᠷᠴᠢᠳ ᠬᠦᠬᠡᠬᠡᠨ ᠬᠦᠢᠴᠡᠵᠦ᠂ ᠲᠡᠬᠦᠨ ᠠᠴᠠ 36 ᠨᠤᠮᠤᠨ ᠵᠠᠶᠢᠳᠠᠢ ᠵᠡᠷᠭᠡᠴᠡᠨ ᠢᠷᠡᠬᠦ ᠲᠤᠬᠢᠶᠠᠯ ᠳᠤ ᠲᠦᠷᠪᠡ ᠲᠦᠷᠪᠡᠨ ᠰᠣᠮᠣ ᠪᠠᠷ ᠬᠠᠷᠪᠤᠨ᠎ᠠ᠃ ᠤᠨᠤᠭᠰᠠᠨ ᠨᠢ ᠬᠤᠶᠠᠷᠳᠡᠬᠢ ᠨᠤᠭᠤᠯᠠᠭᠠᠨ ᠳᠤ 45 ᠨᠤᠮᠤ ᠶᠢᠨ ᠵᠠᠢ ᠠᠴᠠ ᠲᠦᠷᠪᠡ ᠲᠦᠷᠪᠡᠨ ᠰᠣᠮᠤ ᠬᠠᠷᠪᠤᠬᠤ᠂ ᠭᠤᠷᠪᠠᠳᠣᠭᠠᠷ ᠨᠤᠭᠤᠯᠤᠭᠠᠨ  ᠳᠤ 52 ᠨᠤᠮᠤᠨ ᠵᠠᠢ ᠠᠴᠠ ᠲᠦᠷᠪᠡ ᠲᠦᠷᠪᠡᠨ ᠰᠣᠮᠣ ᠪᠠᠷ ᠬᠠᠷᠪᠤᠵᠦ ᠤᠨᠤᠭᠠᠭᠰᠠᠨ ᠲᠤᠭᠠᠨ ᠤ ᠤᠯᠠᠨ ᠴᠦᠬᠡᠨ  ᠢᠶᠠᠷ ᠳ᠋ᠣᠭᠠᠷᠯᠠᠳᠠᠭ᠃   ᠰᠣᠷ ᠬᠠᠷᠪᠤᠬᠤ   ᠬᠠᠷᠪᠤᠭᠠᠴᠢᠳ ᠤᠨᠤᠭ᠎ᠠ ᠬᠦᠯᠥᠭ ᠦᠭᠡᠢ᠂ ᠲᠤᠭᠳᠠᠭᠠᠭᠰᠠᠨ ᠵᠠᠢ ᠠᠴᠠ ᠵᠤᠭᠰᠤᠭ᠎ᠠ ᠪᠠᠷ ᠰᠣᠮᠣ ᠬᠠᠷᠪᠤᠬᠤ ᠶᠢ ᠰᠤᠷ ᠬᠠᠷᠪᠤᠯᠲᠠ ᠭᠡᠨ᠎ᠡ᠃  ᠮᠤᠩᠭᠤᠯ ᠦᠨᠳᠦᠰᠦᠳᠡᠨ ᠤ ᠡᠷᠲᠡ ᠢᠵᠠᠭᠤᠷ ᠦᠶ᠎ᠡ ᠶᠢᠨ ᠵᠤᠭ᠎ᠠ ᠴᠡᠩᠭᠡᠯ ᠤᠨ ᠠᠮᠢᠳᠦ ᠴᠢᠯᠠᠭᠤᠵᠢᠮᠠᠯ᠃ ᠤᠤᠯ  ᠨᠢ ᠨᠤᠮᠤ ᠲᠡᠯᠡᠵᠦ ᠰᠣᠮᠣ ᠤᠨᠢᠯᠠᠨ ᠰᠣᠷ ᠬᠠᠷᠪᠤᠬᠤ ᠤᠷ᠎ᠠ ᠮᠡᠷᠭᠡᠵᠢᠯ ᠳᠤ ᠪᠠᠨ ᠲᠦᠰᠢᠭᠯᠡᠨ ᠠᠮᠢ ᠪᠡᠶ᠎ᠡ ᠶᠢᠨ ᠠᠮᠥᠷ ᠲᠦᠪᠰᠢᠨ ᠢ ᠬᠠᠮᠠᠭᠠᠯᠠᠨ᠂ ᠠᠩ ᠬᠦᠷᠦᠭᠡ ᠠᠪᠠᠯᠠᠵᠦ ᠠᠵᠦ ᠠᠮᠢᠳᠦᠷᠠᠯ ᠢᠶᠠᠨ ᠬᠠᠩᠭᠠᠬᠤ᠂ ᠠᠯᠠᠯᠳᠤᠭ᠎ᠠ ᠲᠠᠶᠢᠯᠠᠯᠳᠣᠭᠠᠨ ᠳᠤ ᠠᠳᠠᠭᠠᠳᠠᠨ ᠲᠠᠶᠢᠰᠣᠨ ᠢᠶᠠᠨ ᠣᠰᠠᠳᠬᠠᠵᠦ ᠪᠠᠶᠢᠭᠰᠠᠨ᠃    ᠲᠦᠷᠦᠯ ᠵᠦᠢᠯ   ᠫᠠᠢ ᠲᠠᠷᠤᠬᠤ — ᠲᠦᠪ ᠲᠤᠨᠢ ᠬᠠᠷ᠎ᠠ ᠦᠩᠭᠡ ᠶᠢᠨ ᠭᠤᠤᠯ ᠲᠠᠢ᠂ ᠭᠠᠳᠠᠭᠤᠷ ᠨᠢ 3 — 5 ᠲᠠᠪᠬᠤᠷ ᠴᠠᠭᠠᠷᠢᠭ ᠲᠠᠢ ᠫᠠᠢ ᠶᠢ ᠲᠤᠭᠳᠠᠪᠤᠷᠢᠵᠢᠭᠤᠯᠵᠦ ᠲᠤᠬᠢᠷᠠᠭᠤᠯᠤᠨ᠎ᠠ᠃ ᠤᠷᠤᠯᠳᠤᠭᠰᠠᠳ ᠬᠡᠳᠦᠨ ᠲᠤᠭᠤᠶᠢᠯᠠᠩ ᠬᠤᠪᠢᠶᠠᠨ 3 ᠮᠧᠲᠷ ᠤᠨ ᠵᠠᠢ ᠠᠴᠠ ᠬᠠᠷᠪᠤᠵᠦ ᠲᠤᠭᠤᠷᠢᠭ ᠤᠨ ᠲᠦᠪ ᠢ ᠤᠨᠤᠭᠠᠪᠠᠯ ᠢᠯᠡᠬᠦᠦ ᠬᠤᠪᠢ ᠲᠡᠮᠳᠡᠭᠯᠡᠨ ᠲᠤᠭᠤᠷᠢᠭ ᠤᠨ ᠲᠦᠪ ᠤᠨ ᠲᠤᠳᠤᠷ᠎ᠠ ᠠᠴᠠ ᠭᠠᠳᠠᠭᠰᠢ ᠴᠠᠭᠠᠷᠢᠭ ᠲᠤ ᠨᠢ ᠤᠨᠤᠭᠠᠪᠠᠯ ᠬᠤᠪᠢ ᠨᠢ ᠤᠯᠠᠮ ᠢᠶᠠᠷ ᠪᠠᠭᠠᠰᠳᠠᠭ᠃   ᠲᠦᠨᠵᠢᠨ ᠲᠤᠯᠤᠭᠠᠢ ᠬᠠᠷᠪᠤᠬᠤ — ᠶᠡᠭᠡ ᠪᠠᠭ᠎ᠠ ᠨᠢ ᠪᠠᠷᠤᠭ ᠲᠦᠨᠵᠢᠨ ᠦᠬᠡᠷ ᠤᠨ ᠲᠤᠯᠤᠭᠠᠢ ᠭᠡᠮᠡᠷ ᠣᠭᠤᠳᠠᠨ ᠳᠤ ᠬᠤᠮᠠᠭ ᠲᠦᠬᠦᠷᠭᠡᠨ ᠡᠯᠬᠦᠵᠦ᠂ ᠲᠠᠮᠢᠷᠴᠢᠳ 30᠂ 50᠂ 70 ᠮᠧᠲᠷ ᠤᠨ ᠠᠯᠣᠰ ᠠᠴᠠ ᠬᠠᠷᠪᠤᠬᠤ᠂ ᠡᠬᠢᠨ ᠤ ᠡᠬᠡᠯᠵᠢ ᠳᠤ ᠤᠶᠢᠷ᠎ᠠ ᠵᠠᠢ ᠶᠢ ᠣᠷᠣᠯᠳᠣᠨ ᠬᠠᠷᠪᠤᠵᠦ᠂ ᠡᠴᠣᠰ ᠤᠨ ᠡᠭᠡᠯᠵᠢ ᠳᠤ ᠬᠠᠮᠤᠭ ᠬᠤᠯᠠ ᠵᠠᠢ ᠶᠢ ᠲᠠᠮᠢᠷᠴᠢᠳ ᠪᠦᠷᠢ ᠲᠦᠷᠪᠡᠨ ᠰᠣᠮᠣ ᠪᠠᠷ ᠬᠠᠷᠪᠤᠨ᠎ᠠ᠃ ᠬᠠᠮᠤᠭ ᠠᠯᠤᠰ ᠵᠠᠢ ᠶᠢᠨ ᠤᠨᠤᠭᠠᠯᠲᠠ ᠶᠢᠨ ᠤᠯᠬᠤ ᠬᠤᠪᠢ ᠢᠯᠡᠬᠦᠦ ᠪᠠᠶᠢᠵᠦ ᠬᠡᠳᠦ ᠣᠳᠠᠭᠠᠨ ᠤ ᠬᠠᠷᠪᠤᠯᠲᠠ ᠶᠢᠨ ᠶᠡᠷᠦᠩᠭᠡᠢ ᠬᠤᠪᠢ ᠶᠢᠨ ᠨᠡᠶᠢᠯᠡᠪᠤᠷᠢ ᠪᠠᠷ ᠳ᠋ᠤᠭᠠᠷ ᠢ ᠰᠢᠯᠭᠠᠷᠠᠭᠤᠯᠳᠠᠭ᠃ ᠬᠤᠵᠢᠮ ᠨᠢ ᠪᠤᠯᠵᠦ ᠢᠷᠡᠭᠡᠳ ᠨᠢᠬᠡ ᠤᠳᠠᠭᠠᠨ ᠤ ᠨᠠᠶᠢᠷ ᠨᠠᠭᠠᠳᠣᠮ ᠤᠨ ᠤᠷᠤᠯᠳᠤᠭᠠᠨ ᠳᠤ ᠲᠠᠮᠢᠷᠴᠢᠳ ᠤᠨ ᠨᠠᠰᠣ ᠵᠢᠯ ᠤᠨ ᠢᠯᠭᠠᠭ᠎ᠠ ᠪᠠᠷ ᠬᠠᠷᠪᠤᠯᠲᠠ ᠶᠢᠨ ᠵᠠᠢ ᠶᠢ ᠬᠤᠪᠢᠶᠠᠨ ᠲᠡᠰ ᠲᠤᠭᠳᠠᠭᠠᠳᠠᠭ ᠴᠦ ᠪᠤᠯᠤᠭᠰᠠᠨ ᠨᠢ ᠭᠤᠤᠯᠳᠠᠭᠤ ᠨᠠᠶᠢᠷ ᠨᠠᠭᠠᠳᠣᠮ ᠤᠨ ᠡᠷᠬᠢᠯᠡᠬᠦ ᠴᠠᠭ ᠬᠤᠭᠤᠴᠠᠭ᠎ᠠ ᠪᠠ ᠲᠠᠮᠢᠷᠴᠢᠳ ᠤᠨ ᠤᠷᠤᠯᠴᠠᠬᠤ ᠬᠦᠮᠥᠨ ᠤ ᠤᠯᠠᠨ ᠴᠦᠬᠡᠨ ᠲᠠᠢ ᠬᠤᠯᠪᠤᠭ᠎ᠠ ᠲᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号