ᠤᠷᠤᠭ ᠳᠤᠭᠳᠠᠬᠤ
ᠨᠡᠶᠢᠲᠡᠯᠡᠭᠰᠡᠨ ᠴᠠᠭ᠄
2025/4/23
   ᠬᠤᠷᠴᠢᠨ ᠵᠡᠬᠦᠨ ᠭᠠᠷᠤᠨ ᠬᠤᠶᠢᠳᠤ ᠬᠤᠰᠢᠭᠤ ᠶᠢᠨ ᠮᠤᠩᠭᠤᠯᠴᠤᠳ ᠤᠨ ᠤᠷᠤᠭ ᠤᠨ ᠵᠠᠩ ᠦᠢᠯᠡ ᠪᠤᠰᠤ ᠮᠤᠩᠭᠤᠯ ᠬᠤᠰᠢᠭᠤᠳ ᠲᠠᠢ ᠳᠡᠮᠡᠢ ᠢᠯᠭᠠᠭ᠎ᠠ ᠦᠭᠡᠢ ᠪᠠᠶᠢᠳᠠᠭ᠃    ᠤᠷᠤᠭ ᠳᠤᠭᠳᠠᠬᠤ ᠳᠤ ᠳᠤᠤᠷᠠᠬᠢ ᠮᠡᠳᠤ ᠶᠢᠨ ᠬᠡᠳᠤᠨ ᠵᠤᠶᠢᠯ ᠤᠨ ᠴᠡᠬᠡᠷ ᠭᠡᠵᠤ ᠪᠠᠶᠢᠳᠠᠭ     ᠤᠯᠠᠮᠵᠢᠯᠠᠯ ᠤᠨ ᠳᠠᠯ᠎ᠠ ᠠᠴᠠ    ᠬᠡᠷ ᠲᠦᠷᠦᠯ ᠤᠪᠤᠭ ᠨᠢᠬᠡᠳᠠᠢ᠂ ᠴᠢᠰᠤᠨ ᠲᠦᠷᠦᠯ ᠤᠨ ᠬᠠᠷᠢᠴᠠᠭ᠎ᠠ ᠲᠠᠢ ᠬᠦᠮᠦᠰ ᠬᠠᠷᠢᠯᠴᠠᠨ ᠤᠷᠤᠭᠯᠠᠵᠤ ᠪᠤᠯᠬᠤ ᠦᠭᠡᠢ᠂ ᠵᠢᠬᠡ ᠨᠠᠭᠠᠴᠤ ᠶᠢᠨ ᠬᠡᠷ ᠲᠤ ᠮᠤᠷᠳᠠᠵᠤ ᠪᠤᠯᠬᠤ ᠦᠭᠡᠢ᠂ ᠤᠴᠢᠷ ᠨᠢ ᠴᠢᠰᠤ ᠬᠡᠳᠡᠷᠬᠦᠦ ᠤᠷᠤᠰᠴᠤ ᠪᠠᠶᠢᠨ᠎ᠠ ᠬᠡᠨ᠎ᠠ᠃ ᠨᠠᠭᠠᠴᠤ ᠶᠢᠨ ᠬᠡᠷ ᠤᠨ ᠬᠡᠤᠬᠡᠳ ᠵᠢᠬᠡ ᠶᠢᠨ ᠬᠡᠷ ᠲᠤ ᠤᠷᠤᠭᠯᠠᠵᠤ ᠪᠤᠯᠤᠨ᠎ᠠ ᠭᠡᠳᠡᠭ᠂ ᠤᠴᠢᠷ ᠨᠢ ᠴᠢᠰᠤ ᠤᠷᠤᠭᠤ ᠳᠤ ᠪᠠᠨ ᠤᠷᠤᠰᠴᠤ ᠪᠠᠶᠢᠨ᠎ᠠ ᠬᠡᠨ᠎ᠠ᠃ ︽ᠵᠢᠬᠡ ᠠᠴᠠ ᠪᠠᠷᠢ ᠠᠪᠤᠪᠠᠯ ᠵᠢᠪᠡᠷᠡᠵᠦ᠂ ᠨᠠᠭᠠᠴᠤ ᠠᠴᠠ ᠪᠠᠷᠢ ᠠᠪᠤᠪᠠᠯ ᠨᠠᠷᠠ ᠭᠠᠷᠤᠨ᠎ᠠ︾ ᠭᠡᠳᠡᠭ᠂ ᠦᠭᠡᠢ ᠪᠤᠯ ᠬᠤᠶᠢᠴᠢ ᠦᠶ᠎ᠠ ᠶᠢᠨ ᠴᠢᠨᠡᠷ ᠴᠢᠨᠰᠠᠭ᠎ᠠ ᠶᠢ ᠬᠠᠷᠰᠢᠯᠠᠨ᠎ᠠ᠃     ᠨᠡᠶᠢᠬᠡᠮ ᠤᠨ ᠬᠠᠷᠢᠴᠠᠭ᠎ᠠ ᠶᠢᠨ ᠳᠠᠯ᠎ᠠ     ᠦᠶ᠎ᠠ ᠵᠡᠷᠭᠡ ᠳᠡᠩᠴᠡᠬᠦᠦ ᠪᠠᠶᠢᠬᠤ᠂ ᠡᠬᠦᠳᠡ ᠡᠷᠤᠬᠡ ᠳᠡᠩᠴᠡᠬᠦᠦ ᠪᠠᠶᠢᠬᠤ᠂ ᠦᠡᠭᠭᠡ ᠵᠢᠰᠤ ᠤᠬᠠᠭᠠᠨ ᠰᠠᠨᠠᠭ᠎ᠠ᠂ ᠡᠷᠳᠡᠮ ᠴᠢᠳᠠᠯ ᠳᠡᠩᠴᠡᠬᠦᠦ ᠪᠠᠶᠢᠬᠤ ᠶᠢ ᠡᠷᠬᠢᠮᠯᠡᠨ᠎ᠠ᠃ ᠦᠭᠡᠢ ᠪᠤᠯ ᠨᠢᠬᠡ ᠳᠠᠯ᠎ᠠ ᠨᠢ ᠨᠦᠬᠦᠬᠡ ᠳᠠᠯ᠎ᠠ  ᠪᠠᠨ ᠳᠤᠤᠷᠠᠰᠢᠶᠠᠵᠤ ᠠᠮᠢᠳᠤᠷᠠᠯ ᠨᠢ ᠪᠠᠶᠠᠷ ᠵᠢᠷᠭᠠᠯᠳᠠᠢ ᠪᠠᠶᠢᠵᠦ ᠴᠢᠳᠠᠬᠤ ᠦᠭᠡᠢ ᠪᠤᠯᠤᠨ᠎ᠠ ᠭᠡᠵᠦ ᠦᠵᠡᠳᠡᠭ᠃ ᠤᠯᠠᠮᠵᠢᠯᠠᠯᠳᠤ ᠶᠤᠰᠤ ᠵᠠᠩᠰᠢᠯ ᠤᠨ ᠳᠠᠯ᠎ᠠ ᠠᠴᠠᠤᠷᠤᠭ ᠳᠤᠭᠳᠠᠬᠤ ᠬᠦᠦ ᠬᠡᠤᠬᠡᠨ ᠵᠢᠯ ᠤᠨ ᠢᠪᠡᠬᠡᠯ ᠪᠠᠶᠢᠬᠤ ᠶᠢ ᠡᠷᠢᠬᠦ᠂ ᠡᠬᠦᠨ ᠳᠤ ᠭᠠᠭ᠋ᠠᠢ᠂ ᠬᠤᠨᠢ᠂ ᠳᠠᠤᠯᠠᠢ ᠢᠪᠡᠭᠡᠯ︔ ᠪᠠᠷᠰ᠂ ᠮᠤᠷᠢ᠂ ᠨᠤᠬᠠᠢ ᠢᠪᠡᠭᠡᠯ︔ ᠬᠤᠯᠤᠭᠠᠨ᠎ᠠ᠂ ᠯᠤᠤ᠂ ᠪᠡᠴᠢ ᠢᠪᠡᠭᠡᠯ︔ ᠦᠬᠡᠷ᠂ ᠮᠤᠭᠠᠢ᠂ ᠳᠠᠬᠢᠶ᠎ᠠ ᠢᠪᠡᠬᠡᠯ ᠭᠡᠵᠤ ᠬᠡᠯᠡᠳᠡᠭ᠃    ᠮᠠᠬᠠᠪᠤᠳ ᠤᠨ ᠬᠠᠷᠢᠴᠠᠭ᠎ᠠ ᠶᠢᠨ ᠳᠠᠯ᠎ᠠ ᠪᠠᠷ    ᠭᠠᠯ᠂ ᠰᠢᠷᠤᠢ᠂ ᠤᠰᠤ᠂ ᠮᠤᠳᠤ᠂ ᠳᠡᠮᠤᠷ ᠭᠡᠳᠡᠭ ᠢ ᠳᠠᠪᠤᠨ ᠮᠠᠬᠠᠪᠤᠳ ᠭᠡᠵᠤ ᠪᠠᠶᠢᠳᠠᠭ ᠠᠴᠠ ᠬᠦᠮᠦᠰ ᠵᠠᠪᠠᠯ ᠨᠢᠬᠡ ᠵᠤᠶᠢᠯ ᠤᠨ ᠮᠠᠬᠠᠪᠤᠳ ᠲᠤ ᠪᠠᠷᠢᠯᠳᠦᠵᠦ ᠲᠦᠷᠦᠨ᠎ᠠ ᠬᠡᠨ᠎ᠠ᠃ ᠡᠨᠡᠬᠦ ᠮᠠᠬᠠᠪᠤᠳ ᠨᠢ ᠬᠠᠷᠢᠯᠴᠠᠨ ᠬᠠᠷᠰᠢᠬᠤ ᠪᠤᠶᠤ ᠬᠠᠷᠢᠯᠴᠠᠨ ᠢᠪᠡᠬᠡᠯᠰᠢᠬᠦ ᠭᠡᠵᠤ ᠬᠡᠯᠡᠳᠡᠭ᠃ ᠡᠬᠦᠨ ᠳᠤ ᠠᠷᠭ᠎ᠠ ᠪᠢᠯᠢᠭ ᠤᠨ ᠮᠤᠳᠤ ᠰᠢᠷᠤᠢ ᠯᠤᠭ᠎ᠠ ᠬᠠᠷᠰᠢ᠂ ᠰᠢᠷᠤᠢ ᠤᠰᠤ ᠯᠤᠭ᠎ᠠ ᠬᠠᠷᠰᠢ᠂ ᠤᠰᠤ ᠭᠠᠯ ᠯᠤᠭ᠎ᠠ ᠬᠠᠷᠰᠢ᠂ ᠭᠠᠯ ᠳᠡᠮᠤᠷ ᠯᠦᠭᠡ ᠬᠠᠷᠰᠢ᠂ ᠳᠡᠮᠤᠷ ᠮᠤᠳᠤ ᠯᠤᠭ᠎ᠠ ᠬᠠᠷᠰᠢ ᠭᠡᠵᠤ᠂ ᠮᠤᠳᠤ ᠭᠠᠯ ᠯᠤᠭ᠎ᠠ ᠢᠪᠡᠭᠡᠯ᠂ ᠭᠠᠯ ᠰᠢᠷᠤᠢ ᠯᠤᠭ᠎ᠠ ᠢᠪᠡᠭᠡᠯ᠂ ᠰᠢᠷᠤᠢ ᠳᠡᠮᠤᠷ ᠯᠦᠭᠡ ᠢᠪᠡᠭᠡᠯ᠂ ᠳᠡᠮᠤᠷ ᠤᠰᠤ ᠯᠤᠭ᠎ᠠ ᠢᠪᠡᠭᠡᠯ᠂ ᠤᠰᠤ ᠮᠤᠳᠤ ᠯᠤᠭ᠎ᠠ ᠢᠪᠡᠭᠡᠯ ᠭᠡᠳᠡᠭ ᠠᠴᠠ ᠮᠤᠩᠭᠤᠯᠴᠤᠳ ᠬᠦᠦ᠂ ᠬᠡᠤᠬᠡᠨ ᠤ  ᠪᠠᠨ ᠤᠷᠤᠭ ᠢ ᠮᠠᠰᠢ ᠬᠦᠨᠳᠦ ᠪᠠᠷ ᠦᠵᠡᠵᠦ ᠪᠦᠬᠦ ᠳᠠᠯ᠎ᠠ ᠠᠴᠠ ᠪᠤᠳᠤᠯᠬᠢᠯᠠᠵᠤ ᠰᠠᠶ᠋ᠢ ᠤᠷᠤᠭ ᠳᠤᠭᠳᠠᠳᠠᠭ ᠪᠠᠶᠢᠨ᠎ᠠ     ᠮᠤᠩᠭᠤᠯᠴᠤᠳ ᠤᠨ ᠤᠷᠤᠭ ᠬᠤᠯᠪᠤᠬᠤ ᠳᠠᠭᠠᠨ ᠬᠡᠤᠬᠡᠨ 16 — 18 ᠨᠠᠰᠤ᠂ ᠬᠦᠦ 18 — 22 ᠨᠠᠰᠤᠨ ᠳᠤ ᠬᠤᠷᠢᠮᠯᠠᠬᠤ ᠶᠢ ᠡᠷᠬᠢᠮᠯᠡᠳᠡᠭ᠃ ᠭᠡᠪᠡᠴᠤ ᠨᠡᠶᠢᠬᠡᠮ ᠤᠨ ᠡᠯ᠎ᠠ ᠴᠠᠭ ᠦᠶ᠎ᠠ ᠨᠢ ᠠᠳᠠᠯᠢ ᠦᠭᠡᠢ ᠠᠴᠠ ᠬᠡᠤᠬᠡᠨ ᠬᠦᠮᠦᠨ ᠤ ᠪᠡᠶ᠎ᠠ ᠶᠢᠨ ᠭᠭᠢᠷ ᠨᠢ ᠢᠷᠡᠪᠡ ᠭᠡᠭᠰᠡᠭᠡᠷ ᠳᠤᠮᠤ ᠪᠤᠯᠵᠠᠢ ᠭᠡᠳᠡᠭ ᠪᠦᠬᠡᠳ ᠬᠦᠦ ᠬᠦᠮᠦᠨ ᠢ 14 — 15 ᠬᠦᠷᠪᠡᠯ ᠳᠠᠷᠤᠢ ᠳᠤᠮᠤ ᠬᠦᠮᠦᠨ ᠢᠶᠠᠷ ᠦᠵᠡᠳᠡᠭ ᠠᠴᠠ ᠳᠤᠮᠤ ᠪᠤᠯᠴᠢᠬᠠᠭᠰᠠᠨ ᠪᠤᠯᠬᠤᠷ ᠤᠷᠤᠭ ᠬᠤᠯᠪᠤᠬᠤ ᠶᠢ ᠴᠦ ᠬᠦᠢᠴᠡᠳᠭᠡᠳᠡᠭ᠃ ᠬᠡᠤᠬᠡᠨ ᠬᠦᠮᠦᠨ ᠢ ᠬᠤᠷᠢ ᠬᠦᠷᠪᠡᠯ ᠬᠤᠶᠠᠷ ᠲᠦᠷᠦᠬᠦ ᠠᠴᠠ ᠬᠤᠵᠢᠭᠳᠠᠨ᠎ᠠ ᠭᠡᠳᠡᠭ᠃    ᠨᠡᠶᠢᠬᠡᠮ ᠤᠨ ᠪᠠᠶᠢᠷᠢ ᠰᠠᠭᠤᠷᠢ᠂ ᠡᠯ᠎ᠠ ᠵᠤᠶᠢᠯ ᠤᠨ ᠨᠦᠬᠦᠴᠡᠯ ᠰᠢᠯᠳᠠᠭᠠᠨ ᠠᠴᠠ ᠪᠤᠯᠵᠤ ᠡᠷᠡᠭᠳᠡᠢ ᠡᠮᠡᠭᠳᠡᠢ ᠶᠢᠨ ᠨᠠᠰᠤᠨ ᠤ ᠵᠦᠷᠢᠶ᠎ᠠ ᠳᠤᠩ ᠶᠡᠭᠡ ᠪᠠᠶᠢᠳᠠᠭ ᠴᠦ ᠪᠤᠢ᠃ ᠡᠶᠢᠮᠤ ᠠᠴᠠ ᠡᠷᠡᠭᠳᠡᠢ ᠨᠢ ᠠᠷᠪᠠᠨ ᠨᠠᠰᠤ ᠶᠡᠭᠡ ᠴᠦ ᠶᠡᠭᠡ ᠪᠢᠰᠢ᠂ ᠡᠮᠡᠭᠳᠠᠢ ᠨᠢ ᠳᠠᠪᠤᠨ ᠨᠠᠰᠤ ᠶᠡᠭᠡ ᠪᠤᠯ ᠡᠵᠢ ᠠᠴᠠ ᠨᠢ ᠬᠡᠳᠤᠷᠡᠨ᠎ᠠ ᠭᠡᠳᠡᠭ ᠠᠴᠠ ᠶᠡᠷᠤᠩᠭᠡᠢ ᠳᠡᠭᠡᠨ ᠡᠷᠡᠭᠳᠡᠢ  ᠶᠢᠨ ᠨᠠᠰᠤ ᠶᠡᠭᠡ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号