ᠮᠤᠩᠭᠤᠯ ᠦᠨᠳᠦᠰᠦᠳᠡᠨ ᠤ ᠤᠯᠠᠮᠵᠢᠯᠠᠯᠳᠤ ᠵᠠᠩᠰᠢᠯ — ᠴᠠᠭᠠᠯᠠᠬᠤ ᠶᠤᠰᠤ ᠵᠠᠩᠰᠢᠯ ︵2︶
ᠨᠡᠶᠢᠲᠡᠯᠡᠭᠰᠡᠨ ᠴᠠᠭ᠄
2025/2/23
          ᠪᠢᠳᠡᠬᠦᠯᠬᠦ — —    ᠪᠢᠳᠡᠬᠦᠯᠬᠦ ᠭᠡᠳᠡᠭ ᠦᠬᠡ ᠪᠤᠯ ︽ᠪᠢᠳᠡᠬᠦᠦ ᠪᠤᠯᠭᠠᠵᠤ ᠳᠠᠯᠪᠢᠬᠤ︾ ᠭᠡᠳᠡᠭ ᠰᠠᠨᠠᠭ᠎ᠠ ᠲᠠᠢ ᠪᠠᠶᠢᠳᠠᠭ᠃ ᠪᠢᠳᠡᠬᠦᠨ ᠭᠡᠳᠡᠭ ᠨᠢ ᠳᠤᠯᠤᠭᠠᠨ ᠴᠢᠯᠦᠬᠡᠨ ᠤ ᠬᠠᠮᠤᠭ ᠤᠨ ᠰᠡᠬᠦᠯ ᠤᠨ ᠡᠳᠤᠷ ᠢ ᠬᠡᠯᠡᠵᠦ ᠪᠠᠶᠢᠨ᠎ᠠ᠃ ᠦᠬᠡᠷ᠎ᠠ ᠪᠠᠷ ᠬᠡᠯᠡᠪᠡᠯ ᠳᠤᠰ ᠵᠢᠯ ᠤᠨ ᠬᠠᠮᠤᠭ ᠡᠴᠤᠰ ᠤᠨ ᠡᠳᠤᠷ ᠢ ᠵᠢᠭᠠᠵᠤ ᠪᠠᠶᠢᠨ᠎ᠠ᠃ ᠬᠦᠬᠡᠬᠡ ᠰᠠᠷ᠎ᠠ ᠨᠢ ᠶᠡᠭᠡ ᠪᠤᠯ ᠭᠤᠴᠢᠨ ᠤ ᠡᠳᠤᠷ ᠢ ᠪᠢᠳᠡᠬᠦᠨ ᠭᠡᠵᠤ᠂ ᠭᠡᠷᠪᠡ ᠪᠠᠭ᠎ᠠ ᠰᠠᠷ᠎ᠠ ᠪᠤᠯ ᠬᠤᠷᠢ ᠶᠢᠰᠦᠨ ᠤ ᠡᠳᠤᠷ ᠢ ᠮᠥᠨ ᠨᠢᠬᠡ ᠯᠠ ᠠᠳᠠᠯᠢ ᠪᠢᠳᠡᠬᠦᠨ ᠭᠡᠳᠡᠭ᠃    ᠪᠢᠳᠡᠬᠦᠯᠬᠦ ᠭᠡᠵᠤ ᠶᠠᠭᠤ ᠶᠠᠭᠤ ᠪᠢᠳᠡᠬᠦᠦ ᠪᠤᠯᠭᠠᠵᠤ ᠳᠠᠯᠪᠢᠬᠤ ᠪᠤᠢ ᠬᠡᠪᠡᠯ᠄    ᠨᠢᠬᠡ ᠳᠤ ᠵᠢᠯ ᠢᠶᠠᠨ ᠪᠢᠳᠡᠬᠦᠯᠬᠦ︔ ᠬᠤᠶᠠᠷ ᠲᠤ᠂ ᠬᠦᠮᠦᠨ ᠢᠶᠠᠨ ᠪᠢᠳᠡᠬᠦᠯᠬᠦ᠄ ᠬᠦᠮᠦᠨ ᠢᠶᠠᠨ ᠪᠢᠳᠡᠬᠦᠯᠬᠦ ᠭᠡᠳᠡᠭ ᠪᠤᠯ ᠡᠷᠤᠬᠡ ᠬᠡᠷ ᠤᠨ ᠬᠢ ᠶᠢᠨ ᠨᠢᠬᠡ ᠨᠢ ᠭᠠᠳᠠᠨ᠎ᠠ ᠤᠷᠤᠨ ᠳᠤ ᠠᠯᠪᠠ ᠬᠢᠵᠦ ᠪᠠᠶᠢᠭ᠎ᠠ ᠪᠤᠶᠤ ᠤᠷᠳᠤ ᠬᠤᠭᠤᠴᠠᠭ᠎ᠠ ᠪᠠᠷ ᠠᠵᠢᠯ ᠬᠢᠵᠦ ᠪᠠᠶᠢᠪᠠᠯ ᠳᠡᠷᠡ ᠬᠦᠮᠦᠰ ᠪᠢᠳᠡᠬᠦᠨ ᠠᠴᠠ ᠡᠮᠤᠨ᠎ᠠ ᠵᠠᠪᠠᠯ ᠵᠠᠪᠳᠤᠵᠤ ᠬᠦᠷᠴᠤ ᠢᠷᠡᠳᠡᠭ ᠨᠢ ᠬᠡᠷ ᠤᠨ ᠬᠦᠮᠦᠨ ᠠᠮᠠ ᠪᠠᠨ ᠪᠦᠷᠢᠨ ᠪᠤᠯᠭᠠᠵᠤ ᠪᠢᠳᠡᠬᠦᠯᠬᠦ ᠭᠡᠰᠡᠨ ᠶᠤᠮ᠃ ᠭᠤᠷᠪᠠ ᠳᠤ᠂ ᠵᠠᠩ ᠦᠷᠢ ᠪᠠᠨ ᠪᠢᠳᠡᠬᠦᠯᠬᠦ︔ ᠬᠦᠮᠦᠰ ᠠᠪᠴᠠᠭ᠎ᠠ ᠦᠭᠴᠡᠭᠡ ᠪᠠᠨ ᠵᠠᠪᠠᠯ ᠪᠢᠳᠡᠬᠦᠨ ᠠᠴᠠ ᠡᠮᠤᠨ᠎ᠠ ᠲᠠᠭᠤᠰᠬᠠᠳᠠᠭ ᠶᠤᠮ ᠃ ᠲᠦᠷᠪᠡ ᠳᠤ᠂ ᠠᠵᠢᠯ ᠢᠶᠠᠨ ᠪᠢᠳᠡᠬᠦᠯᠬᠦ︔ ᠡᠷᠡᠭᠳᠡᠶᠢᠴᠤᠳ ᠵᠢᠯ ᠤᠨ ᠭᠠᠳᠠᠨᠠᠬᠢ ᠠᠵᠢᠯ ᠢᠶᠠᠨ ᠪᠦᠬᠦᠨ ᠢ ᠬᠢᠵᠦ ᠳᠠᠭᠤᠰᠬᠠᠭᠰᠠᠨ ᠳᠤᠯᠠ ᠠᠵᠢᠯ ᠢᠶᠠᠨ ᠪᠢᠳᠡᠬᠦᠯᠬᠦ᠂ ᠡᠮᠡᠭᠳᠡᠶᠢᠴᠤᠳ ᠤᠶᠤᠳᠠᠯ ᠢᠶᠠᠨ ᠳᠠᠭᠤᠰᠬᠠᠵᠤ᠂ ᠵᠡᠬᠦᠦ ᠤᠳᠠᠰᠤ  ᠪᠠᠨ ᠪᠢᠳᠡᠬᠦᠯᠬᠦ᠂ ᠪᠢᠴᠢᠭ ᠤᠨ ᠬᠦᠮᠦᠨ ᠨᠤᠮ ᠳᠡᠪᠳᠡᠷ᠂ ᠪᠢᠴᠢᠭ ᠤᠨ ᠬᠡᠷᠡᠭᠰᠡᠯ ᠢᠶᠠᠨ ᠪᠤᠭᠴᠤᠯᠠᠵᠤ ᠪᠢᠳᠡᠬᠦᠯᠬᠦ᠂ ᠨᠤᠮ ᠤᠡᠭᠰᠢᠬᠤ ᠬᠦᠮᠦᠨ ᠰᠤᠳᠤᠷ ᠨᠤᠮ ᠢᠶᠠᠨ ᠪᠢᠳᠡᠬᠦᠯᠬᠦ᠃ ᠲᠡᠪᠤ ᠳᠤ᠂ ᠪᠠᠭᠠᠵᠢ ᠬᠡᠷᠡᠭᠰᠡᠯ ᠵᠠᠷᠤᠳᠠᠯ ᠪᠠᠷᠢᠳᠠᠯ ᠢᠶᠠᠨ ᠪᠢᠳᠡᠬᠦᠯᠬᠦ᠃ ᠪᠤᠰᠤᠳ ᠠᠴᠠ ᠵᠢᠭᠡᠯᠡᠭᠰᠡᠨ ᠪᠤᠶᠤ ᠪᠤᠰᠤᠳ ᠲᠤ ᠵᠢᠬᠡᠯᠡᠬᠦᠯᠦᠭᠰᠡᠨ ᠪᠤᠯ ᠪᠦᠬᠦᠨ ᠢ ᠬᠤᠷᠢᠶᠠᠨ ᠠᠪᠴᠢᠷᠠᠭᠰᠠᠨ ᠪᠠᠶᠢᠳᠠᠭ᠃ ᠵᠢᠷᠭᠤᠭ᠎ᠠ ᠳᠤ᠂ ᠡᠮᠴᠢ ᠬᠦᠮᠦᠨ ᠡᠮ ᠤᠨ ᠪᠤᠭᠴᠤ ᠪᠠᠨ ᠪᠢᠳᠡᠬᠦᠯᠬᠦ︔ ᠡᠮᠴᠢ ᠬᠦᠮᠦᠨ ᠡᠮ ᠤᠨ ᠪᠤᠭᠴᠤ ᠪᠠᠨ ᠪᠢᠳᠡᠭᠦᠯᠦᠭᠰᠡᠨ ᠤ ᠰᠡᠬᠦᠯᠡᠷ ᠬᠡᠨ ᠬᠦᠮᠦᠨ ᠬᠠᠮᠤᠭ ᠤᠷᠢᠳᠡᠪᠡᠷ ᠡᠮ ᠵᠠᠯᠠᠷ᠎ᠠ ᠢᠷᠡᠪᠡᠯ ᠳᠡᠷᠡ ᠬᠦᠮᠦᠨ ᠡᠮ ᠤᠨ ᠪᠠᠷᠢᠯᠭ᠎ᠠ ᠠᠴᠠ ᠤᠨᠳᠤᠤ ᠪᠤᠭᠴᠤ ᠨᠡᠭᠡᠭᠡᠬᠦ ᠪᠠᠷᠢᠯᠭ᠎ᠠ ᠡᠷᠬᠦᠬᠦ ᠬᠡᠷᠡᠭᠳᠡᠢ᠂ ᠦᠭᠡᠢ ᠪᠤᠯ ᠡᠮᠴᠢ ᠪᠤᠭᠴᠤ ᠨᠡᠭᠡᠭᠡᠵᠦ ᠡᠮ ᠪᠠᠭᠯᠠᠬᠤ ᠪᠠᠷ ᠦᠭᠡᠢ᠃ ᠲᠤᠯᠤᠭ᠎ᠠ ᠳᠤ᠂ ᠢᠳᠡᠭᠡᠨ ᠢᠶᠠᠨ ᠪᠢᠳᠡᠬᠦᠯᠬᠦ︔ ᠪᠢᠳᠡᠬᠦᠨ ᠤ ᠰᠦᠨᠢ ᠵᠠᠪᠠᠯ ᠪᠢᠳᠡᠬᠦᠦ ᠪᠤᠳᠠᠭ᠎ᠠ ᠪᠠᠩᠰᠢ ᠢᠳᠡᠳᠡᠭ ᠵᠡᠷᠭᠡ ᠮᠠᠰᠢ ᠤᠯᠠᠨ ᠪᠢᠳᠡᠬᠦᠯᠬᠦ ᠤᠴᠢᠷ ᠪᠠᠶᠢᠳᠠᠭ᠃    ᠪᠢᠳᠡᠬᠦᠨ ᠤ ᠦᠷᠯᠦᠬᠡ ᠡᠷᠳᠡᠯᠡᠨ ᠪᠤᠰᠴᠤ᠂ ᠪᠡᠷᠢᠶᠡᠳ ᠨᠢ ᠬᠤᠭᠤᠯᠠ ᠤᠮᠳᠠᠭᠠᠨ ᠢᠶᠠᠨ ᠪᠠᠵᠠᠭᠠᠵᠤ᠂ ᠮᠢᠬ᠎ᠠ  ᠪᠠᠨ ᠴᠢᠨᠠᠵᠤ᠂ ᠬᠠᠭᠠᠷᠢᠮᠠᠯ ᠬᠠᠭᠤᠷᠢᠮᠠᠯ᠂ ᠠᠷᠢᠬᠢ ᠵᠠᠭᠤᠰᠢ ᠪᠠᠨ ᠭᠠᠷᠭᠠᠵᠤ ᠰᠢᠷᠡᠭᠡ ᠵᠠᠰᠠᠵᠤ ᠢᠳᠡᠬᠦ ᠪᠠᠷ ᠪᠡᠯᠡᠨ ᠪᠦᠬᠦᠢ ᠪᠤᠯᠭᠠᠵᠤ ᠪᠡᠯᠡᠳᠭᠡᠨ᠎ᠠ᠃ ᠭᠡᠬᠦ ᠳᠤ ᠪᠠᠨ ᠢᠳᠡᠭᠡᠨ ᠪᠦᠬᠦᠨ ᠤ ᠳᠡᠭᠡᠵᠢ ᠶᠢ ᠨᠢ ᠠᠪᠴᠤ ᠳᠡᠭᠡᠳᠤᠰ ᠲᠤ ᠪᠠᠨ ᠲᠦᠯᠡᠰᠢ ᠳᠤᠶ᠋ᠢᠩ ᠳᠤ ᠡᠷᠬᠦᠬᠦ ᠪᠠᠷ ᠪᠡᠯᠡᠳᠬᠡᠳᠡᠭ᠃ ᠬᠡᠷ ᠤᠨ ᠡᠵᠡᠨ ᠨᠢ ᠪᠤᠷᠬᠠᠨ ᠳᠤ ᠪᠠᠨ ᠬᠦᠵᠢ ᠵᠤᠯᠠ ᠡᠷᠬᠦᠵᠦ ᠂ ᠪᠤᠤᠪᠤ ᠪᠤᠭᠤᠷᠰᠤᠭ᠂ ᠴᠢᠪᠠᠭ᠎ᠠ ᠵᠡᠷᠭᠡ ᠶᠢᠨ ᠢᠳᠡᠭᠡᠨ ᠤ ᠤᠬᠢ ᠪᠠᠨ ᠡᠷᠬᠦᠵᠦ ᠳᠠᠯᠪᠢᠨ᠎ᠠ᠃   ᠬᠡᠤᠬᠡᠳ ᠨᠢ ᠬᠤᠤᠰ ᠤᠶᠠᠩᠭ᠎ᠠ ᠶᠢ ᠨᠠᠭᠠᠳᠠᠭ᠃ ᠭᠡᠬᠦ ᠳᠤ ᠪᠠᠨ ᠪᠤᠷᠬᠠᠨ ᠤ ᠬᠠᠵᠠᠭᠤ ᠳᠤ᠄ ︽ᠽᠠᠨᠳᠠᠨ ᠮᠤᠳᠤ ᠰᠠᠷᠠᠨ ᠤ ᠴᠢᠮᠡᠭ᠂ ᠰᠠᠮᠠᠭ᠎ᠠ ᠯᠢᠩᠬᠸ᠎ᠠ ᠪᠤᠷᠬᠠᠨ ᠤ ᠴᠢᠮᠡᠭ︾᠂ ︽ᠨᠠᠷᠠᠰᠤᠨ ᠮᠤᠳᠤ ᠨᠠᠷᠠᠨ ᠤ ᠴᠢᠮᠡᠭ᠂ ᠨᠠᠮᠠᠭ᠎ᠠ ᠯᠢᠩᠬᠸ᠎ᠠ ᠪᠤᠷᠬᠠᠨ ᠤ ᠴᠢᠮᠡᠭ︾ ᠭᠡᠵᠤ ᠪᠢᠴᠢᠳᠡᠭ᠃   ᠪᠤᠷᠬᠠᠨ ᠤ ᠳᠡᠭᠡᠳᠤ ᠳᠠᠯ᠎ᠠ ᠳᠤ ᠬᠦᠨᠳᠡᠯᠡᠨ ᠪᠢᠴᠢᠬᠡᠰᠤ ᠡᠯᠬᠦᠬᠦ ᠦᠭᠡᠢ᠃ ᠭᠠᠳᠠᠷ ᠳᠤᠳᠤᠷ ᠡᠬᠦᠳᠡᠨ ᠳᠡᠭᠡᠷ᠎ᠠ᠄ ᠠᠭᠠᠷ ᠤᠨ ᠨᠠᠷᠠᠨ ᠤ ᠳᠤᠶᠠᠭᠠᠨ ᠳᠤ ᠬᠡᠷᠡᠯᠳᠦᠭᠰᠡᠨ ᠡᠷᠤᠬᠡ ᠠᠯᠳᠠᠨ ᠳᠠᠬᠢᠶᠠᠨ ᠤ ᠳᠠᠭᠤᠨ ᠳᠤ ᠨᠡᠭᠡᠭᠡᠭᠳᠡᠭᠰᠡᠨ ᠡᠬᠦᠳᠡ᠃ ᠪᠤᠷᠬᠠᠨ ᠪᠠᠭᠰᠢ ᠶᠢᠨ ᠰᠤᠶᠤᠷᠬᠠᠯ ᠢᠶᠠᠷ ᠳᠡᠭᠵᠢᠷᠡᠭᠰᠡᠨ ᠡᠷᠤᠬᠡ ᠪᠤᠭᠳᠠ ᠰᠠᠬᠢᠭᠤᠯᠰᠤᠨ ᠤ ᠢᠪᠡᠭᠡᠯ ᠢᠶᠠᠷ ᠮᠠᠨᠳᠤᠭᠰᠠᠨ ᠡᠬᠦᠳᠡ᠃ ᠬᠤᠳᠤᠭ ᠭᠡᠰᠢᠭ ᠤᠷᠤᠰᠢᠭᠰᠠᠨ ᠪᠤᠶᠠᠨᠳᠤ ᠡᠷᠤᠬᠡ ᠭᠡᠢ ᠮᠤᠷᠢ ᠮᠠᠨᠳᠤᠭᠰᠠᠨ ᠵᠢᠷᠭᠠᠯᠳᠠᠢ ᠡᠬᠦᠳᠡ᠃    ᠬᠦᠨᠳᠡᠯᠡᠨ ᠪᠢᠴᠢᠬᠡᠰᠤ ᠨᠢ᠄ ᠡᠯᠪᠡᠭ ᠳᠡᠯᠪᠡᠭ ᠪᠠᠶᠠᠨ ᠵᠢᠯ᠂ ᠨᠢᠬᠡᠨ ᠡᠬᠦᠳᠡ ᠳᠠᠪᠤᠨ ᠪᠤᠶᠠᠨ᠂ ᠦᠬᠡᠳᠡ ᠡᠰᠡᠷᠡᠭ ᠡᠷᠡᠬᠦᠯ ᠡᠩᠬᠡ ᠬᠡᠳᠡᠭ᠃    ᠬᠦᠷᠢᠶ᠎ᠠ ᠬᠠᠭᠠᠯᠭ᠎ᠠ ᠳᠤ᠄ ᠬᠦᠮᠦᠵᠢᠬᠦ ᠬᠠᠪᠤᠷ ᠤᠨ ᠠᠭᠤᠷ ᠬᠦᠳᠡᠭᠡ ᠲᠦᠬᠦᠷᠡᠩ᠂ ᠬᠦᠭᠵᠢᠬᠦ ᠪᠠᠶᠠᠷ ᠤᠨ ᠠᠮᠢᠰᠬᠤᠯ ᠬᠦᠷᠢᠶ᠎ᠠ ᠲᠦᠬᠦᠷᠡᠩ᠃ ᠬᠦᠸᠧᠯᠢᠶᠠᠩ ᠤᠨ ᠬᠡᠷᠡᠮ ᠤᠨ ᠭᠠᠳᠠᠨᠠᠬᠢ ᠳᠡᠷᠢᠬᠦᠨ ᠳᠡᠭᠡᠷ᠎ᠠ᠄ ᠳᠡᠷᠢᠬᠦᠨ ᠡᠷᠬᠦᠮᠡᠭᠴᠡ ᠳᠡᠭᠰᠢ ᠪᠠᠶᠠᠷ ᠭᠡᠵᠤ᠂ ᠬᠦᠷᠢᠶ᠎ᠠ ᠬᠠᠭᠠᠯᠭ᠎ᠠ ᠶᠢᠨ ᠡᠮᠦᠨᠡᠬᠦᠷ ᠬᠦᠮᠦᠰ ᠤᠨ ᠵᠡᠬᠦᠨᠰᠢ ᠪᠠᠷᠠᠭᠤᠨᠰᠢ ᠶᠠᠪᠤᠬᠤ ᠵᠠᠮ ᠤᠨ ᠡᠮᠤᠨ᠎ᠠ ᠳᠠᠯ᠎ᠠ ᠳᠤ᠄ ᠡᠬᠦᠳᠡ ᠭᠠᠷᠤᠮᠠᠭᠴᠠ ᠦᠷᠬᠦᠯᠵᠢ ᠪᠠᠶᠠᠷ ᠭᠡᠵᠤ᠂ ᠬᠡᠷ ᠡᠰᠡᠷᠬᠦ ᠪᠠᠨ ᠬᠠᠨᠳᠤᠭᠤᠯᠵᠤ ᠬᠤᠤᠰᠯᠠᠭᠤᠯᠤᠨ ᠪᠤᠰᠬᠠᠵᠤ ᠳᠠᠯᠪᠢᠨ᠎ᠠ᠃ ᠴᠤᠩᠬᠤᠨ ᠳᠤᠷ᠄ ᠴᠤᠩᠬᠤ ᠲᠦᠷᠪᠡᠨ ᠤᠯᠠᠷᠢᠯ ᠤᠨ ᠪᠠᠶᠠᠷ ᠢ ᠤᠭᠳᠤᠮᠤᠢ᠃ ᠠᠪᠳᠠᠷ᠎ᠠ ᠳᠤ᠄ ᠠᠯᠳᠠ ᠮᠦᠡᠭᠭᠦ ᠠᠪᠳᠠᠷ᠎ᠠ ᠲᠦᠬᠦᠷᠡᠩ᠃ ᠳᠡᠭᠡᠷᠮ᠎ᠠ ᠳᠤᠷ᠄ ᠴᠠᠭᠠᠨ ᠪᠠᠷᠠᠰ ᠡᠬᠦᠷᠢᠳᠡ ᠳᠤᠭᠯᠠᠮᠤᠢ᠃ ᠱᠠᠮᠪᠠᠨ ᠳᠤᠷ᠄ ᠰᠠᠩ ᠲᠦᠬᠦᠷᠡᠩ ᠠᠮᠤ᠂ ᠬᠦᠮᠦᠷᠬᠡ ᠲᠦᠬᠦᠷᠡᠩ ᠡᠳ᠋᠃ ᠬᠤᠳᠳᠤᠭ ᠲᠤ᠄ ᠷᠠᠰᠢᠶᠠᠨ ᠤᠰᠤ ᠤᠨᠳᠤᠷᠤᠮᠤᠢ᠃ ᠮᠠᠯ ᠤᠨ ᠬᠠᠰᠢᠶ᠎ᠠ ᠳᠤᠷ᠄ ᠳᠠᠪᠤᠨ ᠬᠤᠰᠢᠭᠤ ᠮᠠᠯ ᠳᠠᠯ᠎ᠠ ᠲᠦᠬᠦᠷᠡᠩ᠂ ᠳᠠᠷᠭᠤᠨ ᠪᠤᠬ᠎ᠠ ᠬᠠᠰᠢᠶ᠎ᠠ ᠲᠦᠬᠦᠷᠡᠩ᠃ ᠳᠠᠬᠢᠶ᠎ᠠ ᠶᠢᠨ ᠡᠬᠦᠷ ᠲᠤ᠄ ᠠᠯᠳᠠᠨ ᠳᠠᠬᠢᠶ᠎ᠠ ᠡᠬᠦᠷ ᠲᠦᠬᠦᠷᠡᠩ᠃ ᠭᠠᠭ᠋ᠠᠢ ᠶᠢᠨ ᠡᠬᠦᠷ ᠲᠤ᠄ ᠳᠠᠷᠭᠤᠨ ᠭᠠᠭ᠋ᠠᠢ ᠡᠬᠦᠷ ᠲᠦᠬᠦᠷᠡᠩ᠃ ᠮᠤᠷᠢ ᠶᠢᠨ ᠤᠶᠠᠭ᠎ᠠ ᠳᠤ᠄ ᠠᠯᠳᠠᠨ ᠤᠨᠠᠭ᠎ᠠ ᠦᠬᠡᠷᠰᠦᠮᠤᠢ᠃ ᠳᠡᠷᠭᠡ ᠳᠤ᠄ ᠲᠦᠮᠡᠨ ᠭᠠᠵᠠᠷ ᠤᠨ ᠠᠶᠠᠨ ᠳᠤ ᠳᠡᠷᠭᠡ ᠬᠦᠮᠦᠨ ᠠᠮᠤᠭᠤᠯᠠᠩ᠃ ᠬᠤᠪᠤᠡᠭ ᠳᠤ᠄ ᠰᠢᠳᠢᠳᠤ ᠭᠠᠯ ᠬᠤᠪᠤᠡᠭ ᠲᠦᠬᠦᠷᠡᠩ᠃ ᠁ ᠭᠡᠬᠦ ᠮᠡᠳᠤ ᠬᠤᠤᠰ ᠤᠶᠠᠩᠭ᠎ᠠ ᠶᠢ ᠨᠠᠭᠠᠵᠤ᠂ ᠦᠨᠡᠬᠡᠷ ᠲᠦᠮᠡᠨ ᠡᠷᠤᠬᠡ ᠶᠢᠨ ᠡᠬᠦᠳᠡ ᠶᠢ ᠤᠯᠠᠭᠠᠨ ᠪᠤᠯᠭᠠᠵᠤ ᠰᠢᠨ᠎ᠠ ᠵᠢᠯ ᠢᠶᠠᠨ ᠤᠭᠳᠤᠬᠤ ᠪᠠᠶᠠᠷ ᠤᠨ ᠢᠯᠡᠷᠡᠯ ᠢ ᠪᠤᠢ ᠪᠤᠯᠭᠠᠳᠠᠭ᠃    ᠪᠢᠳᠡᠬᠦᠨ ᠤ ᠵᠤᠯᠭᠠᠯᠳᠠᠪᠢᠳᠡᠬᠦᠨ ᠤ ᠵᠤᠯᠭᠠᠯᠳᠠ ᠭᠡᠳᠡᠭ ᠨᠢ ᠪᠢᠳᠡᠬᠦᠨ ᠤ ᠦᠷᠯᠦᠬᠡᠬᠦᠷ ᠠᠵᠢᠯ ᠢᠶᠠᠨ ᠬᠢᠵᠦ ᠳᠠᠭᠤᠰᠬᠠᠭᠠᠳ ᠪᠡᠯᠡᠨ ᠪᠦᠬᠦᠢ ᠪᠡᠯᠡᠳᠬᠡᠵᠦ ᠵᠠᠰᠠᠴᠢᠬᠠᠭᠰᠠᠨ ᠰᠢᠷᠡᠬᠡᠨ ᠳᠤ ᠠᠬᠠᠮᠠᠳ ᠨᠠᠰᠤᠳᠠᠨ ᠭᠡᠵᠤ ᠦᠶ᠎ᠠ ᠳᠠᠷᠠᠭᠠᠯᠠᠨ ᠰᠠᠭᠤᠵᠤ᠂ ᠳᠤᠤᠷ᠎ᠠ ᠦᠶ᠎ᠠ ᠶᠢᠨ ᠬᠢᠨ ᠳᠡᠭᠡᠷ᠎ᠠ ᠦᠶ᠎ᠠ ᠶᠢᠨ ᠬᠦᠮᠦᠰ ᠲᠡᠭᠡᠨ ᠠᠷᠢᠬᠢ ᠭᠡᠮᠨᠡᠵᠦ᠂ ᠴᠢᠨᠠᠭᠰᠠᠨ ᠪᠦᠬᠦᠯᠢ ᠮᠢᠬ᠎ᠠ ᠠᠴᠠ ᠨᠢᠬᠡ ᠭᠡᠰᠡᠭ ᠤᠭᠳᠤᠯᠤᠨ ᠠᠪᠴᠤ ᠠᠶᠠᠭ᠎ᠠ ᠳᠤ ᠬᠢᠵᠦ ᠡᠷᠬᠦᠵᠦ ᠪᠠᠷᠢᠵᠦ ᠬᠦᠨᠳᠦᠳᠬᠡᠨ ᠮᠦᠷᠬᠦᠵᠦ ᠵᠤᠯᠭᠠᠨ᠎ᠠ᠃ ᠭᠤᠷᠪᠠᠨ ᠳᠤᠯᠤᠭᠠᠢ ᠮᠦᠷᠬᠦᠬᠦ ᠳᠤ ᠠᠬᠠᠮᠠᠳ ᠦᠶ᠎ᠠ ᠬᠢ ᠨᠢ ᠢᠷᠤᠬᠡᠯ ᠳᠠᠯᠪᠢᠬᠤ ᠦᠭᠡᠢ᠂ ᠭᠠᠷ ᠤᠨ ᠠᠯᠠᠭ᠎ᠠ ᠪᠠᠨ ᠳᠡᠯᠬᠡᠵᠦ ᠳᠡᠭᠡᠭᠰᠢ ᠡᠷᠬᠦᠰᠬᠢᠯᠡᠨ ︽ᠳᠡᠭᠡᠭᠰᠢ ᠪᠠᠨ᠂ ᠳᠡᠭᠡᠭᠰᠢ ᠪᠠᠨ︾ ᠭᠡᠵᠤ ᠬᠡᠯᠡᠭᠡᠳ ᠪᠤᠰᠬᠠᠳᠠᠭ᠃ ᠬᠡᠷᠪᠡ ᠵᠡᠬᠦᠨ ᠪᠠᠷᠠᠭᠤᠨ ᠬᠡᠷ ᠲᠤᠨᠢ ᠴᠢᠬᠤᠯᠠ ᠠᠬᠠᠮᠠᠳ‌ᠨᠢ ᠪᠠᠶᠢᠪᠠᠯ ᠮᠥᠨ ᠭᠡᠰᠡᠭᠳᠤ ᠮᠢᠬ᠎ᠠ ᠪᠠᠨ ᠡᠷᠬᠦᠨ ᠵᠤᠯᠭᠠᠵᠤ ᠪᠠᠶᠠᠷᠯᠠᠭᠤᠯᠵᠤ ᠪᠤᠴᠠᠵᠤ ᠢᠷᠡᠭᠡᠳ ᠰᠠᠶ᠋ᠢ ᠮᠢᠬ᠎ᠠ ᠪᠤᠳᠠᠭ᠎ᠠ ᠪᠠᠨ ᠢᠳᠡᠳᠡᠭ᠃ ᠢᠳᠡᠵᠦ ᠪᠠᠷᠠᠪᠠᠯ ᠬᠡᠤᠬᠡᠳ ᠫᠤᠤᠵᠢᠩ ᠳᠠᠯᠪᠢᠵᠦ ᠬᠠᠭᠤᠴᠢᠨ ᠵᠢᠯ ᠪᠢᠳᠡᠬᠦᠯᠵᠦ ᠪᠠᠶᠢᠭ᠎ᠠ ᠪᠠᠨ ᠢᠯᠡᠳᠬᠡᠨ᠎ᠠ᠃   ᠮᠠᠨ ᠤ ᠬᠤᠰᠢᠭᠤ ᠨᠤᠳᠤᠭ ᠲᠤ ᠪᠢᠳᠡᠬᠦᠯᠵᠦ ᠰᠢᠨᠡᠯᠡᠬᠦ ᠡᠳᠤᠷ ᠨᠢ ᠠᠳᠠᠯᠢ ᠴᠦ ᠦᠢᠯᠡᠳᠬᠦ ᠵᠠᠩᠰᠢᠯ ᠨᠢ ᠠᠳᠠᠯᠢ ᠦᠭᠡᠢ ᠪᠠᠶᠢᠳᠠᠭ ᠪᠠᠶᠢᠨ᠎ᠠ᠂ ᠵᠠᠷᠢᠮ ᠬᠦᠮᠦᠰ ᠨᠢ ᠪᠦᠬᠦᠯᠢ ᠮᠢᠬ᠎ᠠ ᠪᠠᠨ ᠦᠳᠡ ᠶᠢᠨ ᠬᠤᠭᠤᠯᠠᠨ ᠳᠤ ᠪᠠᠨ ᠪᠠᠶᠢᠷᠢᠰᠢᠭᠤᠯᠳᠠᠭ ᠳᠤᠯᠠ ᠪᠢᠳᠡᠬᠦᠨ ᠤ ᠵᠤᠯᠭᠠᠯᠳᠠ ᠪᠠᠨ ᠦᠳᠡ ᠰᠠᠶ᠋ᠢ ᠶᠠᠪᠤᠭᠳᠠᠭᠤᠯᠳᠠᠭ ᠪᠠᠶᠢᠨ᠎ᠠ᠃   ᠡᠪᠦᠭᠡ ᠳᠡᠭᠡᠳᠤᠰ ᠲᠡᠭᠡᠨ ᠲᠦᠯᠡᠰᠢ ᠲᠤᠶ᠋ᠢᠩ ᠦᠭᠭᠦ   ᠪᠢᠳᠡᠬᠦᠨ ᠤ ᠦᠶᠡᠰ ᠲᠤ ᠳᠠᠬᠢᠶ᠎ᠠ ᠴᠠᠭ ᠤᠨ ᠨᠢᠬᠡᠳᠤᠬᠡᠷ ᠮᠦᠴᠡ ᠳᠤ ᠨᠠᠷᠠ ᠰᠢᠩᠭᠡᠭᠦ ᠳᠤᠯᠠ ᠪᠠᠴᠢᠨ ᠴᠠᠭ ᠤᠨ ᠳᠠᠪᠤ᠂ ᠵᠢᠷᠭᠤᠳᠤᠭᠠᠷ ᠮᠦᠴᠡ ᠳᠤ ᠦᠭᠳᠡᠭ᠃ ᠲᠦᠯᠡᠰᠢ ᠦᠭᠭᠦ ᠳᠤ ᠪᠠᠨ ᠴᠡᠪᠡᠷ ᠲᠦᠯᠡᠭᠡ ᠨᠢᠬᠡ ᠪᠠᠭᠴᠠ ᠶᠢ ᠠᠪᠴᠤ ᠬᠡᠷ ᠠᠴᠠ ᠠᠯᠤᠰ ᠭᠠᠷᠴᠤ᠂ ᠴᠡᠪᠡᠷᠬᠡᠨ ᠰᠢᠭ ᠭᠠᠵᠠᠷ ᠢ ᠦᠵᠡᠵᠦ ᠭᠠᠯ ᠪᠠᠳᠠᠷᠠᠭᠠᠵᠤ ᠲᠦᠯᠡᠰᠢ ᠳᠤ ᠦᠭᠭᠦ  ᠪᠠᠷ ᠠᠪᠴᠢᠷᠠᠭᠰᠠᠨ ᠪᠢᠳᠡᠬᠦᠨ ᠤ ᠵᠤᠯᠭᠠᠯᠳᠠ ᠶᠢᠨ ᠢᠳᠡᠭᠡᠨ ᠤ ᠳᠡᠭᠡᠵᠢ᠂ ᠴᠠᠢ᠂ ᠬᠠᠭᠤᠷᠠᠢ ᠠᠮᠤ᠂ ᠰᠢᠷ᠎ᠠ ᠳᠤᠰᠤ᠂ ᠪᠤᠤᠪᠤ ᠪᠤᠭᠤᠷᠰᠤᠭ᠂ ᠬᠦᠵᠠ᠂ ᠴᠢᠪᠠᠭ᠎ᠠ᠂ ᠮᠢᠬ᠎ᠠ᠂ ᠬᠦᠬᠡ ᠴᠠᠭᠠᠨ ᠬᠠᠷ᠎ᠠ ᠪᠦᠰ ᠢ ᠭᠤᠷᠪᠠᠨ ᠬᠤᠷᠤᠭᠤ ᠰᠢᠬᠠᠮ ᠦᠷᠬᠡᠨ᠂ ᠰᠦᠬᠦᠮ ᠤᠷᠳᠤ ᠪᠠᠷ ᠬᠠᠶᠢᠴᠢᠯᠠᠵᠤ᠂ ᠰᠢᠳᠠᠭᠠᠬᠤ ᠴᠠᠭᠠᠰᠤ ᠪᠠᠨ ᠤᠷᠳᠤ ᠶᠢ ᠬᠤᠶᠠᠷ ᠨᠤᠭᠤᠯᠠᠵᠤ ᠭᠤᠷᠪᠠᠨ ᠳᠠᠪᠬᠤᠷ ᠪᠤᠯᠭᠠᠵᠤ᠂ ᠦᠷᠬᠡᠨ ᠢ ᠬᠤᠶᠠᠷ ᠨᠤᠭᠤᠯᠠᠵᠤ ᠵᠢᠷᠭᠤᠭᠠᠨ ᠳᠠᠪᠬᠤᠷ ᠪᠤᠯᠭᠠᠵᠤ ᠳᠡᠪᠢᠰᠬᠡᠷ ᠳᠡᠭᠡᠷ᠎ᠠ ᠳᠠᠯᠪᠢᠵᠦ ᠵᠤᠭᠤᠰ ᠤᠨ ᠬᠡᠪ ᠢᠶᠠᠷ ᠬᠦᠨᠳᠡᠯᠡᠨ ᠢᠶᠠᠷ ᠶᠢᠰᠦᠨ ᠮᠦᠷ᠂ ᠭᠤᠤᠯᠳᠤ ᠪᠠᠷ ᠶᠢᠰᠦᠨ ᠮᠦᠷ ᠢ ᠴᠤᠬᠢᠨ᠎ᠠ᠃ ᠬᠡᠷᠪᠡ ᠵᠤᠭᠤᠰ ᠤᠨ ᠬᠡᠪ ᠨᠢ ᠳᠡᠮᠤᠷ᠂ ᠬᠡᠪ ᠤᠨ ᠪᠠᠭᠠᠲᠤᠷ ᠨᠢ ᠮᠤᠳᠤ ᠪᠤᠯ ᠳᠡᠮᠤᠷ ᠢᠶᠠᠷ ᠴᠤᠬᠢᠨ᠎ᠠ᠂ ᠵᠤᠭᠤᠰ ᠤᠨ ᠬᠡᠪ ᠨᠢ ᠮᠤᠳᠤ ᠪᠠᠭᠠᠲᠤᠷ ᠨᠢ ᠳᠡᠮᠤᠷ ᠪᠤᠯ ᠮᠤᠳᠤ ᠪᠠᠷ ᠴᠤᠬᠢᠵᠦ᠂ ᠬᠠᠯᠠᠭ ᠴᠤᠬᠢᠭᠰᠠᠨ ᠴᠦ ᠳᠡᠪᠰᠢᠵᠦ ᠴᠤᠬᠢᠳᠠᠭ ᠦᠭᠡᠢ ᠵᠡᠷᠭᠡ ᠪᠠᠷ ᠪᠡᠯᠡᠳᠭᠡᠵᠦ ᠠᠪᠴᠢᠷᠠᠭᠰᠠᠨ ᠵᠤᠶᠢᠯ ᠢᠶᠠᠨ ᠪᠠᠳᠠᠷᠠᠭᠠᠭᠰᠠᠨ ᠭᠠᠯ ᠳᠡᠭᠡᠷ᠎ᠠ ᠪᠠᠨ ᠡᠷᠬᠦᠵᠦ᠂ ᠠᠷᠢᠬᠢ ᠳᠤᠰᠬᠠᠵᠤ ᠮᠦᠷᠬᠦᠨ᠄ ︽ᠡᠴᠢᠬᠡ ᠳᠡᠭᠡᠳᠤᠰ ᠤᠨ ᠰᠦᠷ ᠰᠠᠬᠢᠭᠤᠰᠤ ᠠᠮᠰᠠᠨ ᠵᠤᠭᠤᠭᠯᠠ︕ ᠦᠷ᠎ᠠ ᠠᠴᠢᠨᠡᠷ ᠪᠤᠯᠤᠭᠰᠠᠨ ᠪᠢᠳᠡᠨ ᠢ ᠦᠷᠦᠰᠢᠶᠡᠨ ᠰᠤᠶᠤᠷᠬᠠᠵᠤ᠂ ᠡᠪᠡᠳᠴᠢᠨ ᠳᠠᠬᠤᠯ ᠦᠭᠡᠢ ᠡᠷᠡᠬᠦᠯ ᠮᠡᠨᠳᠤ᠂ ᠡᠯᠪᠡᠭ ᠳᠡᠯᠪᠡᠭ ᠠᠮᠢᠳᠤᠷᠠᠯ ᠲᠠᠢ ᠪᠤᠯᠭᠠᠬᠤ ᠪᠤᠯᠳᠤᠭᠠᠢ︾ ᠭᠡᠵᠤ ᠳᠠᠭᠠᠳᠬᠠᠨ ᠵᠠᠯᠪᠠᠷᠢᠵᠦ ᠪᠠᠷᠠᠭᠠᠳ ᠰᠢᠳᠡᠵᠦ ᠪᠠᠷᠠᠬᠤ ᠶᠢ ᠬᠦᠯᠢᠶᠡᠬᠦ ᠦᠭᠡᠢ ᠪᠠᠷ ᠳᠡᠨᠳᠡ ᠠᠴᠠ ᠰᠠᠯᠵᠤ ᠵᠠᠭᠤᠨ ᠠᠯᠬᠤᠮ ᠶᠠᠪᠤᠳᠠᠯ᠎ᠠ ᠡᠷᠬᠢᠵᠦ ᠬᠠᠷᠠᠵᠤ ᠦᠵᠡᠬᠦ ᠦᠭᠡᠢ᠂ ᠤᠴᠢᠷ ᠨᠢ ᠡᠪᠦᠭᠡ ᠳᠡᠬᠡᠳᠤᠰ ᠤᠨ ᠰᠦᠷ ᠰᠠᠬᠢᠭᠤᠰᠤ ᠨᠢ ᠠᠮᠢᠳᠤ ᠬᠦᠮᠦᠰ ᠤᠨ ᠰᠦᠷ ᠬᠡᠷᠡᠯ ᠠᠴᠠ ᠠᠶᠤᠭᠠᠳ ᠢᠷᠡᠵᠦ ᠠᠮᠰᠠᠵᠤ ᠴᠢᠳᠠᠬᠤ ᠦᠭᠡᠢ ᠶᠤᠮ ᠬᠡᠨ᠎ᠠ᠃   ᠲᠦᠯᠡᠰᠢ ᠦᠭᠭᠦ ᠶᠢᠨ ᠴᠡᠬᠡᠷ   ᠲᠦᠯᠡᠰᠢ ᠳᠤ ᠦᠨᠳᠡᠭᠡ ᠦᠭᠭᠦ ᠦᠭᠡᠢ᠂ ᠳᠡᠭᠡᠪᠡᠯ ᠬᠤᠶᠢᠴᠢ ᠦᠶ᠎ᠠ ᠨᠢ ᠳᠡᠨᠡᠭ ᠮᠤᠩᠬᠠᠭ ᠲᠦᠷᠦᠬᠦ ᠶᠤᠮ ᠬᠡᠨ᠎ᠠ    ᠲᠦᠯᠡᠰᠢ ᠳᠤ ᠳᠡᠮᠠᠬᠢ ᠦᠭᠭᠦ ᠦᠭᠡᠢ᠂ ᠳᠡᠭᠡᠪᠡᠯ ᠬᠤᠶᠢᠴᠢ ᠦᠷᠡᠰ ᠨᠢ ᠬᠦᠮᠦᠰ ᠲᠠᠢ ᠳᠠᠭᠠᠷᠠᠯᠴᠠᠬᠤ ᠦᠭᠡᠢ ᠭᠡᠳᠡᠷ ᠪᠤᠯᠤᠨ᠎ᠠ ᠬᠡᠨ᠎ᠠ᠃ᠲᠦᠯᠡᠰᠢ ᠳᠤ ᠠᠪᠠᠴᠢᠭᠰᠠᠨ ᠢᠳᠡᠭᠡᠨ ᠤ ᠵᠤᠶᠢᠯ ᠢ ᠡᠭᠡᠬᠦᠯᠦᠨ ᠠᠪᠴᠢᠷᠠᠬᠤ ᠦᠭᠡᠢ᠂ ᠳᠡᠭᠡᠪᠡᠯ ᠬᠡᠷ ᠲᠤ ᠴᠢᠨᠢ ᠳᠠᠭᠠᠵᠤ ᠢᠷᠡᠨ᠎ᠠ ᠭᠡᠨ᠎ᠠ᠃   ᠲᠦᠯᠡᠰᠢ ᠦᠭᠭᠦ ᠳᠤ ᠬᠡᠷ ᠢᠶᠠᠷ ᠢᠶᠠᠨ ᠳᠠᠭᠠᠷᠢᠭᠤᠯᠬᠤ ᠦᠭᠡᠢ᠂ ᠳᠡᠭᠡᠪᠡᠯ ᠳᠡᠳᠡᠭᠡᠷ ᠴᠢᠳᠬᠦᠷ ᠪᠤᠯᠤᠭᠰᠠᠨ ᠰᠦᠨᠡᠰᠤ ᠨᠢ ᠬᠡᠷ ᠲᠤ ᠴᠢᠨᠢ ᠬᠤᠷᠭᠤᠳᠠᠨ᠎ᠠ ᠬᠡᠨ᠎ᠠ᠃   ᠲᠦᠯᠡᠰᠢ ᠦᠭᠭᠦ ᠳᠤ ᠫᠤᠤᠵᠢᠩ ᠳᠠᠯᠪᠢᠬᠤ ᠦᠭᠡᠢ᠂ ᠫᠤᠤᠵᠢᠩ ᠤᠨ ᠳᠠᠭᠤᠨ ᠨᠢ ᠳᠡᠭᠷᠢ ᠶᠢᠨ ᠠᠶᠤᠩᠭ᠎ᠠ ᠰᠢᠭ᠋ ᠪᠤᠯᠳᠠᠭ ᠠᠴᠠ ᠠᠶᠤᠭᠠᠳ ᠠᠮᠰᠠᠵᠤ ᠵᠤᠭᠤᠭᠯᠠᠵᠤ ᠴᠢᠳᠠᠬᠤ ᠦᠭᠡᠢ ᠶᠤᠮ ᠬᠡᠨ᠎ᠠ᠃   ᠲᠦᠯᠡᠰᠢ ᠶᠢᠨ ᠵᠤᠶᠢᠯ ᠳᠤ ᠬᠡᠤᠬᠡᠨ ᠬᠦᠮᠦᠨ ᠤ ᠭᠠᠷ ᠢ ᠬᠦᠷᠬᠡᠬᠦ ᠦᠭᠡᠢ᠂ ᠳᠡᠭᠡᠪᠡᠯ ᠳᠡᠬᠦᠨ ᠤ ᠤᠷᠤᠭ ᠤᠨ ᠳᠡᠭᠡᠳᠤᠰ ᠲᠤᠨᠢ ᠬᠦᠷᠴᠢᠬᠡᠬᠦ ᠶᠤᠮ ᠬᠡᠨ᠎ᠠ ᠭᠡᠳᠡᠭ᠃   ᠪᠢᠳᠡᠬᠦᠨ ᠤ ᠰᠦᠨᠢ ᠶᠢ ᠦᠡᠭᠭᠡᠷᠡᠬᠦᠯᠬᠦ   ᠳ᠋ᠸᠡᠭ ᠨᠤᠴᠤᠭᠠᠵᠤ᠂ ᠳ᠋ᠸᠡᠭᠯᠤ ᠭᠠᠷᠭᠠᠬᠤ   ᠪᠢᠳᠡᠬᠦᠨ ᠤ ᠰᠦᠨᠢ ᠬᠠᠷᠠᠩᠭᠤᠢ ᠤᠶᠢᠷᠠᠳᠤᠮᠠᠭᠴᠠ ᠭᠠᠳᠠᠷ᠂ ᠳᠤᠳᠤᠷ ᠳᠠᠰᠤᠯᠭ᠎ᠠ ᠳᠤ ᠳ᠋ᠸᠡᠭ ᠨᠤᠴᠤᠭᠠᠵᠤ ᠰᠦᠨᠢ ᠳᠤᠵᠢ ᠬᠡᠷᠡᠯᠳᠦᠬᠦᠯᠳᠡᠭ᠂ ᠭᠠᠳᠠᠨᠠᠬᠢ ᠳ᠋ᠸᠡᠭᠯᠤ ᠶᠢ ᠴᠦ ᠰᠦᠨᠢ ᠳᠤᠵᠢ ᠭᠡᠷᠡᠯᠳᠦᠬᠦᠯᠵᠦ᠂ ᠨᠡᠩ ᠪᠤᠷᠬᠠᠨ ᠤ ᠡᠮᠤᠨᠡᠬᠢ ᠵᠤᠯᠠ ᠶᠢ ᠤᠨᠳᠠᠷᠠᠭᠠᠬᠤ ᠦᠭᠡᠢ ᠪᠠᠶᠢᠳᠠᠭ᠃   ᠪᠢᠳᠡᠬᠦᠨ ᠤ ᠰᠦᠨᠢ᠂ ᠰᠦᠨᠢ ᠳᠤᠵᠢ ᠤᠨᠳᠠᠬᠤ ᠦᠭᠡᠢᠵᠠᠷᠢᠮ ᠨᠢ ᠡᠨᠡ ᠰᠦᠨᠢ ︽ᠳᠡᠷ᠎ᠡ ᠠᠮᠠᠷᠠᠭᠤᠯᠬᠤ︾ ᠬᠡᠨ᠎ᠠ᠃ ᠡᠨᠡ ᠨᠢ ᠮᠥᠨ ᠤᠨᠳᠠᠬᠤ ᠦᠭᠡᠢ ᠭᠡᠰᠡᠨ ᠤᠳᠬ᠎ᠠ  ᠲᠠᠢ᠂ ᠵᠠᠷᠢᠮ ᠨᠢ ︽ᠮᠠᠨᠠᠵᠤ ᠬᠤᠨᠤᠨ᠎ᠠ︾ ᠭᠡᠳᠡᠭ᠃ ᠡᠨᠡᠬᠦ ︽ᠮᠠᠨᠠᠬᠤ︾ ᠭᠡᠳᠡᠭ ᠦᠬᠡ ᠨᠢ ︽ᠰᠠᠬᠢᠬᠤ︾ ᠭᠡᠳᠡᠭ ᠦᠬᠡ ᠮᠥᠨ᠃   ᠳᠡᠭᠡᠪᠡᠯ ᠤᠨᠳᠠᠬᠤ ᠦᠭᠡᠢ ᠶᠠᠭᠤ ᠬᠢᠬᠦ ᠪᠤᠢ︖ ᠶᠠᠭᠤ ᠮᠠᠨᠠᠵᠤ ᠰᠠᠬᠢᠬᠤ ᠪᠤᠢ ᠬᠡᠪᠡᠯ ᠳᠤᠤᠷᠠᠬᠢ ᠮᠡᠳᠤ ᠬᠡᠳᠤᠨ ᠵᠤᠶᠢᠯ ᠪᠠᠶᠢᠳᠠᠭ᠃ᠭᠦᠷᠢᠶ᠎ᠠ ᠬᠠᠰᠢᠶ᠎ᠠ ᠪᠠᠨ ᠮᠠᠨᠠᠨ᠎ᠠ᠃ᠤᠴᠢᠷ ᠨᠢ ᠪᠢᠳᠡᠬᠦᠨ ᠤ ᠰᠦᠨᠢ ᠫᠤᠤᠵᠢᠩ ᠠᠷᠪᠢᠨ ᠳᠠᠯᠪᠢᠳᠠᠭ ᠪᠦᠬᠡᠳ ᠨᠠᠰᠢ ᠴᠠᠰᠢ ᠶᠠᠪᠤᠬᠤ ᠬᠦᠮᠦᠰ ᠤᠯᠠᠨ ᠪᠤᠯᠬᠤᠷ ᠵᠠᠷᠢᠮ ᠬᠦᠮᠦᠨ ᠭᠠᠳᠠᠨ᠎ᠠ ᠳᠠᠮᠠᠬᠢ ᠶᠢᠨ ᠭᠠᠯ ᠢᠶᠠᠨ ᠭᠠᠵᠠᠷ ᠬᠠᠶᠠᠳᠠᠭ ᠠᠴᠠ ᠰᠠᠨᠠᠭᠠᠨ ᠠᠴᠠ ᠭᠠᠳᠠᠭᠤᠷ ᠭᠠᠯ ᠤᠨ ᠠᠶᠤᠯ ᠭᠠᠷᠬᠤ ᠶᠢ ᠬᠢᠴᠢᠶᠡᠨ᠎ᠠ᠃   ᠢᠳᠡᠭᠡᠨ ᠢᠶᠠᠨ ᠮᠠᠨᠠᠨ᠎ᠠ᠃ᠤᠴᠢᠷ ᠨᠢ ᠬᠡᠤᠬᠡᠳ ᠫᠤᠤᠵᠢᠩ ᠳᠠᠯᠪᠢᠵᠦ ᠭᠠᠷᠴᠤ ᠤᠷᠤᠬᠤ ᠨᠢ ᠢᠯᠡᠬᠦᠦ᠂ ᠪᠢᠳᠡᠬᠦᠨ ᠤ ᠰᠦᠨᠢ ᠵᠠᠷᠢᠮ ᠬᠦᠮᠦᠰ ᠠᠶᠢᠯ ᠳᠤᠭᠤᠷᠢᠳᠠᠭ ᠠᠴᠠ ᠬᠦᠮᠦᠰ ᠨᠠᠰᠢ ᠴᠠᠰᠢ ᠵᠦᠬᠡᠷᠡᠮᠳᠡᠬᠦ ᠨᠢ ᠤᠯᠠᠨ ᠳᠤᠯᠠ ᠭᠠᠷᠴᠤ ᠤᠷᠤᠬᠤ ᠳᠤ ᠪᠠᠨ ᠡᠬᠦᠳᠡ ᠶᠢ ᠨᠢ ᠰᠠᠶᠢᠬᠠᠨ ᠬᠠᠭᠠᠭᠰᠠᠨ ᠦᠭᠡᠢ ᠪᠤᠯ ᠦᠪᠡᠷ ᠤᠨ ᠬᠢᠨᠢ ᠨᠤᠬᠠᠢ ᠪᠤᠶᠤ ᠵᠤᠯᠪᠢᠨ ᠨᠤᠬᠠᠢ ᠤᠷᠤᠵᠤ ᠢᠷᠡᠭᠡᠳ ᠰᠢᠨ᠎ᠠ ᠶᠢᠨ ᠢᠳᠡᠭᠡᠨ ᠢ ᠢᠳᠡᠵᠦ ᠮᠡᠳᠡᠨ᠎ᠠ᠃ᠡᠳ᠋ ᠢᠶᠠᠨ ᠮᠠᠨᠠᠬᠤ᠃ᠰᠢᠨᠡᠯᠡᠬᠦ ᠭᠡᠵᠤ ᠪᠠᠶᠢᠭ᠎ᠠ ᠳᠤᠯᠠ ᠦᠨ᠎ᠡ ᠦᠷᠳᠡᠭ ᠲᠠᠢ ᠵᠠᠷᠤᠳᠠᠯ ᠭᠡᠷᠡᠭᠰᠡᠯ᠂ ᠵᠠᠰᠠᠯ ᠴᠢᠮᠡᠭ ᠢᠶᠠᠨ ᠭᠠᠷᠭᠠᠵᠤ᠂ ᠵᠠᠰᠠᠯ ᠪᠠᠶᠢᠳᠠᠯ ᠪᠤᠯᠭᠠᠵᠤ ᠳᠠᠯᠪᠢᠳᠠᠭ ᠠᠴᠠ ᠭᠡᠷ ᠲᠤ ᠭᠡᠭᠡᠭᠡᠨ᠂ ᠭᠠᠳᠠᠨ᠎ᠠ ᠠᠴᠠ ᠮᠠᠭᠤ ᠰᠠᠨᠠᠭ᠎ᠠ ᠲᠠᠢ ᠬᠦᠮᠦᠨ ᠤᠯᠵᠤ ᠦᠵᠡᠭᠡᠳ ᠬᠤᠯᠠᠭᠠᠶᠢᠯᠠᠬᠤ ᠠᠴᠠ ᠬᠢᠴᠢᠶᠡᠨ᠎ᠠ᠃ ᠴᠠᠭ ᠢᠶᠠᠨ ᠮᠠᠨᠠᠨ᠎ᠠ᠃   ᠪᠢᠳᠡᠬᠦᠨ ᠳᠤ ᠮᠢᠬ᠎ᠠ ᠢᠳᠡᠭᠡᠳ ᠮᠠᠩᠰᠢᠭᠤᠷᠠᠨ ᠤᠨᠳᠠᠵᠤ ᠪᠠᠶᠢᠭᠰᠠᠭᠠᠷ ᠳᠡᠭᠷᠢ ᠳᠤ ᠮᠦᠷᠬᠦᠬᠦ᠂ ᠪᠤᠷᠬᠠᠨ ᠢᠶᠠᠨ ᠤᠭᠳᠤᠬᠤ ᠴᠠᠭ ᠢᠶᠠᠨ ᠦᠡᠭᠭᠡᠷᠡᠬᠡᠵᠦ ᠮᠡᠳᠡᠨ᠎ᠠ᠃    ᠪᠢᠳᠡᠬᠦᠨ ᠤ ᠰᠦᠨᠢ ᠶᠢᠨ ᠨᠠᠭᠠᠳᠤᠮᠪᠢᠳᠡᠬᠦᠨ ᠤ ᠰᠦᠨᠢ ᠠᠶᠢᠯ ᠤᠨ ᠪᠠᠭᠠᠴᠤᠳ ᠵᠠᠯᠠᠭᠤᠰ ᠨᠡᠷ ᠰᠡᠳᠬᠢᠯ ᠳᠠᠭᠠᠷᠠᠭᠰᠠᠨ ᠢᠶᠠᠷ ᠢᠶᠠᠨ ᠴᠤᠭᠯᠠᠷᠠᠨ ᠮᠤᠩᠭᠤᠯ ᠰᠢᠳᠠᠷ᠎ᠠ ᠪᠤᠶᠤ ᠵᠡᠷᠭᠡᠭᠡ ᠳᠠᠯᠪᠢᠵᠦ ᠨᠠᠭᠠᠳᠤᠳᠠᠭ᠃ᠬᠡᠤᠬᠡᠨᠴᠤᠳ ᠪᠤᠯ ᠬᠤᠯᠠ ᠤᠴᠢᠬᠤ ᠦᠭᠡᠢ᠂ ᠵᠡᠷᠭᠡᠯᠡᠳᠡᠭᠡ ᠬᠡᠷ ᠤᠨ ᠬᠡᠤᠬᠡᠨᠴᠤᠳ ᠲᠠᠢ ᠪᠠᠨ ᠨᠡᠶᠢᠯᠡᠵᠦ ᠱᠠᠭ᠎ᠠ ᠬᠠᠶᠠᠵᠤ ᠨᠠᠭᠠᠳᠬᠤ ᠪᠤᠶᠤ ᠱᠠᠭ᠎ᠠ ᠨᠢᠰᠡᠯᠡᠵᠦ ᠨᠠᠭᠠᠳᠤᠳᠠᠭ᠂ ᠦᠷᠦᠰᠢᠶᠡᠯ ᠲᠠᠢ ᠬᠠᠳᠠᠮ ᠡᠬᠡ ᠳᠤ ᠳᠤᠬᠢᠶᠠᠯᠳᠤᠭᠰᠠᠨ ᠰᠢᠨ᠎ᠠ ᠪᠡᠷᠢᠶᠡᠳ ᠪᠠᠰᠠ ᠡᠬᠦᠨ ᠳᠤ ᠤᠯᠵᠤ ᠤᠷᠤᠯᠴᠠᠳᠠᠭ ᠴᠦ ᠪᠤᠢ᠃   ᠪᠢᠳᠡᠬᠦᠨ ᠤ ᠰᠦᠨᠢ ᠨᠠᠷᠬᠢᠯᠳᠤᠨ ᠬᠦᠬᠡᠷᠦᠯᠳᠦᠬᠦᠤᠷᠴᠢᠮ ᠳᠤ ᠪᠠᠶᠢᠭ᠎ᠠ ᠬᠤᠭᠤᠷᠴᠢ ᠶᠢ ᠵᠠᠯᠠᠨ ᠠᠪᠴᠢᠷᠠᠵᠤ ᠳᠠᠭᠤᠤ ᠬᠤᠯᠪᠤᠭ᠎ᠠ ᠬᠡᠯᠡᠬᠦᠯᠵᠦ᠂ ᠪᠤᠰᠤᠳ ᠳᠠᠭᠤᠯᠠᠵᠤ ᠴᠢᠳᠠᠬᠤ ᠬᠦᠮᠦᠰ ᠨᠢ ᠴᠦ ᠳᠠᠭᠤᠯᠠᠵᠤ ᠨᠠᠷᠬᠢᠯᠳᠤᠬᠤ᠃ᠳᠤᠰ ᠠᠶᠢᠯ ᠳᠤ ᠤᠷᠴᠢᠮᠬᠠᠨ ᠤᠷᠤᠭᠯᠠᠭᠰᠠᠨ ᠰᠢᠨ᠎ᠠ ᠪᠠᠷᠢ ᠪᠠᠶᠢᠪᠠᠯ ᠬᠡᠤᠬᠡᠨ ᠳᠡᠬᠦᠦ ᠪᠤᠶᠤ ᠳᠡᠬᠦᠦ ᠪᠤᠯᠬᠤ ᠬᠦᠮᠦᠰ  ᠨᠢ ᠴᠤᠭᠯᠠᠷᠠᠨ ᠢᠷᠡᠵᠦ᠂ ᠰᠢᠨ᠎ᠠ ᠪᠠᠷᠢ ᠶᠢ ᠨᠢ ᠱᠤᠭ ᠪᠠᠷᠢᠵᠦ ᠨᠠᠷᠬᠢᠯᠳᠤᠳᠠᠭ᠃ᠭᠠᠳᠠᠨ᠎ᠠ ᠭᠠᠵᠠᠷ ᠲᠤ ᠠᠵᠢᠯᠯᠠᠵᠤ ᠪᠠᠶᠢᠭ᠎ᠠ ᠬᠦᠮᠦᠨ ᠬᠡᠷ ᠲᠡᠭᠡᠨ ᠬᠠᠷᠢᠵᠦ ᠢᠷᠡᠭᠰᠡᠨ ᠪᠠᠶᠢᠪᠠᠯ ᠠᠶᠢᠯ ᠠᠶᠢᠮᠠᠭ ᠤᠨ ᠦᠶ᠎ᠠ ᠵᠡᠷᠭᠡ ᠶᠢᠨ ᠠᠬ᠎ᠠ ᠳᠡᠬᠦᠦ ᠨᠡᠷ ᠨᠢ ᠴᠤᠭᠯᠠᠷᠠᠨ ᠢᠷᠡᠵᠦ ᠨᠠᠷᠬᠢᠯᠳᠤᠳᠠᠭ ᠪᠠᠶᠢᠨ᠎ᠠ᠃ᠦᠷᠦᠰᠢᠶᠡᠯᠳᠠᠢ ᠬᠠᠳᠠᠮ ᠡᠬᠡ ᠳᠤ ᠳᠤᠬᠢᠶᠠᠯᠳᠤᠭᠰᠠᠨ ᠵᠠᠯᠠᠭᠤ ᠪᠠᠷᠢᠶᠠᠳ ᠪᠠᠭ᠎ᠠ ᠴᠢᠯᠦᠬᠡ ᠤᠯᠵᠤ᠂ ᠨᠠᠰᠤ ᠬᠤᠷᠠᠭ ᠬᠡᠤᠬᠡᠨᠴᠤᠳ ᠲᠠᠢ ᠨᠡᠶᠢᠯᠡᠵᠦ ᠤᠶᠢᠷᠠᠯᠴᠠᠭ᠎ᠠ ᠪᠠᠶᠢᠬᠤ ᠬᠡᠤᠬᠡᠳ ᠴᠤᠬᠤᠳ ᠦᠭᠡᠢ ᠬᠦᠭᠰᠢᠳ ᠤᠨ ᠬᠡᠷ ᠲᠤ ᠤᠴᠢᠵᠦ ᠪᠠᠩᠰᠢ ᠪᠠᠷᠢᠵᠦ ᠦᠭᠭᠦᠳᠡᠭ ᠴᠦ ᠪᠤᠢ᠃ᠪᠢᠳᠡᠬᠦᠨ ᠤ ᠰᠦᠨᠢ ᠬᠠᠮᠢᠭ᠎ᠠ ᠤᠴᠢᠭᠰᠠᠨ ᠴᠦ ᠭᠠᠭ᠋ᠠᠢ ᠴᠠᠭ ᠤᠨ ᠦᠶ᠎ᠠ ᠪᠠᠷ ᠭᠡᠷ ᠬᠡᠷ ᠲᠡᠭᠡᠨ ᠬᠠᠷᠢᠵᠦ᠂ ᠪᠠᠩᠰᠢ  ᠪᠠᠨ ᠪᠠᠷᠢᠵᠦ ᠴᠠᠭᠠᠯᠠᠬᠤ ᠪᠠᠷ ᠪᠡᠯᠡᠳᠭᠡᠳᠡᠭ᠃   ᠪᠢᠳᠡᠬᠦᠨ ᠤ ᠰᠦᠨᠢ ᠶᠢᠨ ᠳᠤᠬᠠᠢ ᠤᠯᠠᠮᠵᠢᠯᠠᠯ ᠶᠠᠷᠢᠶ᠎ᠠ   ᠪᠢᠳᠡᠬᠦᠨ ᠤ ᠰᠦᠨᠢ ᠤᠨᠳᠠᠪᠠᠯ ᠡᠷᠬᠢᠬᠦ ᠲᠦᠷᠦᠯ ᠳᠤ ᠪᠠᠨ ᠭᠠᠭ᠋ᠠᠢ ᠪᠤᠯᠵᠤ ᠲᠦᠷᠦᠨ᠎ᠠ ᠭᠡᠨ᠎ᠠ ᠭᠡᠳᠡᠭ᠃ ᠭᠠᠭ᠋ᠠᠢ ᠪᠤᠯ ᠢᠳᠡᠭᠡᠳ ᠴᠠᠳᠪᠠᠰᠤ ᠤᠪᠤᠭᠠᠷᠠᠨ ᠬᠡᠪᠳᠡᠭᠡᠳ ᠤᠨᠳᠠᠭᠠᠳ ᠯᠠ ᠪᠠᠶᠢᠳᠠᠭ᠃ ᠡᠨᠡᠬᠦ ᠤᠯᠠᠮᠵᠢᠯᠠᠯ ᠶᠠᠷᠢᠶ᠎ᠠ ᠶᠢᠨ ᠭᠤᠤᠯ ᠰᠠᠨᠠᠭ᠎ᠠ ᠨᠢ ᠬᠦᠮᠦᠰ ᠢ ᠤᠨᠳᠠᠵᠤ ︽ᠮᠠᠨᠠᠬᠤ︾ ᠠᠵᠢᠯ ᠢᠶᠠᠨ ᠤᠰᠤᠯᠳᠠᠬᠤ ᠶᠢ ᠬᠢᠴᠢᠶᠡᠯᠭᠡᠭᠰᠡᠨ ᠤᠴᠢᠷ ᠪᠤᠯᠤᠨ᠎ᠠ᠃   ᠪᠢᠳᠡᠬᠦᠨ ᠤ ᠰᠦᠨᠢ ᠳᠡᠮᠳᠡᠭ ᠪᠡᠯᠬᠡ ᠦᠭᠡᠢ ᠬᠠᠷ᠎ᠠ ᠨᠤᠬᠠᠢ ᠶᠢᠨ ᠨᠢᠳᠤᠨ ᠤ ᠯᠤᠤᠬ᠎ᠠ ᠶᠢ ᠨᠢᠳᠤᠨ ᠳᠤ ᠪᠠᠨ ᠲᠦᠷᠬᠢᠵᠦ ᠴᠤᠩᠬᠤᠨ ᠤ ᠰᠢᠯ ᠢᠶᠠᠷ ᠭᠠᠳᠠᠭᠰᠢ ᠦᠵᠡᠪᠡᠰᠤ ᠬᠡᠷ ᠤᠨ ᠬᠦᠮᠦᠰ ᠤᠨ ᠢᠶᠠᠨ ᠶᠠᠭᠤᠨ ᠤ ᠰᠦᠨᠡᠰᠤ ᠶᠢ ᠤᠯᠵᠤ ᠦᠵᠡᠨ᠎ᠠ ᠭᠡᠳᠡᠭ᠃  ᠪᠢᠳᠡᠬᠦᠨ ᠤ ᠰᠦᠨᠢ ᠴᠤᠩᠬᠤᠨ ᠤ ᠰᠢᠯ ᠢᠶᠠᠷ ᠭᠠᠳᠠᠭᠰᠢ ᠦᠵᠡᠪᠡᠯ ᠦᠪᠡᠷᠬᠢ ᠪᠠᠨ ᠶᠠᠭᠤᠨ ᠤ ᠰᠦᠨᠡᠰᠤ ᠭᠡᠳᠡᠭ ᠢ ᠤᠯᠵᠤ ᠦᠵᠡᠨ᠎ᠠ᠂ ᠠᠶᠤᠪᠠᠯ ᠭᠡᠮ ᠪᠤᠯᠤᠨ᠎ᠠ ᠭᠡᠳᠡᠭ᠃   ᠡᠨᠡ ᠨᠢ ᠬᠡᠷ ᠲᠤ ᠬᠡᠬᠡᠬᠡᠨ᠂ ᠭᠠᠳᠠᠨ᠎ᠠ ᠬᠠᠷᠠᠩᠭᠤᠢ ᠳᠤᠯᠠ ᠬᠡᠷ ᠤᠨ ᠲᠦᠷᠰᠦ ᠴᠤᠩᠬᠤᠨ ᠤ ᠰᠢᠯ ᠢᠶᠠᠷ ᠤᠶᠢᠵᠦ ᠂ ᠭᠠᠳᠠᠨ᠎ᠠ ᠪᠠᠰᠠ ᠳᠡᠶᠢᠮᠤ ᠲᠦᠷᠰᠦ ᠨᠢ ᠦᠵᠡᠭᠳᠡᠬᠦ ᠳᠤᠯᠠ ᠬᠡᠤᠬᠡᠳ ᠮᠡᠳᠡᠬᠦ ᠦᠭᠡᠢ ᠪᠠᠷ ᠬᠡᠨᠡᠳᠳᠡ ᠦᠵᠡᠭᠡᠳ ᠠᠶᠤᠵᠤ ᠬᠡᠮ ᠪᠤᠯᠬᠤ ᠶᠢ ᠬᠢᠴᠢᠶᠡᠯᠭᠡᠭᠰᠡᠨ ᠶᠤᠮ᠃   ᠪᠢᠳᠡᠬᠦᠨ ᠤ ᠰᠦᠨᠢ ᠵᠤᠤᠬᠠᠨ ᠳᠠᠪᠴᠠᠩ ᠳᠤ ᠰᠠᠭᠤᠵᠤ᠂ ᠮᠠᠯᠠᠭᠠᠢ ᠪᠠᠨ ᠤᠷᠪᠠᠭᠤᠯᠤᠨ ᠡᠮᠦᠰᠴᠤ᠂ ᠬᠤᠭᠤᠷ  ᠤᠨ ᠡᠰᠢ ᠪᠠᠨ ᠳᠤᠷᠤᠭᠰᠢ ᠬᠠᠨᠳᠤᠭᠤᠯᠵᠤ᠂ ᠳ᠋ᠸᠡᠭ ᠢᠶᠠᠨ ᠤᠨᠳᠠᠷᠠᠭᠠᠵᠤ ᠳᠠᠳᠠᠵᠤ ᠰᠠᠭᠤᠪᠠᠰᠤ ᠴᠢᠳᠬᠦᠷ ᠤᠷᠤᠵᠤ ᠢᠷᠡᠭᠡᠳ ᠵᠢᠭᠠᠵᠤ ᠦᠭᠭᠦᠳᠡᠭ ᠬᠡᠨ᠎ᠠ᠃ ᠳᠡᠭᠡᠪᠡᠯ ᠳᠡᠷᠡ ᠳᠠᠷᠤᠢ ᠬᠤᠭᠤᠷ ᠢ ᠳᠠᠳᠠᠭᠠᠳ ᠰᠤᠷᠴᠢᠬᠠᠨ᠎ᠠ ᠭᠡᠳᠡᠭ᠃   ᠡᠨᠡ ᠦᠬᠡᠨ ᠤ ᠤᠭ ᠰᠠᠨᠠᠭ᠎ᠠ ᠨᠢ᠄ ᠬᠦᠮᠦᠨ ᠶᠠᠮᠠᠷᠪᠠ ᠦᠢᠯᠡᠰ ᠢ ᠪᠦᠳᠦᠬᠡᠶ᠎ᠠ ᠬᠡᠪᠡᠯ ᠵᠠᠪᠠᠯ ᠦᠪᠡᠷᠬᠢ ᠪᠠᠨ ᠲᠦᠰᠢᠭᠯᠡᠬᠦ ᠬᠡᠷᠡᠭᠳᠡᠢ᠂ ᠪᠢᠳᠡᠬᠡᠢ ᠪᠤᠰᠤᠳ ᠢ ᠲᠦᠰᠢᠭᠯᠡᠭᠡᠳ ᠪᠠᠢ᠂ ᠵᠤᠷᠢᠭᠳᠠᠢ ᠯᠠ ᠶᠤᠮ ᠪᠤᠯ ᠶᠠᠭᠤ ᠶᠢ ᠴᠦ ᠪᠦᠳᠦᠬᠡᠵᠦ ᠴᠢᠳᠠᠨ᠎ᠠ ᠭᠡᠵᠤ ᠰᠠᠨᠠᠭᠤᠯᠵᠠᠢ᠃   ᠪᠢᠳᠡᠬᠦᠨ ᠤ ᠰᠦᠨᠢ ᠵᠠᠪᠠᠯ ᠭᠠᠳᠠᠷ ᠳᠤᠲᠤᠷ ᠳᠠᠰᠤᠯᠭ᠎ᠠ ᠳᠤ ᠳ᠋ᠸᠡᠭ ᠬᠡᠷᠡᠯᠳᠦᠬᠦᠯᠵᠦ᠂ ᠵᠠᠷᠢᠮ ᠨᠢ ᠭᠠᠳᠠᠨ᠎ᠠ ᠪᠠᠨ ᠪᠠᠰᠠ ᠳ᠋ᠸᠡᠭᠯᠤ ᠡᠯᠬᠦᠵᠦ᠂ ᠪᠠᠶᠢᠨ ᠪᠠᠶᠢᠨ ᠫᠤᠤᠵᠢᠩ ᠳᠠᠯᠪᠢᠳᠠᠭ ᠪᠤᠢ ᠬᠡᠪᠡᠯ᠄  ᠡᠷᠳᠡ ᠴᠠᠭ ᠱᠠᠩ ᠤᠯᠤᠰ ᠮᠦᠬᠦᠵᠦ᠂ ᠵᠸᠤ ᠤᠯᠤᠰ ᠮᠠᠨᠳᠤᠬᠤ ᠳᠤᠬᠠᠢ ᠮᠠ ᠱᠢ ᠡᠬᠡᠨᠡᠷ ᠡᠷ᠎ᠠ ᠨᠦᠬᠦᠷ ᠵᠢᠶᠠᠩ ᠽᠢ ᠶᠠ ᠶᠢ ᠦᠬᠡᠳᠡ ᠦᠭᠡᠢ ᠬᠡᠳ ᠤᠷᠤᠭ ᠰᠠᠯᠵᠤ ᠶᠠᠪᠤᠪᠠ᠃ ᠳᠡᠮᠡᠢ ᠤᠳᠠᠭᠰᠠᠨ ᠦᠭᠡᠢ ᠵᠢᠶᠠᠩ ᠽᠢ ᠶᠠ ᠪᠠᠷᠠᠭᠤᠨ ᠴᠢ ᠭᠠᠵᠠᠷ ᠬᠦᠷᠴᠤ ᠦᠬᠡᠳᠡᠯᠡᠨ ᠮᠠᠨᠳᠤᠬᠤ ᠳᠤ ᠡᠷ᠎ᠠ ᠪᠠᠨ ᠭᠤᠯᠤᠭᠰᠠᠨ ᠮᠠ ᠱᠢ ᠡᠬᠡᠨᠡᠷ ᠡᠷᠢᠵᠦ ᠤᠴᠢᠬᠤ ᠨᠢᠭᠤᠷ ᠦᠭᠡᠢ ᠪᠤᠯᠵᠠᠢ᠃   ᠬᠤᠵᠢᠮ ᠨᠢ ᠵᠢᠶᠠᠩ ᠽᠢ ᠶᠠ ᠲᠦᠮᠡᠨ ᠰᠠᠬᠢᠭᠤᠯᠰᠤᠨ ᠢ ᠡᠷᠬᠦᠮᠵᠢᠯᠡᠨ ᠦᠪᠡᠷ ᠢᠶᠠᠨ ᠳ᠋ᠸᠡᠭᠯᠤ ᠶᠢᠨ ᠡᠰᠢ ᠳᠤ ᠰᠠᠭᠤᠵᠠᠢ ᠬᠡᠨ᠎ᠠ᠃ ᠡᠶᠢᠮᠤ ᠠᠴᠠ ᠮᠠ ᠱᠢ ᠳᠤᠯᠤᠭᠠᠨ ᠴᠢᠯᠦᠬᠡ ᠶᠢ ᠵᠠᠪᠰᠢᠵᠦ ᠭᠠᠷᠴᠤ ᠢᠷᠡᠭᠡᠳ ᠡᠷ᠎ᠠ ᠨᠦᠬᠦᠷ ᠵᠢᠶᠠᠩ ᠽᠢ ᠶᠠ ᠲᠠᠢ ᠪᠠᠨ ᠠᠭᠤᠯᠵᠠᠶ᠎ᠠ ᠭᠡᠬᠦ ᠳᠤ ᠳ᠋ᠸᠡᠭᠯᠤ ᠳ᠋ᠸᠡᠭ ᠤᠨ ᠬᠡᠷᠡᠯ ᠬᠡᠬᠡ ᠲᠠᠢ ᠭᠠᠵᠠᠷ ᠭᠠᠷᠴᠤ ᠢᠷᠡᠵᠦ ᠴᠢᠳᠠᠬᠤ ᠦᠭᠡᠢ ᠳᠤ ᠪᠠᠨ ᠬᠠᠷᠠᠩᠭᠤᠢ ᠪᠦᠷᠦᠩᠭᠦᠢ ᠭᠠᠵᠠᠷ ᠢᠶᠠᠷ ᠶᠠᠪᠤᠵᠤ ᠤᠬᠢᠯᠠᠳᠠᠭ ᠬᠡᠨ᠎ᠠ᠃ ᠳᠡᠬᠦᠨ ᠤ ᠤᠬᠢᠯᠠᠭᠰᠠᠨ ᠭᠠᠵᠠᠷ ᠪᠦᠬᠦᠨ ᠳᠤ ᠮᠠᠭᠤ ᠢᠷᠸ᠎ᠠ ᠡᠬᠦᠰᠳᠡᠭ ᠭᠡᠳᠡᠭ ᠠᠴᠠ ᠬᠦᠮᠦᠰ ᠳᠠᠰᠤᠯᠭ᠎ᠠ ᠪᠦᠬᠦᠨ ᠢᠶᠠᠨ ᠬᠡᠷᠡᠯᠳᠦᠬᠦᠯᠵᠦ᠂ ᠭᠠᠳᠠᠨ᠎ᠠ ᠭᠠᠷᠴᠤ ᠪᠠᠶᠢᠨ ᠪᠠᠶᠢᠨ ᠫᠤᠤᠵᠢᠩ ᠳᠠᠯᠪᠢᠳᠠᠭ ᠨᠢ ᠮᠠ ᠱᠢ ᠶᠢᠨ ᠢᠷᠡᠵᠦ ᠤᠬᠢᠯᠠᠬᠤ ᠶᠢ ᠰᠡᠷᠭᠡᠶᠢᠯᠡᠵᠦ ᠪᠠᠶᠢᠨ᠎ᠠ ᠭᠡᠳᠡᠭ᠃   ᠰᠢᠨ᠎ᠠ ᠵᠢᠯ ᠢᠶᠠᠨ ᠤᠭᠳᠤᠬᠤ ︵ᠰᠢᠨᠡᠯᠡᠬᠦ︶   ᠳᠡᠭᠷᠢ ᠳᠤ ᠮᠦᠷᠬᠦᠵᠦ᠂ ᠪᠤᠷᠬᠠᠨ ᠢᠶᠠᠨ ᠤᠭᠳᠤᠬᠤ    ᠳᠡᠭᠷᠢ ᠳᠤ ᠭᠠᠷᠤᠭᠰᠠᠨ ᠪᠤᠷᠬᠠᠨ ᠰᠠᠬᠢᠭᠤᠯᠰᠤᠨ ᠰᠢᠨ᠎ᠠ ᠶᠢᠨ ᠨᠢᠬᠡᠨ ᠤ ᠬᠤᠯᠤᠭᠠᠨ᠎ᠠ ᠴᠠᠭ ᠲᠤ ᠬᠤᠷᠠᠯ ᠨᠢ ᠳᠠᠷᠬᠠᠵᠤ᠂ ᠪᠠᠷᠰ ᠴᠠᠭ ᠤᠨ ᠳᠡᠷᠢᠬᠦᠨ ᠮᠦᠴᠡ ᠳᠤ ᠪᠠᠭᠤᠵᠤ ᠢᠷᠡᠳᠡᠭ ᠶᠤᠮ ᠬᠡᠨ᠎ᠠ᠃ ᠡᠶᠢᠮᠤ ᠠᠴᠠ ᠪᠠᠷᠰ ᠴᠠᠭ  ᠤᠨ ᠡᠬᠢ ᠤᠷᠤᠮᠠᠭᠴᠠ ᠬᠡᠷ ᠤᠨ ᠡᠵᠡᠨ ᠨᠢ ᠳ᠋ᠸᠤ ᠪᠤᠶᠤ ᠱᠸᠡᠭ ᠳᠡᠭᠡᠨ ᠲᠦᠬᠦᠷᠡᠩ ᠠᠮᠤ ᠶᠢ ᠰᠠᠪᠠᠯᠠᠵᠤ ᠭᠠᠳᠠᠨ᠎ᠠ ᠳᠠᠯᠪᠢᠵᠦ᠂ ᠪᠠᠭᠴᠠ ᠬᠦᠵᠠ ᠶᠢ ᠨᠤᠴᠤᠭᠠᠵᠤ᠂ ᠰᠠᠪᠠ ᠳᠠᠬᠢ ᠠᠮᠤ ᠳᠤ ᠪᠠᠨ ᠬᠠᠳᠬᠤᠵᠤ ᠳᠠᠯᠪᠢᠨ᠎ᠠ᠃ ᠳᠠᠷᠠᠭ᠎ᠠ ᠨᠢ ᠱᠦᠬᠦᠷᠳᠡᠵᠦ ᠴᠡᠪᠡᠷᠯᠡᠭᠰᠡᠨ ᠭᠠᠵᠠᠷ ᠲᠤ ᠪᠠᠨ ᠴᠡᠪᠡᠷ ᠠᠯᠢᠰᠤ ᠨᠢᠬᠡ ᠪᠠᠭᠴᠠ ᠠᠪᠴᠢᠷᠠᠵᠤ ᠭᠠᠯ ᠪᠠᠳᠠᠷᠠᠭᠠᠵᠤ ᠠᠷᠢᠬᠢ  ᠪᠠᠨ ᠳᠡᠭᠡᠭᠰᠢ ᠰᠦᠷᠴᠢᠵᠦ ᠳᠠᠭᠠᠳᠬᠠᠨ ᠵᠠᠯᠪᠠᠷᠢᠵᠦ ᠨᠠᠢᠮᠠᠨ ᠵᠦᠭ ᠮᠦᠷᠬᠦᠨ᠎ᠠ᠃ ᠡᠬᠦᠨ ᠳᠤ ᠭᠤᠤᠯ ᠨᠢ ᠡᠷᠡᠭᠳᠡᠶᠢᠴᠤᠳ ᠤᠷᠤᠯᠴᠠᠨ᠎ᠠ᠃ ᠬᠦᠬᠡᠬᠡ ᠰᠠᠷ᠎ᠠ ᠶᠢᠨ ᠬᠤᠷᠢᠨ ᠭᠤᠷᠪᠠᠨ ᠳᠤ ᠳᠡᠭᠷᠢ ᠳᠤ ᠭᠠᠷᠤᠭᠰᠠᠨ ᠪᠤᠷᠬᠠᠨ ᠢᠶᠠᠨ ᠤᠭᠳᠤᠨ ᠠᠪᠴᠤ᠂ ᠬᠡᠷ ᠲᠡᠭᠡᠨ ᠤᠷᠤᠵᠤ ᠢᠷᠡᠭᠡᠳ ᠬᠤᠪᠤᠡᠭ ᠲᠠᠢ ᠭᠠᠯ ᠳᠡᠬᠡᠷ᠎ᠠ ᠪᠠᠨ ᠬᠦᠵᠡ᠂ ᠴᠢᠪᠠᠭ᠎ᠠ᠂ ᠰᠢᠷ᠎ᠠ ᠳᠤᠰᠤ ᠶᠢ ᠡᠷᠬᠦᠵᠦ᠂ ᠪᠤᠷᠬᠠᠨ ᠤ ᠪᠠᠨ ᠡᠮᠤᠨᠡᠬᠢ ᠬᠦᠵᠠ ᠪᠠᠨ ᠳᠠᠬᠢᠨ ᠡᠷᠬᠦᠵᠦ᠂ ᠵᠤᠯᠠ ᠶᠢᠨ ᠳᠤᠰᠤ ᠪᠠᠨ ᠨᠡᠮᠡᠵᠦ ᠬᠡᠷᠡᠯᠳᠦᠬᠦᠯᠦᠨ᠎ᠠ᠃   ᠰᠢᠨ᠎ᠠ ᠶᠢᠨ ᠨᠢᠬᠡᠨ ᠤ ᠬᠤᠭᠤᠯᠠ ᠪᠤᠳᠠᠭ᠎ᠠ ᠪᠠ ᠰᠢᠨ᠎ᠠ ᠶᠢᠨ ᠵᠤᠯᠭᠠᠯᠳᠠ ᠬᠢᠬᠦ   ᠬᠡᠷ ᠤᠨ ᠡᠵᠡᠨ ᠳᠡᠭᠷᠢ ᠳᠤ ᠮᠦᠷᠬᠦᠵᠦ ᠪᠠᠶᠢᠬᠤ ᠦᠶ᠎ᠠ ᠳᠤ ᠪᠠᠷᠢᠶᠠᠳ ᠨᠢ ᠢᠳᠡᠭᠡᠨ ᠤᠮᠳᠠᠭᠠᠨ ᠢᠶᠠᠨ ᠪᠡᠯᠡᠳᠭᠡᠵᠦ᠂ ᠪᠠᠩᠰᠢ ᠪᠠᠨ ᠴᠢᠨᠠᠵᠤ᠂ ᠰᠢᠷᠡᠭᠡ ᠵᠠᠰᠠᠵᠤ ᠭᠡᠵᠢᠶᠡᠨᠠᠢ ᠪᠡᠯᠡᠨ ᠪᠦᠬᠦᠢ ᠪᠤᠯᠭᠠᠴᠢᠬᠠᠭᠰᠠᠨ ᠪᠠᠶᠢᠳᠠᠭ ᠠᠴᠠ ᠬᠡᠷ ᠤᠨ ᠠᠬᠠᠮᠠᠳ ᠨᠢ ᠰᠢᠷᠡᠭᠡᠨ᠎ᠠ ᠰᠠᠭᠠᠳᠠᠵᠤ᠂ ᠬᠡᠤᠬᠡᠳ ᠠᠴᠢ ᠨᠡᠷ ᠨᠢ ᠮᠦᠷᠬᠦᠵᠦ ᠰᠢᠨ᠎ᠠ ᠶᠢᠨ ᠵᠤᠯᠭᠠᠯᠳᠠ ᠬᠢᠨ᠎ᠠ ᠃ ᠳᠡᠭᠡᠪᠡᠯ ᠠᠬᠠᠮᠠᠳ ᠨᠠᠰᠤᠳᠠᠨ ᠨᠢ ᠪᠡᠯᠡᠭ ᠲᠠᠢ ᠦᠬᠡᠰ ᠢᠶᠠᠷ᠄ ︽ᠪᠠᠶᠠᠵᠠ᠂ ᠵᠢᠷᠭ᠎ᠠ᠂ ᠤᠷᠳᠤ ᠨᠠᠰᠤᠯᠠᠵᠤ ᠤᠳᠠᠳᠠᠯ᠎ᠠ ᠵᠢᠷᠭᠠᠵᠠᠭ᠎ᠠ︾ ᠭᠡᠵᠤ ᠢᠷᠤᠬᠡᠯ ᠳᠠᠯᠪᠢᠵᠦ᠂ ᠭᠠᠷ ᠤᠨ ᠠᠯᠠᠭ᠎ᠠ ᠪᠠᠨ ᠳᠡᠯᠭᠡᠵᠦ ᠡᠷᠬᠦᠰᠬᠢᠯᠡᠨ ︽ᠳᠡᠭᠡᠭᠰᠢ  ᠪᠠᠨ᠂ ᠳᠡᠭᠡᠭᠰᠢ ᠪᠠᠨ︾ ᠭᠡᠵᠤ ᠭᠡᠯᠡᠪᠡᠯ ᠬᠡᠤᠬᠡᠳ ᠨᠢ ᠪᠤᠰᠴᠤ᠂ ᠦᠶ᠎ᠠ ᠳᠠᠷᠠᠭᠠᠯᠠᠨ ᠮᠦᠷᠬᠦᠵᠦ ᠰᠢᠨ᠎ᠠ ᠶᠢᠨ ᠵᠤᠯᠭᠠᠯᠳᠠ ᠬᠢᠬᠦ ᠳᠤ ᠮᠥᠨ ᠪᠡᠯᠡᠭ ᠲᠠᠢ ᠦᠬᠡᠰ ᠢᠶᠠᠷ ᠢᠷᠤᠬᠡᠳᠡᠭ᠃    ᠪᠤᠳᠠᠭ᠎ᠠ ᠢᠳᠡᠬᠦ ᠶᠢᠨ ᠬᠤᠭᠤᠷᠤᠨᠳᠤ ᠬᠡᠤᠬᠡᠳ ᠨᠢ ᠭᠠᠳᠠᠨ᠎ᠠ ᠭᠠᠷᠴᠤ ᠫᠤᠤᠵᠢᠩ ᠳᠠᠯᠪᠢᠵᠦ ᠬᠦᠬᠡᠷᠦᠯᠳᠦᠨ ᠪᠠᠶᠠᠷᠯᠠᠯᠳᠤᠨ ᠰᠢᠨ᠎ᠠ ᠵᠢᠯ ᠢᠶᠠᠨ ᠤᠭᠳᠤᠵᠤ ᠪᠠᠶᠢᠭ᠎ᠠ ᠪᠠᠨ ᠢᠯᠡᠳᠭᠡᠨ᠎ᠠ᠃    ᠭᠡᠰᠢᠭ ᠬᠦᠷᠳᠡᠭᠡᠬᠦ᠃ᠬᠡᠷ ᠳᠤᠳᠤᠷ᠎ᠠ ᠪᠠᠨ ᠰᠢᠨ᠎ᠠ ᠶᠢᠨ ᠵᠤᠯᠭᠠᠯᠳᠠ ᠬᠢᠬᠦ ᠦᠶ᠎ᠠ ᠳᠤ ᠠᠬᠠᠮᠠᠳ ᠦᠶ᠎ᠠ ᠶᠢᠨ ᠬᠦᠮᠦᠰ᠂ ᠳᠤᠤᠷ᠎ᠠ ᠦᠶ᠎ᠠ  ᠶᠢᠨ ᠬᠡᠤᠬᠡᠳ ᠳᠡᠭᠡᠨ ᠭᠡᠰᠢᠭ ᠬᠦᠷᠳᠡᠭᠡᠵᠦ ᠵᠤᠭᠤᠰ ᠦᠭᠳᠡᠭ᠃ ᠭᠡᠬᠦ ᠳᠡᠭᠡᠨ᠄ ︽ᠵᠤᠭᠤᠰᠤᠨ ᠤ ᠠᠳᠠᠯᠢ ᠦᠡᠭᠭᠡ  ᠲᠠᠢ ᠶᠠᠪᠤ᠂ ᠵᠤᠭᠤᠰᠤᠨ ᠳᠤ ᠠᠳᠠᠯᠢ ᠪᠦᠬᠡ ᠶᠠᠪᠤ︾ ᠭᠡᠵᠤ ᠢᠷᠤᠭᠡᠬᠦ ᠳᠤ ᠬᠡᠤᠬᠡᠳ ᠨᠢ ᠬᠤᠶᠠᠷ ᠭᠠᠷ ᠢᠶᠠᠷ ᠢᠶᠠᠨ ᠳᠤᠰᠤᠨ ᠠᠪᠴᠤ ︽ᠭᠡᠰᠢᠭ︾ ᠭᠡᠵᠤ ᠳᠠᠬᠢᠨ ᠮᠦᠷᠬᠦᠵᠦ ᠪᠤᠰᠤᠨ᠎ᠠ᠂ ᠡᠨᠡᠬᠦ ᠮᠦᠷᠬᠦᠯ ᠳᠤ ᠢᠷᠤᠬᠡᠯ ᠳᠠᠯᠪᠢᠬᠤ ᠦᠭᠡᠢ᠃     ᠪᠢᠯᠢᠭ ᠮᠡᠳᠡᠬᠦᠯᠬᠦᠰᠢᠨ᠎ᠠ ᠶᠢᠨ ᠨᠢᠬᠡᠨ ᠤ ᠦᠷᠯᠦᠬᠡ ᠶᠢᠨ ᠪᠤᠳᠠᠭ᠎ᠠ ᠪᠠᠨ ᠢᠳᠡᠬᠦ ᠦᠶ᠎ᠠ ᠳᠤ ᠪᠠᠨ ᠠᠬᠠᠮᠠᠳ ᠦᠶ᠎ᠠ ᠶᠢᠨ ᠬᠢᠨᠢ ᠪᠠᠭ᠎ᠠ ᠬᠡᠤᠬᠡᠨ ᠤ ᠪᠠᠨ ᠭᠠᠷ ᠤᠨ ᠠᠯᠠᠭ᠎ᠠ ᠶᠢ ᠭᠠᠭ᠋ᠠᠢ ᠶᠢᠨ ᠳᠠᠩᠨᠠᠢ ᠪᠠᠷ ︽ᠤᠷᠠᠨ ᠪᠤᠯ᠂ ᠤᠷᠠᠨ ᠪᠤᠯ︕︾ ︽ᠤᠬᠠᠭᠠᠨ ᠲᠠᠢ ᠪᠤᠯ᠂ ᠤᠬᠠᠭᠠᠨ ᠲᠠᠢ ᠪᠤᠯ︕︾ ᠭᠡᠵᠤ ᠴᠤᠬᠢᠵᠦ ᠳᠠᠷᠠᠭ᠎ᠠ ᠨᠢ ᠢᠳᠡᠬᠦᠯᠦᠨ᠎ᠠ᠃ ᠬᠡᠤᠬᠡᠨ ᠨᠢ ᠴᠦ ᠬᠤᠶᠠᠷ ᠭᠠᠷ ᠢᠶᠠᠷ ᠢᠶᠠᠨ ᠳᠤᠰᠤᠨ ᠠᠪᠴᠤ ︽ᠤᠷᠠᠨ ᠪᠤᠯᠤᠨ᠎ᠠ᠂ ᠤᠷᠠᠨ ᠪᠤᠯᠤᠨ᠎ᠠ︾᠂ ︽ᠤᠬᠠᠭᠠᠨ ᠲᠠᠢ ᠪᠤᠯᠤᠨ᠎ᠠ᠂ ᠤᠬᠠᠭᠠᠨ ᠲᠠᠢ ᠪᠤᠯᠤᠨ᠎ᠠ︾ ᠭᠡᠵᠤ ᠬᠠᠷᠢᠭᠤᠯᠳᠠᠭ᠃ ᠡᠨᠡ ᠨᠢ ᠬᠡᠤᠬᠡᠨ ᠢᠶᠠᠨ ᠬᠠᠷᠠᠭᠠᠨ ᠪᠠᠭ᠎ᠠ ᠠᠴᠠ ᠨᠢ ︽ᠡᠬᠡᠨᠡᠷ ᠤᠨ ᠲᠦᠷᠪᠡᠨ ᠡᠷᠳᠡᠮ︾ ᠵᠦᠭ ᠵᠢᠯᠤᠭᠤᠳᠤᠭᠰᠠᠨ ᠶᠠᠪᠤᠳᠠᠯ ᠪᠤᠯᠤᠨ᠎ᠠ᠃   ᠳᠠᠬᠢᠨ ᠪᠠᠭ᠎ᠠ ᠬᠦᠦ ᠲᠠᠢ ᠪᠠᠨ ᠨᠢᠳᠤᠷᠭ᠎ᠠ ᠪᠠᠨ ᠮᠦᠷᠬᠦᠯᠳᠦᠬᠦᠯᠵᠦ ︽ᠪᠠᠭᠠᠳᠤᠷ ᠪᠤᠯ᠂ ᠪᠠᠭᠠᠳᠤᠷ ᠪᠤᠯ︕︾᠂ ︽ᠡᠷᠳᠡᠮ ᠰᠤᠷ᠂ ᠡᠷᠳᠡᠮ ᠰᠤᠷ︕︾ ᠭᠡᠵᠤ ᠭᠡᠯᠡᠬᠦ ᠳᠤ ᠬᠦᠦ ᠨᠢ ᠴᠦ ︽ᠪᠠᠭᠠᠳᠤᠷ ᠪᠤᠯᠤᠨ᠎ᠠ᠂ ᠪᠠᠭᠠᠳᠤᠷ ᠪᠤᠯᠤᠨ᠎ᠠ︕︾᠂ ︽ᠡᠷᠳᠡᠮ ᠰᠤᠷᠤᠨ᠎ᠠ᠂ ᠡᠷᠳᠡᠮ ᠰᠤᠷᠤᠨ᠎ᠠ︕︾ ᠭᠡᠵᠤ ᠬᠠᠷᠢᠭᠤᠯᠳᠠᠭ᠃ ᠡᠨᠡ ᠨᠢ ᠬᠦᠦ ᠪᠠᠨ ᠪᠠᠭᠠᠳᠤᠷ ᠪᠦᠭᠡᠳ ᠡᠷᠳᠡᠮ ᠲᠠᠢ ᠪᠤᠯᠪᠠᠰᠤ ᠡᠷᠬᠢᠮ ᠵᠡᠷᠭᠡ ᠵᠡᠬᠦᠨ᠎ᠠ ᠭᠡᠵᠤ ᠵᠢᠯᠤᠭᠤᠳᠤᠭᠰᠠᠨ ᠶᠠᠪᠤᠳᠠᠯ ᠪᠤᠯᠤᠨ᠎ᠠ᠃ᠰᠢᠷᠡᠭᠡ ᠵᠠᠰᠠᠬᠤ  ᠰᠢᠨ᠎ᠠ ᠶᠢᠨ ᠨᠢᠬᠡᠨ ᠤ ᠦᠷᠯᠦᠬᠡ ᠢᠳᠡᠵᠦ ᠪᠠᠷᠠᠮᠠᠭᠴᠠ ᠪᠠᠷᠢᠶᠠᠳ ᠨᠢ ᠰᠢᠷᠡᠭᠡ ᠵᠠᠰᠠᠵᠤ ᠬᠠᠭᠤᠷᠠᠢ ᠠᠮᠤ᠂ ᠰᠢᠷ᠎ᠠ ᠳᠤᠰᠤ᠂ ᠰᠢᠬᠢᠷ ᠪᠤᠷᠠᠮ᠂ ᠦᠷᠦᠮ᠎ᠠ᠂ ᠪᠤᠤᠪᠤ ᠪᠤᠭᠤᠷᠰᠤᠭ ᠭᠠᠷᠭᠠᠵᠤ ᠪᠤᠰᠤᠳ ᠰᠢᠨ᠎ᠠ ᠶᠢᠨ ᠵᠤᠯᠭᠠᠯᠳᠠ ᠬᠢᠬᠦ ᠪᠠᠷ ᠢᠷᠡᠬᠦ ᠬᠦᠮᠦᠰ ᠢ ᠵᠤᠴᠢᠯᠠᠬᠤ ᠪᠠᠷ ᠪᠡᠯᠡᠳᠬᠡᠳᠡᠭ᠃    ᠵᠢᠯ ᠤᠨ ᠮᠦᠷ ᠭᠠᠷᠭᠠᠬᠤ    ᠰᠢᠨ᠎ᠠ ᠶᠢᠨ ᠨᠢᠬᠡᠨ ᠤ ᠦᠷᠯᠦᠬᠡ ᠶᠢᠨ ᠬᠤᠭᠤᠯᠠ ᠪᠠᠨ ᠢᠳᠡᠵᠦ ᠪᠠᠷᠠᠮᠠᠭᠴᠠ ᠡᠷᠡᠭᠳᠡᠶᠢᠴᠤᠳ ᠨᠢ ᠪᠤᠰᠤᠳ ᠭᠡᠷ  ᠲᠤ ᠤᠴᠢᠵᠦ ᠰᠢᠨ᠎ᠠ ᠶᠢᠨ ᠵᠤᠯᠭᠠᠯᠳᠠ ᠬᠢᠬᠦ ᠠᠴᠠ ᠡᠮᠤᠨ᠎ᠠ ᠮᠦᠷ ᠭᠠᠷᠭᠠᠳᠠᠭ᠃   ᠭᠡᠬᠦ ᠳᠤ ᠬᠦᠮᠦᠨ ᠪᠦᠷᠢ ᠶᠢᠨ ᠶᠠᠪᠤᠬᠤ ᠵᠦᠭ ᠨᠢ ᠠᠳᠠᠯᠢ ᠦᠭᠡᠢ᠃ ᠬᠤᠪᠢ ᠬᠤᠪᠢ ᠬᠦᠮᠦᠨ ᠤ ᠰᠠᠭᠤᠳᠠᠯ  ᠢᠶᠠᠨ ᠦᠵᠡᠵᠦ ᠭᠡᠶᠢᠮᠤᠷᠢ ᠵᠦᠭ ᠢᠶᠠᠨ ᠵᠠᠭᠤᠨ ᠠᠯᠬᠤᠮ ᠠᠯᠤᠰ ᠭᠠᠷᠴᠤ᠂ ᠴᠠᠭ ᠤᠨ ᠵᠡᠬᠦᠦ ᠶᠢᠨ ᠡᠷᠬᠢᠯᠳᠡ ᠶᠢᠨ ᠵᠦᠭ ᠡᠷᠬᠢᠵᠦ ᠭᠡᠰᠢᠭ ᠵᠦᠭ ᠠᠴᠠ ᠬᠡᠷ ᠲᠡᠭᠡᠨ ᠤᠷᠤᠵᠤ ᠢᠷᠡᠨ᠎ᠠ᠂ ᠭᠡᠬᠦ ᠳᠡᠭᠡᠨ ᠵᠠᠮ ᠠᠴᠠ ᠪᠠᠨ ᠶᠠᠭᠤ ᠨᠢᠬᠡ ᠮᠤᠳᠤ᠂ ᠲᠦᠯᠡᠭᠡ᠂ ᠡᠪᠡᠰᠤ ᠪᠤᠶᠤ ᠵᠢᠵᠢᠭ ᠴᠢᠯᠠᠭᠤ ᠶᠢ ᠠᠪᠴᠤ ᠢᠷᠡᠵᠦ᠂ ᠳᠡᠬᠦᠨ ᠢᠶᠠᠨ ᠲᠦᠯᠡᠭᠡ ᠡᠪᠡᠰᠤᠨ ᠳᠤ  ᠪᠠᠨ ᠬᠠᠶᠠᠴᠢᠬᠠᠳᠠᠭ᠂ ᠡᠨᠡ ᠨᠢ ᠪᠢ ᠭᠡᠶᠢᠮᠤᠷᠢ ᠵᠦᠭ ᠢᠶᠠᠨ ᠭᠠᠷᠴᠤ ᠭᠡᠰᠢᠭ ᠤᠯᠵᠠ ᠲᠠᠢ ᠪᠤᠴᠠᠵᠤ ᠢᠷᠡᠵᠠᠢ ᠭᠡᠰᠡᠨ ᠤᠳᠬ᠎ᠠ ᠪᠤᠯᠤᠨ᠎ᠠ᠃   ᠰᠠᠭᠤᠳᠠᠯ ᠡᠷᠢᠬᠦ   ᠰᠠᠭᠤᠳᠠᠯ ᠡᠷᠢᠬᠦ ᠳᠤ ᠬᠤᠷᠤᠭᠤ ᠶᠢᠨ ᠦᠶ᠎ᠠ ᠳᠡᠬᠡᠷ᠎ᠠ ᠪᠠᠨ ᠳᠤᠭᠠᠯᠠᠳᠠᠭ᠃ ᠭᠡᠬᠦ ᠳᠤ ᠪᠠᠨ ᠭᠤᠤᠯ ᠬᠤᠷᠤᠭᠤ  ᠶᠢᠨ ᠳᠤᠤᠷ᠎ᠠ ᠦᠶ᠎ᠠ ᠨᠤᠭᠤᠯᠪᠤᠷᠢ ᠶᠢ ᠭᠠᠯ᠂ ᠳᠤᠯᠤᠪᠤᠷ ᠬᠤᠷᠤᠭᠤ ᠶᠢᠨ ᠳᠤᠤᠷᠠᠬᠢ ᠨᠤᠭᠤᠯᠠᠪᠤᠷᠢ ᠶᠢ ᠰᠢᠷᠤᠢ᠂ ᠳᠤᠮᠳᠠᠬᠢ ᠶᠢ ᠳᠡᠮᠤᠷ᠂ ᠳᠡᠭᠡᠷᠡᠬᠢ ᠶᠢ ᠨᠢ ᠤᠭᠳᠠᠷᠭᠤᠢ᠂ ᠭᠤᠤᠯ ᠬᠤᠷᠤᠭᠤ ᠶᠢᠨ ᠳᠡᠬᠡᠷ᠎ᠠ ᠨᠤᠭᠤᠯᠪᠤᠷ ᠢ ᠤᠰᠤ᠂ ᠢᠳᠡᠮ ᠬᠤᠷᠤᠭᠤ ᠶᠢᠨ ᠳᠡᠭᠡᠷ᠎ᠠ ᠨᠤᠭᠤᠯᠪᠤᠷ ᠢ ᠠᠭᠤᠯᠠ᠂ ᠳᠤᠮᠳᠠᠬᠢ ᠶᠢ ᠮᠤᠳᠤ᠂ ᠳᠤᠤᠷᠠᠬᠢ ᠶᠢ ᠭᠡᠢ ᠭᠡᠵᠤ ᠨᠡᠢᠮᠠᠨ ᠤᠷᠤᠨ ᠰᠠᠭᠤᠳᠠᠯ ᠢ ᠳᠤᠭᠳᠠᠭᠠᠵᠤ᠂ ᠡᠷᠡᠭᠳᠡᠢ ᠬᠦᠮᠦᠨ ᠤ ᠬᠢ ᠶᠢ ᠭᠠᠯ ᠠᠴᠠ ᠡᠬᠢᠯᠡᠨ ᠴᠠᠭ ᠤᠨ ᠵᠡᠬᠦᠦ ᠶᠢᠨ ᠴᠢᠭᠯᠡᠯ ᠢᠶᠠᠷ ᠨᠠᠰᠤᠨ ᠳᠤᠨᠢ ᠬᠦᠷᠳᠡᠯ᠎ᠠ ᠳᠤᠭᠠᠯᠠᠨ᠎ᠠ᠂ ᠡᠮᠡᠭᠳᠠᠢ ᠬᠦᠮᠦᠨ ᠤ ᠬᠢ ᠶᠢ ᠤᠰᠤ ᠠᠴᠠ ᠡᠬᠢᠯᠡᠨ ᠴᠠᠭ ᠤᠨ ᠵᠡᠬᠦᠦ ᠶᠢᠨ ᠴᠢᠭᠯᠡᠯ ᠤᠨ ᠡᠰᠡᠷᠬᠦ ᠪᠠᠷ ᠳᠤᠭᠠᠯᠠᠨ᠎ᠠ᠃   ᠡᠬᠦᠨ ᠢ ᠴᠤᠪᠤᠷᠠᠭᠤᠯᠤᠨ ᠪᠢᠴᠢᠪᠡᠰᠤ᠄   ᠡᠷᠡᠭᠳᠡᠢ —— ᠭᠠᠯ᠂ ᠰᠢᠷᠤᠢ᠂ ᠳᠡᠮᠤᠷ᠂ ᠤᠭᠳᠠᠷᠭᠤᠢ᠂ ᠤᠰᠤ᠂ ᠠᠭᠤᠯᠠ᠂ ᠮᠤᠳᠤ᠂ ᠭᠡᠢ   ᠡᠮᠡᠭᠳᠠᠢ —— ᠤᠰᠤ᠂ ᠤᠭᠳᠠᠷᠭᠤᠢ᠂ ᠳᠡᠮᠤᠷ᠂ ᠰᠢᠷᠤᠢ᠂ ᠭᠠᠯ᠂ ᠭᠡᠢ᠂ ᠮᠤᠳᠤ᠂ ᠠᠭᠤᠯᠠ᠃   ᠰᠠᠭᠤᠳᠠᠯ ᠢᠶᠠᠨ ᠤᠯᠪᠠᠰᠤ ᠮᠥᠨ ᠨᠠᠢᠮᠠᠨ ᠵᠦᠭ ᠤᠨ ᠤᠴᠠᠷᠠᠯ ᠳᠤᠬᠢᠶᠠᠯᠳᠤᠯᠭ᠎ᠠ ᠶᠢ ᠡᠷᠢᠬᠦ᠂ ᠡᠬᠦᠨ ᠢ ᠬᠦᠰᠦᠨᠦᠭ ᠢᠶᠠᠷ ᠢᠯᠡᠳᠭᠡᠪᠡᠰᠤ᠄   ᠭᠦᠷᠢᠶ᠎ᠠ ᠬᠠᠰᠢᠶ᠎ᠠ ᠪᠠᠨ ᠮᠢᠯᠢᠶᠠᠬᠤ    ᠰᠢᠨ᠎ᠠ ᠶᠢᠨ ᠨᠢᠬᠡᠨ ᠤ ᠪᠠᠩᠰᠢ ᠪᠠᠨ ᠴᠢᠨᠠᠭᠰᠠᠨ ᠤ ᠰᠡᠬᠦᠯᠡᠷ ᠳᠡᠭᠡᠵᠢ ᠶᠢ ᠨᠢ ᠬᠤᠶᠠᠷ ᠢ ᠠᠪᠴᠤ ᠠᠶᠠᠭ᠎ᠠ ᠳᠤᠷ  ᠢᠶᠠᠨ ᠰᠠᠪᠠᠯᠠᠵᠤ ᠪᠠᠷᠠᠭᠤᠨ ᠰᠠᠷᠠᠭ᠎ᠠ ᠳᠤ ᠪᠠᠨ ᠳᠠᠯᠪᠢᠵᠦ᠂ ᠵᠤᠤᠬᠠᠨ ᠳᠠᠪᠴᠠᠩ ᠳᠤ ᠪᠠᠨ ᠨᠢᠬᠡ ᠶᠢ ᠳᠠᠯᠪᠢᠵᠦ᠂ ᠨᠠᠷᠢᠬᠠᠨ ᠮᠤᠳᠤᠨ ᠳᠤ ᠡᠳᠡᠵᠦ ᠡᠯᠬᠦᠬᠡᠳ ᠮᠠᠯ ᠤᠨ ᠬᠠᠰᠢᠶ᠎ᠠ᠂ ᠱᠠᠮᠪᠠᠨ ᠬᠡᠷ ᠤᠨ ᠡᠬᠦᠳᠡ᠂ ᠦᠳᠦᠷᠦᠮ᠎ᠠ ᠶᠢᠨ ᠬᠠᠰᠢᠶᠠᠨ ᠤ ᠡᠬᠦᠳᠡᠨ ᠳᠡᠭᠡᠷ᠎ᠠ ᠬᠠᠳᠬᠤᠵᠤ ᠳᠠᠯᠪᠢᠨ᠎ᠠ᠃   ᠡᠨᠡ ᠨᠢ ᠰᠢᠨ᠎ᠠ ᠵᠢᠯ ᠳᠤ ᠡᠯᠪᠡᠭ ᠳᠡᠯᠪᠡᠭ ᠬᠤᠷᠢᠶᠠᠯᠳᠠᠳᠠᠢ᠂ ᠮᠠᠯ ᠤᠨᠤᠭ᠎ᠠ ᠦᠨᠢᠷ ᠦᠰᠦᠯᠳᠡᠳᠡᠢ ᠪᠤᠯᠬᠤ ᠪᠤᠯᠳᠤᠭᠠᠢ ᠭᠡᠰᠡᠨ ᠪᠡᠯᠡᠭᠳᠡᠯ ᠶᠤᠮ ᠭᠡᠳᠡᠭ᠃   ᠪᠠᠩᠰᠢ ᠪᠠᠨ ᠤᠰᠤᠨ ᠳᠤ ᠴᠢᠨᠠᠬᠤ    ᠰᠢᠨ᠎ᠠ ᠶᠢᠨ ᠨᠢᠬᠡᠨ ᠤ ᠪᠠᠩᠰᠢ ᠶᠢ ᠵᠠᠪᠠᠯ ᠤᠰᠤᠨ ᠳᠤ ᠴᠢᠨᠠᠳᠠᠭ ᠤᠴᠢᠷ ᠬᠡᠪᠡᠯ ᠬᠤᠷ᠎ᠠ ᠪᠤᠷᠤᠭᠠᠨ ᠳᠡᠭᠰᠢ᠂ ᠰᠠᠯᠬᠢᠨ ᠵᠢᠪᠡᠷ ᠡᠶᠡᠪᠡᠷᠬᠦᠦ ᠪᠠᠶᠢᠵᠦ᠂ ᠤᠨ ᠤ ᠳᠠᠷᠢᠶ᠎ᠠ ᠡᠯᠪᠡᠭ ᠳᠡᠯᠪᠡᠭ᠂ ᠡᠪᠡᠰᠤ ᠪᠡᠯᠴᠢᠬᠡᠷ ᠢᠬᠴᠤ ᠰᠠᠬᠤᠯᠢᠭ ᠪᠠᠶᠢᠵᠦ᠂ ᠳᠠᠪᠤᠨ ᠬᠤᠰᠢᠭᠤ ᠮᠠᠯ ᠦᠨᠢᠷ ᠦᠰᠦᠯᠳᠡ ᠲᠠᠢ ᠪᠤᠯᠬᠤ ᠪᠤᠯᠳᠤᠭᠠᠢ ᠭᠡᠰᠡᠨ ᠪᠡᠯᠡᠭᠳᠡᠯ ᠪᠤᠯᠬᠤ ᠶᠤᠮ ᠬᠡᠨ᠎ᠠ    ᠠᠶᠢᠯ ᠤᠨ ᠠᠬᠠᠮᠠᠳ ᠲᠤ ᠪᠠᠨ ᠰᠢᠨ᠎ᠠ ᠶᠢᠨ ᠵᠤᠯᠭᠠᠯᠳᠠ ᠬᠢᠬᠦ᠃   ᠴᠠᠭᠠᠨ ᠰᠠᠷ᠎ᠠ ᠶᠢᠨ ᠰᠢᠨ᠎ᠠ ᠶᠢᠨ ᠨᠢᠬᠡᠨ ᠪᠤᠯ ᠭᠤᠷᠪᠠᠨ ᠵᠠᠭᠤ ᠵᠢᠷᠠᠨ ᠳᠠᠪᠤᠨ ᠡᠳᠤᠷ ᠤᠨ ᠳᠤᠳᠤᠷᠠᠬᠢ ᠬᠠᠷ᠎ᠠ ᠡᠳᠤᠷ ᠶᠤᠮ ᠬᠡᠨ᠎ᠠ᠃ ᠡᠨᠡ ᠨᠢ ᠳᠠᠬᠢᠶᠠᠨ ᠤ ᠡᠳᠤᠷ᠂ ᠳᠤᠶᠢᠯ ᠤᠨ ᠮᠠᠭᠤ ᠡᠳᠤᠷ ᠪᠤᠯᠬᠤᠷ ᠦᠯᠵᠠᠢ ᠪᠡᠯᠡᠭ ᠲᠠᠢ ᠰᠠᠶᠢᠨ ᠦᠬᠡ ᠶᠢ ᠰᠤᠨᠤᠰᠪᠠᠯ ᠰᠠᠶᠢᠨ ᠭᠡᠳᠡᠭ ᠠᠴᠠ ᠠᠶᠢᠯ ᠠᠶᠢᠮᠠᠭ ᠤᠨ ᠨᠠᠰᠤᠳᠠᠶᠢᠴᠤᠳ ᠲᠤ ᠤᠴᠠᠷᠠᠨ ᠵᠤᠯᠭᠠᠵᠤ ᠢᠷᠤᠬᠡᠯ ᠰᠤᠨᠤᠰᠳᠠᠭ᠃   ᠭᠡᠬᠦ ᠳᠡᠭᠡᠨ ᠪᠤᠷᠬᠠᠨ ᠲᠠᠢ ᠬᠡᠷ ᠲᠤ ᠤᠷᠤᠪᠠᠰᠤ ᠬᠦᠵᠠ ᠶᠢ ᠨᠢ ᠨᠢᠬᠡ ᠪᠤᠶᠤ ᠭᠤᠷᠪᠠ ᠶᠢ ᠵᠤᠯᠠ ᠶᠢᠨ ᠭᠠᠯ ᠳᠤᠨᠢ ᠨᠤᠴᠤᠭᠠᠵᠤ ᠰᠢᠶᠠᠩᠯᠤ ᠳᠤ ᠨᠢ ᠬᠠᠳᠬᠤᠵᠤ᠂ ᠮᠠᠯᠠᠭᠠᠢ ᠪᠠᠨ ᠠᠪᠴᠤ ᠭᠤᠷᠪᠠᠨ ᠤᠳᠠᠭ᠎ᠠ ᠵᠠᠯᠪᠠᠷᠢᠵᠦ ᠶᠢᠰᠦᠨ ᠤᠳᠠᠭ᠎ᠠ ᠢᠰᠯᠠᠵᠤ᠂ ᠳᠤᠳᠤᠷ᠎ᠠ ᠪᠠᠨ ︽ᠪᠤᠷᠬᠠᠨ ᠳᠡᠭᠷᠢ ᠦᠷᠦᠰᠢᠶᠡᠨ ᠰᠤᠶᠤᠷᠬᠠᠵᠤ᠂ ᠤᠨ ᠢ ᠡᠯᠪᠡᠭᠵᠢᠬᠦᠯᠵᠦ᠂ ᠤᠨᠳᠤᠷᠤᠯᠭ᠎ᠠ ᠶᠢ ᠰᠠᠶᠢᠵᠢᠷᠠᠭᠤᠯ᠂ ᠡᠮᠬᠡᠭ ᠢ ᠦᠬᠡᠶᠢᠰᠭᠡᠵᠦ ᠡᠷᠡᠬᠦᠯ ᠢ ᠤᠳᠤᠷᠢᠳ᠂ ᠤᠷᠳᠤ ᠨᠠᠰᠤᠯᠠᠭᠤᠯᠵᠤ ᠤᠳᠠᠳᠠᠯ᠎ᠠ ᠵᠢᠷᠭᠠᠭᠤᠯᠬᠤ ᠪᠤᠯᠬᠤ ᠪᠤᠯᠭᠠᠳᠤᠭᠠᠢ︾ ᠭᠡᠵᠤ ᠳᠠᠭᠠᠳᠬᠠᠵᠤ᠂ ᠮᠠᠯᠠᠭᠠᠢ ᠪᠠᠨ ᠡᠮᠦᠰᠴᠤ᠂ ᠭᠡᠷ ᠬᠢ ᠶᠢᠨ ᠠᠬᠠᠮᠠᠳ ᠦᠶ᠎ᠠ ᠳᠤ ᠪᠠᠨ ᠮᠦᠷᠬᠦᠨ ᠵᠤᠯᠭᠠᠨ᠎ᠠ᠃ ᠮᠦᠷᠬᠦᠬᠦ ᠳᠤ ᠪᠠᠨ ᠤᠷᠢᠳᠡᠪᠡᠷ ᠠᠮᠤᠷ ᠠᠰᠠᠭᠤᠬᠤ ᠶᠢᠨ ᠬᠠᠮᠳᠤ᠄ ︽ᠵᠠ᠂ ᠰᠠᠶᠢᠨ ᠰᠢᠨᠡᠯᠡᠪᠡᠤ︖︾ ᠭᠡᠵᠤ ᠬᠤᠤᠰ ᠡᠪᠦᠳᠦᠭ ᠢᠶᠠᠷ ᠬᠦᠰᠡᠷ᠎ᠠ ᠰᠦᠬᠦᠳᠴᠤ ᠭᠤᠷᠪᠠᠨ ᠳᠤᠯᠤᠭᠠᠢ ᠮᠦᠷᠬᠦᠬᠦ ᠳᠤ ᠠᠬᠠᠮᠠᠳ ᠨᠢ ᠢᠷᠤᠬᠡᠯ ᠬᠠᠶᠢᠷᠠᠯᠠᠨ ᠭᠠᠷ ᠤᠨ ᠠᠯᠠᠭ᠎ᠠ ᠪᠠᠨ ᠡᠷᠬᠦᠰᠬᠢᠯᠡᠨ᠄ ︽ᠳᠡᠭᠡᠭᠰᠢ ᠪᠠᠨ᠂ ᠳᠡᠭᠡᠭᠰᠢ ᠪᠠᠨ︕︾ ᠭᠡᠵᠤ ᠬᠡᠯᠡᠪᠡᠯ ᠰᠠᠶ᠋ᠢ ᠪᠤᠰᠴᠤ ᠪᠤᠯᠤᠨ᠎ᠠ᠃   ᠡᠷᠡᠭᠳᠡᠢ ᠬᠦᠮᠦᠨ ᠤ ᠠᠮᠤᠷ ᠠᠰᠠᠭᠤᠬᠤ ᠨᠢ᠄ ᠪᠠᠷᠠᠭᠤᠨ ᠬᠦᠯ ᠢᠶᠠᠨ ᠬᠠᠭᠠᠰ ᠤᠯᠠ ᠣᠷᠤᠭᠰᠢᠯᠠᠭᠤᠯᠵᠤ᠂ ᠬᠤᠤᠰ ᠡᠪᠦᠳᠦᠭ ᠢᠶᠠᠷ ᠢᠶᠠᠨ ᠨᠤᠭᠤᠷᠠᠰᠬᠢᠨ᠂ ᠤᠴᠢᠩ ᠭᠡᠵᠤ ᠠᠮᠤᠷ ᠠᠰᠠᠭᠤᠨ᠎ᠠ᠃ ᠡᠮᠡᠭᠳᠠᠢ ᠬᠦᠮᠦᠨ ᠪᠤᠯ ᠲᠦᠪ ᠵᠤᠭᠰᠤᠵᠤ᠂ ᠬᠤᠶᠠᠷ ᠭᠠᠷ ᠤᠨ ᠠᠯᠠᠭ᠎ᠠ ᠪᠠᠨ ᠪᠦᠳᠦᠬᠦᠨ ᠭᠤᠶ᠎ᠠ ᠳᠤ ᠪᠠᠨ ᠳᠠᠯᠪᠢᠵᠦ᠂ ᠪᠡᠶ᠎ᠠ ᠪᠠᠨ ᠭᠤᠴᠢᠨ ᠭᠷᠠᠳᠦ᠋ᠰ ᠪᠦᠬᠦᠶᠢᠰ ᠭᠡᠬᠦ ᠶᠢᠨ ᠬᠠᠮᠳᠤ ᠬᠤᠶᠠᠷ ᠭᠠᠷ ᠤᠨ ᠠᠯᠠᠭ᠎ᠠ ᠪᠠᠨ ᠳᠤᠷᠤᠭᠰᠢ ᠰᠦᠬᠦᠮ ᠰᠢᠬᠠᠮ ᠭᠤᠯᠭᠤᠷᠳᠠᠭᠤᠯᠵᠤ᠂ ᠪᠡᠶ᠎ᠠ ᠪᠠᠨ ᠨᠢᠬᠡ ᠵᠠᠭᠤ ᠳᠠᠪᠢᠨ ᠭᠷᠠᠳᠦ᠋ᠰ ᠤᠨ ᠲᠦᠷᠰᠦ ᠪᠤᠯᠭᠠᠨ ᠢᠯᠡᠷᠡᠬᠦᠯᠦᠨ᠎ᠠ᠃   ᠵᠠᠷᠢᠮ ᠡᠮᠡᠭᠳᠡᠶᠢᠴᠤᠳ ᠵᠡᠬᠦᠨ ᠡᠪᠦᠳᠦᠭ ᠢᠶᠠᠷ ᠰᠦᠬᠦᠳᠴᠤ᠂ ᠪᠠᠷᠠᠭᠤᠨ ᠡᠪᠦᠳᠦᠭ ᠢᠶᠠᠨ ᠪᠤᠰᠬᠠᠵᠤ᠂ ᠵᠡᠬᠦᠨ ᠭᠠᠷ ᠤᠨ ᠠᠯᠠᠭ᠎ᠠ ᠪᠠᠨ ᠪᠠᠷᠠᠭᠤᠨ ᠡᠪᠦᠳᠦᠭ ᠳᠡᠭᠡᠷ᠎ᠠ ᠪᠠᠨ ᠳᠠᠯᠪᠢᠵᠦ᠂ ᠪᠠᠷᠠᠭᠤᠨ ᠭᠠᠷ ᠤᠨ ᠠᠯᠠᠭ᠎ᠠ ᠪᠠᠨ ᠳᠤᠯᠤᠭᠠᠢ  ᠯᠤᠭ᠎ᠠ ᠬᠠᠮᠳᠤ ᠵᠡᠷᠭᠡᠴᠡᠬᠦᠯᠵᠦ ᠮᠦᠷᠬᠦᠳᠡᠭ ᠴᠦ ᠪᠤᠢ᠃   ᠠᠬᠠᠮᠠᠳ ᠨᠡᠷ ᠢᠷᠤᠬᠡᠯ ᠬᠠᠶᠢᠷᠠᠯᠠᠬᠤ ᠳᠤ ᠪᠠᠨ ᠵᠤᠯᠭᠠᠵᠤ ᠪᠠᠶᠢᠭ᠎ᠠ ᠬᠦᠮᠦᠨ ᠤ ᠪᠠᠨ ᠪᠠᠶᠢᠳᠠᠯ ᠢ ᠦᠵᠡᠵᠦ ᠢᠷᠤᠬᠡᠯ ᠬᠠᠶᠢᠷᠠᠯᠠᠳᠠᠭ᠃   ᠳᠤᠮᠳᠠ ᠨᠠᠰᠤᠨ ᠤ ᠬᠦᠮᠦᠨ ᠳᠤ᠄ ᠪᠠᠶᠠᠵᠠ᠂ ᠵᠢᠷᠭ᠎ᠠ᠂ ᠠᠪᠤ ᠡᠵᠢ ᠪᠠᠨ ᠬᠦᠨᠳᠦᠳᠬᠡ᠂ ᠦᠷ᠎ᠠ ᠬᠡᠤᠬᠡᠳ ᠤᠨ  ᠢᠶᠠᠨ ᠰᠠᠶᠢᠨ ᠢ ᠦᠵᠡ᠂ ᠤᠷᠳᠤ ᠨᠠᠰᠤᠯᠠᠵᠤ ᠤᠳᠠᠳᠠᠯ᠎ᠠ ᠵᠢᠷᠭ᠎ᠠ ᠭᠡᠵᠤ ᠢᠷᠤᠬᠡᠨ᠎ᠠ᠃   ᠬᠤᠤᠰ ᠵᠠᠯᠠᠭᠤ ᠶᠢ ᠪᠤᠯ᠄ ᠪᠠᠶᠠᠵᠠ᠂ ᠵᠢᠷᠭ᠎ᠠ᠂ ᠢᠷᠡᠬᠦ ᠵᠢᠯ ᠳᠤ ᠪᠠᠨ ᠬᠦᠦ ᠳᠡᠪᠡᠷᠢᠵᠦ ᠢᠷᠡᠭᠡᠳ ᠵᠤᠯᠭ᠎ᠠ ᠭᠡᠵᠤ ᠰᠢᠨ᠎ᠠ ᠪᠠᠷᠢ ᠳᠤ ᠨᠢ ᠬᠤᠸᠠᠷ ᠦᠭᠳᠡᠭ᠃    ᠤᠷᠤᠭᠯᠠᠭᠠᠳᠤᠢ ᠵᠠᠯᠠᠭᠤᠰ ᠢ ᠪᠤᠯ᠄ ᠪᠠᠶᠠᠵᠢ᠂ ᠵᠢᠷᠭ᠎ᠠ᠂ ᠪᠠᠶᠠᠨ ᠬᠦᠮᠦᠨ ᠤ ᠬᠡᠤᠬᠡᠨ ᠢ ᠠᠪ᠂ ᠬᠤᠶᠢᠳᠤ ᠵᠢᠯ ᠬᠤᠤᠰ ᠢᠶᠠᠷ ᠢᠷᠡᠵᠦ ᠵᠤᠯᠭ᠎ᠠ᠃ᠬᠡᠤᠬᠡᠨᠴᠤᠳ ᠪᠠ ᠯᠠᠮᠠ ᠬᠦᠮᠦᠨ᠂ ᠬᠦᠮᠦᠨ ᠳᠤ ᠮᠦᠷᠬᠦᠵᠦ ᠵᠤᠯᠭᠠᠬᠤ ᠦᠭᠡᠢ᠂ ᠭᠡᠪᠡᠴᠤ ᠬᠡᠤᠬᠡᠨᠴᠤᠳ ᠴᠦ ᠭᠡᠳᠦᠬᠦᠯᠡ ᠪᠠᠨ ᠴᠤᠭᠯᠠᠷᠠᠨ ᠬᠠᠷᠢᠯᠴᠠᠨ ᠭᠡᠷ ᠭᠡᠷ ᠢᠶᠠᠷ ᠢᠶᠠᠨ ᠤᠴᠢᠳᠠᠭ᠂ ᠭᠡᠬᠦ ᠳᠤ ᠠᠬᠠᠮᠠᠳ ᠨᠢ ᠰᠢᠬᠢᠷ ᠦᠭᠭᠦ ᠪᠤᠶᠤ ᠵᠤᠭᠤᠰ ᠦᠭᠴᠤ᠄ ︽ᠪᠠᠶᠠᠨ ᠬᠦᠷᠬᠡᠨ ᠳᠤ ᠭᠠᠷᠤ︾ ᠭᠡᠵᠤ ᠢᠷᠤᠭᠡᠵᠦ ᠪᠠᠶᠠᠷᠯᠠᠭᠤᠯᠳᠠᠭ᠃   ᠪᠢᠴᠢᠬᠠᠨ ᠬᠦᠦ ᠳᠤ ᠵᠤᠭᠤᠰ ᠱᠠᠩᠨᠠᠪᠠᠯ᠄ ︽ᠵᠤᠭᠤᠰᠤᠨ ᠳᠤ ᠠᠳᠠᠯᠢ ᠪᠠᠭᠢ ᠶᠠᠪᠤ᠂ ᠵᠤᠭᠤᠰᠤᠨ ᠳᠤ ᠠᠳᠠᠯᠢ ᠦᠡᠭᠭᠡ ᠲᠠᠢ ᠶᠠᠪᠤ᠂ ᠡᠷᠳᠡᠮ ᠤᠨ ᠬᠦᠨ ᠢ ᠰᠤᠷᠴᠤ᠂ ᠡᠷᠬᠢᠮ ᠤᠨ ᠳᠡᠭᠡᠳᠤ ᠳᠤᠷ ᠬᠦᠷᠦ︾ ᠭᠡᠬᠦ ᠮᠡᠳᠤ ᠢᠷᠤᠬᠡᠯ ᠬᠠᠶᠢᠷᠠᠯᠠᠳᠠᠭ᠃ᠵᠠᠷᠢᠮ ᠨᠢ ᠪᠠᠰᠠ ︽ᠪᠢᠳᠡᠬᠦᠨ ᠰᠢᠭ ᠪᠠᠶᠠᠨ ᠶᠠᠪᠤ᠂ ᠰᠢᠨ᠎ᠠ ᠶᠢᠨ ᠨᠢᠬᠡᠨ ᠰᠢᠭ ᠶᠤᠰᠤᠳᠠᠢ ᠶᠠᠪᠤ᠂ ᠴᠠᠭᠠᠨ ᠰᠠᠷ᠎ᠠ ᠰᠢᠭ᠋ ᠡᠶ᠎ᠡ ᠲᠠᠢ ᠶᠠᠪᠤ︾ ᠭᠡᠵᠤ ᠢᠷᠤᠭᠡᠯ ᠬᠠᠶᠢᠷᠠᠯᠠᠳᠠᠭ ᠠᠴᠠ ︽ᠰᠠᠯᠬᠢᠨ ᠳᠤ ᠪᠠᠨ ᠳᠠᠳᠠᠬᠤ ᠳᠠᠮᠠᠬᠢ ᠪᠠᠨ ᠪᠤᠷᠤᠭᠠᠨ  ᠳᠤ ᠪᠠᠨ ᠳᠠᠳᠠ᠂ ᠰᠠᠶᠢᠬᠠᠨ ᠬᠤᠶᠠᠷ ᠦᠬᠡ ᠪᠠᠨ ᠴᠠᠭᠠᠨ ᠰᠠᠷ᠎ᠠ ᠳᠠᠭᠠᠨ ᠬᠡᠯᠡᠯᠴᠢ︾ ᠭᠡᠳᠡᠭ ᠵᠤᠶᠢᠷ ᠰᠡᠴᠡᠨ ᠦᠬᠡ ᠭᠠᠷᠴᠠᠢ᠃   ᠪᠢᠳᠡᠭᠦᠯᠡᠵᠣ ᠰᠢᠨᠡᠯᠡᠬᠦ ᠲᠠᠢ ᠬᠤᠯᠪᠣᠭᠳᠠᠬᠤ ᠴᠡᠭᠡᠷ ᠶᠣᠰᠣᠨ   ᠪᠢᠳᠡᠭᠦᠨ ᠤ ᠡᠳᠦᠷ ᠠᠶᠢᠯ ᠲᠣᠭᠤᠷᠢᠬᠤ ᠶᠢ ᠴᠡᠭᠡᠷᠯᠡᠨ᠎ᠡ᠃ ᠪᠢᠳᠡᠭᠦᠨ ᠳᠤ ᠭᠡᠰᠡᠭᠦᠴᠢᠯᠡᠭᠰᠡᠨ ᠬᠦᠮᠦᠨ ᠰᠢᠨ᠎ᠠ ᠣᠨ ᠳᠤ ᠲᠡᠨᠣᠭᠦᠴᠢᠯᠡᠨ᠎ᠡ ᠭᠡᠳᠡᠭ᠃ ᠵᠢᠯ ᠤᠨ ᠰᠡᠭᠦᠯᠴᠢ ᠶᠢᠨ ᠡᠳᠦᠷ ᠭᠡᠷ ᠲᠤ ᠪᠠᠨ ᠰᠠᠭᠤᠬᠤ ᠨᠢ ᠬᠡᠰᠢᠭ ᠪᠣᠶᠠᠨ  ᠢᠶᠠᠨ ᠲᠣᠭᠳᠠᠭᠠᠵᠣ᠂ ᠡᠯᠳᠡᠪ ᠭᠠᠢ ᠪᠠᠷᠴᠢᠳ ᠲᠣᠬᠢᠶᠠᠯᠳᠣᠬᠤ ᠶᠢ ᠬᠢᠴᠢᠶᠡᠨ ᠰᠡᠷᠭᠡᠶᠢᠯᠡᠵᠣ ᠪᠠᠶᠢᠨ᠎ᠠ ᠭᠡᠳᠡᠭ᠃   ᠪᠢᠳᠡᠭᠦᠨ ᠤ ᠡᠳᠦᠷ ᠠᠮᠢ ᠬᠤᠷᠣᠭᠠᠬᠤ ᠶᠢ ᠴᠡᠭᠡᠷᠯᠡᠨ᠎ᠡ᠂ ᠮᠠᠭᠤ ᠢᠷᠸ᠎ᠠ ᠭᠡᠨ᠎ᠡ᠃   ᠪᠢᠳᠡᠭᠦᠨ ᠤ ᠡᠳᠦᠷ ᠡᠮ ᠣᠣᠭᠤᠬᠤ ᠶᠢ ᠴᠡᠭᠡᠷᠯᠡᠨ᠎ᠡ᠂ ᠡᠮ ᠣᠣᠭᠤᠪᠠᠯ ᠢᠷᠡᠬᠦ ᠵᠢᠯ ᠳᠤ ᠨᠢᠭᠡ ᠵᠢᠯ ᠡᠮ ᠣᠣᠭᠤᠨ᠎ᠠ ᠭᠡᠨ᠎ᠡ᠃   ᠪᠢᠳᠡᠭᠦᠨ ᠤ ᠡᠳᠦᠷ ᠬᠡᠣᠬᠡᠳ ᠢᠶᠠᠨ ᠴᠣᠬᠢᠵᠣ ᠬᠠᠷᠢᠶᠠᠬᠤ ᠶᠢ ᠴᠡᠭᠡᠷᠯᠡᠨ᠎ᠡ᠂ ᠢᠷᠡᠬᠦ ᠣᠨ ᠳᠤ ᠮᠠᠭᠤ ᠭᠡᠨ᠎ᠡ᠃   ᠪᠢᠳᠡᠭᠦᠨ ᠤ ᠡᠳᠦᠷ ᠣᠨᠤᠭ᠎ᠠ ᠮᠠᠯ ᠢᠶᠠᠨ ᠭᠡᠭᠡᠵᠣ ᠠᠯᠳᠠᠵᠣ ᠭᠡᠭᠡᠷ᠎ᠡ ᠬᠤᠨᠣᠭᠤᠯᠬᠤ ᠶᠢ ᠴᠡᠭᠡᠷᠯᠡᠨ᠎ᠡ᠂ ᠮᠠᠯ ᠤᠨ ᠬᠡᠰᠢᠭ ᠪᠣᠶᠠᠨ ᠵᠠᠶᠢᠯᠠᠨ᠎ᠠ ᠭᠡᠨ᠎ᠡ᠃   ᠪᠢᠳᠡᠭᠦᠨ ᠤ ᠰᠦᠨᠢ ᠬᠡᠭᠡᠷ᠎ᠡ ᠭᠠᠳᠠᠨ᠎ᠠ ᠪᠣᠶᠣ ᠬᠦᠮᠦᠨ ᠤ ᠳᠤ ᠬᠤᠨᠣᠬᠤ ᠶᠢ ᠴᠡᠭᠡᠷᠯᠡᠨ᠎ᠡ᠂ ᠰᠦᠨᠡᠰᠦ ᠨᠢ ᠲᠦᠭᠡᠷᠢᠨ᠎ᠡ ᠭᠡᠨ᠎ᠡ᠃   ᠪᠢᠳᠡᠭᠦᠨ ᠤ ᠰᠦᠨᠢ ᠦᠯᠦᠰᠭᠦᠯᠡᠩ ᠬᠤᠨᠣᠬᠤ ᠶᠢ ᠴᠡᠭᠡᠷᠯᠡᠨ᠎ᠡ᠂ ᠨᠢᠭᠡ ᠵᠢᠯ ᠦᠯᠦᠰᠴᠣ ᠶᠠᠪᠣᠨ᠎ᠠ ᠭᠡᠨ᠎ᠡ᠃   ᠪᠢᠳᠡᠭᠦᠨ ᠤ ᠰᠦᠨᠢ ᠣᠨᠳᠠᠬᠤ ᠶᠢ ᠴᠡᠭᠡᠷᠯᠡᠨ᠎ᠡ᠂ ᠣᠨᠳᠠᠪᠠᠯ ᠴᠢᠳᠭᠦᠷ ᠰᠦᠨᠡᠰᠦ ᠶᠢ ᠨᠢ ᠠᠪᠣᠭᠠᠳ ᠶᠠᠪᠣᠴᠢᠬᠠᠨ᠎ᠠ ᠭᠡᠨ᠎ᠡ᠃   ᠪᠢᠳᠡᠭᠦᠨ ᠤ ᠡᠳᠦᠷ ᠮᠠᠯ ᠣᠨᠤᠭ᠎ᠠ ᠪᠠᠨ ᠦᠯᠦᠰᠭᠡᠬᠦ ᠪᠣᠶᠣ ᠴᠣᠬᠢᠵᠣ ᠬᠠᠷᠢᠶᠠᠬᠤ ᠶᠢ ᠴᠡᠭᠡᠷᠯᠡᠨ᠎ᠡ᠂ ᠮᠠᠯ ᠤᠨ ᠬᠡᠰᠢᠭ ᠪᠣᠶᠠᠨ ᠬᠠᠵᠠᠶᠢᠨ᠎ᠠ ᠭᠡᠨ᠎ᠡ᠃   ᠪᠢᠳᠡᠭᠦᠨ ᠤ ᠡᠳᠦᠷ ᠨᠣᠮ ᠦᠵᠡᠬᠦ᠂ ᠦᠢᠯᠡ ᠣᠳᠠᠰᠣᠨ ᠤ ᠠᠵᠢᠯ ᠬᠢᠬᠦ ᠶᠢ ᠴᠡᠭᠡᠷᠯᠡᠨ᠎ᠡ᠃   ᠪᠢᠳᠡᠭᠦᠨ ᠤ ᠰᠦᠨᠢ ᠬᠠᠷᠠᠩᠭᠤᠢ ᠦᠩᠭᠡᠷᠡᠬᠦ ᠶᠢ ᠴᠡᠭᠡᠷᠯᠡᠨ᠎ᠡ᠂ ᠬᠠᠷᠠᠩᠭᠤᠢ ᠪᠣᠯᠣᠭᠰᠠᠭᠠᠷ ᠴᠢᠳᠭᠦᠷ ᠢᠷᠡᠵᠣ ᠡᠵᠡᠯᠡᠨ᠎ᠡ ᠭᠡᠨ᠎ᠡ᠃   ᠪᠢᠳᠡᠭᠦᠨ ᠤ ᠰᠦᠨᠢ ᠬᠡᠣᠬᠡᠳ ᠤᠨ ᠨᠡᠷ᠎ᠡ ᠪᠠᠷ ᠲᠠᠭᠤᠳᠠᠬᠤ ᠶᠢ ᠴᠡᠭᠡᠷᠯᠡᠨ᠎ᠡ᠂ ᠴᠢᠳᠭᠦᠷ ᠬᠤᠣᠷᠯᠠᠨ᠎ᠠ ᠭᠡᠨ᠎ᠡ᠃   ᠪᠢᠳᠡᠭᠦᠨ ᠤ ᠰᠦᠨᠢ ᠬᠤᠪᠴᠠᠰᠣ ᠬᠤᠨᠠᠷ ᠢᠶᠠᠨ ᠭᠠᠳᠠᠨ᠎ᠠ ᠬᠤᠨᠣᠭᠤᠯᠬᠤ ᠶᠢ ᠴᠡᠭᠡᠷᠯᠡᠨ᠎ᠡ᠂ ᠴᠢᠳᠭᠦᠷ ᠡᠮᠦᠰᠦᠨ᠎ᠡ ᠭᠡᠨ᠎ᠡ᠃   ᠪᠢᠳᠡᠭᠦᠨ ᠤ ᠰᠦᠨᠢ ᠭᠠᠳᠠᠨ᠎ᠠ ᠬᠤᠭᠤᠰᠣᠨ ᠰᠠᠪᠠ ᠪᠠᠶᠢᠯᠭᠠᠬᠤ ᠶᠢ ᠴᠡᠭᠡᠷᠯᠡᠨ᠎ᠡ᠂ ᠲᠡᠷᠠᠭ᠎ᠠ ᠵᠢᠯ ᠬᠤᠭᠤᠰᠣᠷᠣᠨ᠎ᠠ ᠭᠡᠨ᠎ᠡ᠃   ᠪᠢᠳᠡᠭᠦᠨ ᠤ ᠰᠦᠨᠢ ᠫᠠᠯᠠᠩ ᠭᠠᠵᠠᠷ ᠲᠡᠭᠡᠷ᠎ᠡ ᠪᠠᠨ ᠣᠰᠣ ᠠᠰᠬᠠᠬᠤ ᠶᠢ ᠴᠡᠭᠡᠷᠯᠡᠨ᠎ᠡ᠂ ᠪᠠᠶᠠᠨ ᠲᠡᠭᠡᠷ᠎ᠡ ᠨᠢ ᠶᠠᠷ᠎ᠠ ᠭᠠᠷᠣᠨ᠎ᠠ ᠭᠡᠨ᠎ᠡ᠃   ᠪᠢᠳᠡᠭᠦᠨ ᠤ ᠰᠦᠨᠢ ᠬᠤᠭ ᠨᠣᠪᠰᠢ ᠭᠡᠭᠡᠬᠦ ᠶᠢ ᠴᠡᠭᠡᠷᠯᠡᠨ᠎ᠡ᠃   ᠪᠢᠳᠡᠭᠦᠨ ᠤ ᠰᠦᠨᠢ ᠬᠡᠯᠡ ᠠᠮᠠ ᠪᠣᠯᠵᠣ ᠬᠡᠷᠡᠯᠳᠦᠬᠦ ᠶᠢ ᠴᠡᠭᠡᠷᠯᠡᠨ᠎ᠡ᠂ ᠢᠷᠡᠬᠦ ᠵᠢᠯ ᠳᠤ ᠶᠠᠷᠰᠢᠭ ᠲᠠᠰᠣᠷᠠᠬᠤ ᠦᠭᠡᠢ ᠪᠣᠯᠣᠨ᠎ᠠ᠃   ᠪᠢᠳᠡᠭᠦᠨ ᠤ ᠰᠦᠨᠢ ᠲᠡᠭᠡᠳᠦᠰ ᠲᠤ ᠪᠠᠨ ᠲᠦᠯᠡᠰᠢ ᠦᠭᠬᠦ ᠦᠭᠡᠢ ᠪᠠᠶᠢᠬᠤ ᠶᠢ ᠴᠡᠭᠡᠷᠯᠡᠨ᠎ᠡ᠂ ᠲᠡᠭᠡᠳᠦᠰ ᠠᠭᠤᠷᠰᠠᠨ᠎ᠠ ᠭᠡᠨ᠎ᠡ᠃   ᠪᠢᠳᠡᠭᠦᠨ ᠤ ᠰᠦᠨᠢ ᠬᠤᠪᠴᠠᠰᠣ ᠲᠠᠶᠢᠯᠵᠣ ᠣᠨᠳᠠᠬᠤ ᠶᠢ ᠴᠡᠭᠡᠷᠯᠡᠨ᠎ᠡ᠂ ᠴᠢᠳᠭᠦᠷ ᠢᠷᠡᠵᠣ ᠪᠡᠶ᠎ᠡ ᠶᠢ ᠵᠢᠩᠯᠡᠨ ᠬᠡᠮᠵᠢᠵᠣ ᠠᠪᠣᠭᠠᠳ ᠶᠠᠪᠣᠨ᠎ᠠ ᠭᠡᠨ᠎ᠡ᠃   ᠪᠢᠳᠡᠭᠦᠨ ᠤ ᠰᠦᠨᠢ ᠦᠰᠦ ᠪᠠᠨ ᠰᠠᠮᠨᠠᠬᠤ᠂ ᠲᠣᠯᠢᠨ ᠳᠤ ᠵᠢᠰᠣ ᠪᠠᠨ ᠦᠵᠡᠬᠦ ᠶᠢ ᠴᠡᠭᠡᠷᠯᠡᠨ᠎ᠡ᠂ ᠴᠢᠳᠭᠦᠷ ᠦᠵᠡᠭᠳᠡᠨ᠎ᠡ ᠭᠡᠨ᠎ᠡ᠃   ᠪᠢᠳᠡᠭᠦᠨ ᠤ ᠰᠦᠨᠢ ᠱᠠᠯ ᠰᠣᠭᠳᠣᠬᠤ ᠶᠢ ᠴᠡᠭᠡᠷᠯᠡᠨ᠎ᠡ᠂ ᠬᠡᠰᠢᠭ ᠪᠣᠶᠠᠨ ᠵᠠᠶᠢᠯᠠᠨ᠎ᠠ ᠭᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠣᠬᠢᠯᠠᠬᠤ ᠶᠢ ᠴᠡᠭᠡᠷᠯᠡᠨ᠎ᠡ᠃ ᠨᠢᠰᠣ ᠨᠣᠯᠮᠣᠰᠣ ᠲᠠᠰᠣᠷᠠᠬᠤ ᠦᠭᠡᠢ ᠪᠣᠯᠣᠨ᠎ᠠ ᠭᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠬᠦᠮᠦᠨ ᠤ ᠳᠤ ᠬᠤᠨᠣᠬᠤ ᠶᠢ ᠴᠡᠭᠡᠷᠯᠡᠨ᠎ᠡ᠂ ᠰᠦᠨᠡᠰᠦ ᠨᠢ ᠭᠠᠳᠠᠭᠰᠢ ᠪᠠᠨ ᠬᠠᠨᠳᠣᠨ᠎ᠠ ᠭᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠬᠡᠣᠬᠡᠳ ᠢ ᠭᠠᠷ ᠬᠤᠭᠤᠰᠣᠨ ᠭᠠᠷᠭᠠᠬᠤ ᠶᠢ ᠴᠡᠭᠡᠷᠯᠡᠨ᠎ᠡ᠃   ᠴᠠᠭᠠᠨ ᠰᠠᠷ᠎ᠠ ᠬᠠᠷᠢᠶᠠᠯ ᠵᠦᠭᠡᠯ ᠦᠭᠡ ᠬᠡᠯᠡᠬᠦ ᠶᠢ ᠴᠡᠭᠡᠷᠯᠡᠨ᠎ᠡ᠂ ᠬᠦᠮᠦᠨ ᠲᠠᠢ ᠭᠡᠳᠡᠷᠯᠡᠵᠣ ᠬᠡᠯᠡᠯᠴᠡᠭᠦ ᠶᠢ ᠴᠡᠭᠡᠷᠯᠡᠨ᠎ᠡ᠂ ᠪᠣᠶᠠᠨ ᠨᠢ ᠪᠠᠭᠤᠷᠠᠵᠣ ᠪᠣᠬᠤᠷ ᠨᠢ ᠣᠩᠭᠤᠶᠢᠨ᠎ᠠ ᠭᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠲᠣᠯᠣᠭᠠᠨ ᠪᠣᠯ ᠵᠢᠯ ᠤᠨ ᠬᠠᠷ᠎ᠠ ᠡᠳᠦᠷ ᠲᠣᠯᠠ ᠠᠶᠢᠯᠴᠢᠯᠠᠵᠣ ᠲᠣᠭᠤᠷᠢᠬᠤ ᠶᠢ ᠴᠡᠭᠡᠷᠯᠡᠨ᠎ᠡ᠂ ᠰᠦᠨᠢ ᠨᠢ ᠲᠣᠯᠣᠭᠠᠨ ᠪᠣᠷᠬᠠᠨ ᠢᠶᠠᠨ ᠲᠠᠬᠢᠳᠠᠭ᠃   ᠴᠠᠭᠠᠨ ᠰᠠᠷ᠎ᠠ ᠮᠠᠭᠤ ᠬᠤᠪᠴᠠᠰᠣ᠂ ᠮᠠᠭᠤᠬᠠᠢ ᠲᠡᠪᠡᠯ ᠡᠮᠦᠰᠬᠦ ᠶᠢ ᠴᠡᠭᠡᠷᠯᠡᠨ᠎ᠡ᠂ ᠶᠠᠳᠠᠭᠤᠷᠠᠬᠤ ᠶᠢᠨ ᠲᠡᠮᠳᠡᠭ ᠭᠡᠨ᠎ᠡ᠃   ᠴᠠᠭᠠᠨ ᠰᠠᠷ᠎ᠠ ᠬᠦᠷᠢᠶ᠎ᠡ ᠬᠠᠰᠢᠶ᠎ᠠ ᠪᠠᠨ ᠠᠷᠢᠯᠭᠠᠬᠤ ᠦᠭᠡᠢ ᠪᠠᠶᠢᠬᠤ ᠶᠢ ᠴᠡᠭᠡᠷᠯᠡᠨ᠎ᠡ᠃   ᠴᠠᠭᠠᠨ ᠰᠠᠷ᠎ᠠ ︿︿ᠦᠭᠡᠢ᠂ ᠬᠤᠭᠤᠰᠣᠨ᠂ ᠦᠬᠦᠨ᠎ᠡ᠂ ᠣᠨᠠᠨ᠎ᠠ﹀﹀ ᠭᠡᠬᠦ ᠮᠡᠳᠦ ᠶᠢᠨ ᠪᠡᠯᠭᠡ ᠦᠭᠡᠢ ᠦᠭᠡ ᠪᠠ ᠬᠠᠷᠢᠶᠠᠳᠣ ᠵᠦᠭᠡᠯ ᠤᠨ ᠦᠭᠡ ᠬᠡᠯᠡᠭᠦ ᠶᠢ ᠡᠷᠡᠰ ᠴᠡᠭᠡᠷᠯᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠡᠮ ᠣᠣᠭᠤᠬᠤ ᠶᠢ ᠴᠡᠭᠡᠷᠯᠡᠨ᠎ᠡ᠂ ᠨᠢᠭᠡ ᠵᠢᠯ ᠡᠪᠡᠳᠴᠢᠨ ᠳᠤ ᠣᠷᠢᠶᠠᠭᠳᠠᠨ᠎ᠠ ᠭᠡᠨ᠎ᠡ᠃   ᠴᠠᠭᠠᠨ ᠰᠠᠷ᠎ᠠ ᠳᠤ ᠵᠣᠴᠢᠨ ᠬᠡᠶᠢᠴᠢᠨ ᠳᠤ ᠪᠠᠨ ᠬᠤᠭᠤᠰᠣᠨ ᠠᠷᠢᠬᠢ᠂ ᠬᠤᠭᠤᠰᠣᠨ ᠴᠠᠢ ᠣᠣᠭᠤᠯᠭᠠᠬᠤ ᠶᠢ ᠴᠡᠭᠡᠷᠯᠡᠨ᠎ᠡ᠂ ᠦᠭᠡᠶᠢᠷᠡᠵᠣ ᠶᠠᠳᠠᠭᠤᠷᠠᠬᠤ ᠶᠢᠨ ᠲᠡᠮᠳᠡᠭ ᠭᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠵᠦᠭ ᠴᠢᠭ ᠦᠭᠡᠢ ᠭᠠᠷᠴᠣ ᠶᠠᠪᠣᠬᠤ ᠶᠢ ᠴᠡᠭᠡᠷᠯᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠦᠨᠡᠰᠦ ᠬᠤᠭ ᠭᠡᠭᠡᠭᠦ ᠶᠢ ᠴᠡᠭᠡᠷᠯᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠠᠮᠢ ᠬᠤᠷᠣᠭᠠᠬᠤ ᠶᠢ ᠴᠡᠭᠡᠷᠯᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠶᠢᠨ ᠵᠣᠯᠠ ᠶᠢ ᠬᠠᠭᠤᠴᠢᠨ ᠭᠠᠯ ᠤᠨ ᠴᠤᠭ ᠢᠶᠠᠷ ᠨᠣᠴᠣᠭᠠᠬᠤ ᠶᠢ ᠴᠡᠭᠡᠷᠯᠡᠨ᠎ᠡ᠃ ᠪᠦᠬᠦᠨ ᠢ ᠰᠢᠨ᠎ᠡ ᠪᠠᠷ ᠡᠬᠢᠯᠡᠭᠦᠯᠳᠡᠭ᠃   ᠴᠠᠭᠠᠨ ᠰᠠᠷ᠎ᠠ ᠶᠢᠨ ᠵᠣᠴᠢᠨ ᠢ ᠬᠤᠭᠤᠰᠣᠨ ᠶᠠᠪᠣᠭᠤᠯᠬᠤ ᠶᠢ ᠴᠡᠭᠡᠷᠯᠡᠨ᠎ᠡ᠃   ᠴᠠᠭᠠᠨ ᠰᠠᠷ᠎ᠠ ᠳᠤ ᠪᠣᠰᠣᠳ ᠲᠤ ᠶᠠᠭᠤᠮ᠎ᠠ ᠵᠢᠭᠡᠯᠡᠭᠦᠯᠬᠦ ᠶᠢ ᠴᠡᠭᠡᠷᠯᠡᠨ᠎ᠡ᠂ ᠭᠠᠷᠣᠵᠠ ᠶᠢᠨ ᠡᠭᠦᠳᠡ ᠨᠡᠭᠡᠭᠡᠭᠳᠡᠨ᠎ᠡ ᠭᠡᠨ᠎ᠡ᠃   ᠴᠠᠭᠠᠨ ᠰᠠᠷ᠎ᠠ ᠶᠢᠨ ᠠᠷᠪᠠᠨ ᠭᠤᠷᠪᠠᠨ ᠳᠤ ᠭᠠᠳᠠᠭᠰᠢ ᠭᠠᠷᠬᠤ ᠶᠢ ᠴᠡᠭᠡᠷᠯᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠭᠤᠷᠪᠠᠨ ᠨᠢ ᠠᠩᠭᠠᠷᠬᠠᠢ ᠲᠣᠯᠠ ᠭᠠᠳᠠᠭᠰᠢ ᠭᠠᠷᠬᠤ ᠶᠢ ᠴᠡᠭᠡᠷᠯᠡᠨ᠎ᠡ᠂ ᠪᠢᠳᠡᠭᠦᠦ ᠬᠤᠭᠤᠯᠠ ᠪᠠᠵᠠᠭᠠᠵᠣ ᠢᠳᠡᠪᠡᠯ ᠰᠠᠶᠢᠨ ᠭᠡᠨ᠎ᠡ᠃   ᠴᠠᠭᠠᠨ ᠰᠠᠷ᠎ᠠ ᠶᠢᠨ ᠰᠢᠨ᠎ᠡ ᠶᠢᠨ ᠲᠣᠯᠣᠭᠠᠨ ᠳᠤ ᠠᠶᠢᠯ ᠳᠤ ᠣᠴᠢᠬᠤ ᠶᠢ ᠴᠡᠭᠡᠷᠯᠡᠨ᠎ᠡ᠂ ᠴᠢᠳᠭᠦᠷ ᠪᠣᠴᠠᠬᠤ ᠡᠳᠦᠷ ᠭᠡᠳᠡᠭ᠃   ᠴᠠᠭᠠᠨ ᠰᠠᠷ᠎ᠠ ᠶᠢᠨ ᠠᠷᠪᠠᠨ ᠢ ᠬᠠᠷ᠎ᠠ ᠡᠳᠦᠷ ᠭᠡᠵᠤ ᠭᠠᠳᠠᠭᠰᠢ ᠭᠠᠷᠬᠤ ᠪᠣᠶᠣ ᠶᠠᠮᠠᠷ ᠴᠦ ᠦᠢᠯᠡ ᠠᠵᠢᠯ ᠬᠢᠬᠦ  ᠶᠢ ᠴᠡᠭᠡᠷᠯᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号