ᠮᠤᠩᠭᠤᠯ ᠦᠨᠳᠦᠰᠦᠳᠡᠨ ᠤ ᠤᠯᠠᠮᠵᠢᠯᠠᠯᠳᠤ ᠵᠠᠩᠰᠢᠯ — ᠴᠠᠭᠠᠯᠠᠬᠤ ᠶᠤᠰᠤ ᠵᠠᠩᠰᠢᠯ ︵1︶
ᠨᠡᠶᠢᠲᠡᠯᠡᠭᠰᠡᠨ ᠴᠠᠭ᠄
2025/2/13
   ᠪᠢᠳᠡᠬᠦᠯᠬᠦ᠂ ᠰᠢᠨᠡᠯᠡᠭᠦ ᠭᠡᠳᠡᠭ ᠨᠢ ᠳᠤᠮᠳᠠᠳᠤ ᠶᠢᠨ ᠦᠨᠳᠦᠰᠦᠳᠡᠨ ᠤ ᠬᠠᠮᠳᠤ ᠪᠠᠷ ᠢᠶᠠᠨ ᠬᠦᠨᠳᠦᠳᠭᠡᠨ ᠦᠵᠡᠳᠡᠭ ︽ᠬᠠᠭᠤᠴᠢᠨ ᠵᠢᠯ ᠢᠶᠠᠨ ᠦᠳᠡᠵᠦ᠂ ᠰᠢᠨ᠎ᠠ ᠵᠢᠯ ᠢᠶᠠᠨ ᠤᠭᠳᠤᠬᠤ︾ ᠪᠠᠶᠠᠷ ᠳᠤᠷᠠᠰᠬᠠᠯ ᠤᠨ ᠵᠠᠩ ᠦᠢᠯᠡ ᠶᠢᠨ ᠬᠠᠮᠤᠭ ᠴᠢᠬᠤᠯᠠ ᠨᠢᠬᠡᠨ ᠵᠤᠶᠢᠯ ᠪᠤᠯᠤᠨ᠎ᠠ᠃ ᠡᠶᠢᠮᠤ ᠠᠴᠠ ᠮᠡᠰᠢ ᠶᠡᠭᠡ ᠪᠠᠷ ᠬᠦᠨᠳᠦᠳᠬᠡᠨ ᠦᠵᠡᠵᠦ᠂ ᠦᠪᠡᠳᠡᠭᠰᠢ ᠶᠡᠭᠡ ᠬᠦᠯ ᠳᠡᠪᠵᠢᠶᠠᠨ ᠪᠤᠯᠵᠤ᠂ ᠪᠠᠶᠠᠷ ᠪᠠᠶᠠᠰᠬᠤᠯᠠᠩ ᠲᠠᠢ ᠪᠠᠷ ᠤᠭᠳᠤᠨ ᠦᠡᠭᠭᠡᠷᠡᠬᠦᠯᠳᠡᠭ ᠤᠯᠠᠮᠵᠢᠯᠠᠯᠳᠤ ᠵᠠᠩᠰᠢᠯ ᠲᠠᠢ ᠪᠠᠶᠢᠳᠠᠭ᠃ ᠬᠡᠪᠡᠴᠦ᠂ ᠤᠷᠤᠨ ᠭᠠᠵᠠᠷ᠂ ᠦᠨᠳᠦᠰᠦᠳᠡᠨ ᠤᠭᠰᠠᠭ᠎ᠠ ᠨᠢ ᠠᠳᠠᠯᠢ ᠦᠭᠡᠢ ᠠᠴᠠ ᠪᠤᠯᠵᠤ ᠪᠢᠳᠡᠬᠦᠯᠵᠦ ᠰᠢᠨᠡᠯᠡᠬᠦ ᠶᠤᠰᠤ ᠵᠠᠩᠰᠢᠯ ᠨᠢ ᠴᠦ ᠠᠳᠠᠯᠢ ᠦᠭᠡᠢ ᠪᠠᠶᠢᠳᠠᠭ᠃     ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠤᠨ ᠪᠢᠳᠡᠬᠦᠯᠵᠦ ᠰᠢᠨᠡᠯᠡᠬᠦ ᠶᠤᠰᠤ ᠵᠠᠩᠰᠢᠯ ᠨᠢ ᠶᠡᠷᠤᠩᠭᠡᠢ ᠳᠤ ᠪᠠᠨ ᠳᠤᠤᠷᠠᠬᠢ ᠮᠡᠳᠤ ᠶᠠᠪᠤᠭᠳᠠᠳᠠᠭ᠃     ᠪᠠᠭ᠎ᠠ ᠰᠢᠨ᠎ᠠ     ᠪᠠᠭ᠎ᠠ ᠰᠢᠨ᠎ᠠ ᠭᠡᠳᠡᠭ ᠨᠢ ᠬᠦᠬᠡᠬᠡ ᠰᠠᠷ᠎ᠠ ᠶᠢᠨ ᠬᠤᠷᠢᠨ ᠭᠤᠷᠪᠠᠨ ᠢ ᠵᠢᠭᠠᠵᠤ ᠪᠤᠢ᠃ ᠡᠨᠡᠬᠦ ᠪᠠᠭ᠎ᠠ ᠰᠢᠨ᠎ᠠ ᠳᠤ ᠬᠢᠵᠦ ᠬᠦᠢᠴᠡᠳᠬᠡᠬᠦ ᠬᠤᠶᠠᠷ ᠵᠤᠶᠢᠯ ᠤᠨ ᠶᠡᠭᠡ ᠠᠵᠢᠯ ᠪᠤᠢ᠃     ᠬᠡᠷ ᠱᠦᠬᠦᠷᠳᠡᠬᠦ     ᠬᠡᠷ ᠢ ᠶᠠᠭᠠᠬᠢᠭᠠᠳ ᠬᠦᠬᠡᠬᠡ ᠰᠠᠷ᠎ᠠ ᠶᠢᠨ ᠬᠤᠷᠢᠨ ᠭᠤᠷᠪᠠᠨ᠎ᠠ ᠱᠦᠬᠦᠷᠳᠡᠬᠦ ᠪᠤᠯᠤᠭᠰᠠᠨ ᠪᠤᠢ ᠬᠡᠪᠡᠯ ᠠᠳᠡ ᠨᠢᠬᠡᠨ ᠳᠤᠮᠤᠭ ᠪᠤᠢ᠃     ᠡᠷᠳᠡ ᠳᠡᠭᠡᠨ ᠪᠠᠭ᠎ᠠ ᠰᠢᠨ᠎ᠠ ᠪᠠᠨ ᠤᠭᠳᠤᠬᠤ ᠬᠡᠳ ᠬᠦᠮᠦᠰ ᠬᠦᠬᠡᠬᠡ ᠰᠠᠷ᠎ᠠ ᠤᠷᠤᠪᠠᠰᠤ ᠬᠡᠷ ᠱᠦᠬᠦᠷᠳᠡᠬᠦ ᠬᠡᠳ ᠦᠷᠦᠮ᠎ᠠ᠂ ᠰᠢᠷ᠎ᠠ ᠳᠤᠰᠤ ᠪᠤᠶᠤ ᠭᠠᠭ᠋ᠠᠢ ᠶᠢᠨ ᠮᠢᠬ᠎ᠠ ᠪᠠᠨ ᠬᠡᠳᠤᠨ ᠵᠢᠩ ᠢ ᠳᠡᠬᠦᠵᠢᠯᠡᠵᠦ᠂ ᠰᠦᠮ᠎ᠠ ᠬᠡᠶᠢᠳ  ᠲᠤ ᠤᠴᠢᠵᠦ ᠯᠠᠮᠠ ᠬᠤᠸᠠᠷᠠᠭ ᠪᠤᠶᠤ ᠪᠤᠰᠤᠳ ᠦᠵᠡᠬᠡᠴᠢ ᠪᠠᠷ ᠬᠡᠷ ᠱᠦᠬᠦᠷᠳᠡᠬᠦ ᠡᠳᠤᠷ ᠦᠵᠡᠬᠦᠯᠵᠦ᠂ ᠬᠤᠷᠢᠨ ᠭᠤᠷᠪᠠᠨ ᠠᠴᠠ ᠡᠮᠤᠨ᠎ᠠ ᠬᠡᠷ ᠢᠶᠠᠨ ᠱᠦᠬᠦᠷᠳᠡᠳᠡᠭ ᠪᠠᠶᠢᠵᠠᠢ᠃    ᠨᠢᠬᠡᠨ ᠡᠳᠤᠷ ᠡᠩᠬᠡ ᠠᠮᠤᠭᠤᠯᠠᠩ ᠬᠠᠭᠠᠨ ᠰᠠᠭᠠᠷᠠᠯ ᠡᠯᠵᠢᠬᠡ ᠪᠠᠨ ᠤᠨᠤᠵᠤ᠂ ᠳᠤᠷᠤᠭᠰᠢ ᠪᠠᠭᠤᠵᠤ ᠠᠷᠠᠳ ᠢᠷᠭᠡᠳ ᠤᠨ ᠠᠮᠢᠳᠤᠷᠠᠯ ᠤᠨ ᠪᠠᠶᠢᠳᠠᠯ ᠢ ᠪᠠᠶᠢᠴᠠᠭᠠᠵᠤ ᠦᠵᠡᠵᠦ ᠪᠠᠶᠢᠳᠠᠯ᠎ᠠ ᠨᠢᠬᠡᠨ ᠬᠦᠭᠰᠢᠨ ᠡᠷ᠎ᠠ ᠡᠮ᠎ᠠ ᠬᠤᠶᠠᠭᠤᠯᠠ ᠡᠬᠦᠳᠡ ᠴᠤᠩᠬᠤ ᠪᠠᠨ ᠴᠢᠨᠡᠭᠡ ᠪᠠᠷ ᠨᠢ ᠨᠡᠭᠡᠭᠡᠵᠦ᠂ ᠤᠷᠤ ᠳᠡᠪᠢᠰᠬᠡᠷ᠂ ᠠᠪᠳᠠᠷ᠎ᠠ ᠬᠤᠷᠭᠤ ᠪᠠᠨ ᠭᠠᠳᠠᠨ᠎ᠠ ᠪᠠᠨ ᠭᠠᠷᠭᠠᠵᠤ ᠬᠡᠷ ᠢᠶᠠᠨ ᠱᠦᠬᠦᠷᠳᠡᠵᠦ ᠪᠠᠶᠢᠵᠠᠢ ᠬᠡᠨ᠎ᠠ᠃ ᠡᠨᠡ ᠨᠢ ᠶᠠᠭ ᠰᠠᠶ᠋ᠢᠬᠠᠨ ᠬᠦᠬᠡᠬᠡ ᠰᠠᠷ᠎ᠠ ᠶᠢᠨ ᠬᠤᠷᠢᠨ ᠭᠤᠷᠪᠠᠨ ᠤ ᠡᠳᠤᠷ ᠪᠠᠶᠢᠵᠠᠢ᠃    ᠡᠩᠬᠡ ᠠᠮᠤᠭᠤᠯᠠᠩ ᠬᠠᠭᠠᠨ ᠡᠯᠵᠢᠬᠡ ᠪᠠᠨ ᠤᠨᠤᠵᠤ ᠪᠠᠶᠢᠭᠠᠳ ᠡᠨᠡ ᠡᠳᠤᠷ ᠢ ᠬᠤᠷᠤᠭᠤ ᠲᠠᠷᠤᠨ ᠳᠤᠭᠠᠯᠠᠭᠠᠳ ᠦᠵᠡᠬᠦ ᠳᠤ ᠬᠠᠷᠢᠨ ᠦᠢᠯᠡ ᠡᠬᠦᠰᠭᠡᠵᠦ ᠪᠤᠯᠬᠤ ᠦᠭᠡᠢ᠂ ᠤᠯᠠᠭᠠᠨ ᠬᠤᠮᠠᠭ ᠤᠨ ᠡᠳᠤᠷ ᠪᠠᠶᠢᠵᠠᠢ᠃ ᠬᠡᠷᠪᠡ ᠡᠨᠡ ᠡᠳᠤᠷ ᠦᠢᠯᠡ ᠡᠬᠦᠰᠬᠡᠪᠡᠯ ᠭᠤᠷᠪᠠᠨ ᠦᠶ᠎ᠠ ᠭᠤᠶᠢᠷᠠᠨᠴᠢ ᠪᠤᠯᠬᠤ ᠶᠤᠮ ᠬᠡᠨ᠎ᠠ᠃     ᠡᠩᠬᠡ ᠠᠮᠤᠭᠤᠯᠠᠩ ᠡᠵᠡᠨ ᠲᠡᠳᠡᠨ ᠤ ᠳᠤ ᠬᠦᠷᠴᠤ᠄《 ᠳᠠᠨᠤᠰ ᠶᠠᠭᠠᠬᠢᠭᠠᠳ ᠡᠨᠡ ᠡᠳᠤᠷ ᠬᠡᠷ ᠢᠶᠠᠨ ᠱᠦᠬᠦᠷᠳᠡᠵᠦ ᠪᠠᠶᠢᠨ᠎ᠠ ᠪᠤᠢ︖》 ᠭᠡᠵᠤ ᠠᠰᠠᠭᠤᠬᠤ ᠳᠤ᠄《 ᠪᠢᠳᠡ ᠡᠨᠡ ᠡᠳᠤᠷ ᠢ ᠨᠢᠬᠡ ᠭᠠᠭ᠋ᠠᠢ ᠶᠢᠨ ᠳᠠᠪᠤᠰᠠᠩ ᠴᠡᠷᠴᠢᠮᠠᠯ ᠰᠢᠷ᠎ᠠ ᠳᠤᠰᠤ ᠪᠠᠨ ᠡᠷᠬᠦᠵᠦ ᠪᠠᠶᠢᠭᠠᠳ ᠪᠠᠷᠠᠭᠤᠨ ᠰᠦᠮ᠎ᠠ ᠶᠢᠨ ᠯᠠᠮᠠ ᠪᠠᠷ ᠦᠵᠡᠬᠦᠯᠦᠭᠰᠡᠨ ᠶᠤᠮ》 ᠭᠡᠵᠤ ᠭᠡᠨ᠎ᠠ᠃    ᠡᠩᠬᠡ ᠠᠮᠤᠭᠤᠯᠠᠩ ᠬᠠᠭᠠᠨ ᠳᠡᠷᠡ ᠳᠠᠷᠤᠢ ᠰᠦᠮ᠎ᠠ ᠳᠤ ᠬᠦᠷᠴᠤ ᠳᠡᠷᠡᠬᠦ ᠯᠠᠮᠠ ᠠᠴᠠ᠄《 ᠲᠠ ᠵᠡᠬᠦᠨ ᠠᠶᠢᠯ  ᠤᠨ ᠳᠡᠷᠡ ᠡᠪᠤᠬᠡᠨ ᠳᠤ ᠭᠡᠷ ᠱᠦᠬᠦᠷᠳᠡᠬᠦ ᠡᠳᠤᠷ ᠦᠵᠡᠵᠦ ᠦᠭᠭᠦᠯ᠎ᠠ ᠬᠡᠨᠠᠤ︖ ᠲᠠ ᠶᠠᠭᠠᠬᠢᠭᠠᠳ ᠡᠨᠡ ᠡᠳᠤᠷ ᠢ ᠦᠵᠡᠵᠦ ᠦᠭᠭᠦᠭᠰᠡᠨ ᠪᠤᠢ︖ ᠨᠢᠬᠦᠯ ᠪᠤᠯᠬᠤ ᠦᠭᠡᠢ ᠤᠤ︖》 ᠭᠡᠬᠦ ᠳᠤ ᠳᠡᠷᠡ ᠯᠠᠮᠠ ᠢᠨᠢᠶᠡᠳᠦ ᠠᠯᠳᠠᠨ᠄《 ᠡᠨᠡ ᠡᠳᠤᠷ ᠶᠠᠮᠠᠷ ᠡᠳᠤᠷ ᠪᠤᠯᠤᠭᠰᠠᠨ ᠴᠦ ᠬᠠᠮᠢᠶ᠎ᠠ ᠦᠭᠡᠢ᠂ ᠠᠯᠳᠠᠨ ᠯᠤᠤ ᠢᠷᠡᠵᠦ ᠠᠮᠠ ᠠᠯᠳᠠᠬᠤ ᠡᠳᠤᠷ ᠳᠤᠯᠠ ᠠᠯᠢᠪᠠ ᠤᠴᠢᠷ ᠠᠶᠤᠯ ᠦᠭᠡᠢ ᠡᠩᠬᠡ ᠪᠡᠯᠡᠭ ᠢᠶᠠᠷ ᠰᠢᠢᠳᠪᠤᠷᠢᠯᠡᠭᠳᠡᠬᠦ ᠪᠤᠯᠤᠨ᠎ᠠ》 ᠬᠡᠰᠡᠨ ᠳᠤ ᠡᠩᠬᠡ ᠠᠮᠤᠭᠤᠯᠠᠩ ᠬᠠᠭᠠᠨ ᠶᠡᠬᠡᠯ᠎ᠠ ᠭᠠᠶᠢᠬᠠᠵᠤ᠂ ᠡᠬᠦᠨ ᠠᠴᠠ ᠬᠤᠵᠢᠮ ︽ᠬᠦᠬᠡᠬᠡ ᠰᠠᠷ᠎ᠠ ᠶᠢᠨ ᠬᠤᠷᠢᠨ ᠭᠤᠷᠪᠠᠨ᠎ᠠ ᠶᠠᠮᠠᠷ ᠡᠳᠤᠷ ᠪᠤᠯᠤᠭᠰᠠᠨ ᠴᠦ ᠬᠠᠮᠢᠶ᠎ᠠ ᠦᠭᠡᠢ᠂ ᠬᠡᠷ ᠱᠦᠬᠦᠷᠳᠡᠪᠡᠯ ᠡᠩᠬᠡ ᠪᠡᠯᠡᠭ ᠤᠷᠤᠰᠢᠮᠤᠢ︾ ᠭᠡᠵᠤ ᠠᠮᠠ ᠠᠯᠳᠠᠭᠰᠠᠨ ᠶᠤᠮ ᠬᠡᠨ᠎ᠠ᠃ ᠢᠡᠭᠭᠢᠭᠰᠡᠨ ᠠᠴᠠ ᠬᠦᠬᠡᠬᠡ ᠰᠠᠷ᠎ᠠ ᠶᠢᠨ ᠬᠤᠷᠢᠨ ᠭᠤᠷᠪᠠᠨ᠎ᠠ ᠬᠡᠷ ᠱᠦᠬᠦᠷᠳᠡᠬᠦ ᠪᠤᠯᠤᠭᠰᠠᠨ ᠪᠦᠬᠡᠳ ᠠᠷᠠᠳ ᠢᠷᠭᠡᠳ ᠤᠨ ᠬᠡᠷ ᠢᠶᠠᠨ ᠱᠦᠬᠦᠷᠳᠡᠬᠦ ᠡᠳᠤᠷ ᠦᠵᠡᠬᠦᠯᠬᠦ ᠬᠡᠳ ᠡᠷᠬᠦᠴᠡ ᠪᠠᠷᠢᠴᠠ ᠡᠷᠬᠦᠵᠦ᠂ ᠡᠰᠢ ᠳᠡᠰᠢ ᠶᠠᠪᠤᠬᠤ ᠵᠤᠪᠠᠯᠠᠩ ᠢ ᠠᠷᠢᠯᠭᠠᠵᠠᠢ ᠭᠡᠨ᠎ᠠ᠃    ᠭᠡᠷ ᠢᠶᠠᠨ ᠱᠦᠬᠦᠷᠳᠡᠵᠦ ᠴᠡᠪᠡᠷᠯᠡᠬᠦ ᠶᠠᠪᠤᠴᠠ    ᠳᠤᠰ ᠡᠳᠤᠷ ᠤᠨ ᠡᠷᠳᠡ ᠶᠢᠨ ᠬᠤᠭᠤᠯᠠ ᠴᠠᠢ ᠪᠠᠨ ᠬᠡᠷᠡᠭᠯᠡᠵᠦ ᠳᠠᠭᠤᠰᠪᠠᠯ ᠬᠡᠷ ᠤᠨ ᠠᠪᠳᠠᠷ᠎ᠠ ᠬᠤᠷᠭᠤ᠂ ᠠᠶᠠᠭ᠎ᠠ ᠰᠢᠨᠠᠭ᠎ᠠ᠂ ᠵᠠᠷᠤᠳᠠᠯ ᠭᠡᠷᠡᠭᠰᠡᠯ᠂ ᠤᠷᠤ ᠳᠡᠪᠢᠰᠬᠡᠷ ᠢᠶᠠᠨ ᠪᠦᠬᠦᠨ ᠢ ᠭᠠᠳᠠᠨ᠎ᠠ ᠭᠠᠷᠭᠠᠵᠤ ᠳᠠᠯᠪᠢᠨ᠎ᠠ᠂ ᠭᠡᠬᠦ  ᠳᠡᠭᠡᠨ ᠳᠡᠷ᠎ᠠ ᠪᠠᠨ ᠨᠠᠷᠠᠨ ᠳᠤ ᠦᠵᠡᠬᠦᠯᠬᠦ ᠦᠭᠡᠢ᠂ ᠨᠢᠮᠬᠡᠨ ᠬᠤᠴᠢᠯᠭ᠎ᠠ ᠪᠠᠷ ᠳᠠᠷᠤᠵᠤ ᠳᠠᠯᠪᠢᠨ᠎ᠠ᠃    ᠬᠡᠷ ᠱᠦᠬᠦᠷᠳᠡᠬᠦ ᠳᠤ ᠳᠤᠷ᠎ᠠ ᠪᠠᠷ ᠢᠶᠠᠨ ᠱᠦᠬᠦᠷᠳᠡᠬᠦ ᠶᠤᠮ ᠪᠢᠰᠢ᠂ ᠭᠡᠬᠦ ᠳᠡᠭᠡᠨ ᠵᠢᠯ ᠤᠨ ᠡᠰᠢ ᠡᠷᠭᠡᠳᠡᠨ ᠢ ᠦᠵᠡᠨ᠎ᠠ᠃ ᠵᠢᠯ ᠤᠨ ᠡᠰᠢ ᠡᠷᠭᠡᠳᠡᠨ ᠤ ᠡᠰᠡᠷᠬᠦ ᠱᠦᠬᠦᠷᠳᠡᠬᠦ ᠪᠠᠷ ᠦᠭᠡᠢ᠃ ᠵᠢᠱᠢᠶᠡᠯᠡᠪᠡᠯ᠄ ᠯᠤᠤ ᠮᠤᠭᠠᠢ ᠵᠢᠯ ᠪᠤᠯ ᠪᠠᠷᠠᠭᠤᠨ ᠬᠤᠶᠢᠨ᠎ᠠ ᠠᠴᠠ ᠵᠡᠬᠦᠨ ᠡᠮᠤᠨᠡᠰᠢ ᠱᠦᠬᠦᠷᠳᠡᠬᠦ ᠦᠭᠡᠢ᠂ ᠬᠤᠨᠢ ᠪᠠᠴᠢᠨ ᠵᠢᠯ ᠪᠤᠯ ᠵᠡᠬᠦᠨ ᠬᠤᠶᠢᠨ᠎ᠠ ᠠᠴᠠ ᠪᠠᠷᠠᠭᠤᠨ ᠡᠮᠤᠨ᠎ᠠ ᠵᠦᠭ ᠱᠦᠬᠦᠷᠳᠡᠬᠦ ᠦᠭᠡᠢ᠂ ᠮᠤᠷᠢᠨ ᠵᠢᠯ ᠪᠤᠯ ᠬᠤᠶᠢᠨ᠎ᠠ ᠠᠴᠠ ᠡᠮᠤᠨ᠎ᠠ ᠵᠦᠭ ᠱᠦᠬᠦᠷᠳᠡᠬᠦ ᠦᠭᠡᠢ ᠪᠠᠶᠢᠳᠠᠭ᠃ ᠭᠡᠷᠪᠡ ᠵᠢᠯ ᠤᠨ ᠡᠰᠡᠷᠬᠦ ᠱᠦᠬᠦᠷᠳᠡᠪᠡᠯ ᠵᠢᠯ ᠢ ᠪᠤᠳᠤᠩᠭᠤᠶᠢᠷᠠᠭᠤᠯᠬᠤ ᠶᠤᠮ ᠭᠡᠳᠡᠭ᠃ ᠡᠶᠢᠮᠤ  ᠠᠴᠠ ᠤᠷᠢᠳᠠᠪᠠᠷ ᠬᠡᠷ ᠱᠦᠬᠦᠷᠳᠡᠬᠦ ᠵᠦᠭ ᠢᠶᠠᠨ ᠲᠤᠭᠳᠠᠭᠠᠭᠰᠠᠨ ᠤ ᠲᠠᠷᠠᠭ᠎ᠠ᠂ ᠡᠬᠦᠳᠡ ᠴᠤᠩᠬᠤ ᠪᠠᠨ ᠴᠢᠨᠡᠭᠡ ᠪᠠᠷ  ᠨᠢ ᠨᠡᠭᠡᠭᠡᠵᠦ᠂ ᠬᠡᠷ ᠤᠨ ᠠᠳᠠᠭᠠᠷ ᠢᠶᠠᠨ ᠱᠦᠬᠦᠷᠳᠡᠬᠦ ᠵᠦᠭ ᠢᠶᠠᠨ ᠦᠵᠡᠵᠦ ᠤᠷᠤᠮ ᠭᠠᠷᠭᠠᠵᠤ ᠶᠤᠰᠤ ᠶᠢ ᠨᠢ ᠬᠦᠢᠴᠡᠳᠭᠡᠵᠦ᠂ ᠨᠡᠭᠡᠭᠡᠯᠳᠡ ᠲᠠᠢ ᠴᠤᠩᠬᠤ ᠡᠬᠦᠳᠡᠨ ᠤ ᠵᠦᠭ ᠱᠦᠬᠦᠷᠳᠡᠵᠦ ᠴᠡᠪᠡᠷᠯᠡᠨ᠎ᠠ᠃    ᠬᠤᠪᠤᠡᠭ ᠳᠡᠭᠡᠷ᠎ᠠ ᠪᠠᠨ ᠬᠠᠳᠠᠭᠤ ᠳᠦᠯᠡᠭᠡ ᠶᠢᠨ ᠭᠠᠯ ᠢ ᠠᠪᠴᠤ ᠬᠡᠷ ᠢᠶᠠᠨ ᠳᠤᠯᠠᠭᠠᠯᠠᠵᠤ᠂ ᠬᠡᠷᠡᠮ ᠬᠠᠨ᠎ᠠ ᠳᠡᠭᠡᠷᠡᠬᠢ ᠨᠠᠭᠠᠵᠤ ᠪᠠᠶᠢᠭᠰᠠᠨ ᠬᠠᠭᠤᠴᠢᠨ ᠴᠠᠭᠠᠰᠤ ᠶᠢ ᠰᠢᠨ᠎ᠠ ᠪᠠᠷ ᠰᠤᠯᠢᠵᠦ᠂ ᠴᠤᠩᠬᠤᠨ ᠴᠠᠭᠠᠰᠤ᠂ ᠴᠢᠬᠢᠷᠠᠰᠤ  ᠪᠠᠨ ᠴᠦ ᠰᠢᠨ᠎ᠠ ᠪᠠᠷ ᠰᠤᠯᠢᠨ᠎ᠠ᠃᠂ ᠦᠬᠢᠳ ᠪᠠᠷᠢᠶᠡᠳ ᠨᠢ ᠰᠢᠨ᠎ᠠ ᠵᠢᠯ ᠳᠤ ᠪᠡᠯᠡᠳᠭᠡᠵᠦ ᠠᠪᠤᠭᠰᠠᠨ ᠵᠢᠷᠤᠭ ᠢᠶᠠᠨ ᠴᠦ ᠨᠠᠭᠠᠴᠢᠬᠠᠳᠠᠭ᠂ ᠡᠷᠡᠭᠳᠡᠶᠢᠴᠤᠳ ᠨᠢ ᠬᠦᠷᠢᠶ᠎ᠠ ᠬᠠᠰᠢᠶ᠎ᠠ ᠪᠠᠨ ᠱᠦᠬᠦᠷᠳᠡᠨ ᠴᠡᠪᠡᠷᠯᠡᠵᠦ᠂ ᠬᠤᠭ ᠨᠤᠪᠰᠢ ᠪᠠᠨ ᠡᠳᠡᠯ ᠤᠨ ᠤᠪᠤᠭ᠎ᠠ ᠳᠡᠭᠡᠷ᠎ᠠ ᠪᠠᠨ ᠤᠪᠤᠭᠠᠯᠠᠵᠤ᠂ ᠨᠠᠭᠤᠷ ᠤᠨ ᠳᠡᠭᠡᠷ᠎ᠠ ᠠᠴᠠ ᠳᠤᠮᠤ ᠭᠡᠭᠴᠢ ᠮᠦᠰᠦ ᠶᠢ ᠠᠪᠴᠢᠷᠠᠭᠠᠳ ᠡᠳᠡᠯ ᠤᠨ ᠤᠪᠤᠭ᠎ᠠ ᠶᠢᠨ ᠠᠷᠤ ᠬᠤᠷᠮᠤᠢ ᠳᠤ ᠬᠡᠷ ᠡᠰᠡᠷᠬᠦ ᠪᠠᠨ ᠨᠢᠭᠤᠷᠯᠠᠨ ᠪᠤᠰᠬᠠᠵᠤ ᠳᠠᠯᠪᠢᠳᠠᠭ᠃ ᠡᠨᠡ ᠨᠢ ᠯᠤᠤᠰ ᠢ ᠳᠠᠬᠢᠵᠦ ᠪᠠᠶᠢᠨ᠎ᠠ ᠬᠡᠨ᠎ᠠ᠃ ᠬᠤᠷ᠎ᠠ ᠪᠤᠷᠤᠭᠠᠨ ᠳᠡᠭᠰᠢ ᠪᠠᠭᠤᠵᠤ ᠳᠠᠪᠤᠨ ᠳᠠᠷᠢᠶ᠎ᠠ ᠡᠯᠪᠡᠭ ᠬᠤᠷᠢᠶᠠᠵᠤ᠂ ᠪᠡᠯᠴᠢᠬᠡᠷ ᠡᠪᠡᠰᠤ ᠢᠬᠴᠤ ᠰᠠᠬᠤᠯᠢᠭ ᠤᠷᠭᠤᠵᠤ ᠳᠠᠪᠤᠨ ᠬᠤᠰᠢᠭᠤ ᠮᠠᠯ ᠦᠨᠢᠷ ᠦᠰᠦᠯᠳᠡ ᠲᠠᠢ ᠪᠠᠶᠢᠬᠤ ᠶᠢ ᠪᠡᠯᠡᠭᠳᠡᠭᠰᠡᠨ ᠶᠠᠪᠤᠳᠠᠯ ᠬᠡᠨ᠎ᠠ᠃ ᠢᠡᠭᠭᠢᠭᠰᠡᠨ ᠠᠴᠠ ᠬᠡᠷ ᠤᠨ ᠳᠤᠳᠤᠨ᠎ᠠ ᠭᠠᠳᠠᠨ᠎ᠠ ᠴᠡᠪᠡᠷ ᠳᠤᠬᠢᠯᠢᠭ ᠳᠡᠷᠢ ᠳᠡᠭᠰᠢ ᠴᠤ᠋ ᠰᠢᠨ᠎ᠠ ᠪᠠᠷ ᠬᠤᠪᠢᠷᠠᠴᠢᠬᠠᠭᠰᠠᠨ ᠪᠤᠯᠬᠤᠷ ᠡᠬᠦᠨ ᠢ ᠪᠠᠨ ᠪᠠᠭ᠎ᠠ ᠰᠢᠨ᠎ᠠ ᠭᠡᠳᠡᠭ᠃     ᠭᠠᠯ ᠳᠠᠬᠢᠯᠭ᠎ᠠ ᠬᠢᠬᠦ    ᠳᠤᠮᠤᠭ ᠲᠤ ᠡᠨᠡ ᠡᠳᠤᠷ ᠶᠢᠷᠳᠢᠨᠴᠤ ᠶᠢᠨ ᠪᠤᠷᠬᠠᠨ ᠰᠠᠬᠢᠭᠤᠯᠰᠤᠨ᠂ ᠡᠵᠡᠳ ᠰᠢᠳᠦᠬᠡᠨ ᠪᠦᠷ ᠳᠡᠭᠷᠢ ᠶᠢᠨ ᠤᠷᠳᠤᠨ ᠳᠤ ᠤᠴᠢᠵᠦ ᠬᠤᠷᠠᠯ ᠬᠤᠷᠠᠯᠳᠤᠭᠤᠯᠵᠤ᠂ ᠶᠢᠷᠳᠢᠨᠴᠤ ᠶᠢᠨ ᠬᠦᠮᠦᠰ ᠤᠨ ᠦᠡᠭᠭᠡᠷᠡᠭᠰᠡᠨ ᠨᠢᠬᠡ ᠵᠢᠯ ᠳᠤ ᠦᠢᠯᠡᠳᠦᠭᠰᠡᠨ ᠪᠤᠶᠠᠨ ᠨᠢᠬᠦᠯ᠂ ᠶᠠᠪᠤᠳᠠᠯ ᠦᠢᠯᠡᠰ ᠢ ᠮᠡᠳᠡᠬᠦᠯᠵᠦ᠂ ᠳᠠᠬᠢᠨ ᠰᠢᠨ᠎ᠠ ᠵᠢᠯ ᠤᠨ ᠰᠢᠨ᠎ᠠ ᠶᠢᠨ ᠨᠢᠬᠡᠨ ᠤ ᠦᠷᠯᠦᠬᠡ ᠪᠤᠴᠠᠵᠤ ᠢᠷᠡᠬᠦ ᠳᠤ ᠪᠠᠨ ᠬᠦᠮᠦᠰ ᠲᠤ ᠦᠡᠭᠭᠡᠷᠡᠭᠰᠡᠨ ᠤ ᠪᠤᠶᠠᠨ ᠨᠢᠬᠦᠯ ᠦᠢᠯᠡᠳᠦᠭᠰᠡᠨ ᠪᠠᠶᠢᠳᠠᠯ ᠢᠶᠠᠷ  ᠨᠢ ᠦᠵᠡᠵᠦ ᠳᠡᠭᠷᠢ ᠠᠴᠠ ᠢᠪᠡᠬᠡᠨ ᠰᠤᠶᠤᠷᠬᠠᠳᠠᠭ ᠪᠠᠶᠢᠵᠠᠢ᠃ ᠡᠶᠢᠮᠤ ᠠᠴᠠ ᠬᠦᠮᠦᠰ ᠪᠠᠭ᠎ᠠ ᠰᠢᠨ᠎ᠠ ᠳᠤ ᠪᠡᠯᠡᠳᠬᠡᠭᠰᠡᠨ ᠢᠳᠡᠭᠡᠨ ᠤ ᠳᠡᠭᠡᠵᠢ ᠪᠠᠨ ᠡᠷᠬᠦᠨ ᠰᠠᠶᠢᠨ ᠰᠠᠶᠢᠬᠠᠨ ᠢᠪᠡᠭᠡᠯ ᠬᠠᠶᠢᠷᠠᠯᠠᠬᠤ ᠪᠤᠯᠳᠤᠭᠠᠢ ᠭᠡᠵᠤ ᠪᠡᠯᠡᠭᠳᠡᠬᠦ ᠳᠡᠭᠡᠨ ᠭᠠᠯ ᠳᠠᠬᠢᠯᠭ᠎ᠠ ᠬᠢᠬᠦ ᠪᠤᠯᠤᠭᠰᠠᠠᠨ ᠶᠤᠮ᠃     ᠭᠠᠯ ᠢᠶᠠᠷ ᠳᠠᠬᠢᠳᠠᠭ ᠨᠢ ᠬᠤᠶᠠᠷ ᠵᠤᠶᠢᠯ ᠤᠨ ᠠᠭᠤᠯᠭ᠎ᠠ ᠪᠠᠭᠳᠠᠵᠤ ᠪᠤᠢ᠃ ᠨᠢᠬᠡ ᠳᠤ᠂ ᠬᠦᠮᠦᠰ ᠭᠠᠯ ᠢ ᠬᠤᠷᠮᠤᠰᠳᠠ ᠳᠡᠭᠷᠢ ᠠᠴᠠ ᠤᠯᠭᠤᠵᠤ ᠬᠦᠷᠳᠡᠭᠡᠭᠰᠡᠨ ᠬᠠᠮᠤᠭ ᠤᠨ ᠡᠷᠬᠢᠮ ᠨᠠᠨᠳᠢᠨ ᠡᠳ᠋ ᠭᠡᠵᠤ ᠦᠵᠡᠳᠡᠭ᠃ ᠭᠠᠯ ᠪᠠᠶᠢᠪᠠᠯ ᠰᠠᠶ᠋ᠢ ᠬᠦᠮᠦᠨ ᠭᠡᠵᠤ ᠪᠠᠶᠢᠳᠠᠭ᠂ ᠬᠦᠮᠦᠨ ᠭᠡᠵᠤ ᠪᠠᠶᠢᠵᠦ ᠯᠠ ᠪᠠᠶᠢᠪᠠᠯ ᠭᠠᠯ ᠭᠡᠵᠤ ᠪᠠᠶᠢᠳᠠᠭ᠂ ᠭᠡᠷᠪᠡ ᠬᠦᠮᠦᠨ ᠨᠢ ᠦᠬᠡᠶᠢᠯᠠᠢ ᠪᠤᠯ ᠭᠠᠯ ᠨᠢ ᠤᠨᠳᠠᠷᠠᠵᠤ᠂ ᠭᠠᠯ ᠭᠤᠯᠤᠮᠳᠠ ᠨᠢ ᠬᠠᠷᠠᠯᠠᠯ᠎ᠠ ᠭᠡᠵᠤ ᠭᠡᠯᠡᠳᠡᠭ ᠢᠶᠠᠷ ᠭᠠᠯ  ᠢᠶᠠᠷ ᠳᠠᠬᠢᠳᠠᠭ᠃ ᠬᠤᠶᠠᠷ ᠲᠤ᠂ ᠪᠤᠷᠬᠠᠨ ᠰᠠᠬᠢᠭᠤᠯᠰᠤᠨ᠂ ᠡᠵᠡᠳ ᠰᠢᠳᠦᠬᠡᠨ ᠨᠡᠷ ᠳᠠᠬᠢᠯᠭ᠎ᠠ ᠶᠢᠨ ᠶᠠᠭᠤᠮ᠎ᠠ ᠶᠢ ᠠᠳᠬᠤᠨ ᠠᠪᠴᠤ ᠢᠳᠡᠬᠦ ᠶᠠᠭᠤᠮ᠎ᠠ ᠪᠢᠰᠢ᠂ ᠬᠠᠷᠢᠨ ᠳᠡᠬᠦᠨ ᠤ ᠠᠩᠭᠢᠯᠤᠮ᠎ᠠ ᠰᠠᠶᠢᠬᠠᠨ ᠦᠨᠦᠷ ᠠᠭᠤᠷ ᠢ ᠨᠢ ᠠᠮᠰᠠᠬᠤ ᠶᠢᠨ ᠳᠡᠳᠤᠢ ᠪᠠᠶᠢᠳᠠᠭ᠃ ᠡᠶᠢᠮᠤ ᠠᠴᠠ ᠭᠠᠯ ᠢᠶᠠᠷ ᠰᠢᠳᠠᠭᠠᠬᠤ ᠦᠭᠡᠢ ᠪᠤᠯ ᠳᠡᠬᠦᠨ ᠤ ᠠᠩᠭᠢᠯᠤᠮ᠎ᠠ ᠰᠠᠶᠢᠬᠠᠨ ᠦᠨᠦᠷ ᠨᠢ ᠭᠠᠷᠬᠤ ᠦᠭᠡᠢ ᠪᠠᠶᠢᠳᠠᠭ᠃ᠭᠠᠯ ᠳᠠᠬᠢᠯᠭ᠎ᠠ ᠳᠤ ᠡᠷᠬᠦᠬᠦ ᠵᠤᠶᠢᠯ    ᠭᠠᠯ ᠳᠠᠬᠢᠯᠭ᠎ᠠ ᠳᠤ ᠡᠷᠬᠦᠬᠦ ᠳᠤ ᠪᠠᠨ ᠰᠢᠷ᠎ᠠ ᠳᠤᠰᠤ᠂ ᠦᠷᠦᠮ᠎ᠡ᠂ ᠡᠭᠡᠵᠢᠭ᠂ ᠴᠢᠪᠠᠭ᠎ᠠ᠂ ᠴᠠᠢ᠂ ᠠᠷᠢᠬᠢ᠂ ᠬᠠᠭᠤᠷᠠᠭᠰᠠᠨ ᠠᠮᠤ᠂ ᠬᠦᠵᠢ᠂ ᠪᠤᠭᠤᠷᠰᠤᠭ ᠵᠡᠷᠭᠡ ᠴᠠᠭᠠᠨ ᠢᠳᠡᠭᠡᠨ ᠢᠶᠠᠷ ᠭᠤᠤᠯᠯᠠᠵᠤ᠂ ᠬᠤᠯᠤᠰᠤᠨ ᠦᠷᠪᠦᠯᠵᠢ( ᠤᠷᠤᠢ )ᠶᠢᠰᠦ᠂ ᠴᠡᠪᠡᠷ ᠴᠠᠭᠠᠨ ᠪᠦᠰ ᠤᠨ ᠦᠬᠡᠳᠡᠰᠤ᠂ ᠪᠠᠰᠠ ᠮᠢᠬ᠎ᠠ ᠲᠠᠢ ᠴᠢᠨᠠᠵᠤ ᠨᠡᠶᠢᠯᠡᠬᠦᠯᠦᠭᠰᠡᠨ ᠨᠠᠩᠭᠢ ᠪᠤᠳᠠᠭ᠎ᠠ ᠶᠢᠨ ᠢᠳᠡᠭᠡᠨ ᠢ ᠡᠷᠬᠦᠳᠡᠭ ᠪᠠᠶᠢᠨ᠎ᠠ᠃ ᠮᠢᠬ᠎ᠠ ᠲᠠᠢ ᠴᠢᠨᠠᠵᠤ ᠨᠡᠶᠢᠯᠡᠬᠦᠯᠦᠭᠰᠡᠨ ᠨᠠᠩᠭᠢ ᠪᠤᠳᠠᠭ᠎ᠠ ᠡᠷᠬᠦᠳᠡᠭ ᠤᠨ ᠤᠴᠢᠷ ᠬᠡᠪᠡᠯ ᠵᠤᠤᠬᠠᠨ ᠪᠤᠷᠬᠠᠨ ᠪᠤᠯ ᠬᠤᠪᠴᠢ ᠬᠤᠨᠭ᠍ᠰᠢᠶᠠᠷ ᠲᠠᠢ ᠬᠡᠨ᠎ᠠ᠂ ᠡᠶᠢᠮᠤ  ᠠᠴᠠ ᠨᠠᠩᠭᠢ ᠶᠢᠨ ᠰᠢᠩᠭᠡᠨ ᠪᠤᠳᠠᠭ᠎ᠠ ᠪᠠᠷ ᠳᠡᠬᠦᠨ ᠤ ᠠᠮᠠ ᠶᠢ ᠴᠡᠪᠡᠳᠳᠠᠬᠤ ᠶᠤᠮ ᠬᠡᠨ᠎ᠠ᠃ᠭᠠᠯ ᠳᠠᠬᠢᠯᠭ᠎ᠠ ᠬᠢᠬᠦ ᠴᠠᠭ    ᠬᠦᠬᠡᠬᠡ ᠰᠠᠷ᠎ᠠ ᠶᠢᠨ ᠬᠤᠷᠢᠳ ᠪᠤᠯᠪᠠᠰᠤ ᠯᠤᠤ ᠴᠠᠭ ᠤᠨ ᠨᠢᠬᠡᠳᠤᠬᠡᠷ ᠮᠦᠴᠡ ᠳᠤ ᠨᠠᠷᠠᠨ ᠮᠠᠨᠳᠤᠵᠤ᠂ ᠪᠡᠴᠢᠨ ᠴᠠᠭ ᠤᠨ ᠨᠠᠢᠮᠠᠳᠤᠭᠠᠷ ᠮᠦᠴᠡ ᠳᠤᠷ ᠨᠠᠷᠠᠨ ᠰᠢᠩᠭᠡᠮᠤᠢ᠂ ᠡᠳᠤᠷ ᠭᠤᠴᠢᠨ ᠶᠢᠰᠦᠨ ᠮᠦᠴᠡ᠂ ᠰᠦᠨᠢ ᠳᠠᠪᠢᠨ ᠵᠢᠷᠭᠤᠭᠠᠨ ᠮᠦᠴᠡ ᠶᠢ ᠡᠵᠡᠯᠡᠮᠤᠢ ᠭᠡᠵᠤ ᠪᠤᠢ᠃ ᠡᠶᠢᠮᠤ ᠠᠴᠠ ᠳᠠᠬᠢᠶ᠎ᠠ ᠴᠠᠭ ᠤᠨ ᠳᠤᠮᠳᠠᠴᠢ ᠦᠶ᠎ᠠ ᠪᠠᠷ ᠳᠠᠬᠢᠯᠭ᠎ᠠ ᠡᠬᠢᠯᠡᠳᠡᠭ᠃    ᠭᠠᠯ ᠳᠠᠬᠢᠯᠭ᠎ᠠ ᠶᠢᠨ ᠶᠠᠪᠤᠴᠠ    ᠵᠤᠤᠬᠠᠨ ᠠᠮᠠᠰᠠᠷ ᠲᠤ ᠪᠠᠨ ᠳᠠᠬᠢᠬᠤ ᠨᠢ᠂ ᠴᠡᠪᠡᠷ ᠬᠠᠭᠤᠷᠠᠢ ᠬᠠᠳᠠᠭᠤ ᠲᠦᠯᠡᠭᠡ ᠶᠢ ᠨᠢᠬᠡ ᠠᠳᠬᠤ ᠠᠪᠴᠢᠷᠠᠵᠤ ᠵᠤᠤᠬᠠᠨ ᠠᠮᠠᠰᠠᠷ ᠲᠤ ᠪᠠᠨ ᠳᠤᠬᠢᠷᠠᠭᠤᠯᠤᠨ ᠳᠠᠯᠪᠢᠵᠦ᠂ ᠭᠠᠳᠠᠷ ᠳᠠᠯ᠎ᠠ ᠳᠤᠨᠢ ᠰᠢᠷᠡᠭᠡ ᠪᠠᠨ ᠵᠠᠰᠠᠨ᠂ ᠭᠠᠯ ᠳᠠᠬᠢᠯᠭ᠎ᠠ ᠳᠤ ᠡᠷᠬᠦᠬᠦ ᠶᠠᠭᠤᠮ᠎ᠠ ᠪᠠᠨ ᠵᠡᠷᠭᠡᠴᠡᠬᠦᠯᠦᠨ ᠦᠷᠦᠵᠦ᠂ ᠭᠠᠯ ᠪᠠᠳᠠᠷᠠᠭᠤᠯᠵᠤ ᠳᠠᠬᠢᠯᠭ᠎ᠠ ᠳᠤ ᠡᠷᠬᠦᠬᠦ  ᠪᠠᠷ ᠪᠡᠯᠡᠳᠭᠡᠭᠰᠡᠨ ᠵᠦᠢᠯᠡᠰ ᠢᠶᠠᠨ ᠡᠷᠬᠦᠵᠦ ᠠᠷᠢᠬᠢ ᠪᠠᠨ ᠰᠦᠷᠴᠢᠨ ᠮᠦᠷᠬᠦᠵᠦ ᠠᠶᠢᠯᠠᠳᠬᠠᠳᠠᠭ᠃ ᠵᠠᠷᠢᠮ ᠨᠢ ᠬᠤᠪᠤᠡᠭ ᠤᠨ ᠳᠡᠭᠡᠷ᠎ᠠ ᠪᠠᠨ ᠭᠠᠯ ᠢᠶᠠᠨ ᠲᠠᠬᠢᠳᠠᠭ ᠴᠦ ᠪᠠᠶᠢᠳᠠᠭ᠃ ᠬᠡᠬᠦ ᠳᠤ ᠵᠤᠤᠬᠠᠨ ᠠᠮᠠᠰᠠᠷ ᠲᠤ ᠪᠠᠨ ᠭᠠᠯ ᠳᠠᠬᠢᠯᠭ᠎ᠠ ᠬᠢᠭᠰᠡᠨ ᠲᠠᠢ ᠪᠠᠨ ᠨᠢᠬᠡᠯᠬᠡᠨ ᠠᠳᠠᠯᠢ ᠶᠠᠪᠤᠭᠳᠠᠳᠠᠭ᠃    ᠡᠬᠦᠨ ᠳᠤ ᠳᠤᠳᠤᠷᠬᠠᠶᠢᠯᠠᠬᠤ ᠵᠤᠶᠢᠯ ᠬᠡᠪᠡᠯ᠂ ᠵᠠᠷᠢᠮ ᠨᠢ ᠬᠤᠯᠤᠰᠤᠨ ᠦᠷᠪᠦᠯᠵᠢ ᠶᠢ ᠭᠤᠷᠪᠠ ᠭᠤᠷᠪᠠ ᠪᠠᠷ ᠭᠤᠷᠪᠠᠨ ᠪᠠᠭᠴᠠ ᠶᠢ ᠴᠠᠭᠠᠨ ᠪᠦᠰ ᠢᠶᠠᠷ ᠤᠶᠠᠵᠤ ᠳᠠᠬᠢᠨ ᠭᠤᠷᠪᠠᠨ ᠪᠠᠭᠴᠠ ᠶᠢ ᠨᠢᠬᠡᠯᠭᠡᠨ ᠪᠤᠭᠤᠵᠢ ᠪᠤᠯᠭᠠᠵᠤ ᠴᠠᠭᠠᠨ ᠪᠦᠰ ᠢᠶᠠᠷ ᠪᠤᠭᠤᠵᠢᠯᠠᠵᠤ ᠡᠷᠬᠦᠳᠡᠭ᠂ ᠡᠨᠡ ᠨᠢ ᠬᠤᠨ ᠴᠠᠭᠠᠨ ᠭᠠᠯᠠᠭᠤ ᠶᠤᠮ ᠬᠡᠨ᠎ᠠ᠂ ᠪᠤᠷᠬᠠᠳ ᠳᠡᠬᠦᠨ ᠢ  ᠪᠠᠨ ᠬᠦᠯᠦᠭᠯᠡᠨ ᠳᠡᠭᠷᠢ ᠳᠤ ᠭᠠᠷᠬᠤ ᠶᠤᠮ ᠬᠡᠨ᠎ᠠ᠃ ᠵᠠᠷᠢᠮ ᠨᠢ ᠡᠬᠦᠨ ᠢ ᠭᠡᠷᠡᠭᠯᠡᠬᠦ ᠦᠭᠡᠢ ᠬᠦᠵᠠ ᠶᠢ ᠡᠷᠬᠦᠳᠡᠭ᠂ ᠬᠦᠵᠢ ᠶᠢᠨ ᠤᠳᠤᠭ᠎ᠠ ᠨᠠᠷᠢᠬᠠᠨ ᠪᠤᠯᠪᠠᠴᠤ ᠬᠦᠬᠡ ᠳᠡᠭᠷᠢ ᠳᠤ ᠬᠦᠷᠦᠨ᠎ᠠ ᠭᠡᠳᠡᠭ ᠦᠬᠡ ᠪᠠᠶᠢᠳᠠᠭ ᠠᠴᠠ ᠪᠤᠷᠬᠠᠳ  ᠨᠢ ᠬᠦᠵᠢ ᠶᠢᠨ ᠤᠳᠤᠭ᠎ᠠ ᠳᠡᠬᠡᠷ᠎ᠠ ᠪᠠᠨ ᠰᠠᠭᠤᠭᠠᠳ ᠳᠡᠭᠷᠢ ᠳᠤ ᠭᠠᠷᠳᠠᠭ ᠶᠤᠮ ᠬᠡᠳᠡᠭ᠃    ᠭᠠᠯ ᠳᠠᠬᠢᠯᠭ᠎ᠠ ᠶᠢᠨ ᠢᠳᠡᠭᠡᠨ ᠤᠮᠳᠠᠭᠠᠨ ᠢᠶᠠᠨ ᠡᠷᠬᠦᠵᠦ ᠪᠠᠷᠠᠪᠠᠯ ᠮᠦᠷᠬᠦᠨ᠎ᠡ᠃ ᠭᠡᠬᠦ ᠳᠤ ᠪᠠᠨ《 ᠪᠤᠷᠬᠠᠨ ᠳᠡᠭᠷᠢ ᠡ︕ ᠮᠠᠨ ᠤ ᠨᠢᠬᠡ ᠬᠡᠷ ᠤᠨ ᠦᠡᠭᠭᠡᠷᠡᠭᠰᠡᠨ ᠵᠢᠯ ᠤᠨ ᠨᠢᠬᠦᠯ ᠬᠢᠯᠢᠨᠴᠡ ᠶᠢ ᠦᠷᠦᠰᠢᠶᠡᠨ ᠰᠤᠶᠤᠷᠬᠠᠵᠤ᠂ ᠢᠷᠡᠬᠦ ᠵᠢᠯ ᠳᠤ ᠡᠷᠤᠬᠡ ᠬᠡᠷ ᠢ ᠦᠬᠡᠳᠡ ᠡᠰᠡᠷᠡᠭ᠂ ᠡᠪᠡᠳᠴᠢᠨ ᠳᠠᠬᠤᠯ ᠦᠭᠡᠢ᠂ ᠦᠯᠵᠠᠢ ᠮᠦᠷ ᠲᠠᠢ᠂ ᠬᠡᠶᠢᠮᠤᠷᠢ  ᠶᠢ ᠮᠠᠨᠳᠤᠭᠤᠯᠵᠤ ᠭᠡᠰᠢᠭ ᠪᠤᠶᠠᠨ ᠢ ᠨᠡᠮᠡᠭᠳᠡᠬᠦᠯᠬᠦ ᠪᠤᠯᠭᠠᠳᠤᠭᠠᠢ》 ᠭᠡᠬᠦ ᠮᠡᠳᠤ ᠶᠢᠨ ᠬᠦᠰᠡᠯ ᠡᠷᠡᠮᠡᠯᠵᠡᠯ ᠢᠶᠠᠨ ᠵᠦᠡᠭᠨᠡᠵᠦ ᠳᠠᠭᠠᠳᠬᠠᠨ ᠵᠠᠯᠪᠠᠷᠢᠳᠠᠭ᠃    ᠭᠠᠯ ᠳᠠᠬᠢᠯᠭ᠎ᠠ ᠶᠢᠨ ᠦᠯᠡᠳᠡᠪᠤᠷᠢ ᠨᠠᠩᠭᠢ ᠶᠢᠨ ᠰᠢᠩᠭᠡᠨ ᠪᠤᠳᠠᠭ᠎ᠠ ᠶᠢ ᠬᠡᠤᠬᠡᠨ ᠬᠦᠮᠦᠨ ᠢᠳᠡᠬᠦ ᠶᠢ ᠴᠡᠭᠡᠷᠯᠡᠳᠡᠭ᠃ ᠬᠡᠤᠬᠡᠨ ᠬᠦᠮᠦᠨ ᠢᠳᠡᠪᠡᠯ ᠰᠠᠬᠠᠯ ᠭᠠᠷᠤᠨ᠎ᠠ ᠭᠡᠳᠡᠭ᠃ ᠡᠨᠡᠬᠦ ᠴᠡᠭᠡᠷ ᠤᠨ ᠤᠭ ᠰᠠᠨᠠᠭ᠎ᠠ ᠨᠢ ᠬᠡᠤᠬᠡᠨ ᠬᠦᠮᠦᠨ ᠢ ᠪᠢᠴᠢᠬᠠᠨ ᠠᠴᠠ ᠨᠢ ᠬᠤᠭᠤᠯᠠᠢ ᠳᠠᠭᠠᠨ ᠪᠠᠷᠢᠮᠳᠠᠳᠠᠢ ᠪᠠᠶᠢᠬᠤ ᠶᠢ ᠰᠤᠷᠭᠠᠳᠠᠭ ᠶᠤᠰᠤ ᠵᠠᠩᠰᠢᠯ ᠮᠥᠨ᠃    ᠭᠠᠯ ᠳᠠᠬᠢᠯᠭ᠎ᠠ ᠳᠤ ᠬᠡᠤᠬᠡᠨ ᠬᠦᠮᠦᠨ ᠤᠷᠤᠯᠴᠠᠬᠤ ᠶᠢ ᠴᠡᠭᠡᠷᠯᠡᠳᠡᠭ᠃    ᠭᠠᠯ ᠳᠠᠬᠢᠯᠭ᠎ᠠ ᠳᠤ ᠪᠤᠵᠠᠷ ᠪᠤᠷᠳᠠᠭ ᠪᠠᠶᠢᠬᠤ ᠶᠢ ᠴᠡᠭᠡᠷᠯᠡᠳᠡᠭ᠃    ᠭᠠᠯ ᠳᠠᠬᠢᠯᠭ᠎ᠠ ᠶᠢᠨ ᠪᠦᠬᠦ ᠶᠠᠪᠤᠴᠠ ᠳᠤ ᠨᠠᠭᠠᠳᠤᠮ ᠱᠤᠭ ᠬᠢᠬᠦ᠂ ᠬᠦᠡᠭᠭᠡᠨ ᠬᠠᠭᠤᠳᠠᠮᠴᠢ ᠪᠠᠶᠢᠬᠤ ᠶᠢ ᠴᠡᠬᠡᠷᠯᠡᠳᠡᠭ᠃ ᠵᠠᠪᠠᠯ ᠴᠢᠩ ᠦᠨᠡᠨᠴᠢ ᠲᠦᠪ ᠬᠢᠴᠢᠶᠡᠩᠭᠦᠢ ᠪᠠᠶᠢᠬᠤ ᠶᠢ ᠠᠩᠬᠠᠷᠳᠠᠭ᠃     ᠳᠤᠯᠤᠭᠠᠨ ᠴᠢᠯᠦᠬᠡ — —    ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠤᠨ ᠤᠯᠠᠮᠵᠢᠯᠠᠯ ᠶᠠᠷᠢᠶᠠᠨ ᠠᠴᠠ ᠦᠵᠡᠪᠡᠯ ᠤᠷᠴᠢᠯᠠᠩ ᠳᠡᠯᠡᠬᠡᠢ ᠶᠢᠨ ᠬᠦᠮᠦᠰ ᠢ ᠪᠤᠷᠬᠠᠳ ᠡᠵᠡᠳ ᠰᠠᠬᠢᠭᠤᠯᠰᠤᠨ ᠰᠠᠬᠢᠨ ᠬᠠᠮᠠᠭᠠᠯᠠᠵᠤ᠂ ᠴᠢᠳᠬᠦᠷ ᠰᠢᠮᠨᠤᠰ ᠢ ᠳᠤᠷ᠎ᠠ ᠪᠠᠷ ᠨᠢ ᠡᠪᠳᠡᠯᠡᠭᠡ ᠳᠤᠶᠢᠪᠡᠭᠡᠯᠬᠡ ᠬᠢᠵᠦ ᠴᠢᠳᠠᠬᠤ ᠦᠭᠡᠢ ᠪᠠᠶᠢᠯᠭᠠᠳᠠᠭ ᠬᠡᠨ᠎ᠠ᠃ ᠬᠦᠬᠡᠬᠡ ᠰᠠᠷ᠎ᠠ ᠶᠢᠨ ᠬᠤᠷᠢᠨ ᠭᠤᠷᠪᠠᠨ ᠤ ᠤᠷᠤᠢ ᠬᠤᠷᠮᠤᠰᠳᠠ ᠳᠡᠭᠷᠢ ᠶᠢᠨ ᠤᠷᠳᠤᠨ ᠳᠤ ᠬᠦᠷᠴᠤ ᠬᠤᠷᠠᠯ ᠬᠤᠷᠠᠯᠳᠤᠭᠤᠯᠵᠤ᠂ ᠴᠠᠭᠠᠨ ᠰᠠᠷ᠎ᠠ ᠶᠢᠨ ᠰᠢᠨ᠎ᠠ ᠶᠢᠨ ᠨᠢᠬᠡᠨ ᠤ ᠦᠷᠯᠦᠬᠡ ᠪᠤᠴᠠᠵᠤ ᠢᠷᠡᠳᠡᠭ᠃ ᠡᠨᠡ ᠬᠤᠭᠤᠷᠤᠨᠳᠤ ᠴᠢᠳᠬᠦᠷ ᠰᠢᠮᠨᠤᠰ ᠳᠤᠷ᠎ᠠ  ᠪᠠᠷ ᠢᠶᠠᠨ ᠶᠠᠪᠤᠳᠠᠭ ᠶᠤᠮ ᠬᠡᠨ᠎ᠠ᠃ ᠡᠶᠢᠮᠤ ᠠᠴᠠ ᠡᠨᠡᠬᠦ ᠳᠤᠯᠤᠭᠠᠨ ᠡᠳᠤᠷ ᠤᠨ ᠬᠤᠭᠤᠴᠠᠭ᠎ᠠ ᠶᠢ ᠳᠤᠯᠤᠭᠠᠨ ᠴᠢᠯᠦᠬᠡ ᠭᠡᠳᠡᠭ᠃    ᠳᠤᠯᠤᠭᠠᠨ ᠴᠢᠯᠦᠬᠡᠨ ᠳᠤ ᠴᠢᠳᠬᠦᠷ ᠰᠢᠮᠨᠤᠰ ᠳᠤᠷ᠎ᠠ ᠪᠠᠷ ᠢᠶᠠᠨ ᠶᠠᠪᠤᠳᠠᠭ ᠪᠤᠯᠪᠠᠴᠤ ᠦ ᠰᠡᠪᠠ ᠦᠭᠡᠢ ᠭᠠᠵᠠᠷ ᠰᠢᠯᠳᠠᠭ ᠡᠷᠢᠵᠦ ᠬᠠᠯᠳᠠᠵᠤ ᠴᠢᠳᠠᠬᠤ ᠦᠭᠡᠢ ᠪᠠᠶᠢᠳᠠᠭ᠃ ᠢᠡᠮᠤ ᠠᠴᠠ ᠬᠡᠷ ᠵᠠᠭᠤᠷ᠎ᠠ ᠪᠠᠨ ᠡᠶ᠎ᠡ ᠡᠪ ᠲᠠᠢ ᠪᠠᠶᠢᠵᠦ᠂ ᠤᠬᠢᠯᠠᠵᠤ ᠤᠨᠵᠠᠶᠢᠬᠤ ᠤᠴᠢᠷ ᠢ ᠭᠠᠷᠭᠠᠬᠤ ᠦᠭᠡᠢ᠂ ᠨᠡᠩ ᠠᠶᠢᠯ ᠠᠶᠢᠮᠠᠭ᠂ ᠬᠦᠷᠰᠢ ᠵᠡᠷᠭᠡᠯᠡᠳᠡᠭᠡ ᠲᠠᠢ ᠪᠠᠨ ᠬᠡᠷᠡᠬᠦᠯ ᠵᠤᠳᠤᠭᠠᠨ ᠬᠢᠬᠦ ᠦᠭᠡᠢ᠂ ᠡᠶ᠎ᠡ ᠨᠠᠶᠢᠷᠰᠠᠭ ᠬᠦᠬᠡᠷᠦᠯᠳᠦᠵᠦ ᠪᠠᠶᠢᠪᠠᠯ ᠬᠦᠮᠦᠰ ᠤᠨ ᠭᠡᠢ ᠮᠤᠷᠢ ᠮᠠᠨᠳᠤᠵᠤ᠂ ᠴᠤᠭ ᠵᠢᠪᠬᠤᠭ᠎ᠠ ᠨᠢ ᠪᠠᠳᠠᠷᠠᠵᠤ᠂ ᠰᠦᠷ ᠭᠡᠷᠡᠯ ᠨᠢ ᠨᠡᠮᠡᠭᠳᠡᠬᠦ ᠪᠤᠯᠬᠤᠷ ᠴᠢᠳᠬᠦᠷ ᠰᠢᠮᠨᠤᠰ ᠬᠠᠯᠳᠠᠷ᠎ᠠ ᠢᠷᠡᠵᠦ ᠴᠢᠳᠠᠬᠤ ᠦᠭᠡᠢ ᠭᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号