ᠮᠠᠨ ᠤ ᠬᠤᠷᠴᠢᠨ ᠵᠡᠬᠦᠨ ᠭᠠᠷᠤᠨ ᠬᠤᠶᠢᠳᠤ ᠬᠤᠰᠢᠭᠤ ᠶᠢᠨ ᠮᠤᠩᠭᠤᠯᠴᠤᠳ ᠦᠷ᠎ᠠ ᠬᠡᠤᠬᠡᠳ ᠤᠨ ᠢᠶᠠᠨ | ᠤᠷᠤᠭ ᠬᠤᠷᠢᠮ ᠢ ᠮᠠᠰᠢ ᠶᠡᠭᠡ ᠪᠠᠷ ᠬᠦᠨᠳᠦᠳᠬᠡᠨ ᠦᠵᠡᠳᠡᠭ ᠠᠴᠠ ᠠᠯᠢ ᠴᠢᠳᠠᠬᠤ ᠪᠠᠷ ᠦᠪᠡᠳᠡᠭᠰᠢ ᠶᠡᠭᠡ ᠪᠠᠷ | ᠬᠦᠷ ᠨᠠᠷᠬᠢᠶᠠᠨ ᠲᠠᠢ ᠬᠢᠳᠡᠭ ᠶᠤᠮ ᠪᠠᠶᠢᠨ᠎ᠠ᠃ ᠡᠨᠡ ᠨᠢ ᠮᠥᠨ ᠠᠯᠢ ᠡᠷᠳᠡ ᠵᠸᠤ ᠬᠦᠡᠭ ᠪᠤᠭᠳᠠ ᠶᠢᠨ | ᠳᠤᠭᠳᠠᠭᠠᠵᠤ ᠦᠭᠭᠦᠭᠰᠡᠨ ᠵᠢᠷᠭᠤᠭᠠᠨ ᠶᠤᠰᠤᠯᠠᠯ ᠢᠶᠠᠷ ᠶᠠᠪᠤᠭᠳᠠᠳᠠᠭ᠃ | ᠵᠠᠭᠤᠴᠢ ᠡᠷᠢᠵᠦ ᠪᠡᠷᠢ ᠭᠤᠶᠤᠬᠤ | ᠪᠠᠷᠢ ᠭᠤᠶᠤᠬᠤ ᠶᠢ ᠪᠠᠰᠠ ᠦᠬᠢᠨ ᠭᠤᠶᠤᠬᠤ ᠭᠡᠵᠤ ᠬᠡᠯᠡᠳᠡᠭ᠃ | ᠵᠠᠭᠤᠴᠢ ᠭᠡᠵᠤ ᠤᠴᠢᠷ ᠶᠠᠪᠤᠳᠠᠯ ᠢ ᠡᠪ ᠳᠡᠪ ᠢ ᠨᠢ ᠦᠵᠡᠵᠦ ᠬᠡᠯᠡᠯᠴᠡᠵᠦ ᠪᠦᠳᠦᠬᠡᠳᠡᠭ ᠬᠦᠮᠦᠨ ᠤ ᠳᠤᠰᠬᠠᠢ | ᠨᠡᠷᠡᠶᠢᠳᠤᠯ ᠪᠤᠯᠬᠤ ᠪᠠᠶᠢᠨ᠎ᠠ᠃ ᠡᠴᠢᠬᠡ ᠡᠬᠡ ᠪᠤᠯᠤᠭᠰᠠᠳ ᠦᠷ᠎ᠠ ᠬᠦᠦ ᠪᠠᠨ ᠦᠬᠡᠯᠡᠢ ᠪᠤᠯᠤᠭᠰᠠᠭᠠᠷ ᠭᠡᠶᠢᠮᠤᠷᠢ ᠲᠠᠢ | ᠪᠦᠳᠦᠮᠵᠢ ᠲᠠᠢ ᠵᠠᠭᠤᠴᠢ ᠶᠢ ᠡᠷᠢᠵᠦ ᠪᠠᠷᠢ ᠭᠤᠶᠤᠭᠤᠯᠳᠠᠭ᠃ ᠭᠡᠬᠦ ᠳᠤ ᠬᠤᠶᠠᠷ ᠵᠤᠶᠢᠯ ᠤᠨ ᠭᠤᠶᠤᠳᠠᠯ ᠪᠠᠶᠢᠳᠠᠭ᠃ | ᠨᠢᠬᠡ ᠨᠢ ᠰᠤᠩᠭᠤᠵᠤ ᠭᠤᠶᠤᠬᠤ — ᠡᠨᠡ ᠨᠢ ᠠᠯᠢ ᠠᠯᠢ ᠠᠶᠢᠯ ᠤᠨ ᠬᠡᠨ ᠬᠡᠨ ᠤ ᠬᠡᠤᠬᠡᠨ ᠭᠡᠵᠤ ᠨᠡᠷ᠎ᠠ | ᠵᠢᠭᠠᠵᠤ ᠬᠠᠷᠠᠯᠳᠠ ᠲᠠᠢ ᠭᠤᠶᠤᠬᠤ᠃ ᠨᠦᠬᠦᠬᠡ ᠨᠢᠬᠡ ᠨᠢ ᠰᠤᠬᠤᠷ ᠢᠶᠠᠷ ᠭᠤᠶᠤᠬᠤ — ᠡᠨᠡ ᠨᠢ ᠠᠪᠠᠭ᠎ᠠ ᠨᠢ | ᠬᠢᠬᠦ ᠦᠭᠡᠢ ᠪᠤᠯ ᠡᠪᠦᠭᠡ ᠨᠢ ᠮᠢᠨᠦ ᠬᠦᠦ ᠳᠤ ᠨᠢᠬᠡ ᠪᠠᠷᠢ ᠭᠤᠶᠤᠭᠠᠳ ᠦᠭ ᠳ᠋ᠠ ᠭᠡᠵᠤ ᠶᠠᠮᠠᠷ ᠴᠦ ᠬᠠᠷᠠᠯᠳᠠ | ᠦᠭᠡᠢ ᠪᠠᠷ ᠭᠤᠶᠤᠴᠢᠬᠠᠳᠠᠭ᠃ | ᠵᠠᠭᠤᠴᠢ ᠠᠴᠠ ᠬᠦᠯᠢᠶᠡᠵᠦ ᠠᠪᠤᠭᠰᠠᠨ ᠤ ᠰᠡᠬᠦᠯᠡᠷ ᠡᠪ ᠳᠡᠪ ᠢ ᠨᠢ ᠦᠵᠡᠵᠦ ᠬᠤᠶᠠᠷ ᠡᠳᠡᠭᠡᠳ ᠢ | ᠳᠠᠨᠢᠯᠴᠠᠭᠤᠯᠵᠤ᠂ ︽ᠵᠤᠷᠠᠮ᠎ᠠ ᠶᠢᠨ ᠳᠤᠯᠤᠭᠠᠢ ᠳᠤ ᠢᠳᠡᠮᠡᠷ ᠮᠢᠬ᠎ᠠ ᠦᠭᠡᠢ᠂ ᠵᠠᠭᠤᠴᠢ ᠬᠦᠮᠦᠨ ᠳᠤ ᠦᠨᠡᠨ ᠦᠬᠡ | ᠦᠭᠡᠢ︾ ᠭᠡᠳᠡᠭ ᠢᠶᠠᠷ ᠤᠷᠠᠨ ᠬᠤᠨᠭ᠍ᠰᠢᠶᠠᠷ ᠳᠠᠯᠪᠢᠵᠦ ᠤᠯᠠᠨ ᠠᠷᠪᠢᠨ ᠤᠳᠠᠭ᠎ᠠ ᠬᠦᠶᠦᠵᠦ᠂ ᠰᠠᠶᠢᠨ ᠮᠠᠭᠤ ᠦᠬᠡ | ᠶᠢ ᠪᠦᠷᠢᠨ ᠰᠤᠨᠤᠰᠴᠤ ᠶᠤᠭᠳᠤᠯᠢᠭ ᠦᠬᠡ ᠶᠢ ᠦᠯᠡᠮᠵᠢ ᠶᠠᠷᠢᠵᠦ ᠠᠮᠠ ᠠᠯᠳᠠᠭᠤᠯᠵᠤ ᠤᠴᠢᠷ ᠶᠠᠪᠤᠳᠠᠯ ᠢᠶᠠᠨ | ᠪᠦᠳᠦᠬᠡᠴᠢᠬᠡᠳᠡᠭ᠃ ᠰᠠᠶᠢᠨ ᠵᠠᠭᠤᠴᠢ ᠬᠦᠮᠦᠨ ᠪᠤᠯ ᠭᠤᠷᠪᠠᠨᠳᠠ ᠬᠦᠬᠡᠬᠡᠭᠳᠡᠨ ᠭᠠᠷᠭᠠᠭᠳᠠᠭᠰᠠᠨ ᠴᠦ ᠡᠷᠬᠢᠵᠦ | ᠤᠷᠤᠭᠠᠳ ᠪᠦᠳᠦᠬᠡᠴᠢᠬᠡᠳᠡᠭ ᠭᠡᠳᠡᠭ᠃ | ᠵᠠᠭᠤᠴᠢ ᠬᠦᠮᠦᠨ ᠲᠦᠷᠦᠬᠦᠦ ᠤᠳᠠᠭ᠎ᠠ ᠤᠴᠢᠬᠤ ᠳᠤ ᠪᠠᠨ ᠡᠷᠬᠢᠯᠳᠡ ᠪᠡᠯᠡᠭ ᠭᠡᠵᠤ ᠠᠪᠠᠴᠢᠬᠤ ᠦᠭᠡᠢ᠂ | ᠬᠤᠶᠠᠳᠤᠭᠠᠷ ᠤᠳᠠᠭ᠎ᠠ ᠤᠴᠢᠬᠤ ᠦᠶ᠎ᠠ ᠳᠤ ᠪᠠᠨ ᠰᠠᠶ᠋ᠢ ᠡᠷᠬᠢᠯᠳᠡ ᠪᠡᠯᠡᠭ ᠠᠪᠠᠴᠢᠳᠠᠭ᠃ ᠭᠡᠯᠡᠯᠬᠡᠨ ᠦᠭᠡᠢ ᠡᠨᠡᠬᠦ | ᠡᠷᠬᠢᠯᠳᠡ ᠪᠡᠯᠡᠭ ᠢ ᠬᠦᠦ ᠶᠢᠨ ᠡᠳᠡᠭᠡᠳ ᠪᠡᠯᠡᠳᠭᠡᠵᠦ ᠦᠭᠭᠦᠳᠡᠭ ᠶᠤᠮ᠂ ᠬᠡᠤᠬᠡᠨ ᠤ ᠡᠳᠡᠭᠡᠳ ᠡᠷᠬᠢᠯᠳᠡ ᠪᠡᠯᠡᠭ ᠢ | ᠬᠤᠷᠢᠶᠠᠨ ᠠᠪᠳᠠᠭ ᠪᠤᠯᠪᠠᠴᠤ ᠳᠡᠳᠡᠨᠡᠷ ᠤᠨ ᠬᠡᠯᠡᠯᠴᠡᠭᠡ ᠳᠤᠬᠢᠷᠠᠬᠤ ᠦᠭᠡᠢ ᠪᠤᠯ ᠬᠤᠷᠢᠶᠠᠨ ᠠᠪᠤᠭᠰᠠᠨ ᠪᠦᠬᠦ | ᠡᠷᠬᠢᠯᠳᠡ ᠪᠡᠯᠡᠭ ᠢᠶᠠᠨ ᠪᠤᠴᠠᠭᠠᠳᠠᠭ ᠶᠤᠮ᠃ ᠳᠡᠳᠡ ᠨᠡᠷ ᠵᠠᠭᠤᠴᠢ ᠶᠢᠨ ᠦᠭᠡ ᠶᠢ ᠢᠳᠡᠭᠡᠵᠦ ᠶᠠᠳᠠᠵᠤ᠂ ᠬᠤᠪᠢ | ᠪᠠᠷ ᠢᠶᠠᠨ ᠪᠠᠰᠠ ᠬᠦᠦ ᠶᠢᠨ ᠳᠠᠯ᠎ᠠ ᠬᠢ ᠶᠢ ᠪᠤᠰᠤᠳ ᠠᠴᠠ ᠠᠰᠠᠭᠤᠵᠤ ᠯᠠᠪᠯᠠᠵᠤ᠂ ᠪᠤᠯᠤᠮᠠᠷ ᠰᠢᠭ᠋ ᠪᠤᠯ ᠬᠦᠷᠬᠡᠨ | ᠦᠵᠡᠳᠡᠭ᠃ ᠬᠦᠷᠬᠡᠨ ᠦᠵᠡᠬᠦ ᠳᠤ ᠬᠤᠶᠠᠷ ᠵᠤᠶᠢᠯ ᠤᠨ ᠬᠡᠯᠪᠡᠷᠢ ᠪᠠᠶᠢᠳᠠᠭ᠂ ᠨᠢᠬᠡ ᠨᠢ ᠢᠯᠡ ᠪᠠᠷ ᠦᠵᠡᠬᠦ᠂ ᠡᠨᠡ | ᠨᠢ ᠬᠦᠷᠬᠡᠨ ᠪᠤᠯᠬᠤ ᠭᠡᠵᠤ ᠪᠠᠶᠢᠭ᠎ᠠ ᠬᠦᠮᠦᠨ ᠢ ᠬᠡᠷ ᠲᠡᠭᠡᠨ ᠠᠪᠠᠴᠢᠵᠦ᠂ ᠦᠪᠡᠷ ᠤᠨ ᠴᠢᠬᠤᠯᠠ ᠬᠦᠮᠦᠰ ᠢᠶᠠᠨ | ᠬᠡᠳᠤ ᠶᠢ ᠴᠤᠭᠯᠠᠭᠤᠯᠵᠤ ᠦᠵᠡᠳᠡᠭ᠃ ᠨᠦᠬᠦᠬᠡ ᠨᠢ ᠳᠠᠯᠳᠠ ᠠᠴᠠ ᠦᠵᠡᠬᠦ᠂ ᠡᠨᠡ ᠨᠢ ᠶᠠᠮᠠᠷ ᠨᠢᠬᠡᠨ ᠤᠴᠢᠷ | ᠰᠢᠯᠳᠠᠭᠠᠨ ᠢ ᠳᠤᠬᠢᠶᠠᠯᠳᠤᠭᠤᠯᠤᠨ ᠳᠠᠯᠳᠠ ᠠᠴᠠ ᠦᠵᠡᠵᠦ᠂ ᠵᠠᠷᠢᠮ ᠨᠢ ᠬᠡᠷ ᠢ ᠨᠢ ᠪᠠᠰᠠ ᠦᠵᠡᠵᠦ ᠰᠠᠶ᠋ᠢ ᠠᠮᠠ | ᠠᠯᠳᠠᠳᠠᠭ᠃ |