ᠦᠬᠡᠷ ᠮᠦᠷᠭᠦᠯᠳᠦᠬᠦᠯᠬᠦ ᠨᠠᠭᠠᠳᠣᠮ
ᠨᠡᠶᠢᠲᠡᠯᠡᠭᠰᠡᠨ ᠴᠠᠭ᠄
2025/1/15
    ᠦᠬᠡᠷ ᠮᠦᠷᠬᠦᠯᠳᠦᠬᠦᠯᠬᠦ ᠨᠠᠭᠠᠳᠣᠮ ᠬᠡᠵᠦ ᠮᠠᠨ ᠤ ᠬᠤᠷᠴᠢᠨ ᠵᠡᠬᠦᠨ ᠭᠠᠷᠦᠨ ᠬᠤᠶᠢᠲᠦ ᠬᠤᠰᠢᠭᠤ ᠶᠢᠨ ᠮᠤᠩᠭᠤᠯᠴᠣᠳ ᠤᠨ ᠤᠯᠠᠮᠵᠢᠯᠠᠯᠲᠤ ᠨᠠᠭᠠᠳᠣᠮ ᠤᠨ ᠨᠢᠭᠡ ᠵᠦᠢᠯ ᠨᠢ ᠪᠤᠯᠬᠤ ᠪᠦᠭᠡᠳ ᠵᠤᠭ᠎ᠠ ᠴᠡᠩᠭᠡᠯ ᠪᠤᠯᠵᠦ ᠪᠠᠶᠢᠭ᠎ᠠ ᠰᠣᠶᠣᠯ ᠤᠷᠠᠯᠢᠭ ᠤᠨ ᠨᠢᠭᠡ ᠶᠤᠮ᠃ ᠲᠡᠭᠦᠨ ᠢ ᠲᠡᠮᠡᠭᠡ ᠶᠢᠨ ᠰᠢᠯᠪᠢ ᠶᠢᠨ ᠶᠠᠰᠣ ᠪᠠᠷ ᠬᠢᠳᠡᠭ᠂ ᠡᠭᠦᠨ  ᠢᠶᠠᠨ ᠪᠠᠰᠠ ︽ᠶᠠᠰᠣᠨ ᠫᠠᠢ︾ ᠭᠡᠵᠦ ᠬᠡᠯᠡᠳᠡᠭ᠃ ᠬᠤᠷᠢᠨ ᠲᠦᠷᠪᠡᠨ ᠬᠦᠯᠥᠭ ᠲᠠᠢ᠂ ᠲᠦᠷᠪᠡᠨ ᠬᠦᠮᠥᠨ ᠨᠠᠭᠠᠳᠴᠤ᠂ ᠬᠦᠮᠥᠨ ᠪᠦᠷᠢ ᠵᠢᠷᠭᠤᠭᠠᠨ ᠫᠠᠢ ᠬᠤᠪᠢᠶᠠᠵᠦ ᠠᠪᠤᠨ᠎ᠠ᠃ ᠭᠡᠪᠡᠴᠦ ᠡᠨᠡᠬᠦ ᠵᠢᠷᠭᠤᠭᠠᠨ ᠬᠦᠯᠥᠭ ᠢᠶᠠᠷ ᠨᠠᠭᠠᠳᠬᠤ ᠳᠤ ︽ᠵᠢᠷᠠᠨ ᠣᠬᠠᠭᠠᠨ︾ ᠭᠡᠷᠡᠭᠯᠡᠨ᠎ᠡ ᠭᠡᠳᠡᠭ ᠤᠯᠠᠮᠵᠢᠯᠠᠯᠲᠤ ᠦᠭᠡ ᠪᠠᠶᠢᠳᠠᠭ᠃    ᠡᠨᠡᠬᠦ ᠦᠬᠡᠷ ᠮᠦᠷᠭᠦᠯᠳᠦᠬᠦᠯᠬᠦ ᠬᠤᠷᠢᠨ ᠲᠦᠷᠪᠡᠨ ᠬᠦᠯᠥᠭ ᠢ ᠬᠡᠯᠪᠡᠷᠢ ᠶᠢᠨ ᠲᠠᠯ᠎ᠠ ᠠᠴᠠ ᠦᠵᠡᠪᠡᠯ᠄ ᠬᠦᠨᠳᠡᠯᠡᠨ ᠬᠦᠯᠥᠭ ᠪᠠ ᠭᠤᠯᠲᠤ ᠬᠦᠯᠥᠭ ᠭᠡᠵᠦ ᠬᠤᠶᠠᠷ ᠵᠦᠢᠯ ᠳᠤ ᠬᠤᠪᠢᠶᠠᠨ᠎ᠠ᠃    ᠤᠬᠠᠭᠳᠠᠭᠤᠨ ᠤ ᠲᠠᠯ᠎ᠠ ᠠᠴᠠ ᠦᠵᠡᠪᠡᠯ᠄ ᠡᠨᠡᠬᠦ ᠬᠤᠷᠢᠨ ᠲᠦᠷᠪᠡᠨ ᠬᠦᠯᠥᠭ ᠤᠨ ᠨᠢᠭᠤᠷ ᠲᠤ ᠵᠢᠵᠢᠭ ᠨᠦᠬᠡ  ᠪᠠᠷ ᠬᠤᠸᠠᠷ ᠭᠠᠷᠭᠠᠵᠦ᠂ ᠬᠦᠬᠡ ᠪᠠ ᠤᠯᠠᠭᠠᠨ ᠦᠩᠭᠡ ᠪᠠᠷ ᠪᠤᠳᠤᠭ ᠤᠷᠤᠭᠤᠯᠵᠠᠢ᠃ ᠡᠬᠦᠨ ᠳᠤ ᠬᠦᠯᠥᠭ ᠤᠨ ᠨᠢᠭᠤᠷ ᠳᠠᠬᠢ ᠵᠢᠵᠢᠭ ᠨᠦᠬᠡ ᠶᠢᠨ ᠪᠠᠶᠢᠳᠠᠯ ᠢᠶᠠᠷ ᠬᠤᠶᠠᠷ ᠦᠵᠦᠭᠦᠷᠲᠦ ᠬᠦᠯᠥᠭ ᠪᠠ ᠭᠠᠭᠴᠠ ᠦᠵᠦᠭᠦᠷᠲᠦ ᠬᠦᠯᠥᠭ ᠬᠡᠵᠦ ᠬᠤᠶᠠᠷ ᠵᠦᠢᠯ ᠳᠤ ᠬᠤᠪᠢᠶᠠᠨ᠎ᠠ᠃    ᠬᠤᠶᠠᠷ ᠦᠵᠦᠭᠦᠷᠲᠦ ᠬᠦᠯᠥᠭ᠄ ᠬᠦᠯᠥᠭ ᠤᠨ ᠨᠢᠭᠤᠷ ᠲᠠᠬᠢ ᠬᠤᠶᠠᠷ ᠦᠵᠦᠭᠦᠷ ᠤᠨ ᠨᠦᠬᠡ ᠨᠢ ᠠᠳᠠᠯᠢ ᠪᠤᠰᠣ ᠦᠩᠭᠡ ᠲᠠᠢ᠂ ᠨᠦᠬᠡ ᠶᠢᠨ ᠲᠤᠭ᠎ᠠ ᠨᠢ ᠴᠦ ᠠᠳᠠᠯᠢ ᠦᠭᠡᠢ᠃ ᠡᠬᠦᠨ ᠢ ᠬᠦᠨᠳᠡᠯᠡᠨ ᠬᠡᠯᠪᠡᠷᠢ ᠪᠠᠷ ᠲᠠᠯᠪᠢᠨ᠎ᠡ     ᠭᠠᠭᠴᠠ ᠦᠵᠦᠭᠦᠷᠲᠦ ᠬᠦᠯᠥᠭ᠄ ᠬᠦᠯᠥᠭ ᠤᠨ ᠨᠢᠭᠤᠷ ᠲᠠᠬᠢ ᠬᠤᠶᠠᠷ ᠦᠵᠦᠬᠦᠷ ᠤᠨ ᠨᠦᠬᠡ ᠶᠢᠨ ᠲᠤᠭ᠎ᠠ ᠪᠠ ᠪᠤᠳᠤᠭ ᠤᠨ ᠦᠩᠭᠡ ᠨᠢ ᠪᠦᠷ ᠠᠳᠠᠯᠢ ᠪᠠᠶᠢᠳᠠᠭ᠃ ᠡᠭᠦᠨ ᠢ ᠭᠤᠤᠯᠳᠣ ᠬᠡᠯᠪᠡᠷᠢ ᠪᠠᠷ ᠲᠠᠯᠪᠢᠨ᠎ᠠ᠃        ᠨᠠᠭᠠᠳᠬᠤ ᠠᠷᠭ᠎ᠠ ᠄     ᠬᠤᠷᠢᠨ ᠲᠦᠷᠪᠡᠨ ᠬᠦᠯᠥᠭ ᠢᠶᠠᠨ ᠬᠦᠮᠥᠷᠢᠵᠦ ᠰᠠᠶᠢᠳᠦᠷ ᠢᠷᠴᠢᠭᠡᠵᠦ ︵ᠮᠠᠨ ᠤ ᠬᠢᠨᠢ ᠫᠠᠢ ᠤᠬᠢᠶᠠᠨ᠎ᠠ ᠭᠡᠳᠡᠭ︶᠂ ᠬᠦᠮᠥᠨ ᠪᠦᠷᠢ ᠵᠢᠷᠭᠤᠭ᠎ᠠ ᠬᠤᠪᠢᠶᠠᠨ ᠠᠪᠣᠨ᠎ᠠ᠃    ᠬᠡᠨ ᠬᠦᠮᠥᠨ ︽ᠭᠤᠷᠪᠠ ᠵᠢᠷᠭᠤᠭ᠎ᠠ︾ ᠭᠡᠳᠡᠭ ᠬᠦᠯᠥᠭ ᠢ ᠤᠯᠤᠭᠰᠠᠨ ᠪᠤᠯ ᠲᠡᠷᠡ ᠬᠦᠮᠥᠨ ᠤᠷᠢᠳᠠᠪᠡᠷ ᠬᠦᠯᠥᠭ ᠢᠶᠠᠨ ᠭᠠᠷᠭᠠᠨ᠎ᠠ᠃  ᠬᠡᠷᠪᠡ ᠨᠢᠭᠡ ᠦᠵᠦᠬᠦᠷᠲᠦ ᠬᠦᠯᠥᠭ ᠭᠠᠷᠭᠠᠭᠰᠠᠨ ᠪᠤᠯ ᠭᠤᠤᠯᠲᠦ ᠬᠡᠯᠪᠡᠷᠢ ᠪᠠᠷ᠂ ᠬᠤᠶᠠᠷ ᠦᠵᠦᠭᠦᠷᠲᠦ ᠬᠦᠯᠥᠭ ᠭᠠᠷᠭᠠᠭᠰᠠᠨ ᠪᠤᠯ ᠬᠦᠨᠳᠡᠯᠡᠨ ᠬᠡᠯᠪᠡᠷᠢ ᠪᠠᠷ ᠲᠡᠯᠪᠢᠨ᠎ᠠ᠃    ᠲᠠᠷᠠᠭ᠎ᠠ ᠨᠢ ᠭᠠᠷ ᠲᠤᠤᠷᠠᠬᠢ ᠬᠦᠮᠥᠰ ᠤᠨ ᠲᠠᠷᠠᠭ᠎ᠠ ᠪᠠᠷ ᠬᠦᠯᠥᠭ ᠢᠶᠠᠨ ᠨᠦᠬᠡ ᠶᠢᠨ ᠦᠩᠭᠡ ᠪᠠ ᠬᠤᠸᠠᠷ ᠤᠨ ᠲᠤᠭ᠎ᠠ ᠶᠢ ᠲᠠᠭᠠᠷᠠᠭᠤᠯᠵᠦ ᠲᠠᠯᠪᠢᠨ᠎ᠠ᠃      ᠭᠡᠨ᠂ ᠬᠦᠮᠥᠨ ᠤ ᠲᠠᠷᠠᠭ᠎ᠠ ᠳᠤ ᠲᠠᠯᠪᠢᠬᠤ ᠬᠦᠯᠥᠭ ᠦᠭᠡᠢ ︵ᠱᠠᠭᠠᠷᠳᠠᠯᠭ᠎ᠠ ᠲᠠᠢ ᠨᠡᠶᠢᠴᠡᠬᠦ ᠦᠬᠡᠢ︶ ᠪᠤᠯ  ᠲᠡᠷᠡ ᠬᠦᠮᠥᠨ ︽ᠬᠦᠮᠥᠷᠢᠵᠡᠢ︾ ᠭᠡᠵᠦ ᠬᠡᠯᠡᠭᠡᠳ ᠨᠢᠭᠡ ᠬᠦᠯᠥᠭ ᠢᠶᠠᠨ ᠢᠯᠡ ᠬᠦᠮᠥᠷᠢᠵᠦ ᠲᠠᠯᠪᠢᠨ᠎ᠠ᠃     ᠭᠡᠷᠪᠡ ᠨᠢᠭᠡ ᠬᠦᠮᠥᠨ ᠨᠢ ᠵᠢᠷᠭᠤᠭᠠᠨ ᠬᠦᠯᠥᠭ ᠢᠶᠠᠨ ᠪᠦᠬᠦᠨ ᠢ ᠭᠠᠷᠭᠠᠵᠦ ᠪᠠᠷᠠᠪᠠᠯ ︽ᠴᠡᠪᠡᠷ︾ ᠭᠡᠵᠦ ᠬᠡᠯᠡᠨ᠎ᠡ᠃  ᠲᠡᠭᠡᠪᠡᠯ ᠦᠬᠡᠷ᠎ᠡ ᠬᠦᠮᠥᠰ ᠬᠦᠯᠥᠭ ᠢᠶᠠᠨ ᠭᠠᠷᠭᠠᠬᠤ ᠪᠠᠨ ᠪᠤᠯᠢᠨ᠎ᠠ᠃ ᠨᠢᠭᠡ ᠪᠤᠯ ᠲᠦᠷᠪᠡᠬᠦᠯᠡ ᠪᠠᠨ ᠪᠦᠷ ᠭᠠᠷ ᠲᠠᠬᠢ ᠬᠥᠯᠥᠭ ᠢᠶᠠᠨ ᠭᠠᠷᠭᠠᠵᠦ ᠲᠡᠶᠢᠯᠬᠦ ᠦᠭᠡᠢ ᠪᠤᠯᠤᠭᠰᠠᠨ ᠪᠤᠯ ᠭᠠᠷ ᠲᠠᠬᠢ ᠬᠦᠯᠥᠭ ᠢᠶᠠᠨ ᠤᠷᠪᠠᠭᠤᠯᠵᠦ ᠨᠦᠭᠡ ᠶᠢ ᠨᠢ ᠲᠤᠭᠠᠯᠠᠨ᠎ᠠ᠃         ᠵᠠᠩ ᠪᠤᠳᠤᠬᠤ ᠠᠷᠭ᠎ᠠ     ᠭᠠᠷ ᠲᠠᠬᠢ ᠬᠦᠯᠥᠭ ᠤᠨ ᠨᠦᠬᠡ ᠨᠢ ᠬᠡᠨ ᠤ ᠬᠢᠨᠢ ᠪᠠᠭ᠎ᠠ ᠪᠤᠯ ᠲᠡᠷᠡ ᠬᠦᠮᠥᠨ ᠢ ᠲᠡᠶᠢᠯᠥᠭᠰᠡᠨ ᠢᠶᠠᠷ ᠪᠣᠳᠣᠵᠦ᠂ ᠨᠦᠬᠡᠨ ᠲᠤᠭ᠎ᠠ ᠪᠠᠷ ᠲᠠᠷᠠᠭᠠᠯᠠᠨ᠎ᠠ᠃ ᠭᠡᠷᠪᠡ ᠬᠤᠶᠠᠷ ᠬᠦᠮᠥᠨ ᠤ ᠬᠦᠯᠥᠭ ᠤᠨ ᠨᠦᠭᠡ ᠨᠢ ᠠᠳᠠᠯᠢ ᠪᠤᠯ ᠲᠡᠶᠢᠯᠥᠭᠰᠡᠨ ᠬᠦᠮᠥᠨ ᠤ ᠲᠠᠷᠠᠭ᠎ᠠ ᠪᠠᠷ ᠲᠤᠭᠳᠠᠭᠠᠨ᠎ᠠ᠃    ᠲᠡᠶᠢᠯᠥᠭᠳᠡᠭᠰᠡᠳ ᠲᠤᠰ ᠲᠤᠰ 3 ᠢᠮᠠᠭ᠎ᠠ᠂ 6 ᠢᠮᠠᠭ᠎ᠠ᠂ 1 ᠦᠬᠡᠷ ᠱᠦᠬᠦᠭᠳᠡᠨ᠎ᠡ᠃ 1 ᠦᠬᠡᠷ ᠨᠢ 9 ᠢᠮᠠᠭ᠎ᠠ ᠲᠠᠢ ᠲᠡᠩᠴᠡᠨ᠎ᠡ᠃        ᠦᠬᠡᠷ ᠮᠦᠷᠭᠦᠯᠳᠦᠬᠦᠯᠬᠦ ᠨᠠᠭᠠᠳᠤᠮ ᠤᠨ ᠶᠤᠰᠤ     ᠬᠤᠪᠢᠶᠠᠵᠦ ᠤᠯᠤᠭᠰᠠᠨ ᠵᠢᠷᠭᠤᠭᠠᠨ ᠬᠦᠯᠥᠭ ᠤᠨ ᠲᠤᠳᠤᠷ᠎ᠠ ᠭᠡᠷᠪᠡ ᠨᠢᠭᠡ ᠲᠠᠯ᠎ᠠ ᠳᠤᠨᠢ ᠵᠢᠷᠭᠤᠭᠠᠨ ᠨᠦᠭᠡ  ᠲᠠᠢ ᠬᠦᠯᠥᠭ ᠨᠢᠭᠡ ᠪᠠᠰᠠ ᠤᠯᠤᠭᠰᠠᠨ ᠦᠭᠡᠢ ᠪᠤᠯ ᠲᠡᠷᠡ ᠠᠳᠬᠤ ᠨᠠᠭᠠᠳᠣᠮ ᠢ ᠬᠦᠴᠦᠨ ᠦᠭᠡᠢ ᠪᠤᠯᠭᠠᠨ᠎ᠠ᠃    ᠬᠡᠨ ᠬᠦᠮᠥᠨ ᠬᠡᠷᠪᠡ ᠨᠢᠭᠡᠯᠬᠡᠨ ᠠᠳᠬᠤ ᠲᠡᠭᠡᠷ᠎ᠡ ᠭᠤᠷᠪᠠᠨ ᠤᠯᠠᠭᠠᠨ ᠬᠦᠯᠥᠭ ᠢ ᠤᠯᠤᠭᠰᠠᠨ ᠪᠤᠯ ᠲᠡᠷᠡ ᠠᠳᠬᠤ ᠨᠠᠭᠠᠳᠣᠮ ᠢ ᠬᠦᠴᠦᠨ ᠦᠭᠡᠢ ᠪᠤᠯᠭᠠᠨ᠎ᠠ᠃    ᠬᠡᠷᠪᠡ ᠭᠤᠷᠪᠠᠨ ᠬᠦᠮᠥᠨ ︽ᠴᠡᠪᠡᠷ︾ ᠴᠤᠬᠢᠪᠠᠯ᠂ ᠲᠡᠷᠡ ᠠᠳᠬᠤ ᠨᠠᠭᠠᠳᠣᠮ ᠢ ᠬᠦᠴᠦᠨ ᠦᠬᠡᠢ ᠪᠤᠯᠭᠠᠨ᠎ᠠ᠃    ᠲᠦᠷᠦᠬᠦᠦ ᠬᠦᠯᠥᠭ ᠭᠠᠷᠭᠠᠭᠰᠠᠨ ᠤ ᠲᠠᠷᠠᠭ᠎ᠠ᠂ ᠭᠠᠷ ᠲᠤᠤᠷᠠᠬᠢ ᠭᠤᠷᠪᠠᠨ ᠬᠦᠮᠥᠨ ᠪᠦᠷ ᠭᠠᠷᠭᠠᠬᠤ ᠬᠦᠯᠥᠭ ᠦᠬᠡᠢ᠂ ᠬᠦᠯᠥᠭ ᠢᠶᠠᠨ ᠬᠦᠮᠥᠷᠢᠬᠦ ᠳᠤ ᠬᠦᠷᠪᠡᠯ᠂ ᠲᠡᠷᠡ ᠬᠦᠮᠥᠨ ᠲᠡᠭᠦᠨ ᠢᠶᠠᠨ ᠡᠬᠡᠬᠦᠯᠥᠨ ᠠᠪᠠᠴᠢᠵᠦ᠂ ᠦᠬᠡᠷ᠎ᠡ ᠬᠦᠯᠥᠭ ᠭᠠᠷᠭᠠᠨ᠎ᠠ᠃    ᠦᠬᠡᠷ ᠮᠦᠷᠭᠦᠯᠳᠦᠬᠦᠯᠬᠦ ᠨᠠᠭᠠᠳᠣᠮ ᠭᠡᠳᠡᠭ ᠨᠢ ᠠᠷᠭ᠎ᠠ ᠤᠬᠠᠭᠠᠨ ᠭᠠᠷᠭᠠᠵᠦ ᠪᠠᠶᠢᠭᠠᠳ ᠪᠤᠰᠤᠳ ᠤᠨ ᠭᠠᠷ  ᠲᠠᠬᠢ ᠬᠦᠯᠥᠭ ᠢ ᠭᠠᠴᠢᠵᠦ᠂ ᠦᠪᠡᠷ ᠤᠨ ᠭᠠᠷ ᠲᠠᠬᠢ ᠬᠦᠯᠥᠭ ᠢᠶᠠᠨ ᠭᠠᠷᠭᠠᠬᠤ ᠶᠠᠪᠤᠳᠠᠯ ᠪᠤᠯᠬᠤ ᠣᠴᠢᠷ ᠠᠴᠠ ᠭᠤᠷᠪᠠᠨ ᠡᠭᠡᠯᠵᠢ ᠶᠠᠪᠤᠭᠳᠠᠵᠦ᠂ ᠪᠣᠰᠣᠳ ᠬᠦᠮᠥᠨ ᠬᠦᠯᠥᠭ ᠢ ᠭᠠᠴᠢᠵᠦ ᠭᠠᠷᠭᠠᠬᠤ ᠲᠤᠬᠢᠶᠠᠯ ᠢ ᠨᠢ ᠠᠯᠳᠠᠭᠤᠯᠤᠭᠰᠠᠨ ᠤ ᠰᠡᠭᠦᠯᠡᠷ ︽ᠵᠠᠩ ᠪᠤᠳᠤᠨ᠎ᠠ︾ ᠭᠡᠵᠦ ᠨᠦᠬᠦᠴᠡᠯ ᠲᠤᠷᠠᠳᠴᠦ ᠪᠤᠯᠤᠨ᠎ᠠ᠃ ᠲᠡᠭᠡᠭᠡᠳ ᠭᠠᠷ  ᠲᠠᠬᠢ ᠬᠦᠯᠥᠭ ᠤᠨ ᠨᠦᠬᠡ ᠪᠠᠨ ᠲᠤᠭᠠᠯᠠᠭᠠᠳ ︽ᠵᠠᠩ ᠪᠣᠳᠣᠨ᠎ᠠ︾ ᠬᠡᠵᠦ ᠬᠡᠯᠡᠭᠰᠡᠨ ᠬᠦᠮᠥᠨ ᠨᠦᠭᠡ ᠶᠢᠨ ᠲᠤᠭ᠎ᠠ  ᠨᠢ ᠪᠤᠰᠤᠳ ᠤᠨ ᠬᠢ ᠠᠴᠠ ᠪᠠᠭ᠎ᠠ ᠪᠤᠯ ᠨᠦᠬᠦᠭᠡ ᠬᠦᠮᠥᠨ ᠪᠦᠷᠢ ᠠᠴᠠ ᠨᠢᠭᠡ ᠦᠭᠡᠷ ᠠᠪᠣᠨ᠎ᠠ᠃ ᠬᠡᠷᠪᠡ ︽ᠵᠠᠩ ᠪᠤᠳᠤᠭᠰᠠᠨ︾ ᠬᠦᠮᠥᠨ ᠤ ᠬᠦᠯᠥᠭ ᠤᠨ ᠨᠦᠬᠡᠨ ᠲᠤᠭ᠎ᠠ ᠨᠢ ᠦᠭᠡᠷ᠎ᠡ ᠨᠢᠭᠡ ᠬᠦᠮᠥᠨ ᠤ ᠬᠢ ᠠᠴᠠ ᠢᠯᠡᠬᠦᠦ ᠪᠣᠶᠣ ᠲᠡᠩᠴᠡᠭᠦᠦ ᠪᠤᠯ ᠲᠡᠷᠡ ᠬᠦᠮᠥᠨ ᠨᠦᠬᠦᠬᠡ ᠭᠤᠷᠪᠠᠨ ᠬᠦᠮᠥᠨ ᠳᠤ ᠲᠤᠰ ᠪᠦᠷᠢ ᠨᠢᠭᠡ ᠦᠭᠡᠷ ᠲᠦᠯᠥᠵᠦ ᠦᠭᠭᠦᠨ᠎ᠡ     ᠬᠡᠷᠪᠡ ᠶᠠᠮᠠᠷ ᠨᠢᠭᠡᠨ ᠵᠦᠢᠯ ᠤᠨ ᠬᠦᠯᠥᠭ ᠭᠠᠷᠴᠦ ᠪᠠᠷᠠᠮᠠᠷ ᠪᠠᠶᠢᠵᠦ᠂ ᠨᠢᠭᠡ ᠦᠵᠦᠬᠦᠷ ᠲᠤᠨᠢ ᠪᠠᠶᠢᠵᠦ ᠪᠠᠶᠢᠬᠤ  ᠳᠤ ᠲᠡᠷᠡ ᠨᠦᠬᠦᠬᠡ ᠦᠵᠦᠬᠦᠷ ᠲᠤᠨᠢ ᠵᠠᠯᠭᠠᠵᠦ ᠲᠠᠯᠪᠢᠪᠠᠯ ︽ᠲᠡᠯᠡᠵᠡᠢ︾ ᠭᠡᠳᠡᠭ᠃ ᠵᠠᠪᠰᠢᠶᠠᠨ ᠢᠶᠠᠷ ᠦᠭᠡᠷ᠎ᠡ ᠬᠦᠮᠥᠨ ︽ᠵᠠᠩ ᠪᠤᠳᠤᠨ᠎ᠠ︾ ᠭᠡᠳ ᠵᠠᠩ ᠪᠤᠳᠤᠭᠠᠳ ᠲᠡᠷᠡ ᠬᠦᠮᠥᠨ ᠱᠦᠬᠦᠭᠰᠡᠨ ᠪᠤᠯ ᠭᠤᠷᠪᠠᠨ ᠬᠦᠮᠥᠨ ᠤ ᠱᠦᠬᠦᠭᠳᠡᠭᠰᠡᠨ ᠦᠷᠢ ᠶᠢ ᠲᠡᠷᠡ ᠭᠠᠭᠴᠠᠭᠠᠷ ᠲᠦᠯᠥᠨ᠎ᠡ᠃    ᠬᠡᠷᠪᠡ ᠬᠤᠶᠠᠷ ᠤᠯᠠᠭᠠᠨ ᠬᠦᠯᠥᠭ ︵ᠠᠯᠳᠠᠨ ᠡᠬᠦᠲᠡ︶ ᠢ ᠤᠯᠤᠭᠰᠠᠨ ᠪᠤᠯ ᠲᠡᠭᠦᠨ ᠢᠶᠠᠨ ᠲᠦᠷᠦᠬᠦᠦ ᠭᠠᠷᠭᠠᠬᠤ ᠦᠶ᠎ᠡ ᠳᠤ ᠪᠠᠨ ᠶᠠᠭᠤ ᠴᠦ ᠲᠤᠤᠭᠠᠷᠬᠤ ᠦᠭᠡᠢ᠂ ᠬᠡᠷᠪᠡ ᠭᠠᠭᠴᠠ ᠣᠯᠠᠭᠠᠨ ᠢ ᠤᠯᠤᠭᠰᠠᠨ ᠪᠤᠯ ᠭᠠᠷᠭᠠᠬᠤ ᠦᠶ᠎ᠡ ᠳᠤ ᠪᠠᠨ ︽ᠠᠯᠳᠠᠨ ᠡᠬᠦᠳᠡ︾ ᠭᠡᠵᠦ ᠬᠡᠯᠡᠳᠡᠭ᠃    ᠲᠣᠳᠣᠷᠬᠠᠶᠢᠯᠠᠬᠤ ᠨᠢ᠂ ᠵᠠᠷᠢᠮ ᠨᠢ ᠬᠤᠶᠠᠷ ᠴᠢᠪᠠᠭᠠᠨᠴᠠ ᠲᠠᠢ ᠪᠠᠶᠢᠳᠠᠭ᠂ ᠲᠡᠭᠡᠪᠡᠯ ︽ᠭᠤᠳᠤᠯ ᠲᠠᠪᠤ︾ ᠬᠡᠳᠡᠭ ᠬᠦᠯᠥᠭ ᠢ ᠭᠠᠷᠭᠠᠵᠦ ᠠᠮᠠᠷᠠᠭᠤᠯᠳᠠᠭ᠃ ᠭᠡᠬᠦ ᠳᠡᠭᠡᠨ ᠴᠢᠪᠠᠭᠠᠨᠴᠠ ᠭᠡᠳᠡᠭ ᠬᠦᠯᠥᠭ ᠢ ᠬᠠᠪᠴᠢᠬᠤ ᠦᠭᠡᠢ᠂ ᠭᠠᠭᠴᠠ ᠴᠢᠪᠠᠭᠠᠨᠴᠠ ᠬᠦᠯᠥᠭ ᠲᠠᠢ ᠨᠠᠭᠠᠳᠪᠠᠯ᠂ ᠴᠢᠪᠠᠭᠠᠨᠴᠠ ᠬᠦᠯᠥᠭ ᠢ ᠬᠠᠪᠴᠢᠵᠦ ᠨᠠᠭᠠᠳᠳᠠᠭ᠃ 
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号