ᠪᠢᠳᠡᠬᠦᠯᠵᠦ ᠰᠢᠨᠡᠯᠡᠬᠦ ᠬᠤᠭᠤᠴᠠᠭ᠎ᠠ ᠶᠢᠨ ᠴᠡᠬᠡᠷ
ᠨᠡᠶᠢᠲᠡᠯᠡᠭᠰᠡᠨ ᠴᠠᠭ᠄
2025/4/10
   ᠴᠠᠭᠠᠨ ᠰᠠᠷ᠎ᠠ ᠳᠤ ᠦᠰᠦ ᠪᠠᠨ ᠠᠪᠤᠪᠠᠯ ᠨᠠᠭᠠᠴᠤ ᠨᠡᠷ ᠨᠢ ᠦᠬᠡᠶᠢᠷᠡᠨ᠎ᠠ ᠭᠡᠳᠡᠭ᠃ ᠭᠤᠤᠯ ᠰᠠᠨᠠᠭ᠎ᠠ ᠨᠢ᠄ ᠰᠢᠨ᠎ᠠ ᠠᠴᠠ ᠡᠮᠤᠨ᠎ᠠ ᠪᠡᠶ᠎ᠠ ᠭᠠᠷ ᠢᠶᠠᠨ ᠴᠡᠪᠡᠷᠯᠡᠵᠦ᠂ ᠴᠡᠪᠡᠷ ᠳᠤᠬᠢᠯᠢᠭ ᠰᠢᠨ᠎ᠠ ᠬᠦᠮᠦᠨ ᠪᠤᠯᠵᠤ᠂ ᠰᠢᠨ᠎ᠠ ᠵᠢᠯ  ᠢᠶᠠᠨ ᠤᠭᠳᠠ ᠬᠡᠰᠡᠨ ᠶᠠᠪᠤᠳᠠᠯ ᠪᠤᠯᠤᠨ᠎ᠠ᠃    ᠴᠠᠭᠠᠨ ᠰᠠᠷ᠎ᠠ ᠳᠤ ᠱᠠᠪᠠᠭ ᠬᠠᠳᠠᠭᠠᠪᠠᠯ ᠬᠠᠳᠠᠵᠤ ᠦᠬᠦᠨ᠎ᠠ ᠭᠡᠳᠡᠭ᠃ ᠭᠤᠤᠯ ᠰᠠᠨᠠᠭ᠎ᠠ ᠨᠢ᠄ ᠦᠪᠡᠷ ᠤᠨ ᠬᠢᠳᠡᠭ ᠠᠵᠢᠯ ᠢᠶᠠᠨ ᠤᠷᠢᠳᠴᠢᠯᠠᠨ ᠪᠡᠯᠡᠳᠭᠡᠵᠦ ᠳᠠᠯᠪᠢᠬᠤ ᠬᠡᠷᠡᠭᠳᠡᠢ᠂ ᠳᠡᠭᠡᠪᠡᠯ ᠰᠠᠶ᠋ᠢ ᠠᠵᠢᠯ ᠴᠢᠨᠢ ᠠᠮᠵᠢᠯᠳᠠ ᠤᠯᠵᠤ ᠴᠢᠳᠠᠨ᠎ᠠ ᠭᠡᠵᠠᠢ᠃    ᠴᠠᠭᠠᠨ ᠰᠠᠷ᠎ᠠ ᠳᠤ ᠪᠤᠰᠤᠳ ᠠᠴᠠ ᠶᠠᠭᠤᠮ᠎ᠠ ᠵᠢᠬᠡᠯᠡᠪᠡᠯ ᠭᠠᠷ ᠮᠡᠬᠦᠰ ᠪᠤᠯᠤᠨ᠎ᠠ ᠭᠡᠳᠡᠭ᠃ ᠭᠤᠤᠯ ᠰᠠᠨᠠᠭ᠎ᠠ ᠨᠢ ᠄ ᠶᠠᠮᠠᠷᠪᠠ ᠦᠢᠯᠡᠰ ᠲᠤ ᠵᠠᠪᠠᠯ ᠦᠪᠡᠷᠬᠢ ᠪᠠᠨ ᠲᠦᠰᠢᠭᠯᠡᠨ᠂ ᠪᠢᠳᠡᠬᠡᠢ ᠶᠠᠭᠤ ᠪᠦᠬᠦᠨ ᠳᠤ ᠪᠤᠰᠤᠳ ᠲᠤ ᠨᠠᠶᠢᠳᠠᠭᠠᠳ ᠯᠠ ᠪᠠᠢ ᠭᠡᠵᠠᠢ᠃    ᠴᠠᠭᠠᠨ ᠰᠠᠷ᠎ᠠ ᠶᠢᠨ ᠬᠤᠭᠤᠯᠠ ᠶᠢᠨ ᠦᠯᠡᠳᠡᠪᠤᠷᠢ ᠪᠠᠨ ᠭᠡᠭᠡᠪᠡᠯ ᠠᠮᠠ ᠬᠦᠨᠡᠰᠤ ᠨᠢ ᠪᠠᠭᠤᠷᠠᠨ᠎ᠠ ᠭᠡᠳᠡᠭ᠃ ᠤᠭ ᠰᠠᠨᠠᠭ᠎ᠠ ᠨᠢ᠄ ᠠᠷᠪᠢᠴᠢ ᠭᠠᠮᠳᠠᠢ ᠪᠠᠢ ᠭᠡᠵᠠᠢ᠃ ᠡᠷᠳᠡᠨ ᠤ ᠰᠤᠷᠭᠠᠯ ︽ᠵᠢᠯ ᠢ ᠦᠡᠭᠭᠡᠷᠡᠬᠡᠬᠦ ᠳᠤ ᠬᠢᠯᠪᠡᠷ᠂ ᠡᠳᠤᠷ ᠢ ᠦᠡᠭᠭᠡᠷᠡᠭᠡᠬᠦ ᠳᠤ ᠬᠦᠴᠢᠷ︾ ᠭᠡᠳᠡᠭ ᠪᠦᠬᠡᠳ ᠨᠢᠬᠡ ᠴᠠᠭ ᠤᠨ ᠪᠤᠳᠠᠭ᠎ᠠ ᠠᠴᠠ ᠨᠢᠬᠡ ᠠᠳᠬᠤ ᠪᠤᠳᠠᠭ᠎ᠠ ᠶᠢ ᠠᠷᠪᠢᠯᠠᠵᠤ ᠭᠠᠷᠭᠠᠪᠠᠯ ᠠᠷᠪᠠᠨ ᠵᠢᠯ ᠳᠤ ᠨᠢᠬᠡ ᠮᠤᠷᠢ ᠪᠤᠯᠴᠢᠬᠠᠨ᠎ᠠ ᠭᠡᠳᠡᠭ ᠦᠬᠡ ᠪᠠᠶᠢᠳᠠᠭ᠃   ᠴᠠᠭᠠᠨ ᠰᠠᠷ᠎ᠠ ᠳᠤ ᠳᠠᠭᠤᠯᠠᠵᠤ ᠭᠡᠨᠭᠰᠢᠬᠦ ᠨᠢ ᠤᠶᠢᠳᠬᠠᠷ ᠢ ᠤᠳᠤᠷᠢᠳᠤᠮᠤᠢ ᠭᠡᠳᠡᠭ᠃ ᠭᠤᠤᠯ ᠰᠠᠨᠠᠭ᠎ᠠ ᠨᠢ᠄ ᠬᠦᠮᠦᠨ ᠪᠠᠶᠠᠷ ᠬᠦᠷ ᠲᠠᠢ᠂ ᠴᠤᠭ ᠵᠢᠪᠬᠤᠯᠠᠩ ᠲᠠᠢ ᠪᠠᠶᠢᠪᠠᠰᠤ ᠴᠢᠳᠬᠦᠷ ᠰᠢᠮᠨᠤᠰ ᠬᠠᠯᠳᠠᠷ᠎ᠠ ᠢᠷᠡᠵᠦ ᠴᠢᠳᠠᠬᠤ ᠦᠭᠡᠢ᠃   ᠴᠠᠭᠠᠨ ᠰᠠᠷ᠎ᠠ ᠳᠤ ᠤᠬᠢᠯᠠᠬᠤ ᠨᠢ ᠵᠤᠪᠠᠯᠠᠩ ᠢ ᠤᠳᠤᠷᠢᠳᠤᠮᠤᠢ ᠭᠡᠳᠡᠭ᠃ ᠭᠤᠤᠯ ᠰᠠᠨᠠᠭ᠎ᠠ ᠨᠢ᠄ ᠴᠠᠭᠠᠨ ᠰᠠᠷ᠎ᠠ  ᠶᠢ ᠡᠶ᠎ᠡ ᠡᠪ ᠲᠠᠢ᠂ ᠪᠠᠶᠠᠷ ᠬᠦᠷ ᠲᠠᠢ ᠦᠡᠭᠭᠡᠷᠡᠬᠦᠯᠪᠡᠯ ᠠᠯᠢᠪᠠ ᠪᠦᠬᠦᠨ ᠦᠬᠡᠳᠡ ᠡᠰᠡᠷᠡᠭ ᠪᠤᠯᠬᠤ ᠪᠤᠯᠤᠨ᠎ᠠ ᠭᠡᠰᠡᠨ ᠶᠠᠪᠤᠳᠠᠯ ᠪᠤᠯᠤᠨ᠎ᠠ ᠬᠡᠵᠠᠢ᠃    ᠰᠢᠨ᠎ᠠ ᠶᠢᠨ ᠵᠤᠯᠭᠠᠯᠳᠠ ᠬᠢᠬᠦ ᠳᠤ ᠪᠡᠯᠡᠭ ᠢ ᠡᠷᠬᠢᠮ ᠪᠤᠯᠭᠠᠬᠤ᠃ ᠦᠯᠦᠬᠡᠢ ᠳᠤ ᠠᠪᠠᠭ᠎ᠠ ᠪᠠᠶᠢᠨ᠎ᠠ ᠭᠡᠳᠡᠭ ᠢᠶᠠᠷ ᠵᠠᠯᠠᠭᠤ ᠨᠠᠰᠤᠨ ᠤ ᠬᠦᠮᠦᠰ ᠴᠦ ᠢᠳᠡᠷ ᠵᠠᠯᠠᠭᠤ ᠨᠠᠰᠤᠳᠠᠢ ᠪᠦᠰᠡᠬᠦᠢ ᠬᠦᠮᠦᠨ ᠳᠤ ᠤᠴᠠᠷᠠᠵᠤ ᠵᠤᠯᠭᠠᠬᠤ ᠶᠠᠪᠤᠳᠠᠯ ᠳᠤᠬᠢᠶᠠᠯᠳᠤᠨ᠎ᠠ᠂ ᠭᠡᠬᠦ ᠳᠡᠭᠡᠨ ᠳᠡᠬᠦᠨ ᠤ ᠠᠰ ᠡᠰᠡᠷᠬᠦ ᠵᠦᠭ ᠠᠴᠠ ᠮᠦᠷᠬᠦᠵᠦ ᠵᠤᠯᠭᠠᠬᠤ ᠦᠭᠡᠢ᠂ ᠪᠠᠭ᠎ᠠ ᠯᠠ ᠬᠠᠵᠠᠭᠤ ᠵᠦᠭ ᠨᠢ ᠮᠦᠷᠬᠦᠨ᠎ᠠ᠂ ᠭᠡᠷᠪᠡ ᠳᠡᠷᠡ ᠡᠮᠡᠭᠳᠠᠢ ᠶᠢᠨ ᠬᠤᠳᠠᠭᠠᠢ ᠨᠢ ᠢᠷᠡᠭᠡᠳ ᠪᠠᠶᠢᠪᠠᠯ ᠵᠤᠯᠭᠠᠭᠰᠠᠨ ᠬᠦᠮᠦᠨ ᠤ ᠬᠢᠨᠢ ᠭᠡᠢ ᠮᠤᠷᠢ ᠨᠢ ᠬᠡᠪᠳᠡᠨ᠎ᠠ ᠭᠡᠳᠡᠭ᠃   ᠪᠡᠯᠪᠡᠰᠤᠷᠠᠯ ᠤᠨ ᠬᠤᠭᠤᠴᠠᠭ᠎ᠠ ᠳᠤ ᠪᠠᠶᠢᠭ᠎ᠠ ᠬᠦᠮᠦᠰ ᠤᠯᠠᠭᠠᠨ ᠴᠠᠭᠠᠰᠤᠨ ᠳᠤ ᠬᠤᠤᠰ ᠤᠶᠠᠩᠭ᠎ᠠ ᠪᠢᠴᠢᠬᠦ ᠦᠭᠡᠢ᠂ ᠬᠤᠨᠳᠠᠨ ᠴᠠᠭᠠᠰᠤᠨ ᠳᠤ ᠪᠢᠴᠢᠳᠡᠭ᠃ ᠮᠥᠨ ᠰᠢᠨ᠎ᠠ ᠶᠢᠨ ᠵᠤᠯᠭᠠᠯᠳᠠ ᠳᠤ ᠬᠦᠮᠦᠰ ᠲᠤ ᠮᠦᠷᠬᠦᠬᠦ ᠦᠭᠡᠢ ᠂ ᠢᠷᠤᠭᠡᠯ ᠰᠤᠨᠤᠰᠬᠤ ᠦᠭᠡᠢ᠂ ᠤᠴᠠᠷᠠᠵᠤ ᠵᠤᠯᠭᠠᠯᠳᠠ ᠬᠢᠪᠡᠯ ᠪᠤᠯᠴᠢᠬᠠᠨ᠎ᠠ᠃ ᠪᠤᠰᠤᠳ ᠬᠦᠮᠦᠨ ᠢᠶᠠᠷ ᠴᠦ ᠮᠦᠷᠬᠦᠬᠦᠯᠬᠦ ᠦᠭᠡᠢ᠂ ᠢᠷᠤᠬᠡᠯ ᠳᠠᠯᠪᠢᠬᠤ ᠦᠭᠡᠢ ᠁ ᠭᠡᠬᠦ ᠮᠡᠳᠤ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠪᠤᠳᠠᠰ ᠤᠨ ᠪᠤᠰᠤ ᠪᠠ ᠪᠤᠳᠠᠰ ᠤᠨ ᠰᠤᠶᠤᠯ ᠤᠨ ᠦᠪ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号