ᠤᠷᠤᠭ ᠤᠨ ᠬᠡᠯᠪᠡᠷᠢ
ᠨᠡᠶᠢᠲᠡᠯᠡᠭᠰᠡᠨ ᠴᠠᠭ᠄
2025/5/6
   ᠵᠸᠤ ᠬᠦᠡᠭ ᠪᠤᠭᠳᠠ ᠵᠢᠷᠭᠤᠭᠠᠨ ᠵᠤᠶᠢᠯ ᠤᠨ ᠶᠤᠰᠤᠯᠠᠯ ᠢ ᠳᠤᠭᠳᠠᠭᠠᠵᠤ᠂ ᠡᠮ᠎ᠠ ᠠᠪᠬᠤ ᠶᠢ ᠳᠤᠳᠤᠷᠬᠠᠶᠢᠯᠠᠭᠰᠠᠨ ᠪᠤᠯᠪᠠᠴᠤ ᠤᠷᠤᠭ ᠢ ᠳᠤᠤᠷᠠᠬᠢ ᠮᠡᠳᠤ ᠬᠡᠳᠤᠨ ᠵᠤᠶᠢᠯ ᠳᠤ ᠬᠤᠪᠢᠶᠠᠳᠠᠭ᠄   ᠰᠤᠳᠤᠨ ᠤᠷᠤᠭ᠃ ᠰᠤᠳᠤᠨ ᠤᠷᠤᠭ ᠭᠡᠳᠡᠭ ᠨᠢ ᠬᠦᠦ ᠶᠢᠨ ᠡᠳᠡᠭᠡᠳ ᠶᠠᠮᠠᠷ ᠨᠢᠬᠡᠨ ᠠᠶᠢᠯ ᠤᠨ ᠬᠡᠨ ᠬᠡᠨ ᠤ ᠬᠡᠤᠬᠡᠨ ᠢ ᠦᠵᠡᠵᠦ ᠳᠤᠭᠤᠪᠠᠯ᠂ ᠵᠠᠭᠤᠴᠢ ᠶᠢᠨ ᠬᠦᠮᠦᠨ ᠢ ᠢᠯᠡᠭᠡᠵᠦ ᠬᠡᠯᠡᠯᠴᠡᠭᠡ ᠤᠷᠤᠭᠤᠯᠵᠤ᠂ ᠬᠤᠶᠠᠷ ᠡᠳᠡᠭᠡᠳ ᠪᠡᠶ᠎ᠠ ᠪᠡᠶ᠎ᠠ ᠪᠠᠨ ᠤᠶᠢᠯᠠᠭᠠᠯᠴᠠᠨ ᠡᠬᠦᠳᠡ ᠡᠷᠤᠬᠡ᠂ ᠦᠡᠭᠭᠡ ᠵᠢᠰᠤ ᠳᠡᠩᠴᠡᠬᠦᠦ ᠪᠠᠶᠢᠵᠦ ᠬᠡᠤᠬᠡᠳ ᠪᠠ ᠬᠡᠷ ᠤᠨ ᠠᠬᠠᠮᠠᠳ ᠪᠦᠷ ᠳᠤᠷ᠎ᠠ ᠲᠠᠢ᠃    ᠵᠠᠯᠭᠠᠭᠰᠠᠨ ᠤᠷᠤᠭ᠃ ᠵᠠᠯᠭᠠᠭᠰᠠᠨ ᠤᠷᠤᠭ ᠭᠡᠳᠡᠭ ᠨᠢ ᠠᠬ᠎ᠠ ᠨᠢ ᠨᠠᠰᠤ ᠪᠠᠷᠠᠭᠰᠠᠨ ᠪᠠᠶᠢᠪᠠᠯ ᠳᠡᠬᠦᠦ ᠨᠢ ᠪᠡᠷᠭᠡᠨ ᠲᠠᠢ ᠪᠠᠨ ᠤᠷᠤᠭᠯᠠᠬᠤ ᠶᠢ ᠬᠡᠯᠡᠵᠦ ᠪᠠᠶᠢᠨ᠎ᠠ᠃ᠬᠠᠯᠠᠮᠵᠢᠯᠠᠯ ᠤᠷᠤᠭ᠃ ᠬᠠᠯᠠᠮᠵᠢᠯᠠᠯ ᠤᠷᠤᠭ ᠭᠡᠳᠡᠭ ᠨᠢ ᠬᠦᠷᠬᠡᠨ ᠳᠤ ᠦᠭᠭᠦᠭᠰᠡᠨ ᠬᠡᠤᠬᠡᠨ ᠨᠢ ᠨᠠᠰᠤ ᠪᠠᠷᠠᠭᠰᠠᠨ ᠪᠠᠶᠢᠪᠠᠯ ᠬᠠᠳᠠᠮ ᠨᠢ ᠬᠦᠷᠬᠡᠨ ᠢᠶᠠᠨ ᠰᠠᠨᠠᠵᠤ ᠬᠠᠶᠢᠷᠠᠯᠠᠭᠰᠠᠨ ᠪᠤᠶᠤ ᠵᠢᠭᠡ ᠪᠠᠨ ᠦᠨᠦᠴᠢᠨ ᠪᠤᠯᠭᠠᠬᠤ ᠦᠭᠡᠢ ᠬᠡᠳ ᠬᠦᠷᠢ ᠦᠬᠢᠨ ᠳᠡᠬᠦᠦ ᠶᠢ ᠨᠢ ᠬᠦᠷᠬᠡᠨ ᠠᠬ᠎ᠠ ᠳᠤᠨᠢ ᠮᠤᠷᠳᠠᠭᠤᠯᠵᠤ ᠤᠷᠤᠭᠯᠠᠭᠤᠯᠳᠠᠭ ᠢ ᠬᠡᠯᠡᠨ᠎ᠠ᠃    ᠰᠤᠯᠢᠶ᠎ᠠ ᠤᠷᠤᠭ᠃ ᠰᠤᠯᠢᠶ᠎ᠠ ᠤᠷᠤᠭ ᠲᠤ ᠭᠤᠷᠪᠠᠨ ᠵᠤᠶᠢᠯ ᠤᠨ ᠬᠡᠯᠪᠡᠷᠢ ᠪᠠᠶᠢᠳᠠᠭ᠃    ᠨᠠᠶᠢᠷ ᠤᠨ ᠰᠤᠯᠢᠶ᠎ᠠ ᠤᠷᠤᠭ᠃ ᠡᠨᠡ ᠨᠢ ᠤᠯᠠᠨ ᠵᠢᠯ ᠨᠠᠶᠢᠷᠳᠠᠢ ᠶᠠᠪᠤᠯᠴᠠᠭᠰᠠᠳ ᠪᠤᠶᠤ ᠬᠡᠳᠤᠨ ᠦᠶ᠎ᠠ ᠪᠠᠷ  ᠢᠶᠠᠨ ᠬᠦᠷᠰᠢ ᠵᠡᠷᠭᠡᠯᠡᠳᠡᠭᠡ ᠰᠠᠭᠤᠵᠤ᠂ ᠬᠠᠷᠢᠯᠴᠠᠨ ᠪᠡᠶ᠎ᠠ ᠪᠡᠶ᠎ᠠ ᠪᠠᠨ ᠬᠦᠢᠴᠡᠳ ᠳᠠᠨᠢᠭᠰᠠᠨ ᠰᠠᠭᠤᠷᠢ ᠳᠡᠭᠡᠷ᠎ᠠ ᠶᠠᠪᠤᠭᠳᠠᠳᠠᠭ᠂ ᠬᠤᠶᠠᠷ ᠬᠤᠤᠰ ᠬᠡᠤᠬᠡᠳ ᠪᠦᠷ ᠡᠷᠡᠬᠦᠯ ᠴᠢᠬᠢᠷᠠᠭ ᠪᠠᠶᠢᠬᠤ᠂ ᠡᠨᠡ ᠨᠢ ᠳᠡᠭᠡᠳᠤ ᠵᠡᠷᠭᠡ ᠶᠢᠨ ᠬᠡᠯᠪᠡᠷᠢ ᠪᠤᠯᠤᠨ᠎ᠠ᠃    ᠠᠷᠭᠠᠴᠠᠭᠰᠠᠨ ᠰᠤᠯᠢᠶ᠎ᠠ ᠤᠷᠤᠭ᠃ ᠬᠤᠶᠠᠷ ᠡᠳᠡᠭᠡᠳ ᠤᠨ ᠬᠡᠷ ᠤᠨ ᠠᠮᠢᠳᠤᠷᠠᠯ ᠬᠦᠴᠢᠷ ᠲᠠᠢ ᠠᠴᠠ ᠪᠤᠯᠤᠯᠴᠠᠵᠤ᠂ ᠪᠡᠯᠡᠭ ᠰᠠᠯᠳᠠ ᠭᠡᠵᠤ ᠬᠤᠪᠢ ᠬᠤᠪᠢ ᠶᠢᠨ ᠪᠠᠷᠢ ᠪᠠᠨ ᠬᠤᠪᠴᠢᠯᠠᠭᠠᠳ ᠠᠪᠴᠢᠬᠠᠳᠠᠭ ᠢ ᠬᠡᠯᠡᠨ᠎ᠠ᠃ ᠡᠨᠡ ᠨᠢ ᠳᠤᠮᠳᠠ ᠬᠡᠯᠪᠡᠷᠢ ᠪᠤᠯᠤᠨ᠎ᠠ᠃ ᠠᠷᠭᠠᠬᠦᠢ ᠰᠤᠯᠢᠶ᠎ᠠ ᠤᠷᠤᠭ᠃ ᠡᠨᠡ ᠨᠢ ᠬᠤᠶᠠᠷ ᠡᠳᠡᠭᠡᠳ ᠤᠨ ᠬᠦᠦ ᠨᠢ ᠵᠡᠮᠳᠡᠭ ᠤᠴᠢᠷ ᠠᠴᠠ ᠭᠠᠯ ᠭᠤᠯᠤᠮᠳᠠ  ᠪᠠᠨ ᠵᠠᠯᠭᠠᠬᠤ ᠶᠢ ᠪᠤᠳᠤᠵᠤ ᠳᠤᠷ᠎ᠠ ᠦᠭᠡᠢ ᠪᠠᠶᠢᠭᠰᠠᠨ ᠴᠦ ᠡᠷᠡᠬᠦᠯ ᠰᠠᠷᠠᠭᠤᠯ ᠬᠡᠤᠬᠡᠨ ᠢᠶᠠᠷ ᠢᠶᠠᠨ ᠬᠠᠷᠢᠯᠴᠠᠨ ᠰᠤᠯᠢᠯᠴᠠᠵᠤ ᠤᠷᠤᠭ ᠪᠤᠯᠳᠠᠭ᠃ ᠡᠨᠡ ᠨᠢ ᠠᠳᠠᠭ ᠤᠨ ᠬᠡᠯᠪᠡᠷᠢ ᠪᠤᠯᠤᠨ᠎ᠠ᠃    ᠬᠤᠳᠠᠯᠳᠤᠭ᠎ᠠ ᠶᠢᠨ ᠤᠷᠤᠭ᠃ ᠡᠨᠡ ᠨᠢ ᠪᠠᠶᠠᠴᠤᠳ ᠨᠤᠶᠠᠳ ᠦᠪᠡᠷ ᠤᠨ ᠪᠠᠶᠠᠷ ᠴᠡᠩᠬᠡᠯ ᠢᠶᠠᠨ ᠬᠠᠨᠭ᠍ᠭᠠᠬᠤ ᠶᠢ ᠪᠤᠳᠤᠵᠤ ᠶᠠᠳᠠᠭᠤ ᠬᠡᠷ ᠤᠨ ᠤᠴᠢᠷ ᠶᠠᠪᠤᠳᠠᠯ ᠳᠤᠬᠢᠶᠠᠯᠳᠤᠭᠰᠠᠨ ᠢ ᠳᠠᠯᠢᠮᠳᠠᠭᠤᠯᠤᠨ ᠬᠡᠤᠬᠡᠨ ᠢ ᠨᠢ ᠬᠤᠳᠠᠯᠳᠤᠨ ᠠᠪᠠᠴᠢᠵᠦ ᠤᠷᠤᠭ ᠰᠠᠭᠤᠳᠠᠭ ᠢ ᠬᠡᠯᠡᠨ᠎ᠠ᠃    ᠵᠢᠭᠠᠮᠠᠯ ᠤᠷᠤᠭ᠃ ᠡᠨᠡ ᠨᠢ ᠨᠤᠶᠠᠳ ᠢᠵᠠᠭᠤᠷᠳᠠᠳ ᠪᠤᠭᠤᠯ ᠵᠠᠷᠤᠳᠠᠰᠤ ᠪᠠᠨ ᠬᠡᠨ ᠳᠤ ᠮᠤᠷᠳᠠᠭᠤᠯᠤᠨ᠎ᠠ ᠬᠡᠪᠡᠯ ᠳᠤᠷ᠎ᠠ ᠲᠠᠢ ᠳᠤᠷ᠎ᠠ ᠦᠭᠡᠢ ᠶᠢ ᠬᠠᠮᠢᠶᠠᠷᠬᠤ ᠦᠭᠡᠢ ᠰᠢᠭᠤᠳ ᠵᠢᠭᠠᠴᠢᠬᠠᠳᠠᠭ᠂ ᠭᠡᠬᠦ ᠳᠡᠭᠡᠨ ᠳᠠᠬᠢᠶ᠎ᠠ᠂ ᠰᠦᠬᠡ ᠬᠠᠳᠤᠭᠤᠷ ᠲᠤ ᠴᠦ ᠵᠢᠭᠠᠵᠤ ᠨᠢᠬᠡ ᠨᠠᠰᠤ ᠶᠢ ᠨᠢ ᠬᠠᠷᠠᠯᠠᠭᠤᠯᠳᠠᠭ ᠴᠦ ᠪᠤᠢ᠃    ᠬᠦᠴᠦᠷᠬᠡᠭᠯᠡᠯ ᠤᠨ ᠤᠷᠤᠭ᠃ ᠨᠤᠶᠠᠳ ᠢᠵᠠᠭᠤᠷᠳᠠᠳ ᠪᠤᠶᠤ ᠬᠦᠴᠦᠷᠬᠡᠭ ᠬᠠᠷᠬᠢᠰᠴᠤᠳ ᠪᠤᠰᠤᠳ ᠤᠨ ᠬᠡᠤᠬᠡᠨ ᠢ ᠦᠵᠡᠵᠦ ᠳᠤᠭᠤᠪᠠᠯ ᠶᠠᠩᠵᠤ ᠶᠢᠨ ᠠᠷᠭ᠎ᠠ ᠶᠢ ᠬᠡᠷᠡᠭᠯᠡᠨ ᠠᠯᠪᠠᠳᠠᠬᠤ ᠪᠤᠶᠤ ᠰᠢᠭᠤᠳ ᠪᠤᠯᠢᠶᠠᠨ ᠠᠪᠠᠴᠢᠵᠦ ᠬᠦᠴᠦᠷᠬᠡᠭᠯᠡᠯ ᠢᠶᠠᠷ ᠤᠷᠤᠭ ᠪᠤᠯᠳᠠᠭ᠃    ᠮᠡᠬᠡᠯᠡᠯ ᠤᠨ ᠤᠷᠤᠭ᠃ ᠬᠦᠦ ᠶᠢᠨ ᠡᠳᠡᠭᠡᠳ ᠵᠡᠮᠳᠡᠭ ᠪᠤᠯᠬᠤᠷ ᠤᠷᠠᠨ ᠬᠤᠨᠭ᠍ᠰᠢᠶᠠᠷ ᠲᠠᠢ ᠵᠠᠭᠤᠴᠢ ᠶᠢᠨ ᠠᠷᠭ᠎ᠠ ᠮᠡᠭᠡ ᠪᠠᠷ ᠤᠷᠤᠭ ᠵᠦᠪᠰᠢᠶᠡᠷᠡᠬᠦ ᠠᠮᠠ ᠠᠯᠳᠠᠭᠤᠯᠵᠤ ᠤᠷᠤᠭ ᠪᠤᠯᠳᠠᠭ᠃    ᠳᠠᠬᠢᠬᠤ ᠤᠷᠤᠭ᠃ ᠪᠠᠯᠪᠠᠰᠤᠨ ᠡᠮᠡᠭᠳᠠᠢ᠂ ᠡᠮ᠎ᠠ ᠨᠦᠭᠴᠢᠬᠦᠯᠦᠭᠰᠡᠨ ᠬᠤᠶᠠᠷ ᠤᠨ ᠳᠠᠬᠢᠵᠦ ᠤᠷᠤᠭᠯᠠᠬᠤ ᠶᠢ ᠬᠡᠯᠡᠨ᠎ᠠ᠃    ᠪᠤᠯᠵᠤᠭ᠎ᠠ ᠤᠷᠤᠭ᠃ ᠨᠠᠶᠢᠷᠳᠠᠢ ᠬᠦᠮᠦᠰ ᠤᠨ ᠬᠤᠭᠤᠷᠤᠨᠳᠤ ᠬᠤᠶᠠᠷ ᠵᠤᠶᠢᠯ ᠤᠨ ᠬᠡᠯᠪᠡᠷᠢ ᠪᠠᠷ ᠶᠠᠪᠤᠭᠳᠠᠳᠠᠭ᠃    ᠪᠢᠳᠡᠬᠦᠦ ᠪᠤᠯᠵᠤᠭ᠎ᠠ ᠤᠷᠤᠭ᠃ ᠨᠠᠶᠢᠷᠳᠠᠢ ᠦᠶ᠎ᠠ ᠨᠠᠰᠤ ᠰᠠᠴᠤᠭᠤ ᠬᠤᠶᠠᠷ ᠬᠡᠷ ᠤᠨ ᠡᠬᠡᠨᠡᠷ ᠨᠢ ᠵᠢᠷᠮᠤᠰᠤᠨ ᠪᠤᠶᠤ ᠵᠢᠷᠮᠤᠰᠤᠨ ᠴᠦ ᠪᠤᠯᠤᠭᠠᠳᠤᠢ ᠦᠶ᠎ᠠ ᠳᠤ ᠬᠡᠳᠡᠰᠤ ᠪᠠᠨ ᠵᠢᠭᠠᠵᠤ᠂ ᠬᠡᠨ ᠨᠢᠬᠡ ᠨᠢ ᠬᠦᠦ ᠬᠡᠤᠬᠡᠨ ᠲᠦᠷᠦᠪᠡᠯ ᠤᠷᠤᠭ ᠪᠤᠯᠵᠤ᠂ ᠬᠤᠶᠠᠭᠤᠯᠠ ᠪᠠᠨ ᠬᠦᠦ ᠪᠤᠶᠤ ᠬᠡᠤᠬᠡᠨ ᠪᠤᠯ ᠨᠢᠬᠡᠯᠡ ᠬᠡᠷ ᠠᠴᠠ ᠪᠠᠷᠢ ᠭᠤᠶᠤᠬᠤ ᠪᠠ ᠮᠤᠷᠳᠠᠭᠤᠯᠤᠶ᠎ᠠ ᠭᠡᠵᠤ ᠪᠤᠯᠵᠤᠭ᠎ᠠ ᠳᠠᠯᠪᠢᠳᠠᠭ᠂ ᠡᠬᠦᠨ ᠢᠶᠠᠨ ᠪᠠᠰᠠ ᠦᠨᠳᠡᠭᠡᠨ ᠰᠦᠢ ᠭᠡᠳᠡᠭ᠃    ᠵᠠᠳᠠᠭᠠᠢ ᠪᠤᠯᠵᠤᠭ᠎ᠠ ᠤᠷᠤᠭ᠃ ᠨᠠᠶᠢᠷᠳᠠᠢ ᠬᠤᠶᠠᠷ ᠬᠡᠷ ᠤᠨ ᠬᠡᠤᠬᠡᠳ ᠦᠯᠦᠬᠡᠢ ᠳᠤ ᠪᠠᠶᠢᠬᠤ ᠪᠤᠶᠤ ᠨᠢᠯᠬ᠎ᠠ ᠪᠠᠯᠴᠢᠷ ᠤᠨ ᠦᠶ᠎ᠠ ᠳᠤ ᠨᠢ ᠤᠷᠤᠭ ᠤᠨ ᠪᠤᠯᠵᠤᠭ᠎ᠠ ᠳᠠᠯᠪᠢᠵᠦ ᠬᠤᠶᠠᠷ ᠬᠡᠷ ᠤᠨ ᠨᠡᠶᠢᠷ ᠢᠶᠠᠨ ᠤᠯᠠᠮ ᠪᠠᠳᠤᠳᠬᠠᠳᠠᠭ᠃    ᠬᠦᠷᠬᠡᠨ ᠠᠪᠬᠤ ᠤᠷᠤᠭ᠃ ᠬᠡᠤᠬᠡᠨ ᠤ ᠡᠳᠡᠭᠡᠳ ᠬᠦᠦ ᠦᠭᠡᠢ ᠪᠤᠶᠤ ᠬᠦᠦ ᠪᠠᠶᠢᠪᠠᠴᠤ ᠨᠢᠯᠬ᠎ᠠ ᠪᠠᠶᠢᠵᠦ᠂ ᠬᠦᠭᠰᠢᠨ ᠡᠷ᠎ᠠ ᠡᠮ᠎ᠠ ᠬᠤᠶᠠᠭᠤᠯᠠ ᠪᠠᠨ ᠠᠮᠢᠳᠤᠷᠠᠯ ᠢᠶᠠᠨ ᠠᠷᠭᠠᠴᠠᠵᠤ ᠳᠡᠶᠢᠯᠬᠦ ᠦᠭᠡᠢ ᠪᠤᠯᠬᠤ ᠳᠤ ᠪᠠᠨ ᠬᠦᠷᠬᠡᠨ  ᠢᠶᠠᠨ ᠬᠡᠷ ᠲᠡᠭᠡᠨ ᠠᠪᠴᠢᠷᠠᠵᠤ᠂ ᠬᠦᠦ ᠴᠦ ᠳᠡᠷᠡ᠂ ᠬᠦᠷᠬᠡᠨ ᠴᠦ ᠳᠡᠷᠡ ᠪᠠᠶᠢᠳᠠᠭ ᠢ ᠬᠦᠷᠬᠡᠨ ᠠᠪᠬᠤ ᠤᠷᠤᠭ ᠭᠡᠵᠤ᠂ ᠪᠠᠰᠠ ᠬᠦᠴᠦᠨ ᠤ ᠬᠦᠷᠬᠡᠨ ᠭᠡᠵᠤ ᠬᠡᠯᠡᠨ᠎ᠠ᠃ ᠬᠡᠷᠪᠡ ᠬᠠᠳᠠᠮ ᠨᠢ ᠬᠦᠦ ᠦᠭᠡᠢ ᠪᠤᠯ ᠬᠤᠶᠠᠷ ᠨᠠᠰᠤᠳᠠᠨ  ᠨᠢ ᠦᠬᠡᠳᠡ ᠪᠤᠯᠤᠭᠰᠠᠭᠠᠷ᠂ ᠠᠯᠢᠪᠠ ᠡᠳ᠋ ᠬᠦᠷᠦᠩᠭᠡ ᠶᠢ ᠨᠢ ᠵᠠᠯᠭᠠᠮᠵᠢᠯᠠᠨ ᠠᠪᠳᠠᠭ᠃ ᠬᠦᠴᠦᠨ ᠤ ᠬᠦᠷᠬᠡᠨ ᠴᠦ ᠬᠠᠳᠠᠮ ᠢᠶᠠᠨ ᠦᠪᠡᠷ ᠤᠨ ᠡᠴᠢᠬᠡ ᠡᠬᠡ ᠮᠡᠳᠤ ᠠᠰᠠᠷᠠᠨ ᠬᠦᠨᠳᠦᠳᠬᠡᠳᠡᠭ᠃ ᠭᠡᠷᠪᠡ ᠨᠢᠯᠬ᠎ᠠ ᠪᠠᠯᠴᠢᠷ ᠬᠦᠦ ᠲᠠᠢ ᠪᠤᠯ ᠬᠦᠦ ᠨᠢ ᠦᠰᠴᠤ ᠡᠷ᠎ᠠ ᠶᠢᠨ ᠴᠡᠭᠡᠯ ᠬᠦᠷᠴᠤ ᠠᠳᠠᠯ ᠠᠮᠢᠳᠤᠷᠠᠯᠭ᠎ᠠ ᠪᠠᠨ ᠡᠵᠡᠮᠳᠡᠵᠦ ᠴᠢᠳᠠᠪᠠᠰᠤ ᠬᠦᠴᠦᠨ ᠤ ᠬᠦᠷᠬᠡᠨ ᠢᠶᠠᠨ ᠠᠳᠠᠯ ᠠᠮᠢᠳᠤᠷᠠᠯᠭ᠎ᠠ ᠲᠠᠢ ᠪᠠᠷ ᠡᠮᠤᠨ᠎ᠠ ᠪᠠᠨ ᠭᠠᠷᠭᠠᠳᠠᠭ ᠪᠠᠶᠢᠨ᠎ᠠ᠃    ᠳᠡᠵᠢᠭᠡᠯᠬᠡ ᠶᠢᠨ ᠤᠷᠤᠭ᠃ ᠬᠡᠤᠬᠡᠨ ᠤ ᠡᠳᠡᠭᠡᠳ ᠤᠨ ᠡᠷᠤᠬᠡ ᠶᠢᠨ ᠠᠮᠢᠳᠤᠷᠠᠯ ᠨᠢ ᠬᠦᠴᠢᠷᠳᠡᠯᠳᠠᠢ᠂ ᠬᠡᠤᠬᠡᠳ ᠤᠯᠠᠨ ᠪᠤᠶᠤ ᠡᠬᠡ ᠨᠢ ᠨᠠᠰᠤ ᠪᠠᠷᠠᠭᠰᠠᠨ ᠠᠴᠠ ᠡᠴᠢᠬᠡ ᠨᠢ ᠨᠢᠯᠬ᠎ᠠ ᠨᠢᠷᠠᠢ ᠶᠢ ᠠᠷᠭᠠᠴᠠᠵᠤ ᠳᠡᠶᠢᠯᠬᠦ ᠦᠭᠡᠢ ᠪᠤᠯᠬᠤ  ᠳᠤ ᠪᠠᠨ ᠨᠠᠰᠤ ᠬᠤᠷᠠᠭ ᠬᠦᠦ ᠲᠠᠢ ᠬᠦᠮᠦᠨ ᠳᠤ ᠳᠡᠵᠢᠬᠡᠯᠬᠡᠨ ᠦᠭᠴᠤ᠂ ᠳᠡᠵᠢᠬᠡᠭᠰᠡᠨ ᠬᠦᠮᠦᠨ ᠨᠢ ᠬᠤᠵᠢᠮ ᠬᠡᠤᠬᠡᠳ ᠨᠠᠰᠤ ᠬᠦᠢᠴᠡᠪᠡ ᠭᠡᠭᠰᠡᠬᠡᠷ ᠶᠠᠮᠠᠷ ᠴᠦ ᠪᠡᠯᠡᠭ ᠰᠠᠯᠳᠠ ᠬᠤᠷᠢᠮ ᠭᠡᠵᠤ ᠦᠭᠡᠢ ᠪᠠᠷ ᠳᠡᠷᠢ ᠨᠢᠬᠡᠳᠭᠡᠯᠬᠡᠵᠦ ᠪᠠᠷᠢ ᠪᠠᠨ ᠪᠤᠯᠭᠠᠴᠢᠬᠠᠳᠠᠭ᠃   ᠠᠷᠭ᠎ᠠ ᠪᠠᠨ ᠪᠠᠷᠠᠭᠰᠠᠨ ᠤᠷᠤᠭ᠃ ᠬᠡᠤᠬᠡᠨ ᠨᠢ ᠵᠡᠮᠳᠡᠭ ᠪᠤᠯ ᠨᠠᠰᠤ ᠠᠬᠢᠭᠰᠠᠨ ᠬᠦᠮᠦᠨ ᠳᠤ ᠮᠤᠷᠳᠠᠭᠤᠯᠴᠢᠬᠠᠳᠠᠭ᠃ ᠬᠤᠶᠠᠷ ᠵᠡᠮᠳᠡᠭ ᠤᠷᠤᠭ ᠬᠤᠯᠪᠤᠵᠤ᠂ ᠪᠡᠶ᠎ᠠ ᠪᠡᠶ᠎ᠠ ᠪᠠᠨ ᠲᠦᠰᠢᠯᠴᠡᠨ ᠠᠮᠢᠳᠤᠷᠠᠯ ᠢᠶᠠᠨ ᠠᠷᠭᠠᠴᠢᠬᠠᠳᠠᠭ᠃   ᠤᠨᠴᠤᠭᠤᠢ ᠤᠷᠤᠭ᠃ ᠬᠠᠳᠠᠮ ᠡᠴᠢᠬᠡ ᠨᠢ ᠨᠠᠰᠤ ᠪᠠᠷᠠᠵᠤ᠂ ᠵᠠᠯᠠᠭᠤ ᠡᠷ᠎ᠠ ᠨᠢ ᠨᠠᠰᠤ ᠪᠠᠷᠠᠭᠰᠠᠨ ᠴᠦ ᠬᠦᠦ ᠦᠭᠡᠢ ᠤᠴᠢᠷ ᠠᠴᠠ ᠬᠦᠮᠦᠨ ᠤ ᠤᠭ ᠤᠳᠤᠮ ᠢ ᠳᠠᠰᠤᠯᠠᠵᠤ ᠭᠠᠯ ᠭᠤᠯᠤᠮᠳᠠ ᠶᠢ ᠨᠢ ᠬᠠᠷᠠᠯᠠᠭᠤᠯᠬᠤ ᠦᠭᠡᠢ ᠬᠡᠮᠡᠨ ᠬᠠᠳᠠᠮ ᠡᠪᠦᠭᠡ ᠳᠡᠭᠡᠨ ᠵᠠᠯᠭᠠᠵᠤ ᠮᠤᠷᠳᠠᠭᠰᠠᠨ ᠴᠦ ᠪᠠᠶᠢᠳᠠᠭ᠃ ᠮᠠᠨ ᠤ ᠬᠤᠷᠴᠢᠨ ᠵᠡᠬᠦᠨ ᠭᠠᠷᠤᠨ ᠬᠤᠶᠢᠳᠤ ᠬᠤᠰᠢᠭᠤ ᠶᠢᠨ ᠶᠢᠰᠦᠨ ᠨᠤᠶᠠᠳ ᠭᠡᠳᠡᠭ ᠨᠢ ᠳᠠᠷᠤᠢ ᠢᠡᠭᠭᠢᠵᠦ ᠢᠷᠡᠭᠰᠡᠨ ᠪᠠᠶᠢᠵᠠᠢ ᠬᠡᠨ᠎ᠠ᠃ ᠁ ᠭᠡᠬᠦ ᠮᠡᠳᠤ ᠶᠢᠨ ᠤᠯᠠᠨ ᠵᠤᠶᠢᠯ ᠤᠨ ᠤᠷᠤᠭ ᠤᠨ ᠬᠡᠯᠪᠡᠷᠢ ᠪᠠᠶᠢᠳᠠᠭ᠃    