ᠡᠯᠢᠭᠡᠨ ᠤ ᠬᠤᠣᠷ ᠢ ᠬᠡᠷᠬᠢᠨ ᠲᠠᠶᠢᠯᠬᠤ ᠪᠤᠢ︖
ᠨᠡᠶᠢᠲᠡᠯᠡᠭᠰᠡᠨ ᠴᠠᠭ᠄
2024/9/24
                    ᠨᠡᠶᠢᠲᠡᠯᠡᠭᠰᠡᠨ ᠴᠠᠭ᠄ 2024/9/5   ᠡᠯᠢᠭᠡ ᠶᠢᠨ ᠦᠨᠳᠦᠰᠦᠨ ᠴᠢᠳᠠᠪᠬᠢ ᠨᠢ ᠳᠠᠷᠤᠢ ᠬᠤᠣᠷ ᠢ ᠲᠠᠶᠢᠯᠬᠤ ᠶᠠᠪᠤᠳᠠᠯ   ᠪᠣᠯᠣᠨ᠎ᠠ᠂ ᠡᠯᠢᠭᠡ ᠨᠢ ᠬᠥᠮᠥᠨ ᠤ ᠪᠡᠶ᠎ᠡ ᠶᠢᠨ ᠳᠣᠲᠣᠭᠠᠳᠤ ᠵᠣᠬᠢᠴᠠᠭᠤᠯᠭ᠎ᠠ ᠶᠢᠨ ᠠᠵᠢᠯᠯᠠᠭ᠎ᠠ  ᠳᠤ ᠢᠳᠡᠪᠬᠢᠲᠡᠢ ᠣᠷᠣᠯᠴᠠᠳᠠᠭ᠃ ᠡᠯᠢᠭᠡ ᠶᠢ ᠬᠠᠪᠰᠤᠷᠤᠨ ᠬᠤᠣᠷ ᠢ ᠲᠠᠶᠢᠯᠳᠠᠭ ᠢᠳᠠᠭᠡᠨ ᠤ ᠵᠦᠢᠯ ᠤᠯᠠᠨ ᠪᠠᠶᠢᠳᠠᠭ᠂ ᠲᠠᠭᠢᠪᠠᠯ ᠬᠥᠮᠥᠰ ᠪᠠᠰᠠ ︽ᠡᠯᠢᠭᠡ ᠰᠠᠶᠢᠨ ᠪᠣᠯ ᠨᠢᠳᠦ ᠴᠤᠭ ᠲᠠᠢ︾ ᠭᠡᠵᠦ ᠶᠠᠷᠢᠳᠠᠭ᠃ ᠡᠯᠢᠭᠡ ᠡᠷᠡᠭᠦᠯ ᠪᠣᠯ ᠰᠠᠶ᠋ᠢ ᠲᠤᠨᠤᠷᠠᠭᠰᠠᠨ ᠰᠠᠶᠢᠬᠠᠨ ᠨᠢᠳᠦ ᠲᠠᠢ ᠪᠠᠶᠢᠵᠤ ᠴᠢᠳᠠᠨ᠎ᠠ᠃     ᠡᠯᠢᠭᠡᠨ ᠤ ᠬᠤᠣᠷ ᠢ ᠲᠠᠶᠢᠯᠬᠤ ᠴᠢᠬᠤᠯᠠ ᠲᠠᠢ ᠪᠣᠯᠤᠭᠰᠠᠨ ᠤ ᠢᠯᠡᠷᠡᠯ᠄   1. ᠬᠢᠮᠤᠰᠤᠨ ᠲᠣᠯᠢ ᠳᠡᠭᠡᠷ᠎ᠡ ᠭᠦᠳᠦᠭᠦᠷ ᠰᠤᠳᠠᠰᠤ ᠭᠠᠷᠬᠤ ᠡᠰᠡᠪᠡᠯ ᠬᠢᠮᠤᠰᠤ ᠳᠣᠲᠣᠭᠰᠢ ᠪᠠᠨ ᠬᠤᠲᠦ᠋ᠢᠨ᠎ᠠ᠃ ᠬᠢᠲᠠᠳ ᠡᠮᠨᠠᠯᠭᠡ ᠳᠤ ︽ᠡᠯᠢᠭᠡ ᠰᠢᠷᠪᠦᠰᠦ ᠶᠢ ᠲᠥᠯᠵᠢᠭᠦᠯᠦᠨ᠎ᠡ︾ ᠭᠡᠵᠦ ᠦᠵᠡᠨ᠂ ᠬᠢᠮᠤᠰᠤ ᠨᠢ ᠰᠢᠷᠪᠦᠰᠦ ᠳᠤ ᠪᠠᠭᠲᠠᠳᠠᠭ ᠪᠣᠯᠬᠤᠷ ᠡᠯᠢᠭᠡ     ᠬᠤᠣᠷ ᠢᠶᠠᠨ ᠲᠡᠶᠢᠯᠵᠤ ᠲᠡᠶᠢᠯᠭᠦ ᠦᠭᠡᠢ ᠪᠣᠯᠪᠠᠯ ᠬᠢᠮᠤᠰᠤᠨ ᠳᠤ ᠢᠯᠡᠷᠬᠡᠢ  ᠰᠢᠨᠵᠢ   ᠲᠡᠮᠳᠡᠭ ᠭᠠᠷᠲᠠᠬ᠃    2. ᠬᠥᠬᠦᠨ ᠤ ᠪᠤᠯᠴᠢᠷᠬᠠᠢ ᠴᠢᠨᠦᠷᠡᠵᠦ᠂ ᠰᠠᠷ᠎ᠠ ᠶᠢᠨ ᠭᠬᠢᠷ ᠢᠷᠡᠬᠦ ᠠᠴᠠ ᠡᠮᠦᠨ᠎ᠡ ᠪᠤᠯᠴᠢᠷᠬᠠᠢ ᠴᠢᠨᠦᠷᠡᠵᠦ ᠡᠪᠡᠳᠬᠦ ᠪᠠᠶᠢᠳᠠᠯ ᠢᠯᠡᠷᠬᠡᠢ ᠨᠡᠮᠡᠭᠳᠡᠨ᠎ᠡ᠃ ᠬᠥᠬᠦᠨ ᠪᠤᠯᠴᠢᠷᠬᠠᠢ ᠨᠢ ᠡᠯᠢᠭᠡᠨ ᠰᠤᠳᠠᠯ ᠤᠨ ᠡᠷᠭᠢᠯᠲᠡ ᠶᠢᠨ ᠵᠠᠮ ᠳᠡᠭᠡᠷᠡᠬᠢ ᠴᠢᠬᠤᠯᠠ ᠬᠦᠢᠰᠦ ᠦᠷᠳᠡᠭᠡ ᠪᠠᠶᠢᠵᠤ᠂ ᠡᠯᠢᠭᠡᠨ ᠬᠤᠣᠷ ᠢᠶᠠᠨ ᠲᠡᠶᠢᠯᠵᠤ ᠲᠡᠶᠢᠯᠭᠦ ᠦᠭᠡᠢ ᠪᠣᠯᠪᠠᠯ ᠳᠣᠣᠷ᠎ᠠ ᠨᠢ ᠬᠥᠬᠦᠨ     ᠪᠤᠯᠴᠢᠷᠬᠠᠢ ᠴᠢᠨᠦᠷᠡᠬᠦ ᠢᠯᠡᠷᠡᠯ ᠭᠠᠷᠳᠠᠭ᠂ ᠣᠨᠴᠠᠭᠠᠶᠢᠯᠠᠨ ᠭᠬᠢᠷ ᠢᠷᠡᠬᠦ ᠪᠤᠯᠬᠤ ᠳᠤ ᠴᠢᠰᠤ  ᠬᠡᠢ ᠬᠥᠭᠡᠷᠦᠨ᠂ ᠬᠥᠬᠦᠨ ᠪᠤᠯᠴᠢᠷᠬᠠᠢ ᠴᠢᠨᠦᠷᠡᠵᠦ ᠡᠪᠡᠳᠬᠦ ᠪᠠᠶᠢᠳᠠᠯ ᠭᠠᠷᠳᠠᠭ᠃    3. ᠭᠠᠩᠰᠠᠷᠠᠬᠤ ᠪᠠᠶᠢᠳᠠᠯ ᠳᠤ ᠠᠮᠠᠷᠬᠠᠨ ᠣᠷᠣᠳᠠᠭ᠃ ᠡᠯᠢᠭᠡ  ᠪᠣᠯ  ᠪᠡᠶ᠎ᠡ  ᠶᠢᠨ ᠳᠣᠲᠣᠭᠠᠳᠤ ᠶᠢᠨ ᠰᠡᠳᠬᠢᠯ ᠤᠨ ᠬᠥᠳᠡᠯᠭᠡᠭᠡᠨ ᠢ ᠵᠣᠬᠢᠴᠠᠭᠤᠯᠳᠠᠭ ᠡᠷᠬᠡᠲᠡᠨ ᠪᠣᠯᠣᠨ᠎ᠠ᠃ ᠡᠯᠢᠭᠡᠨ ᠬᠤᠣᠷ ᠴᠠᠭ ᠲᠠᠭᠠᠨ ᠭᠠᠳᠠᠭᠰᠢᠯᠠᠵᠤ ᠲᠠᠶᠢᠯᠭᠦ ᠦᠭᠡᠢ᠂ ᠬᠡᠢ  ᠶᠢᠨ  ᠵᠠᠮ    ᠢ ᠪᠥᠭᠯᠡᠬᠦ ᠳᠤ ᠭᠦᠷᠪᠠᠯ ᠤᠷᠮ᠎ᠠ ᠰᠡᠳᠬᠢᠯᠭᠡ ᠳᠣᠣᠷ᠎ᠠ ᠪᠠᠶᠢᠳᠠᠯ ᠢ ᠪᠤᠢ ᠪᠣᠯᠭᠠᠳᠠᠭ᠃    4. ᠲᠠᠯ᠎ᠠ ᠲᠣᠯᠣᠭᠠᠢ ᠡᠪᠡᠳᠬᠦ᠂ ᠬᠠᠴᠠᠷ ᠤᠨ ᠬᠤᠶᠠᠷ ᠲᠠᠯ᠎ᠠ ᠪᠠᠷᠳᠠᠭᠡᠷ   ᠰᠡᠪᠬᠡ  ᠭᠠᠷᠴᠤ᠂ ᠰᠠᠷ᠎ᠠ ᠶᠢᠨ ᠭᠬᠢᠷ ᠤᠨ ᠡᠪᠡᠷᠰᠢᠶᠡᠯ ᠢᠯᠡᠷᠡᠳᠡᠭ᠃ ᠬᠤᠶᠠᠷ ᠬᠠᠴᠠᠷ ᠪᠠ ᠳᠠᠪᠤᠰᠠᠩ ᠤᠨ ᠬᠡᠰᠡᠭ ᠪᠣᠯ ᠡᠯᠢᠭᠡ ᠪᠣᠯᠣᠨ ᠰᠥᠰᠥᠨ ᠤ ᠬᠠᠷᠢᠶ᠎ᠠ ᠭᠠᠵᠠᠷ ᠪᠣᠯᠣᠨ᠎ᠠ᠂ ᠲᠠᠶᠢᠮᠤ  ᠠᠴᠠ  ᠡᠯᠢᠭᠡ  ᠰᠥᠰᠥ  ᠡᠪ  ᠦᠭᠡᠢ   ᠪᠣᠯᠪᠠᠯ ᠬᠠᠮᠤᠭ ᠤᠨ ᠲᠡᠷᠢᠭᠦᠨ ᠳᠤ ᠲᠤᠰᠬᠠᠯ ᠭᠠᠷᠳᠠᠭ᠃    ᠡᠯᠢᠭᠡᠨ ᠤ ᠬᠤᠣᠷ ᠢ ᠲᠠᠶᠢᠯᠬᠤ ᠠᠷᠭ᠎ᠠ᠄    1. ᠬᠥᠬᠡ ᠥᠩᠭᠡ ᠶᠢᠨ ᠢᠳᠠᠭᠡᠨ ᠢ ᠢᠳᠡᠨ᠎ᠡ᠃ ᠬᠢᠲᠠᠳ ᠡᠮᠨᠠᠯᠭᠡ ᠶᠢᠨ ᠲᠠᠪᠤᠨ ᠮᠠᠬᠠᠪᠤᠳ ᠤᠨ ᠤᠨᠤᠯ ᠢ ᠦᠨᠳᠦᠰᠦᠯᠡᠪᠡᠯ᠂ ᠬᠥᠬᠡ ᠥᠩᠭᠡ ᠶᠢᠨ ᠢᠳᠠᠭᠡᠨ ᠨᠢ ᠡᠯᠢᠭᠡᠨ ᠤ ᠬᠡᠢ ᠶᠢ ᠨᠠᠪᠲᠠᠷᠡᠭᠦᠯᠵᠦ᠂ ᠡᠯᠢᠭᠡ ᠶᠢ ᠲᠥᠯᠵᠢᠭᠦᠯᠵᠦ ᠂ ᠬᠤᠣᠷ ᠢ ᠲᠠᠶᠢᠯᠬᠤ᠂ ᠤᠷᠮ᠎ᠠ ᠰᠡᠳᠬᠢᠯᠭᠡ ᠶᠢ ᠬᠥᠭᠵᠢᠭᠡᠬᠦ ᠦᠢᠯᠡᠳᠦᠯ ᠨᠢ ᠲᠤᠩ ᠰᠠᠶᠢᠨ ᠪᠠᠶᠢᠵᠤ᠂ ᠡᠯᠢᠭᠡ ᠶᠢ ᠲᠥᠯᠵᠢᠭᠦᠯᠦᠨ ᠬᠤᠣᠷ ᠢ ᠭᠠᠳᠠᠭᠰᠢᠯᠠᠭᠤᠯᠳᠠᠭ ᠢᠳᠠᠭᠡᠨ ᠪᠣᠯᠣᠨ᠎ᠠ᠃ ᠬᠢᠲᠠᠳ ᠡᠮᠴᠢ ᠨᠠᠷ ᠨᠣᠭᠤᠭᠠᠨ ᠵᠦᠷᠵᠢ ᠶᠢ ᠬᠠᠯᠢᠰᠤ ᠲᠠᠢ ᠪᠠᠷ ᠨᠢ ᠰᠢᠭᠦᠰᠦ ᠶᠢ ᠰᠢᠬᠠᠵᠤ᠂ ᠨᠣᠭᠤᠭᠠᠨ ᠨᠢᠮᠪᠡᠭᠡ ᠶᠢ ᠬᠠᠯᠢᠰᠤ    ᠲᠠᠢ    ᠪᠠᠷ ᠨᠢ     ᠤᠰᠤᠨ ᠳᠤ ᠳᠡᠪᠲᠦᠭᠡᠵᠦ ᠤᠤᠭᠤᠪᠠᠯ ᠰᠠᠶᠢᠨ ᠭᠡᠵᠦ ᠦᠵᠡᠳᠡᠭ᠃     2. ᠴᠢᠨ᠋ᠸ᠎ᠠ ᠶᠢᠨ ᠬᠠᠷᠮᠠᠭ ᠡᠯᠢᠭᠡᠨ ᠤ ᠬᠤᠣᠷ ᠢ ᠲᠠᠶᠢᠯᠬᠤ ᠴᠢᠳᠠᠪᠤᠷᠢ ᠶᠢ ᠳᠡᠭᠡᠭᠰᠢᠯᠡᠭᠦᠯᠳᠡᠭ᠃ ᠴᠢᠨ᠋ᠸ᠎ᠠ ᠶᠢᠨ ᠬᠠᠷᠮᠠᠭ ᠨᠢ ᠡᠯᠢᠭᠡ ᠶᠢ ᠬᠠᠮᠠᠭᠠᠯᠠᠬᠤ᠂ ᠬᠤᠣᠷᠲᠤ ᠪᠣᠳᠠᠰ ᠤᠨ ᠲᠦᠷᠢᠯᠲᠡ ᠶᠢ ᠳᠠᠭᠠᠭᠠᠬᠤ ᠴᠢᠳᠠᠪᠤᠷᠢ ᠶᠢ ᠲᠠᠭᠡᠭᠰᠢᠯᠠᠭᠦᠯᠭᠦ ᠦᠢᠯᠡᠳᠦᠯ ᠲᠠᠢ ᠪᠠᠶᠢᠳᠠᠭ᠃ ᠴᠢᠨ᠋ᠸ᠎ᠠ ᠶᠢᠨ ᠬᠠᠷᠮᠠᠭ ᠢ ᠨᠢᠭᠡ ᠡᠳᠦᠷ ᠨᠢᠭᠡ ᠠᠳᠬᠤ ᠢᠳᠡᠵᠦ ᠰᠠᠶᠢᠨ ᠵᠠᠵᠢᠯᠤᠨ᠎ᠠ᠃     3. ᠡᠯᠢᠭᠡᠨ ᠤ ᠬᠤᠣᠷ ᠢ ᠭᠠᠳᠠᠭᠰᠢᠯᠠᠭᠤᠯᠬᠤ ᠪᠠᠯᠴᠢᠷ ᠢ ᠨᠤᠬᠤᠯᠠᠨ᠎ᠠ᠃ ᠲᠠᠷᠠ ᠨᠢ ᠲᠠᠢ ᠴᠦᠡᠭ ᠪᠠᠯᠴᠢᠷ ᠪᠣᠯᠣᠨ᠎ᠠ᠂ ᠲᠠᠢ ᠴᠦᠡᠭ ᠪᠠᠯᠴᠢᠷ ᠨᠢ ᠬᠥᠯ ᠤᠨ ᠰᠡᠭᠡᠷ ᠳᠡᠭᠡᠷ᠎ᠡ ᠨᠢᠭᠡ ᠬᠤᠶᠠᠳᠤᠭᠠᠷ    ᠮᠡᠬᠦᠷᠬᠡᠢ     ᠶᠠᠰᠤᠨ ᠤ ᠠᠭᠤᠯᠵᠠᠷ ᠤᠨ ᠡᠮᠦᠨᠡᠬᠢ ᠬᠤᠩᠬᠤᠷ ᠲᠤ ᠪᠠᠶᠢᠨ᠎ᠠ᠃ ᠡᠷᠡᠬᠡᠢ ᠬᠤᠷᠤᠭᠤ ᠪᠠᠷ ᠢᠶᠠᠨ 3~5 ᠮᠢᠨᠦ᠋ᠲ ᠬᠥᠩᠭᠡᠨ ᠨᠤᠬᠤᠯᠠᠵᠤ᠂ ᠴᠢᠨᠦᠷᠡᠬᠦ ᠱᠠᠷᠬᠢᠷᠠᠬᠤ ᠪᠠᠶᠢᠳᠠᠯ ᠭᠠᠷᠪᠠᠯ ᠪᠣᠯᠴᠢᠬᠠᠨ᠎ᠠ᠂ ᠭᠡᠳᠤ ᠬᠦᠴᠦᠯᠡᠵᠦ ᠪᠤᠯᠬᠤ ᠦᠭᠡᠢ᠂ ᠬᠤᠶᠠᠷ ᠬᠥᠯ ᠢᠶᠠᠨ ᠡᠭᠡᠯᠵᠢᠯᠡᠵᠦ ᠨᠤᠬᠤᠯᠠᠨ᠎ᠠ᠃    4. ᠨᠢᠯᠪᠤᠰᠤ ᠪᠠᠷ ᠬᠤᠣᠷ ᠲᠠᠭᠤᠯᠭᠠᠬᠤ ᠠᠷᠭ᠎ᠠ ᠶᠢ ᠬᠡᠷᠡᠭᠯᠡᠨ᠎ᠡ᠃ ᠤᠭᠢᠯᠠᠬᠤ ᠶᠢ ᠮᠡᠳᠡᠳᠡᠭ ᠦᠭᠡᠢ ᠡᠷᠡᠴᠦᠦᠯ ᠲᠠᠢ ᠬᠠᠷᠢᠭᠤᠴᠠᠪᠠᠯ᠂ ᠪᠦᠰᠡᠭᠦ᠋ᠢᠴᠦᠦᠯ ᠬᠠᠷᠢᠴᠠᠩᠭᠤᠢ ᠤᠷᠳᠤ ᠨᠠᠰᠤᠯᠠᠳᠠᠭ ᠨᠢ ᠨᠢᠯᠪᠤᠰᠤ ᠲᠠᠢ ᠬᠤᠯᠪᠤᠭ᠎ᠠ ᠲᠠᠢ ᠭᠡᠳᠡᠭ᠃ ᠨᠢᠯᠪᠤᠰᠤ ᠨᠢ ᠮᠥᠨ ᠨᠢᠭᠡ  ᠵᠦᠢᠯ ᠤᠨ ᠭᠠᠳᠠᠭᠰᠢᠯᠠᠭᠤᠯᠤᠯᠲᠠ ᠶᠢᠨ ᠰᠢᠩᠭᠡᠨ ᠪᠣᠯᠬᠤᠷ ᠬᠥᠯᠥᠰᠦ ᠪᠠ ᠰᠢᠭᠡᠰᠦ ᠲᠠᠢ    ᠠᠳᠠᠯᠢ ᠪᠠᠷ ᠬᠥᠮᠥᠨ ᠤ ᠪᠡᠶ᠎ᠡ ᠶᠢᠨ ᠬᠤᠣᠷ ᠢ ᠭᠠᠳᠠᠭᠰᠢᠯᠠᠭᠤᠯᠳᠠᠭ᠃ ᠡᠶᠢᠮᠦ ᠠᠴᠠ ᠵᠣᠪᠠᠭᠰᠠᠨ ᠦᠶ᠎ᠡ ᠲᠡᠭᠡᠨ᠂ ᠭᠤᠮᠣᠳᠠᠭᠰᠠᠨ ᠦᠶ᠎ᠡ ᠳᠡᠭᠡᠨ᠂ ᠳᠠᠷᠤᠭᠠᠰᠤ ᠶᠡᠬᠡᠳᠡᠭᠰᠡᠨ ᠦᠶ᠎ᠡ ᠳᠡᠭᠡᠨ ᠨᠢᠭᠤᠵᠤ ᠬᠠᠪᠴᠢᠯ ᠦᠭᠡᠢ ᠤᠭᠢᠯᠠᠴᠢᠬᠠᠬᠤ ᠳᠤ ᠪᠡᠶ᠎ᠡ ᠳᠤ ᠴᠢᠨᠢ ᠮᠠᠭᠤ ᠪᠤᠯᠬᠤ ᠦᠭᠡᠢ᠃ ᠰᠡᠳᠬᠢᠯ ᠲᠤᠬᠳᠤᠯᠤᠭᠤᠯᠤᠬᠰᠠᠨ ᠺᠢᠨᠣ᠋ ᠲᠧᠯᠸᠢᠰ ᠦᠵᠡᠵᠦ ᠨᠢᠯᠪᠤᠰᠤ ᠤᠷᠤᠰᠬᠠᠬᠤ ᠨᠢ ᠴᠤ ᠬᠤᠣᠷ ᠢ ᠲᠠᠭᠤᠬᠤ ᠰᠠᠶᠢᠨ ᠠᠷᠭ᠎ᠠ ᠪᠣᠯᠣᠨ᠎ᠠ᠃    5. ᠪᠡᠯᠭᠡᠲᠦ ᠳᠡᠯᠳᠡᠦ ᠪᠠᠷ ᠡᠯᠢᠭᠡᠨ ᠤ ᠬᠤᠣᠷ ᠢ ᠲᠡᠶᠢᠯᠵᠤ ᠪᠣᠯᠣᠨ᠎ᠠ᠃ ᠪᠡᠯᠭᠡᠲᠦ ᠳᠡᠯᠳᠡᠦ ᠨᠢ ᠡᠯᠢᠭᠡᠨ ᠤ ᠡᠮ ᠤᠨ ᠵᠦᠢᠯ᠂ ᠬᠤᠣᠷᠲᠤ ᠪᠣᠳᠠᠰ ᠤᠨ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠵᠤ᠂ ᠬᠤᠣᠷᠳᠠᠯᠭ᠎ᠠ ᠠᠴᠠ ᠪᠣᠯᠤᠭᠰᠠᠨ ᠡᠯᠢᠭᠡᠨ ᠦᠷᠪᠢᠰᠦᠯ ᠳᠤ ᠠᠪᠴᠤ ᠬᠡᠯᠡᠪᠡᠯ᠂ ᠪᠡᠯᠭᠡᠲᠦ ᠳᠡᠯᠳᠡᠦ ᠨᠢ ᠲᠣᠯᠣᠭᠠᠢ ᠡᠷᠭᠢᠬᠦ᠂ ᠲᠠᠮᠢᠷᠳᠠᠬᠤ᠂ ᠳᠤᠷ᠎ᠠ   ᠪᠣᠯᠭᠢᠬᠤ᠂ ᠡᠯᠢᠭᠡᠨ ᠤ ᠡᠮᠵᠡᠭᠯᠡᠯ ᠵᠡᠷᠭᠡ ᠢᠯᠡᠷᠡᠯ ᠢ ᠨᠠᠮᠳᠠᠭᠤᠯᠵᠤ᠂ ᠡᠯᠢᠭᠡᠨ ᠤ ᠴᠢᠳᠠᠪᠬᠢ ᠶᠢ ᠰᠠᠶᠢᠵᠢᠷᠠᠭᠤᠯᠳᠠᠭ᠃ ᠡᠶᠢᠮᠦ ᠠᠴᠠ ᠪᠡᠯᠭᠡᠲᠦ ᠳᠡᠯᠳᠡᠦ ᠨᠢ ᠤᠳᠠᠭᠠᠨ ᠴᠢᠨᠠᠷᠲᠠᠢ ᠬᠤᠣᠷᠳᠠᠯᠭ᠎ᠠ᠂ ᠡᠯ᠎ᠡ ᠲᠦᠷᠤᠯ ᠤᠨ ᠤᠵᠢᠭ ᠴᠢᠨᠠᠷᠲᠠᠢ ᠡᠯᠢᠭᠡᠨ ᠦᠷᠪᠢᠰᠦᠯ᠂ ᠡᠯᠢᠭᠡᠨ ᠤ ᠬᠠᠲᠠᠭᠤᠷᠠᠯ᠂ ᠡᠯᠢᠭᠡᠨ   ᠤ    ᠴᠢᠳᠠᠪᠬᠢ   ᠶᠢᠨ ᠰᠠᠭᠠᠲᠠᠯ ᠵᠡᠷᠭᠡ ᠶᠢ ᠡᠮᠨᠡᠨ ᠵᠠᠰᠠᠬᠤ ᠦᠢᠯᠡᠳᠦᠯ ᠲᠠᠢ ᠪᠠᠶᠢᠳᠠᠭ᠃    6. ᠰᠥᠨᠢ ᠳᠤᠮᠳᠠ ᠶᠢᠨ 23~1 ᠴᠠᠭ ᠪᠣᠯ ᠡᠯᠢᠭᠡᠨ ᠤ ᠬᠤᠣᠷ ᠢ ᠭᠠᠳᠠᠭᠰᠢᠯᠠᠭᠤᠯᠬᠤ ᠴᠠᠭ ᠪᠣᠯᠣᠨ᠎ᠠ᠂ ᠡᠨᠡ ᠦᠶ᠎ᠡ ᠳᠤ ᠲᠤᠭ ᠨᠦᠢᠷ ᠲᠠᠭᠠᠨ ᠪᠠᠶᠢᠪᠠᠯ ᠵᠣᠬᠢᠨ᠎ᠠ᠂ ᠰᠥᠨᠢᠵᠢᠨ ᠰᠠᠭᠤᠬᠤ ᠠᠴᠠ ᠵᠠᠶᠢᠯᠠᠰᠬᠢᠬᠦ ᠨᠢ ᠡᠯᠢᠭᠡ ᠪᠠᠨ ᠬᠠᠮᠠᠭᠠᠯᠠᠬᠤ ᠳᠤ ᠲᠦᠢᠯ ᠤᠨ ᠲᠤᠰᠠᠲᠠᠢ ᠪᠠᠶᠢᠳᠠᠭ᠃ ︵ᠳᠠᠳᠤᠯᠭ᠎ᠠ   ᠶᠢᠨ        ᠰᠤᠷᠤᠬᠴᠢ ᠶᠢᠨ ᠯᠢᠩ ᠣᠷᠴᠢᠭᠤᠯᠤᠨ ᠨᠠᠶᠢᠷᠠᠭᠤᠯᠪᠠ︶                          ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ 
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号