ᠴᠠᠭᠠᠨ ᠰᠠᠷ᠎ᠠ ᠶᠢᠨ ᠡᠳᠤᠷ ᠤᠳ ᠤᠨ ᠵᠠᠩᠰᠢᠯ
ᠨᠡᠶᠢᠲᠡᠯᠡᠭᠰᠡᠨ ᠴᠠᠭ᠄
2025/3/12
    ᠰᠢᠨ᠎ᠡ ᠶᠢᠨ ᠨᠢᠭᠡᠨ ᠳᠤ ᠡᠪᠦᠭᠡ ᠡᠮᠡᠭᠡ᠂ ᠠᠪᠤ ᠡᠵᠢ ᠳᠤ ᠪᠠᠨ ᠤᠴᠠᠷᠠᠨ ᠵᠤᠯᠭᠠᠨ᠎ᠠ᠃ ᠦᠡᠳᠦᠷ ᠨᠠᠰᠤᠳᠠᠢ ᠵᠢᠯ ᠤᠷᠤᠭᠰᠠᠳ ᠢᠶᠠᠨ ᠵᠢᠯ ᠤᠷᠤᠭᠤᠯᠤᠨ᠎ᠠ᠃    ᠰᠢᠨ᠎ᠠ ᠶᠢᠨ ᠬᠤᠶᠠᠷ ᠤᠨ ᠡᠳᠤᠷ ᠤᠶᠤᠳᠠᠯ ᠦᠢᠯᠡ ᠪᠠᠨ ᠡᠬᠦᠰᠬᠡᠨ᠎ᠠ᠃ ᠡᠷᠡᠭᠳᠡᠶᠢᠴᠤᠳ ᠴᠦ ᠠᠵᠢᠯ ᠢᠶᠠᠨ ᠡᠬᠢᠯᠡᠳᠡᠭ᠃ ᠵᠠᠯᠠᠭᠤ ᠬᠦᠦ ᠪᠠᠷᠢ ᠬᠠᠳᠠᠮᠴᠢᠯᠠᠵᠤ ᠲᠦᠷᠬᠦᠮᠴᠢᠯᠡᠨ᠎ᠠ᠃    ᠬᠤᠯᠠ ᠭᠠᠵᠠᠷ ᠪᠠᠶᠢᠭ᠎ᠠ ᠤᠶᠢᠷ᠎ᠠ ᠲᠦᠷᠦᠯ ᠳᠡᠭᠡᠨ ᠰᠢᠨ᠎ᠠ ᠵᠢᠯ ᠤᠨ ᠵᠤᠯᠭᠠᠯᠳᠠ ᠬᠢᠵᠦ ᠡᠬᠢᠯᠡᠨ᠎ᠠ᠃    ᠰᠢᠨ᠎ᠠ ᠶᠢᠨ ᠬᠤᠶᠠᠷ ᠤᠨ ᠦᠷᠯᠦᠬᠡ ᠱᠠᠯᠪᠢᠡᠭ ᠢᠳᠡᠳᠡᠭ᠃ ᠮᠠᠨ ᠤ ᠮᠤᠩᠭᠤᠯ ᠬᠦᠮᠦᠨ ᠬᠤᠶᠠᠷ ᠨᠢᠭᠤᠷᠳᠠᠨ ᠢ ᠬᠠᠮᠤᠭ ᠠᠴᠠ ᠵᠢᠭᠰᠢᠳᠡᠭ ᠠᠴᠠ ᠡᠨᠡ ᠨᠢ ᠬᠤᠶᠠᠷ ᠨᠢᠭᠤᠷᠳᠠᠨ ᠬᠤᠪᠴᠢ ᠬᠤᠨᠭ᠍ᠰᠢᠶᠠᠷᠳᠠᠨ ᠤ ᠬᠠᠴᠠᠷ ᠢ ᠨᠢ ᠠᠯᠠᠭᠠᠳᠠᠵᠤ ᠪᠠᠶᠢᠨ᠎ᠠ ᠭᠡᠳᠡᠭ᠃ᠴᠠᠭᠠᠨ ᠰᠠᠷ᠎ᠠ ᠶᠢᠨ ᠰᠢᠨ᠎ᠠ ᠶᠢᠨ ᠬᠤᠶᠠᠷ ᠤᠨ ᠰᠠᠷ᠎ᠠ ᠶᠢ ᠦᠵᠡᠬᠦ᠃    ᠴᠠᠭᠠᠨ ᠰᠠᠷ᠎ᠠ ᠶᠢᠨ ᠡᠬᠢᠨ ᠤ ᠦᠶ᠎ᠠ ᠳᠤ ᠨᠠᠷᠠ ᠳᠠᠬᠢᠶ᠎ᠠ ᠴᠠᠭ ᠤᠨ ᠨᠢᠬᠡᠳᠤᠬᠡᠷ ᠮᠦᠴᠡ ᠳᠤ ᠤᠨᠠᠬᠤ ᠪᠤᠯᠬᠤᠷ ᠳᠡᠷᠡ ᠨᠢ ᠭᠤᠷᠪᠠᠳᠤᠭᠠᠷ ᠮᠦᠴᠡ ᠳᠤ ᠢᠯᠡᠷᠡᠮᠡᠭᠴᠡ ᠦᠬᠡᠶᠢᠯᠠᠢ ᠪᠤᠯᠴᠢᠬᠠᠳᠠᠭ᠃    ᠤᠯᠠᠮᠵᠢᠯᠠᠯ ᠶᠠᠷᠢᠶᠠᠨ ᠳᠤ ᠴᠠᠭᠠᠨ ᠰᠠᠷ᠎ᠠ ᠶᠢᠨ ᠰᠢᠨ᠎ᠠ ᠶᠢᠨ ᠬᠤᠶᠠᠷ ᠤᠨ ᠰᠠᠷ᠎ᠠ ᠶᠢ ᠤᠯᠵᠤ ᠦᠵᠡᠪᠡᠯ ᠳᠤᠰ ᠵᠢᠯ ᠳᠤ ᠦᠬᠡᠳᠡ ᠡᠰᠡᠷᠡᠭ ᠪᠠᠶᠢᠵᠦ᠂ ᠰᠠᠨᠠᠭᠰᠠᠨ ᠰᠠᠨᠠᠭ᠎ᠠ ᠨᠢ ᠰᠡᠳᠬᠢᠯᠴᠢᠯᠡᠨ ᠪᠦᠳᠦᠨ᠎ᠠ ᠭᠡᠳᠡᠭ᠃    ᠡᠶᠢᠮᠤ ᠠᠴᠠ ᠬᠦᠮᠦᠰ ᠰᠢᠨ᠎ᠠ ᠶᠢᠨ ᠬᠤᠶᠠᠷ ᠤᠨ ᠰᠠᠷ᠎ᠠ ᠶᠢ ᠦᠵᠡᠬᠦ ᠶᠢ ᠴᠢᠬᠤᠯᠠᠴᠢᠯᠠᠳᠠᠭ᠃ ᠡᠨᠡ ᠨᠢ ᠮᠥᠨ ᠤᠴᠢᠷ ᠳᠡᠬᠡᠷ᠎ᠠ ᠪᠠᠨ ᠬᠦᠮᠦᠰ ᠤᠨ ᠤᠢ ᠪᠢᠯᠢᠭ ᠢ ᠪᠤᠯᠪᠠᠰᠤᠷᠠᠭᠤᠯᠵᠤ᠂ ᠠᠯᠢᠪᠠ ᠵᠠᠪᠰᠢᠶᠠᠨ ᠳᠤᠬᠢᠶᠠᠯ ᠢ ᠠᠯᠳᠠᠯ ᠦᠭᠡᠢ ᠡᠵᠡᠮᠰᠢᠬᠦ ᠴᠢᠳᠠᠪᠤᠷᠢ ᠶᠢ ᠪᠤᠯᠪᠠᠰᠤᠷᠠᠭᠤᠯᠬᠤ ᠭᠡᠰᠡᠨ ᠶᠠᠪᠤᠳᠠᠯ ᠪᠤᠯᠤᠨ᠎ᠠ᠃    ᠰᠢᠨ᠎ᠠ ᠶᠢᠨ ᠳᠠᠪᠤᠨ ᠢ ᠳᠠᠷᠢᠶ᠎ᠠ ᠶᠢᠨ ᠡᠳᠤᠷ ᠭᠡᠵᠤ ᠪᠠᠩᠰᠢ ᠶᠢ ᠢᠳᠡᠵᠦ᠂ ᠤᠨ ᠵᠢᠯ ᠢᠶᠠᠨ ᠡᠯᠪᠡᠭ ᠳᠡᠯᠪᠡᠭ ᠬᠤᠷᠢᠶᠠᠯᠳᠠ ᠲᠠᠢ ᠪᠤᠯᠬᠤ ᠶᠢ ᠪᠡᠯᠡᠭᠳᠡᠳᠡᠭ᠃ᠰᠢᠨ᠎ᠠ ᠶᠢᠨ ᠵᠢᠷᠭᠤᠭᠠᠨ ᠳᠤ ᠪᠤᠷᠬᠠᠨ ᠤ ᠳᠠᠬᠢᠯ ᠵᠠᠰᠠᠯ ᠢᠶᠠᠨ ᠬᠤᠷᠢᠶᠠᠨ᠎ᠠ᠃    ᠰᠢᠨ᠎ᠠ ᠶᠢᠨ ᠳᠤᠯᠤᠭᠠᠨ ᠢ ᠬᠦᠮᠦᠨ ᠤ ᠡᠳᠤᠷ ᠭᠡᠵᠤ᠂ ᠤᠷᠳᠤ ᠨᠠᠰᠤᠯᠠᠬᠤ ᠪᠠᠨ ᠪᠡᠯᠡᠭᠳᠡᠵᠦ ᠡᠾᠧᠯᠧ ᠢᠳᠡᠳᠡᠭ᠃    ᠰᠢᠨ᠎ᠠ ᠶᠢᠨ ᠨᠠᠢᠮᠠᠨ ᠢ ᠤᠳᠤ ᠳᠠᠬᠢᠬᠤ ᠡᠳᠤᠷ ᠭᠡᠳᠡᠭ᠃ ᠶᠢᠷᠳᠢᠨᠴᠤ ᠶᠢᠨ ᠬᠦᠮᠦᠨ ᠪᠦᠷᠢ ᠶᠢᠨ ᠤᠳᠤ ᠨᠢ ᠤᠭᠳᠠᠷᠭᠤᠢ ᠳᠡᠭᠡᠷ᠎ᠠ ᠪᠠᠶᠢᠳᠠᠭ ᠬᠡᠨ᠎ᠠ᠃ ᠬᠦᠮᠦᠨ ᠨᠢ ᠦᠬᠦᠴᠢᠬᠡᠪᠡᠯ ᠤᠭᠳᠠᠷᠭᠤᠢ ᠳᠠᠬᠢ ᠤᠳᠤ ᠨᠢ ᠤᠨᠠᠴᠢᠬᠠᠬᠤ ᠶᠤᠮ ᠬᠡᠨ᠎ᠠ᠃ ᠡᠶᠢᠮᠤ ᠠᠴᠠ ᠬᠦᠮᠦᠨ ᠰᠢᠨ᠎ᠠ ᠶᠢᠨ ᠨᠠᠢᠮᠠᠨ ᠤ ᠤᠷᠤᠢ ᠤᠭᠳᠠᠷᠭᠤᠢ ᠳᠤ ᠤᠳᠤᠨ ᠮᠠᠴᠢᠳ ᠢᠯᠡᠷᠡᠪᠡ ᠭᠡᠭᠰᠡᠬᠡᠷ ᠮᠦᠷᠬᠦᠵᠦ ︽ᠮᠢᠨᠦ ᠤᠳᠤᠨ ᠤᠭᠳᠠᠷᠭᠤᠢ ᠳᠤ ᠦᠨᠢᠳᠡ ᠪᠠᠶᠢᠭᠠᠰᠠᠢ︾ ᠭᠡᠵᠤ ᠵᠠᠯᠪᠠᠷᠢᠨ ᠦᠪᠡᠷ ᠢ ᠪᠠᠨ ᠤᠷᠳᠤ ᠨᠠᠰᠤᠯᠠᠬᠤ ᠪᠤᠯᠳᠤᠭᠠᠢ ᠭᠡᠵᠤ ᠵᠦᠡᠭᠨᠡᠳᠡᠭ᠃    ᠠᠷᠪᠠᠨ ᠭᠤᠷᠪᠠᠨ ᠢ ᠶᠠᠩᠵᠤ ᠭᠠᠭ᠋ᠠᠢ ᠡᠳᠤᠷ ᠭᠡᠳᠡᠭ᠃ ᠭᠠᠳᠠᠭᠰᠢ ᠭᠠᠷᠬᠤ ᠶᠢ ᠴᠡᠭᠡᠷ ᠪᠤᠯᠭᠠᠳᠠᠭ᠃ ᠤᠷᠤᠢ ᠨᠢ ᠪᠠᠰᠠ ᠪᠠᠩᠰᠢ ᠢᠳᠡᠳᠡᠭ᠃    ᠠᠷᠪᠠᠨ ᠳᠠᠪᠤᠨ ᠢ ᠪᠠᠭ᠎ᠠ ᠰᠢᠨ᠎ᠠ ᠭᠡᠵᠤ ᠪᠤᠷᠬᠠᠨ ᠳᠤ ᠪᠠᠨ ᠳᠠᠬᠢᠨ ᠳᠠᠬᠢᠯ ᠬᠦᠵᠠ ᠵᠤᠯᠠ ᠡᠬᠦᠰᠬᠡᠵᠦ ᠪᠤᠤᠪᠤ ᠪᠤᠭᠤᠷᠰᠤᠭ ᠡᠷᠬᠦᠵᠦ ᠳᠠᠯᠪᠢᠨ᠎ᠠ᠃ ᠡᠨᠡ ᠡᠳᠤᠷ ᠰᠢᠨ᠎ᠠ ᠶᠢᠨ ᠦᠯᠡᠳᠡᠯ ᠭᠠᠭ᠋ᠠᠢ ᠶᠢᠨ ᠳᠤᠯᠤᠭᠠᠢ ᠴᠠᠶᠢᠷ᠎ᠠ ᠪᠠᠨ ᠢᠳᠡᠳᠡᠭ᠃ᠪᠢᠳᠡᠬᠦᠨ ᠤ ᠰᠦᠨᠢ ᠳ᠋ᠸᠡᠭᠯᠤ ᠭᠠᠷᠭᠠᠭᠰᠠᠨ ᠪᠤᠯ ᠮᠥᠨ ᠤᠷᠤᠢ ᠪᠠᠰᠠ ᠳ᠋ᠸᠡᠭᠯᠤ ᠭᠠᠷᠭᠠᠳᠠᠭ᠃    ᠠᠷᠪᠠᠨ ᠵᠢᠷᠭᠤᠭᠠᠨ ᠢ ᠬᠠᠷ᠎ᠠ ᠡᠳᠤᠷ ᠭᠡᠵᠤ᠂ ᠪᠡᠷᠭᠡᠨ ᠪᠠ ᠬᠦᠷᠢ ᠳᠡᠬᠦᠦ ᠨᠡᠷ ᠬᠠᠷᠢᠯᠴᠠᠨ ᠵᠠᠪᠳᠠᠵᠤ ᠬᠠᠴᠠᠷ ᠢ  ᠨᠢ ᠪᠢᠯᠳᠠᠵᠤ ᠱᠤᠭ ᠪᠠᠷᠢᠳᠠᠭ᠃ ᠭᠡᠬᠦ ᠳᠤ ᠪᠠᠨ ᠵᠠᠪᠠᠯ ᠪᠤᠰᠬᠤ ᠠᠴᠠ ᠡᠮᠤᠨ᠎ᠠ ᠬᠦᠢᠴᠡᠳᠭᠡᠳᠡᠭ᠃ ᠬᠠᠴᠠᠷ ᠢᠶᠠᠨ ᠪᠢᠯᠳᠠᠭᠳᠠᠭᠰᠠᠨ ᠬᠦᠮᠦᠨ ᠤ ᠬᠡᠶᠢᠮᠤᠷᠢ ᠨᠢ ᠬᠡᠪᠳᠡᠨ᠎ᠠ ᠭᠡᠳᠡᠭ ᠠᠴᠠ ᠬᠠᠴᠠᠷ ᠢ ᠨᠢ ᠪᠢᠯᠳᠠᠭᠰᠠᠨ ᠬᠦᠮᠦᠨ ᠨᠢ ᠳᠡᠬᠦᠨ  ᠳᠤ ᠪᠠᠨ ᠭᠠᠭ᠋ᠠᠢ ᠶᠢᠨ ᠳᠤᠯᠤᠭᠠᠢ ᠪᠠᠨ ᠢᠳᠡᠬᠦᠯᠳᠡᠭ᠃    ᠡᠬᠦᠨ ᠤ ᠭᠤᠤᠯ ᠰᠠᠨᠠᠭ᠎ᠠ ᠨᠢ ᠠᠷᠪᠠᠳ ᠪᠤᠯᠤᠭᠠᠳ ᠠᠵᠢᠯ ᠡᠬᠢᠯᠡᠴᠢᠭᠡᠭᠰᠡᠨ ᠪᠠᠶᠢᠳᠠᠯ᠎ᠠ ᠵᠠᠯᠬᠠᠭᠤᠷᠠᠭᠠᠳ ᠬᠡᠪᠳᠡᠭᠡᠳ ᠪᠠᠶᠢᠬᠤ ᠳᠡᠬᠦᠦ ᠨᠡᠷ ᠢ ᠵᠠᠯᠬᠠᠭᠠᠬᠤ ᠭᠡᠰᠡᠨ ᠶᠠᠪᠤᠳᠠᠯ ᠪᠤᠯᠤᠨ᠎ᠠ᠃    ᠴᠠᠭᠠᠨ ᠰᠠᠷ᠎ᠠ ᠶᠢᠨ ᠬᠤᠷᠢᠨ ᠳᠠᠪᠤᠨ ᠢ ᠳᠡᠭᠷᠢ ᠶᠢᠨ ᠬᠦᠮᠦᠷᠬᠡ ᠡᠳᠤᠷ ᠭᠡᠳᠡᠭ᠃ ᠡᠨᠡ ᠡᠳᠤᠷ ᠦᠷᠯᠦᠬᠡ ᠡᠷᠳᠡ ᠪᠤᠰᠴᠤ ᠵᠤᠤᠬᠠᠨ ᠦᠨᠡᠰᠤ ᠪᠠᠷ ᠢᠶᠠᠨ ᠬᠦᠷᠢᠶᠡᠨ ᠳᠤ ᠪᠠᠨ ᠳᠤᠭᠤᠭ᠎ᠠ ᠶᠢᠨ ᠴᠢᠨᠡᠭᠡ ᠳᠠᠪᠤᠨ ᠴᠠᠭᠠᠷᠢᠭ ᠬᠦᠷᠢᠶᠡᠯᠡᠨ ᠦᠢᠯᠡᠳᠴᠤ᠂ ᠳᠠᠪᠤᠨ ᠳᠠᠷᠢᠶ᠎ᠠ ᠶᠢᠨ ᠦᠷ᠎ᠠ ᠪᠠᠨ ᠠᠪᠴᠢᠷᠠᠵᠤ ᠬᠦᠷᠦᠰᠦᠨ ᠳᠤ ᠪᠤᠯᠠᠵᠤ ᠳᠠᠯᠪᠢᠨ᠎ᠠ᠃ ᠨᠠᠷᠠ ᠮᠠᠨᠳᠤᠭᠰᠠᠨ ᠤ ᠰᠡᠬᠦᠯᠡᠷ ᠳᠡᠬᠦᠨ ᠢᠶᠠᠨ ᠮᠠᠯᠳᠠᠨ ᠠᠪᠴᠢᠷᠠᠵᠤ ᠰᠠᠩ ᠳᠠᠬᠢ ᠳᠠᠷᠢᠶᠠᠨ ᠦᠷ᠎ᠠ ᠳᠤ ᠪᠠᠨ ᠬᠢᠨ᠎ᠠ᠂ ᠡᠨᠡ ᠨᠢ ᠳᠡᠭᠷᠢ ᠶᠢᠨ ᠦᠭᠭᠦᠭᠰᠡᠨ ᠳᠠᠷᠢᠶᠠᠨ ᠦᠷ᠎ᠠ ᠶᠢᠨ ᠭᠡᠰᠢᠭ ᠭᠡᠵᠤ᠂ ᠡᠨᠡ ᠵᠢᠯ ᠤᠨ ᠳᠠᠷᠢᠶ᠎ᠠ ᠲᠦᠮᠦᠰᠦ ᠡᠯᠪᠡᠭ ᠬᠤᠷᠢᠶᠠᠯᠳᠠ ᠤᠯᠬᠤ ᠪᠤᠯᠳᠤᠭᠠᠢ ᠭᠡᠰᠡᠨ ᠪᠡᠯᠡᠭᠳᠡᠯ ᠪᠤᠯᠤᠨ᠎ᠠ᠃ ᠤᠷᠤᠢ ᠨᠢ ᠮᠥᠨ ᠪᠠᠩᠰᠢ ᠢᠳᠡᠳᠡᠭ᠃ᠵᠠᠶᠠᠭᠠᠴᠢ ᠡᠪᠤᠬᠡᠨ ︵ᠵᠠᠶᠠᠭᠠᠴᠢ ᠡᠪᠤᠬᠡᠨ ᠪᠤᠷᠬᠠᠨ︶ ᠢ ᠳᠠᠬᠢᠬᠤ    ᠴᠠᠭᠠᠨ ᠰᠠᠷ᠎ᠠ ᠶᠢᠨ ᠬᠤᠷᠢᠨ ᠳᠠᠪᠤᠨ ᠤ ᠡᠳᠤᠷ ᠵᠢᠶᠠᠴᠢ ᠡᠪᠤᠬᠡᠨ ᠢ ᠳᠠᠬᠢᠳᠠᠭ᠃ ᠡᠨᠡᠬᠦ ᠵᠢᠶᠠᠴᠢ ᠡᠪᠤᠬᠡᠨ ᠪᠤᠯ ᠮᠠᠯ ᠤᠨ ᠭᠡᠰᠢᠭ ᠢ ᠬᠦᠷᠳᠡᠭᠡᠬᠦ ᠡᠪᠤᠬᠡᠨ ᠪᠤᠷᠬᠠᠨ ᠭᠡᠳᠡᠭ᠃    ᠬᠤᠷᠢᠨ ᠳᠠᠪᠤᠨ ᠤ ᠦᠷᠯᠦᠬᠡ ᠵᠢᠶᠠᠴᠢ ᠪᠤᠷᠬᠠᠨ ᠳᠤ ᠪᠠᠨ ᠬᠦᠵᠠ ᠵᠤᠯᠠ ᠶᠢ ᠡᠷᠬᠦᠵᠦ᠂ ᠤᠷᠤᠢ ᠨᠠᠷᠠ ᠰᠢᠩᠭᠡᠬᠦ  ᠠᠴᠠ ᠡᠮᠤᠨ᠎ᠠ ᠮᠠᠯ ᠤᠨ ᠬᠠᠰᠢᠶᠠᠨ ᠤ ᠡᠬᠦᠳᠡᠨ ᠳᠡᠬᠡᠷ᠎ᠠ ᠪᠠᠨ ᠡᠯᠬᠦᠵᠦ ᠪᠠᠶᠢᠭ᠎ᠠ ᠠᠨᠵᠢᠰᠤᠨ ᠬᠤᠰᠢᠭᠤ ᠪᠠᠨ ᠳᠠᠪᠤ ᠤᠳᠠᠭ᠎ᠠ ᠴᠤᠬᠢᠨ᠎ᠠ᠃    ᠡᠨᠡ ᠨᠢ ᠵᠢᠶᠠᠴᠢ ᠡᠪᠤᠬᠡᠨ ᠤ ᠭᠡᠰᠢᠭ ᠬᠦᠷᠳᠡᠭᠡᠭᠰᠡᠨ ᠳᠠᠪᠤᠨ ᠬᠤᠰᠢᠭᠤ ᠮᠠᠯ ᠢ ᠬᠠᠰᠢᠶ᠎ᠠ ᠲᠦᠬᠦᠷᠡᠩ ᠬᠤᠳᠠᠯᠠᠪᠠ ᠭᠡᠰᠡᠨ ᠪᠡᠯᠡᠭᠳᠡᠯ ᠪᠤᠯᠤᠨ᠎ᠠ ᠬᠡᠨ᠎ᠠ᠃ ᠴᠠᠭᠠᠨ ᠰᠠᠷ᠎ᠠ ᠶᠢᠨ ᠡᠳᠤᠷ ᠤᠨ ᠨᠠᠷᠠᠶᠢᠳᠦᠯ    ᠰᠢᠨ᠎ᠠ ᠶᠢᠨ ᠨᠢᠬᠡᠨ ᠢ ᠳᠠᠬᠢᠶ᠎ᠠ ᠶᠢᠨ ᠡᠳᠤᠷ ᠬᠡᠨ᠎ᠠ᠃ ᠤᠴᠢᠷ ᠨᠢ ᠳᠠᠬᠢᠶ᠎ᠠ ᠨᠢᠬᠡ ᠡᠳᠤᠷ ᠨᠢᠬᠡ ᠦᠨᠳᠡᠭᠡ ᠲᠦᠷᠦᠨ᠎ᠠ᠃    ᠡᠨᠡ ᠡᠳᠤᠷ ᠲᠤ ᠳᠠᠭᠤᠯᠠᠵᠤ ᠭᠡᠨᠭᠰᠢᠬᠦ᠂ ᠭᠡᠷᠡᠬᠦᠯ ᠡᠬᠦᠰᠭᠡᠬᠦ᠂ ᠪᠡᠯᠡᠭ ᠦᠭᠡᠢ ᠦᠬᠡ ᠭᠡᠯᠡᠬᠦ ᠶᠢ ᠴᠡᠬᠡᠷᠯᠡᠵᠦ᠂ ᠶᠤᠰᠤᠷᠬᠠᠭ ᠡᠶᠡᠯᠳᠡᠭ ᠪᠠᠶᠢᠬᠤ ᠶᠢ ᠡᠷᠬᠢᠮᠯᠡᠨ᠎ᠠ᠃ᠰᠢᠨ᠎ᠠ ᠶᠢᠨ ᠬᠤᠶᠠᠷ ᠢ ᠨᠤᠭᠤᠰᠤ ᠶᠢᠨ ᠡᠳᠤᠷ ᠬᠡᠨ᠎ᠠ᠂ ᠤᠴᠢᠷ ᠨᠢ ᠨᠤᠭᠤᠰᠤ ᠬᠤᠶᠠᠷ ᠡᠳᠤᠷ ᠨᠢᠬᠡ ᠦᠨᠳᠡᠭᠡ ᠲᠦᠷᠦᠳᠡᠭ᠃   ᠰᠢᠨ᠎ᠠ ᠶᠢᠨ ᠭᠤᠷᠪᠠᠨ ᠢ ᠨᠤᠬᠠᠢ ᠶᠢᠨ ᠡᠳᠤᠷ ᠬᠡᠨ᠎ᠠ᠃ ᠨᠤᠬᠠᠢ ᠭᠤᠷᠪᠠᠨ ᠰᠠᠷ᠎ᠠ ᠪᠤᠯᠪᠠᠯ ᠲᠦᠷᠦᠳᠡᠭ᠃ ᠰᠢᠨ᠎ᠠ ᠶᠢᠨ ᠲᠦᠷᠪᠡᠨ ᠢ ᠮᠤᠤᠷ ᠤᠨ ᠡᠳᠤᠷ ᠬᠡᠨ᠎ᠠ᠂ ᠮᠤᠤᠷ ᠲᠦᠷᠪᠡᠨ ᠰᠠᠷ᠎ᠠ ᠪᠤᠯᠪᠠᠯ ᠲᠦᠷᠦᠳᠡᠭ᠃    ᠰᠢᠨ᠎ᠠ ᠶᠢᠨ ᠳᠠᠪᠤᠨ ᠨᠢ ᠭᠠᠭ᠋ᠠᠢ ᠶᠢᠨ ᠡᠳᠤᠷ ᠬᠡᠨ᠎ᠠ᠃ ᠭᠠᠭ᠋ᠠᠢ ᠳᠠᠪᠤᠨ ᠰᠠᠷ᠎ᠠ ᠪᠤᠯᠪᠠᠯ ᠲᠦᠷᠦᠳᠡᠭ᠃    ᠰᠢᠨ᠎ᠠ ᠶᠢᠨ ᠵᠢᠷᠭᠤᠭᠠᠨ ᠢ ᠢᠮᠠᠭ᠎ᠠ ᠶᠢᠨ ᠡᠳᠤᠷ ᠬᠡᠨ᠎ᠠ᠃ ᠢᠮᠠᠭ᠎ᠠ ᠵᠢᠷᠭᠤᠭᠠᠨ ᠰᠠᠷ᠎ᠠ ᠪᠤᠯᠪᠠᠯ ᠲᠦᠷᠦᠳᠡᠭ᠃    ᠰᠢᠨ᠎ᠠ ᠶᠢᠨ ᠳᠤᠯᠤᠭᠠᠨ ᠢ ᠬᠦᠮᠦᠨ ᠤ ᠡᠳᠤᠷ ᠬᠡᠨ᠎ᠠ᠃ ᠤᠴᠢᠷ ᠨᠢ ᠳᠤᠯᠤᠭᠠᠨ ᠰᠠᠷ᠎ᠠ ᠲᠠᠢ ᠬᠡᠤᠬᠡᠳ ᠬᠦᠮᠦᠨ ᠪᠤᠯᠵᠤ ᠳᠡᠶᠢᠯᠦᠨ᠎ᠠ᠃    ᠰᠢᠨ᠎ᠠ ᠶᠢᠨ ᠨᠠᠢᠮᠠᠨ ᠢ ᠮᠤᠷᠢ ᠶᠢᠨ ᠡᠳᠤᠷ ᠬᠡᠨ᠎ᠠ᠃ ᠴᠢᠩᠭᠢᠰ ᠲᠤ ᠨᠠᠢᠮᠠᠨ ᠰᠢᠷᠭ᠎ᠠ ᠮᠤᠷᠢ ᠲᠠᠢ᠃ ᠰᠢᠨ᠎ᠠ ᠶᠢᠨ ᠶᠢᠰᠦᠨ ᠢ ᠨᠤᠭᠤᠭ᠎ᠠ ᠶᠢᠨ ᠡᠳᠤᠷ ᠬᠡᠨ᠎ᠠ᠃ ᠤᠴᠢᠷ ᠨᠢ ᠨᠤᠭᠤᠭ᠎ᠠ ᠶᠢᠨ ᠲᠦᠷᠦᠯ ᠵᠤᠶᠢᠯ ᠮᠠᠰᠢ ᠤᠯᠠᠨ ᠪᠤᠯᠬᠤᠷ ᠶᠢᠰᠦᠨ ᠳᠠᠪᠤᠨ ᠵᠤᠶᠢᠯ ᠤᠨ ᠨᠤᠭᠤᠭ᠎ᠠ ᠭᠡᠵᠤ ᠬᠡᠯᠡᠳᠡᠭ᠃    ᠠᠷᠪᠠᠨ ᠤ ᠡᠳᠤᠷ ᠢ ᠵᠢᠮᠢᠰ ᠤᠨ ᠡᠳᠤᠷ ᠬᠡᠨ᠎ᠠ᠃ ᠡᠨᠡ ᠡᠳᠤᠷ ᠵᠢᠮᠢᠰ ᠤᠨ ᠮᠤᠳᠤᠨ ᠰᠠᠯᠠᠭᠠᠨ ᠳᠤ ᠪᠠᠨ ᠤᠯᠠᠭᠠᠨ ᠪᠦᠰ ᠤᠨ ᠦᠬᠡᠳᠡᠰᠤ ᠪᠤᠶᠤ ᠤᠯᠠᠭᠠᠨ ᠨᠤᠤᠰᠤᠨ ᠤᠳᠠᠰᠤ ᠶᠢ ᠤᠶᠠᠵᠤ ᠳᠠᠯᠪᠢᠪᠠᠯ ᠤᠨ ᠤ ᠵᠢᠮᠢᠰ ᠨᠢ ᠡᠯᠪᠡᠭ ᠳᠡᠯᠪᠡᠭ ᠪᠤᠯᠤᠨ᠎ᠠ ᠭᠡᠰᠡᠨ ᠪᠡᠯᠡᠭᠳᠡᠯ ᠪᠤᠯᠤᠨ᠎ᠠ᠃   
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号