ᠮᠦᠷᠬᠦᠬᠦᠯᠦᠭᠰᠡᠨ ᠠᠪᠤ ᠡᠵᠢ ᠠᠪᠬᠤ    ᠮᠦᠷᠬᠦᠬᠦᠯᠦᠭᠰᠡᠨ ᠠᠪᠤ ᠡᠵᠢ ᠠᠪᠬᠤ ᠬᠡᠳᠡᠭ ᠢ ᠬᠡᠤᠬᠡᠨ ᠤ ᠳᠠᠯ᠎ᠠ ᠠᠴᠠ ᠳᠤᠷᠠᠳᠴᠤ ᠬᠦᠦ ᠶᠢᠨ ᠳᠠᠯ᠎ᠠ ᠬᠦᠢᠴᠡᠳᠭᠡᠨ᠎ᠠ᠃ ᠬᠡᠤᠬᠡᠨ ᠦᠬᠢᠨ ᠢᠶᠠᠨ ᠬᠦᠮᠦᠨ ᠤ ᠭᠠᠵᠠᠷ ᠦᠭᠭᠦ ᠪᠤᠯᠬᠤᠷ ᠢᠯᠡᠬᠦᠦ ᠨᠢᠬᠡ ᠦᠵᠡᠵᠦ ᠠᠩᠬᠠᠷᠬᠤ ᠬᠦᠮᠦᠨ ᠲᠠᠢ ᠪᠤᠯ ᠰᠠᠶᠢᠨ ᠦᠭᠡᠢ ᠤᠤ︖ ᠭᠡᠵᠤ ᠮᠦᠷᠬᠦᠬᠦᠯᠦᠭᠰᠡᠨ ᠠᠪᠤ ᠡᠵᠢ ᠠᠪᠬᠤ ᠶᠢ ᠳᠤᠷᠠᠳᠳᠠᠭ᠃     ᠬᠦᠦ ᠶᠢᠨ ᠳᠠᠯ᠎ᠠ ᠶᠢᠨ ᠬᠢᠨᠢ ᠬᠡᠤᠬᠡᠨ ᠲᠠᠢ ᠨᠢ ᠢᠪᠡᠭᠡᠯ ᠵᠢᠯ ᠲᠠᠢ᠂ ᠠᠵᠤ ᠠᠮᠢᠳᠤᠷᠠᠯ ᠨᠢ ᠦᠬᠡᠳᠡ ᠲᠠᠢ᠂ ᠬᠦᠦ ᠬᠡᠤᠬᠡᠨ ᠳᠡᠭᠰᠢ᠂ ᠮᠤᠷᠠᠯ ᠰᠤᠷᠳᠠᠯ ᠲᠠᠢ ᠬᠡᠷ ᠤᠨ ᠠᠪᠤ ᠡᠵᠢ ᠶᠢ ᠡᠷᠢᠵᠦ ᠳᠤᠭᠳᠠᠭᠠᠳᠠᠭ᠃ ᠳᠡᠳᠡ ᠮᠥᠨ ᠬᠦᠯᠢᠶᠠᠨ ᠠᠪᠤᠭᠰᠠᠨ ᠤ ᠰᠡᠬᠦᠯᠡᠷ ᠬᠡᠤᠬᠡᠨ ᠮᠤᠷᠳᠠᠵᠤ ᠢᠷᠡᠪᠡᠯ ᠬᠠᠳᠠᠭ ᠳᠠᠳᠠᠵᠤ ᠤᠭᠤᠳᠠ ᠪᠤᠶᠤ ᠱᠠᠬᠠᠢ ᠳᠡᠯᠪᠢᠵᠦ ᠠᠪᠤ ᠡᠵᠢ ᠬᠡᠮᠡᠨ ᠮᠦᠷᠬᠦᠵᠦ ᠳᠠᠭᠤᠳᠠᠳᠠᠭ᠂ ᠳᠡᠳᠡ ᠴᠦ ᠦᠪᠡᠷ ᠤᠨ ᠬᠡᠤᠬᠡᠨ ᠢᠶᠠᠨ ᠮᠡᠳᠤ ᠰᠠᠨᠠᠵᠤ ᠶᠠᠪᠤᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号