| ᠵᠢᠷᠭᠢᠭᠡ ᠨᠠᠭᠠᠳᠣᠮ ᠪᠣᠯ ᠨᠢᠭᠡᠨ ᠵᠦᠢᠯ ᠤᠨ ᠣᠯᠠᠮᠵᠢᠯᠠᠯᠳᠣ ᠬᠦᠯᠭᠡᠨ ᠨᠠᠭᠠᠳᠣᠮ ᠪᠣᠯᠬᠤ ᠶᠤᠮ᠃ ᠲᠡᠷᠡ ᠨᠢ | ᠡᠷᠳᠡᠨ ᠤ ᠮᠣᠩᠭᠤᠯᠴᠣᠳ ᠤᠨ ᠮᠠᠯ ᠮᠠᠯᠵᠢᠯ ᠪᠣᠯᠣᠨ ᠠᠩ ᠠᠩᠨᠠᠯ ᠤᠨ ᠠᠮᠢᠳᠣᠷᠠᠯ ᠲᠣᠮᠳᠠ ᠪᠠᠨ ᠡᠭᠦᠳᠦᠭᠰᠡᠨ | ᠦᠨᠳᠦᠰᠦᠳᠡᠨ ᠤ ᠣᠨᠴᠠᠯᠢᠭ ᠪᠦᠬᠦᠢ ᠨᠠᠭᠠᠳᠣᠮ ᠪᠣᠯᠣᠨ᠎ᠠ᠃ | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠪᠠᠭᠠᠴᠣᠳ ᠬᠡᠣᠬᠡᠳ ᠬᠦᠭᠰᠢᠨ ᠵᠠᠯᠠᠭᠤ ᠡᠷᠡᠭᠳᠡᠢ ᠡᠮᠡᠭᠳᠡᠢ | ᠢᠯᠭᠠᠯ ᠦᠭᠡᠢ ᠵᠢᠷᠭᠢᠭᠡ ᠨᠠᠭᠠᠳᠳᠠᠭ᠃ ᠵᠢᠷᠭᠢᠭᠡ ᠶᠢᠨ ᠲᠦᠷᠦᠯ ᠵᠦᠢᠯ ᠠᠯᠢ ᠣᠯᠠᠨ ᠪᠠᠶᠢᠳᠠᠭ ᠴᠦ ᠵᠦᠩᠳᠡᠭᠡᠨ | ᠨᠠᠭᠠᠳᠳᠠᠭ ᠨᠢ ᠪᠣᠭᠤ ᠶᠢᠨ ᠵᠢᠷᠬᠢᠭᠡ᠂ ᠠᠷᠪᠠᠨ ᠬᠤᠶᠠᠷ ᠵᠢᠷᠭᠢᠭᠡ᠂ ᠵᠠᠯᠭᠠᠯᠳᠣᠭᠰᠠᠨ ᠭᠤᠷᠪᠠᠨ ᠰᠢᠪᠠᠭ᠎ᠠ ᠵᠢᠷᠭᠢᠭᠡ᠂ | ᠦᠮᠦᠳᠦᠨ ᠠᠯᠠ ᠶᠢᠨ ᠵᠢᠷᠭᠢᠭᠡ ᠵᠡᠷᠭᠡ ᠪᠣᠯᠣᠨ᠎ᠠ᠃ | | ᠪᠣᠭᠤ ᠶᠢᠨ ᠵᠢᠷᠭᠢᠭᠡ | ᠪᠣᠭᠤ ᠶᠢᠨ ᠵᠢᠷᠬᠢᠭᠡ ᠭᠡᠵᠤ ᠬᠤᠶᠠᠷ ᠬᠦᠮᠦᠨ ᠨᠠᠭᠠᠳᠳᠠᠭ ᠣᠷᠠᠨ ᠮᠡᠷᠭᠡᠵᠢᠯ ᠣᠷᠣᠬᠤ ᠨᠠᠭᠠᠳᠣᠮ ᠶᠤᠮ᠃ | ᠬᠦᠮᠦᠨ ᠤ ᠰᠡᠳᠬᠢᠭᠦᠢ ᠴᠢᠳᠠᠪᠣᠷᠢ ᠶᠢ ᠨᠡᠮᠡᠭᠳᠡᠭᠦᠯᠬᠦ᠂ ᠲᠠᠷᠢᠬᠢ ᠶᠢ ᠰᠡᠷᠭᠡᠭ ᠪᠣᠯᠭᠠᠵᠣ᠂ ᠵᠠᠪᠰᠢᠶᠠᠨ ᠠᠯᠳᠠᠬᠤ ᠦᠭᠡᠢ | ᠡᠵᠡᠮᠰᠢᠵᠤ ᠴᠢᠳᠠᠬᠤ ᠴᠢᠳᠠᠪᠣᠷᠢ ᠶᠢ ᠪᠣᠯᠪᠠᠰᠣᠷᠠᠭᠤᠯᠳᠠᠭ᠃ ᠪᠣᠭᠤ ᠶᠢᠨ ᠵᠢᠷᠭᠢᠭᠡ ᠶᠢᠨ ᠨᠠᠭᠠᠳᠣᠮ ᠤᠨ ᠲᠠᠯᠠᠪᠠᠢ ᠳᠤ᠄ | ᠨᠠᠶᠠᠨ ᠵᠢᠷᠭᠤᠭᠠᠨ ᠵᠠᠮ ᠲᠠᠢ᠂ ᠠᠭᠤᠯᠠᠨ ᠣᠷᠣᠢ᠂ ᠠᠭᠤᠯᠠᠨ ᠭᠤᠣᠯ᠂ ᠠᠭᠤᠯᠠᠨ ᠰᠡᠵᠢᠭᠦᠷ᠂ ᠠᠭᠤᠯᠨᠨ | ᠬᠠᠵᠠᠭᠤ᠂ ᠠᠭᠤᠯᠠᠨ ᠵᠠᠯᠠᠮᠠᠭᠠᠢ᠂ ᠦᠨᠴᠦᠭ᠂ ᠵᠢᠷᠬᠢ ᠶᠢᠨ ᠭᠤᠣᠯ᠂ ᠰᠦᠪᠡᠭᠡ᠂ ᠰᠦᠯᠵᠢᠮᠠᠯ᠂ ᠡᠭᠡᠮ ᠬᠠᠪᠢᠷᠭ᠎ᠠ | ᠬᠡᠭᠦ ᠮᠡᠳᠦ ᠶᠢᠨ ᠦᠷᠳᠡᠭᠡ ᠲᠠᠢ᠃ | ᠨᠠᠭᠠᠳᠬᠤ᠄ ᠨᠢᠭᠡ ᠬᠦᠮᠦᠨ ᠨᠢ ᠬᠤᠶᠠᠷ ᠪᠣᠭᠤ ᠪᠠᠨ ᠠᠭᠤᠯᠠᠨ ᠤ ᠵᠠᠯᠠᠮᠠᠭᠠᠢ ᠦᠷᠳᠡᠭᠡ ᠳᠤ ᠲᠣᠰ ᠲᠣᠰ | ᠲᠠᠯᠪᠢᠨ᠎ᠠ᠃ ᠨᠦᠭᠦᠭᠡ ᠬᠦᠮᠦᠨ ᠨᠢ ᠬᠤᠷᠢᠨ ᠲᠦᠷᠪᠡᠨ ᠬᠦᠯᠦᠭ ᠲᠠᠢ᠂ ᠡᠭᠦᠨ ᠢᠶᠠᠨ ᠵᠢᠷᠬᠢᠭᠡ ᠶᠢᠨ ᠲᠠᠯᠠᠪᠠᠢ ᠶᠢᠨ | ᠢᠶᠠᠨ ᠡᠭᠡᠮ᠂ ᠰᠦᠯᠵᠢᠮᠠᠯ᠂ ᠰᠦᠪᠡᠭᠡ ᠦᠷᠳᠡᠭᠡ ᠳᠤ ᠨᠠᠢᠮᠠᠨ ᠬᠦᠯᠦᠭ ᠢᠶᠠᠨ ᠲᠣᠬᠢᠷᠠᠭᠤᠯᠵᠣ ᠲᠠᠯᠪᠢᠨ᠎ᠠ᠃ | ᠨᠠᠭᠠᠳᠬᠤ ᠶᠣᠰᠣ᠄ | ᠬᠤᠶᠠᠷ ᠬᠦᠮᠦᠨ ᠡᠬᠡᠯᠵᠢᠯᠡᠨ ᠶᠠᠪᠣᠨ᠎ᠠ᠂ ᠬᠡᠭᠦ ᠳᠤ ᠪᠠᠨ ᠪᠣᠭᠤ ᠠᠪᠣᠭᠰᠠᠨ ᠬᠦᠮᠦᠨ ᠣᠷᠢᠳᠠᠪᠠᠷ ᠶᠠᠪᠣᠨ᠎ᠠ᠃ | ᠪᠣᠭᠤ ᠨᠦᠭᠦᠭᠡ ᠡᠳᠡᠭᠡᠳ ᠤᠨ ᠢᠶᠠᠨ ᠬᠦᠯᠦᠭ ᠢ ᠢᠳᠡᠬᠦ ᠦᠶ᠎ᠡ ᠳᠤ ᠡᠮᠦᠨ᠎ᠡ ᠵᠠᠮ ᠳᠠᠬᠢ ᠬᠦᠯᠦᠭ ᠤᠨ | ᠴᠠᠭᠠᠨᠠᠬᠢ ᠦᠷᠳᠡᠭᠡ ᠳᠤ ᠬᠦᠯᠦᠭ ᠦᠭᠡᠢ ᠦᠶ᠎ᠡ ᠳᠤ ᠲᠡᠭᠡᠭᠦᠷ ᠨᠢ ᠭᠠᠷᠴᠣ᠂ ᠴᠠᠭᠠᠨᠠᠬᠢ ᠦᠷᠳᠡᠭᠡ ᠶᠢ ᠡᠵᠡᠯᠡᠨ | ᠠᠪᠴᠣ ᠲᠠᠷᠠ ᠦᠷᠳᠡᠭᠡ ᠶᠢᠨ ᠬᠦᠯᠦᠭ ᠢ ᠢᠳᠡᠵᠡᠢ ᠭᠡᠵᠤ ᠠᠪᠴᠣ ᠬᠠᠶᠠᠨ᠎ᠠ᠃ | ᠡᠩ ᠤᠨ ᠦᠶ᠎ᠡ ᠶᠢᠨ ᠪᠣᠭᠤ ᠠᠰ ᠵᠠᠮ ᠢᠶᠠᠷ ᠨᠢᠭᠡ ᠨᠢᠭᠡ ᠦᠷᠳᠡᠭᠡ ᠪᠠᠷ ᠶᠠᠪᠣᠨ᠎ᠠ᠃ | ᠬᠦᠯᠦᠭ ᠠᠪᠣᠭᠰᠠᠨ ᠬᠦᠮᠦᠨ ᠬᠤᠭᠤᠰᠣᠨ ᠣᠷᠣ ᠪᠠᠨ ᠨᠦᠭᠦᠪᠦᠷᠢᠯᠡᠨ ᠲᠠᠯᠪᠢᠵᠣ᠂ ᠬᠤᠷᠢᠨ ᠲᠦᠷᠪᠡᠨ ᠬᠦᠯᠦᠭ | ᠲᠠᠯᠪᠢᠵᠣ ᠪᠠᠷᠠᠪᠠᠯ ᠲᠠᠯᠠᠪᠠᠢ ᠳᠤ ᠪᠠᠶᠢᠬᠤ ᠬᠦᠯᠦᠭ ᠢᠶᠠᠨ ᠠᠰ ᠵᠠᠮ ᠢᠶᠠᠷ ᠪᠣᠭᠤ ᠶᠢ ᠬᠤᠷᠢᠬᠤ ᠪᠠᠷ ᠨᠢᠭᠡ ᠨᠢᠭᠡ | ᠦᠷᠳᠡᠭᠡ ᠪᠠᠷ ᠶᠠᠪᠣᠨ᠎ᠠ᠃ | ᠬᠡᠵᠢᠶ᠎ᠡ ᠪᠣᠭᠤ ᠶᠢ ᠶᠠᠪᠣᠬᠤ ᠵᠠᠮ ᠦᠭᠡᠢ ᠪᠣᠯᠳᠠᠯ᠎ᠠ ᠰᠢᠬᠠᠵᠣ ᠲᠠᠯᠪᠢᠪᠠᠯ ᠢᠯᠠᠭᠰᠠᠨ ᠢᠶᠠᠷ ᠪᠣᠳᠣᠨ᠎ᠠ᠃ ᠭᠡᠷᠪᠡ | ᠬᠦᠯᠦᠭ ᠨᠢ ᠢᠳᠡᠭᠳᠡᠭᠰᠡᠭᠡᠷ ᠨᠦᠬᠦᠭᠡ ᠡᠳᠡᠭᠡᠳ ᠤᠨ ᠪᠣᠭᠤ ᠶᠢ ᠬᠤᠷᠢᠵᠣ ᠴᠢᠳᠠᠬᠤ ᠦᠭᠡᠢ ᠪᠣᠯᠣᠭᠰᠠᠨ ᠪᠠᠶᠢᠪᠠᠯ | ᠪᠣᠭᠤ ᠠᠪᠣᠭᠰᠨᠨ ᠬᠦᠮᠦᠨ ᠢ ᠢᠯᠠᠭᠳᠠᠭᠰᠠᠨ ᠢᠶᠠᠷ ᠪᠣᠳᠣᠨ᠎ᠠ᠃ | ᠪᠣᠭᠤ ᠶᠢ ᠬᠤᠷᠢᠬᠤ ᠠᠷᠭ᠎ᠠ᠄ | ᠨᠢᠭᠡᠯᠭᠡᠨ ᠠᠭᠤᠯᠠᠨ ᠳᠤ ᠬᠤᠶᠠᠷ ᠪᠣᠭᠤ ᠶᠢ ᠬᠠᠮᠳᠣ ᠪᠠᠷ ᠬᠤᠷᠢᠬᠤ | ᠬᠤᠶᠠᠷ ᠪᠣᠭᠤ ᠶᠢ ᠬᠤᠶᠠᠷ ᠠᠭᠤᠯᠠᠨ ᠳᠤ ᠲᠣᠰ ᠲᠣᠰ ᠬᠤᠷᠢᠬᠤ | ᠦᠭᠡᠷ᠎ᠡ ᠦᠷᠳᠡᠭᠡ ᠳᠤ ᠰᠣᠯᠠ ᠬᠤᠷᠢᠬᠤ | ᠴᠢᠶᠠᠨᠳᠠᠰᠠᠯᠠᠨ ᠬᠤᠷᠢᠬᠤ᠂ ᠡᠨᠡ ᠨᠢ ᠬᠤᠶᠠᠷ ᠪᠣᠭᠤ ᠶᠢᠨ ᠬᠤᠭᠤᠷᠣᠨᠳᠣ ᠨᠢᠭᠡ ᠬᠦᠯᠦᠭ ᠣᠷᠣᠭᠰᠠᠨ ᠪᠠᠶᠢᠳᠠᠭ᠃ | ᠬᠠᠮᠤᠭ ᠤᠨ ᠣᠷᠠᠨ ᠣᠬᠠᠭᠠᠨ ᠲᠠᠢ ᠬᠦᠮᠦᠨ ᠪᠣᠯ ᠢᠩᠭᠢᠵᠣ ᠬᠤᠷᠢᠵᠣ ᠴᠢᠳᠠᠳᠠᠭ ᠪᠠᠶᠢᠨ᠎ᠠ᠃ | | ᠠᠷᠪᠠᠨ ᠬᠤᠶᠠᠷ ᠵᠢᠷᠭᠢᠭᠡ | ᠠᠷᠪᠠᠨ ᠬᠤᠶᠠᠷ ᠵᠢᠷᠭᠢᠭᠡ ᠭᠡᠵᠤ ᠠᠭᠠᠯᠵᠢ ᠶᠢᠨ ᠲᠣᠣᠷ ᠰᠢᠭ᠋ ᠪᠦᠷᠢᠯᠳᠦᠭᠰᠡᠨ ᠲᠦᠴᠢᠨ ᠵᠠᠮ᠂ ᠬᠤᠷᠢᠨ ᠲᠦᠷᠪᠡᠨ | ᠦᠷᠳᠡᠭᠡ ᠲᠠᠢ᠂ ᠬᠤᠶᠠᠷ ᠬᠦᠮᠦᠨ ᠨᠠᠭᠠᠳᠬᠤ ᠪᠦᠭᠡᠳ ᠬᠦᠮᠦᠨ ᠪᠦᠷᠢ ᠠᠷᠪᠠᠨ ᠬᠤᠶᠠᠷ ᠬᠦᠯᠦᠭ ᠠᠪᠬᠤ ᠪᠠᠷ ᠨᠢ | ᠠᠷᠪᠠᠨ ᠬᠤᠶᠠᠷ ᠵᠢᠷᠬᠢᠭᠡ ᠭᠡᠰᠡᠨ ᠪᠠᠶᠢᠳᠠᠭ᠃ ᠡᠨᠡ ᠨᠢ ᠬᠦᠮᠦᠨ ᠤ ᠣᠢ ᠪᠢᠯᠢᠭ ᠢ ᠬᠦᠭᠵᠢᠭᠦᠯᠦᠨ | ᠪᠠᠶᠠᠯᠢᠭᠵᠢᠭᠤᠯᠬᠤ᠂ ᠣᠶᠣᠨ ᠰᠠᠨᠠᠭ᠎ᠠ ᠶᠢ ᠨᠡᠭᠡᠭᠡᠭᠳᠡᠭᠦᠯᠬᠦ ᠰᠣᠨᠢᠨ ᠭᠠᠶᠢᠬᠠᠯᠳᠠᠢ ᠨᠠᠭᠠᠳᠣᠮ ᠲᠣᠭᠯᠠᠭᠠᠮ ᠪᠣᠯᠣᠨ᠎ᠠ᠃ | ᠨᠠᠭᠠᠳᠬᠤ ᠠᠷᠭ᠎ᠠ ᠪᠠ ᠶᠣᠰᠣ | ᠬᠤᠷᠣᠭᠤ ᠵᠢᠮᠡᠯᠡᠬᠦ ᠪᠣᠶᠣ ᠰᠢᠪᠠᠭ᠎ᠠ ᠲᠠᠳᠠᠵᠣ ᠡᠭᠡᠯᠵᠢ ᠪᠠᠨ ᠡᠬᠢᠯᠡᠨ᠎ᠡ᠃ | ᠬᠡᠨ ᠤ ᠬᠢᠨᠢ ᠭᠤᠷᠪᠠᠨ ᠬᠦᠯᠦᠭ ᠨᠢ ᠨᠢᠭᠡ ᠱᠣᠭᠤᠮ ᠳᠠᠬᠢ ᠭᠤᠷᠪᠠᠨ ᠦᠷᠳᠡᠭᠡ ᠶᠢ ᠵᠠᠯᠭᠠᠯᠳᠣᠨ ᠡᠵᠡᠯᠡᠭᠰᠡᠨ | ᠪᠠᠶᠢᠪᠠᠯ ︿︿ᠵᠢᠷᠬᠢᠵᠠᠢ﹀﹀ ᠭᠡᠵᠤ ᠨᠦᠭᠦᠭᠡ ᠡᠳᠡᠭᠡᠳ ᠤᠨ ᠢᠶᠠᠨ ᠴᠢᠬᠤᠯᠠ ᠪᠠᠶᠢᠷᠢ ᠶᠢ ᠡᠵᠡᠯᠡᠵᠣ ᠪᠠᠶᠢᠭ᠎ᠠ ᠬᠦᠯᠦᠭ ᠢ | ᠨᠢ ᠢᠳᠡᠵᠡᠢ ᠭᠡᠳ ᠠᠪᠴᠣ ᠦᠷᠳᠡᠭᠡ ᠶᠢᠨ ᠬᠠᠵᠠᠭᠤ ᠳᠤ ᠰᠢᠯᠵᠢᠭᠦᠯᠦᠨ ᠲᠠᠯᠪᠢᠨ᠎ᠠ᠃ | ᠬᠦᠮᠦᠨ ᠪᠦᠷᠢ ᠠᠷᠪᠠᠨ ᠬᠤᠶᠠᠷ ᠬᠦᠯᠦᠭ ᠢᠶᠠᠨ ᠪᠦᠭᠦᠨ ᠢ ᠲᠠᠯᠪᠢᠵᠣ ᠪᠠᠷᠠᠪᠠᠯ᠂ ᠡᠨᠡᠬᠦ ᠢᠳᠡᠭᠳᠡᠭᠡᠳ ᠦᠷᠳᠡᠭᠡ | ᠶᠢᠨ ᠬᠠᠵᠠᠭᠤ ᠳᠠᠬᠢ ᠬᠦᠯᠦᠭ ᠤᠳ ᠢᠶᠠᠨ ᠠᠪᠴᠣ ᠬᠠᠶᠠᠭᠠᠳ ᠦᠯᠡᠳᠡᠵᠣ ᠪᠠᠶᠢᠭ᠎ᠠ ᠬᠦᠯᠦᠭ ᠢᠶᠠᠷ ᠢᠶᠠᠨ ᠨᠢᠭᠡ ᠨᠢᠭᠡ | ᠦᠷᠳᠡᠭᠡ ᠪᠠᠷ ᠰᠢᠯᠵᠢᠭᠦᠯᠦᠨ ᠠᠪᠴᠢᠷᠠᠵᠣ ︿︿ᠵᠢᠷᠭᠢᠭᠡ﹀﹀ ᠪᠣᠯᠭᠠᠵᠣ ᠨᠦᠭᠦᠭᠡ ᠡᠳᠡᠭᠡᠳ ᠤᠨ ᠢᠶᠠᠨ ᠬᠦᠯᠦᠭ ᠳᠠᠬᠢ | ᠴᠢᠬᠤᠯᠠ ᠪᠠᠶᠢᠷᠢ ᠶᠢ ᠡᠵᠡᠯᠡᠵᠣ ᠪᠠᠶᠢᠭ᠎ᠠ ᠬᠦᠯᠦᠭ ᠢ ᠢᠳᠡᠨ᠎ᠡ᠃ | ᠬᠦᠮᠦᠨ ᠤ ︿︿ᠵᠢᠷᠬᠢᠭᠡ﹀﹀ ᠳᠠᠬᠢ ᠬᠦᠯᠦᠭ ᠢ ᠢᠳᠡᠵᠣ ᠪᠣᠯᠬᠤ ᠦᠭᠡᠢ᠃ | ᠬᠦᠮᠦᠨ ᠪᠦᠷᠢ ᠠᠷᠪᠠᠨ ᠬᠤᠶᠠᠷ ᠬᠦᠯᠦᠭ ᠢᠶᠠᠨ ᠲᠠᠯᠪᠢᠵᠣ ᠪᠠᠷᠠᠬᠤ ᠠᠴᠠ ᠡᠮᠦᠨ᠎ᠡ ᠵᠢᠷᠭᠢᠭᠰᠡᠨ ᠬᠦᠯᠦᠭ ᠤᠨ | ᠣᠷᠣᠨ ᠳᠤ ᠰᠢᠨ᠎ᠡ ᠬᠦᠯᠦᠭ ᠲᠠᠯᠪᠢᠵᠣ ᠪᠣᠯᠬᠤ ᠦᠭᠡᠢ᠃ | ᠠᠯᠢ ᠨᠢᠭᠡ ᠨᠢ ᠨᠦᠭᠦᠭᠡ ᠡᠳᠡᠭᠡᠳ ᠤᠨ ᠢᠶᠠᠨ ᠬᠦᠯᠦᠭ ᠢ ᠵᠢᠷᠭᠢᠬᠦ ᠲᠡᠩᠬᠡᠭᠡ ᠦᠭᠡᠢ ᠪᠣᠯᠳᠠᠯ᠎ᠠ ᠢᠳᠡᠭᠰᠡᠨ | ᠪᠠᠶᠢᠪᠠᠯ ᠲᠡᠷᠡ ᠬᠦᠮᠦᠨ ᠢ ᠢᠯᠠᠭᠰᠠᠨ ᠢᠶᠠᠷ ᠪᠣᠳᠣᠨ᠎ᠠ᠃ | | ᠵᠠᠯᠭᠠᠯᠳᠣᠭᠰᠨᠨ ᠭᠤᠷᠪᠠᠨ ᠰᠢᠪᠠᠭ᠎ᠠ ᠵᠢᠷᠭᠢᠭᠡ | ᠵᠠᠯᠭᠠᠯᠳᠣᠭᠰᠠᠨ ᠭᠤᠷᠪᠠᠨ ᠰᠢᠪᠠᠭ᠎ᠠ ᠵᠢᠷᠭᠢᠭᠡ ᠶᠢ ᠭᠤᠷᠪᠠᠨ ᠬᠦᠮᠦᠨ ᠨᠠᠭᠠᠳᠳᠠᠭ᠃ ᠮᠦᠨᠴᠦ ᠣᠷᠠᠨ ᠣᠬᠠᠭᠠᠨ᠂ | ᠰᠡᠳᠬᠢᠵᠣ ᠰᠢᠨᠵᠢᠬᠦ ᠮᠡᠷᠭᠡᠵᠢᠯ ᠢ ᠲᠡᠭᠡᠭᠰᠢᠯᠡᠭᠦᠯᠳᠡᠭ ᠣᠷᠠᠨ ᠲᠣᠭᠯᠠᠭᠠᠮ ᠪᠣᠯᠣᠨ᠎ᠠ᠃ | ᠨᠠᠭᠠᠳᠬᠤ ᠠᠷᠭ᠎ᠠ᠄ | ᠬᠦᠮᠦᠨ ᠪᠦᠷᠢ ᠳᠤ ᠭᠤᠷᠪᠠᠨ ᠰᠢᠪᠠᠭ᠎ᠠ ᠲᠠᠢ᠂ ᠲᠠᠪᠣᠨ ᠦᠨᠳᠡᠭᠡ ᠲᠠᠢ ︵ᠨᠢᠭᠡ ᠵᠦᠢᠯ ᠤᠨ ᠶᠠᠭᠤᠮ᠎ᠠ ᠪᠠᠷ | ᠣᠷᠣᠯᠠᠨ᠎ᠠ︶᠃ | ᠨᠡᠶᠢᠳᠡ ᠶᠢᠰᠦᠨ ᠰᠢᠪᠠᠭ᠎ᠠ ᠶᠢ ︵3.6.9︶᠂ ︵2.5.8︶᠂ ︵1.4.7︶ ᠭᠡᠵᠤ ᠭᠤᠷᠪᠠᠨ ᠪᠦᠯᠦᠭ | ᠬᠤᠪᠢᠶᠠᠵᠣ᠂ ᠭᠤᠷᠪᠠᠨ ᠬᠦᠮᠦᠨ ᠰᠢᠪᠠᠭ᠎ᠠ ᠲᠠᠳᠠᠵᠣ ᠢᠯᠠᠭᠰᠠᠨ ᠲᠠᠷᠠᠭ᠎ᠠ ᠪᠠᠷ ᠢᠶᠠᠨ ᠡᠨᠡᠬᠦ ᠭᠤᠷᠪᠠᠨ ᠪᠦᠯᠦᠭ ᠲᠤᠭ᠎ᠠ | ᠶᠢ ᠢᠯᠭᠠᠵᠣ ᠠᠪᠣᠨ᠎ᠠ᠃ | ᠲᠡᠭᠡᠭᠡᠳ ᠲᠣᠰ ᠪᠦᠷᠢ ᠪᠡᠶ᠎ᠡ ᠪᠡᠶ᠎ᠡ ᠶᠢᠨ ᠢᠶᠠᠨ ᠪᠠᠶᠢᠳᠠᠯ ᠲᠦᠯᠦᠪ᠂ ᠴᠢᠷᠠᠢ ᠶᠢᠨ ᠢᠯᠡᠷᠡᠯ ᠢ ᠦᠵᠡᠵᠣ ᠪᠠᠶᠢᠭᠠᠳ | ᠰᠢᠪᠠᠭ᠎ᠠ ᠪᠠᠨ ᠭᠠᠷᠭᠠᠵᠣ᠂ ᠬᠠᠮᠳᠣ ᠪᠠᠷ ᠭᠠᠷ ᠢᠶᠠᠨ ᠲᠡᠯᠭᠡᠵᠣ᠂ ᠭᠤᠷᠪᠠᠨ ᠬᠦᠮᠦᠨ ᠤ ᠰᠢᠪᠠᠭ᠎ᠠ ᠶᠢᠨ ᠲᠤᠭ᠎ᠠ ᠶᠢᠨ | ᠨᠡᠶᠢᠯᠡᠪᠦᠷ ᠨᠢ ᠬᠡᠨ ᠬᠦᠮᠦᠨ ᠤ ᠬᠤᠪᠢᠶᠠᠨ ᠠᠪᠣᠭᠰᠠᠨ ᠲᠤᠭ᠎ᠠ ᠲᠠᠢ ᠲᠣᠬᠢᠶᠠᠯᠳᠣᠭᠰᠠᠨ ᠪᠣᠯ ᠲᠡᠷᠡ ᠬᠦᠮᠦᠨ ᠬᠦᠯᠦᠭ | ᠢᠶᠠᠨ ᠨᠢᠭᠡ ᠦᠷᠳᠡᠭᠡ ᠶᠠᠪᠣᠨ᠎ᠠ᠃ ᠨᠡᠶᠢᠳᠡ ᠠᠷᠪᠠᠨ ᠨᠢᠭᠡᠨ ᠦᠷᠳᠡᠭᠡ ᠪᠣᠯᠣᠨ᠎ᠠ᠃ | ᠬᠡᠨ ᠬᠦᠮᠦᠨ ᠠᠭᠤᠯᠠᠨ ᠤ ᠣᠷᠣᠢ ᠲᠡᠭᠡᠷ᠎ᠡ ᠣᠷᠢᠳᠴᠢᠯᠠᠨ ᠭᠠᠷᠪᠠᠯ ᠭᠡᠷ ᠲᠣᠳᠣᠷ᠎ᠠ ᠪᠠᠨ ᠨᠢᠭᠡ ᠦᠨᠳᠡᠭᠡ | ᠲᠦᠷᠦᠨ᠎ᠡ᠃ ᠦᠨᠳᠡᠭᠡ ᠪᠠᠨ ᠲᠦᠷᠦᠬᠦ ᠦᠶ᠎ᠡ ᠳᠤ ᠪᠠᠨ ᠲᠠᠬᠢᠶ᠎ᠠ ᠦᠨᠳᠡᠭᠡ ᠲᠦᠷᠦᠵᠣ ᠪᠠᠶᠢᠭ᠎ᠠ ᠮᠡᠳᠦ ᠭᠤᠳᠠᠶᠢᠯᠠᠨᠠ | ᠃ | ᠬᠡᠨ ᠬᠦᠮᠦᠨ ᠤ ᠬᠦᠯᠦᠭ ᠨᠢ ᠣᠷᠣᠭᠰᠢ ᠶᠠᠪᠣᠵᠣ ᠪᠠᠶᠢᠭᠠᠳ ᠬᠤᠳᠳᠤᠭ ᠦᠷᠳᠡᠭᠡ ᠳᠤ ᠪᠠᠶᠢᠵᠣ ᠪᠠᠶᠢᠳᠠᠯ᠎ᠠ | ᠦᠭᠡᠷ᠎ᠡ ᠬᠦᠮᠦᠨ ᠤ ᠬᠦᠯᠦᠭ ᠨᠢ ᠰᠢᠯᠵᠢᠵᠣ ᠢᠷᠡᠭᠡᠳ ᠲᠡᠭᠦᠨ ᠲᠡᠭᠡᠷ᠎ᠡ ᠨᠢ ᠲᠠᠪᠬᠤᠷᠯᠠᠪᠠᠯ ᠲᠡᠷᠡ ᠲᠠᠷᠣᠭᠳᠠᠭᠰᠠᠨ | ᠬᠦᠯᠦᠭ ᠨᠢ ᠨᠢᠭᠡ ᠡᠭᠡᠯᠵᠢ ᠬᠦᠯᠢᠶᠡᠨ᠎ᠡ᠃ | ᠬᠡᠨ ᠬᠦᠮᠦᠨ ᠨᠢ ᠲᠠᠪᠣᠨ ᠦᠨᠳᠡᠭᠡ ᠪᠠᠨ ᠣᠷᠢᠳᠴᠢᠯᠠᠨ ᠲᠦᠷᠦᠵᠣ ᠪᠠᠷᠠᠪᠠᠯ ᠲᠡᠷᠡ ᠬᠦᠮᠦᠨ ᠨᠢ ᠢᠯᠠᠵᠣ | ᠨᠣᠶᠠᠨ ᠪᠣᠯᠣᠨ᠎ᠠ᠃ | ᠣᠷᠢᠳᠴᠢᠯᠠᠨ ᠲᠦᠷᠦᠵᠣ ᠪᠠᠷᠠᠭᠰᠠᠨ ᠬᠦᠮᠦᠨ ᠤ ᠪᠠᠨ ᠰᠢᠪᠠᠭ᠎ᠠ ᠪᠠ ᠬᠤᠪᠢᠶᠠᠨ ᠣᠯᠣᠭᠰᠠᠨ ᠲᠤᠭ᠎ᠠ ᠶᠢ | ᠦᠯᠡᠳᠡᠭᠰᠡᠨ ᠬᠤᠶᠠᠷ ᠬᠦᠮᠦᠨ ᠨᠢ ᠬᠤᠪᠢᠶᠠᠨ ᠠᠪᠴᠣ ᠦᠷᠬᠦᠯᠵᠢᠯᠨᠨ ᠨᠠᠭᠠᠳᠴᠣ ᠢᠯᠠᠭᠰᠠᠨ ᠨᠢ ᠲᠦᠰᠢᠮᠡᠯ | ᠪᠣᠯᠣᠨ᠎ᠠ᠂ ᠨᠦᠭᠦᠭᠡ ᠢ ᠪᠣᠭᠤᠯ ᠪᠣᠯᠣᠨ᠎ᠠ᠃ | ᠨᠣᠶᠠᠨ ᠨᠢ ᠪᠣᠭᠤᠯ ᠢ ᠶᠠᠭᠠᠬᠢᠵᠣ ᠰᠢᠢᠳᠭᠡᠨ᠎ᠡ ᠭᠡᠪᠡᠯ ᠲᠡᠷᠡ ᠶᠣᠰᠣ ᠪᠠᠷ ᠪᠡᠶᠡᠯᠡᠭᠦᠯᠦᠨ᠎ᠡ᠃ ᠬᠡᠷᠪᠡ ᠭᠠᠷ ᠤᠨ | ᠠᠯᠠᠭ᠎ᠠ ᠶᠢ ᠨᠢ ᠬᠡᠳᠦ ᠴᠣᠬᠢ ᠭᠡᠪᠡᠯ ᠲᠦᠰᠢᠮᠡᠯ ᠨᠢ ᠬᠡᠯᠡᠭᠰᠡᠨ ᠶᠣᠰᠣᠭᠠᠷ ᠭᠦᠢᠴᠡᠳᠭᠡᠨ᠎ᠡ᠃ ᠢᠮᠠᠭ᠎ᠠ ᠪᠣᠯ ᠭᠡᠪᠡᠯ | ᠢᠮᠠᠭ᠎ᠠ ᠮᠡᠳᠦ ᠮᠠᠶᠢᠯᠠᠨ᠎ᠠ᠃ ᠶᠠᠮᠠᠷ ᠠᠮᠢᠳᠠᠨ ᠪᠣᠯ ᠭᠡᠪᠡᠯ ᠶᠠᠮᠠᠷ ᠠᠮᠢᠳᠠᠨ ᠢ ᠲᠠᠭᠤᠷᠢᠶᠠᠨᠠ᠃ | | ᠦᠮᠦᠳᠦᠨ ᠠᠯᠠ ᠶᠢᠨ ᠵᠢᠷᠭᠢᠭᠡ | ᠦᠮᠦᠳᠦᠨ ᠠᠯᠠ ᠶᠢᠨ ᠵᠢᠷᠬᠢᠭᠡ ᠶᠢ ᠬᠤᠶᠠᠷ ᠬᠦᠮᠦᠨ ᠨᠠᠭᠠᠳᠳᠠᠭ᠃ ᠨᠢᠭᠡ ᠬᠦᠮᠦᠨ ᠬᠤᠶᠠᠷᠬᠠᠨ ᠬᠦᠯᠦᠭ ᠲᠠᠢ᠂ | ᠶᠠᠪᠣᠬᠤ ᠵᠠᠮ ᠨᠢ ᠲᠣᠯᠣᠭᠠᠬᠠᠨ ᠪᠣᠯᠪᠠᠴᠣ ᠮᠠᠰᠢ ᠨᠠᠷᠢᠨ ᠣᠬᠠᠭᠠᠨ ᠬᠡᠷᠡᠭᠯᠡᠨ ᠪᠠᠶᠢᠵᠣ ᠨᠦᠬᠦᠭᠡ ᠡᠳᠡᠭᠡᠳ ᠤᠨ ᠢᠶᠠᠨ | ᠬᠦᠯᠦᠭ ᠢ ᠬᠤᠷᠢᠵᠣ ᠲᠡᠶᠢᠯᠦᠨ᠎ᠡ᠃ ᠪᠠᠰᠠ ᠴᠦ ᠬᠦᠮᠦᠰ ᠤᠨ ᠣᠶᠣᠨ ᠣᠬᠠᠭᠠᠨ ᠰᠡᠳᠬᠢᠬᠦ ᠴᠢᠳᠠᠪᠣᠷᠢ ᠶᠢ | ᠲᠡᠭᠡᠭᠰᠢᠯᠡᠭᠦᠯᠬᠦ ᠨᠠᠭᠠᠳᠣᠮ ᠲᠣᠭᠯᠠᠭᠠᠮ ᠪᠣᠯᠣᠨ᠎ᠠ᠃ | ᠦᠮᠦᠳᠦᠨ ᠠᠯᠠ ᠶᠢᠨ ᠵᠢᠷᠬᠢᠭᠡ ᠶᠢ ᠨᠠᠭᠠᠳᠬᠤ ᠶᠣᠰᠣ᠄ | ᠬᠤᠶᠠᠷ ᠬᠦᠮᠦᠨ ᠵᠢᠷᠭᠢᠭᠡ ᠶᠢᠨ ᠢᠶᠠᠨ ᠬᠤᠶᠠᠷ ᠲᠠᠯ᠎ᠠ ᠳᠤ ᠡᠰᠡᠷᠭᠦᠯᠡᠨ ᠰᠠᠭᠤᠵᠣ᠂ ᠬᠦᠯᠦᠭ ᠢᠶᠠᠨ ᠲᠣᠰ ᠲᠣᠰ | ᠵᠠᠬ᠎ᠠ ᠦᠷᠳᠡᠭᠡ ᠪᠠ ᠴᠣᠷᠯᠠᠩ ᠦᠷᠳᠡᠭᠡ ᠳᠤ ᠲᠠᠯᠪᠢᠨ᠎ᠠ᠃ | ᠬᠤᠷᠣᠭᠤ ᠵᠢᠮᠡᠯᠵᠣ ᠡᠬᠢᠯᠡᠨ ᠶᠠᠪᠣᠬᠤ ᠡᠭᠡᠯᠵᠢ ᠪᠠᠨ ᠰᠣᠩᠭᠤᠵᠣ ᠡᠭᠡᠯᠵᠢᠯᠡᠨ ᠶᠠᠪᠣᠨ᠎ᠠ᠃ | ᠡᠬᠢᠯᠡᠨ ᠶᠠᠪᠣᠬᠤ ᠳᠤ ᠪᠠᠨ ᠵᠠᠪᠠᠯ ᠵᠠᠬ᠎ᠠ ᠦᠷᠳᠡᠭᠡ ᠶᠢᠨ ᠬᠦᠯᠦᠭ ᠢᠶᠠᠨ ᠶᠠᠪᠣᠬᠤ ᠬᠡᠷᠡᠭᠳᠡᠢ᠃ | ᠬᠡᠨ ᠨᠢᠭᠡ ᠨᠢ ᠨᠦᠭᠦᠭᠡ ᠬᠦᠮᠦᠨ ᠤ ᠪᠠᠨ ᠬᠤᠶᠠᠷ ᠬᠦᠯᠦᠭ ᠢ ᠬᠠᠰᠢᠵᠣ᠂ ᠶᠠᠪᠣᠬᠤ ᠵᠠᠮ ᠦᠭᠡᠢ ᠪᠣᠯᠭᠠᠪᠠᠯ | ᠲᠡᠭᠦᠨ ᠢ ᠢᠯᠠᠭᠰᠠᠨ ᠢᠶᠠᠷ ᠪᠣᠳᠣᠨ᠎ᠠ᠃ | | ᠯᠠᠩᠳᠣ ᠶᠢᠨ ᠵᠢᠷᠭᠢᠭᠡ | ᠯᠠᠩᠳᠣ ᠶᠢᠨ ᠵᠢᠷᠭᠢᠭᠡ ᠭᠡᠵᠤ ᠬᠤᠶᠠᠷ ᠬᠦᠮᠦᠨ ᠤ ᠨᠠᠭᠠᠳᠣᠮ ᠪᠣᠯᠣᠨ᠎ᠠ᠃ ᠬᠦᠮᠦᠨ ᠪᠦᠷᠢ ᠳᠤ ᠭᠤᠷᠪᠠᠨ ᠬᠦᠯᠦᠭ | ᠲᠠᠢ᠂ ᠶᠠᠪᠣᠬᠤ ᠠᠴᠠ ᠵᠢᠷᠭᠤᠭᠠᠨ ᠦᠷᠳᠡᠭᠡ ᠲᠠᠢ ᠭᠤᠷᠪᠠᠨ ᠭᠡᠷ ᠭᠡᠵᠤ ᠪᠠᠶᠢᠳᠠᠭ᠃ ᠨᠡᠶᠢᠳᠡ ᠶᠢᠰᠦᠨ ᠵᠠᠮ ᠲᠠᠢ᠃ | ᠨᠠᠭᠠᠳᠬᠤ ᠠᠷᠭ᠎ᠠ ᠢ᠄ ᠬᠤᠶᠠᠷ ᠬᠦᠮᠦᠨ ᠡᠰᠡᠷᠭᠦᠯᠡᠨ ᠰᠠᠭᠤᠵᠣ ᠵᠢᠷᠬᠢᠭᠡ ᠶᠢᠨ ᠢᠶᠠᠨ ᠬᠤᠶᠠᠷ ᠵᠠᠬ᠎ᠠ ᠶᠢᠨ ᠵᠠᠭᠠᠮ᠎ᠠ | ᠦᠷᠳᠡᠭᠡ᠂ ᠪᠦᠰᠡᠯᠡᠭᠦᠷ ᠦᠷᠳᠡᠭᠡ᠂ ᠭᠡᠷ ᠦᠷᠳᠡᠭᠡ ᠳᠤ ᠲᠣᠰ ᠲᠣᠰ ᠭᠤᠷᠪᠠᠨ ᠬᠦᠯᠦᠭ ᠢᠶᠠᠨ ᠲᠣᠬᠢᠷᠠᠭᠤᠯᠣᠨ | ᠲᠠᠯᠪᠢᠨ᠎ᠠ᠃ | ᠠᠩᠬ᠎ᠠ ᠣᠳᠠᠭ᠎ᠠ ᠶᠢᠨ ᠨᠠᠭᠠᠳᠣᠮ ᠳᠤ ᠬᠤᠷᠣᠭᠤ ᠭᠠᠷᠭᠠᠵᠣ ᠢᠯᠠᠭᠰᠠᠨ ᠬᠦᠮᠦᠨ ᠨᠢ ᠣᠷᠢᠳᠠᠪᠠᠷ ᠶᠠᠪᠣᠨ᠎ᠠ᠃ | ᠲᠠᠷᠠᠭ᠎ᠠ ᠣᠳᠠᠭ᠎ᠠ ᠶᠢᠨ ᠨᠠᠭᠠᠳᠣᠮ ᠳᠤ ᠲᠡᠶᠢᠯᠦᠭᠳᠡᠭᠰᠡᠨ ᠬᠦᠮᠦᠨ ᠣᠷᠢᠳᠠᠪᠠᠷ ᠶᠠᠪᠣᠨ᠎ᠠ᠃ | ᠨᠠᠭᠠᠳᠬᠤ ᠶᠣᠰᠣ᠄ ᠬᠤᠶᠠᠷ ᠬᠦᠮᠦᠨ ᠡᠭᠡᠯᠵᠢᠯᠡᠨ ᠶᠠᠪᠣᠵᠣ ᠭᠡᠨ ᠨᠢᠭᠡ ᠨᠢ ᠨᠦᠭᠦᠭᠡ ᠡᠳᠡᠭᠡᠳ ᠤᠨ ᠢᠶᠠᠨ | ᠬᠦᠯᠦᠭ ᠢ ᠭᠡᠷ ᠦᠷᠳᠡᠭᠡ ᠳᠤ ᠰᠢᠬᠠᠨ ᠬᠤᠷᠢᠨ᠎ᠠ᠃ ᠬᠡᠨ ᠨᠢᠭᠡ ᠨᠢ ᠨᠦᠭᠦᠭᠡ ᠡᠳᠡᠭᠡᠳ ᠤᠨ ᠢᠶᠠᠨ ᠭᠤᠷᠪᠠᠨ | ᠬᠦᠯᠦᠭ ᠢ ᠭᠡᠷ ᠦᠷᠳᠡᠭᠡ ᠳᠤ ᠰᠢᠬᠠᠨ ᠠᠪᠠᠴᠢᠵᠣ ᠬᠤᠷᠢᠵᠣ ᠲᠠᠯᠪᠢᠪᠠᠯ ᠲᠡᠷᠡ ᠬᠦᠮᠦᠨ ᠢ ᠢᠯᠠᠭᠰᠠᠨ ᠢᠶᠠᠷ ᠪᠣᠳᠣᠨ᠎ᠠ | ᠃ | ᠬᠡᠳᠦᠶᠢᠪᠡᠷ ᠰᠣᠯᠠ ᠦᠷᠳᠡᠭᠡ ᠨᠢ ᠭᠤᠷᠪᠠᠭ᠋ᠠᠨ ᠪᠠᠶᠢᠳᠠᠭ ᠴᠦ ᠣᠷᠠᠨ ᠮᠡᠷᠭᠡᠵᠢᠯ ᠣᠷᠣᠬᠤ ᠶᠤᠮ᠃ | | |