ᠮᠤᠩᠭᠤᠯ ᠡᠮᠡᠭᠳᠡᠢ ᠶᠢᠨ ᠵᠠᠰᠠᠯ ᠵᠢᠮᠰᠡᠭ
ᠨᠡᠶᠢᠲᠡᠯᠡᠭᠰᠡᠨ ᠴᠠᠭ᠄
2024/5/7
   ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠡᠮᠡᠭᠳᠡᠶᠢᠴᠣᠳ ᠬᠠᠪᠣᠷ ᠵᠣᠨ ᠤ ᠬᠠᠯᠠᠭᠤᠨ ᠤ ᠣᠯᠠᠷᠢᠯ ᠳᠤ ᠣᠯᠠᠭᠠᠨ᠂ ᠨᠣᠭᠤᠭᠠᠨ ᠬᠤᠷᠴᠠ ᠦᠩᠭᠡ ᠶᠢᠨ ᠲᠣᠷᠭ᠎ᠠ ᠲᠣᠷᠳᠣᠩ ᠠᠯᠴᠢᠭᠤᠷ ᠪᠣᠭᠤᠵᠣ᠂ ᠡᠪᠦᠯ ᠤᠨ ᠬᠦᠢᠳᠡᠨ ᠣᠯᠠᠷᠢᠯ ᠳᠤ ᠡᠷᠡᠭᠳᠡᠶᠢᠴᠣᠳ ᠤᠨ ᠦᠰᠦᠳᠡᠢ ᠮᠠᠯᠠᠭᠠᠢ ᠶᠢᠨ ᠲᠣᠬᠤ ᠰᠢᠭ᠋ ᠮᠠᠯᠠᠭᠠᠢ ᠶᠢ ᠡᠮᠦᠰᠳᠡᠭ᠃ ᠮᠠᠯᠠᠭᠠᠢ ᠶᠢᠨ  ᠢᠶᠠᠨ ᠠᠷᠣ ᠲᠠᠯ᠎ᠠ ᠳᠤ ᠨᠢ ᠣᠯᠠᠨ ᠦᠩᠭᠡ ᠶᠢᠨ ᠫᠢᠶᠣᠣᠳᠠᠢ ᠬᠠᠳᠠᠬᠤ ᠪᠦᠭᠡᠳ ᠣᠯᠠᠭᠠᠨ ᠨᠣᠭᠤᠭᠠᠨ ᠴᠠᠴᠤᠭ ᠢᠶᠠᠷ ᠴᠢᠮᠡᠵᠣ ᠡᠮᠦᠰᠳᠡᠭ᠃   ᠬᠠᠪᠣᠷ ᠨᠠᠮᠣᠷ ᠤᠨ ᠰᠡᠷᠢᠭᠦᠨ ᠤ ᠦᠶ᠎ᠡ ᠳᠤ ᠬᠦᠪᠦᠩ ᠲᠠᠢ ᠲᠡᠪᠡᠯ ᠡᠮᠦᠰᠴᠦ᠂ ᠵᠣᠨ ᠤ ᠣᠯᠠᠷᠢᠯ ᠳᠤ ᠲᠠᠩ ᠴᠠᠮᠴᠠ ᠡᠮᠦᠰᠴᠦ ᠪᠠᠶᠢᠵᠠᠢ᠃ ᠭᠡᠪᠡᠴᠦ ᠵᠣᠨ ᠨᠠᠮᠣᠷ ᠤᠨ ᠠᠯᠢ ᠨᠢᠭᠡᠨ ᠣᠯᠠᠷᠢᠯ ᠳᠤ ᠴᠦ ᠦᠮᠦᠳᠦ ᠬᠠᠨᠳᠠᠭᠠᠰᠣ ᠪᠠᠷ ᠶᠠᠪᠣᠳᠠᠭ ᠦᠭᠡᠢ᠂ ᠡᠷᠬᠡᠪᠡᠰᠢ ᠣᠷᠳᠣ ᠲᠡᠪᠡᠯ᠂ ᠣᠷᠳᠣ ᠴᠠᠮᠴᠠ ᠡᠮᠦᠰᠳᠡᠭ᠃ ᠬᠡᠭᠦ ᠳᠤ ᠪᠠᠨ ᠲᠣᠬᠠᠢ ᠶᠢᠨ ᠦᠶ᠎ᠡ  ᠶᠢᠨ ᠠᠮᠢᠳᠣᠷᠠᠯ ᠤᠨ ᠨᠦᠬᠦᠴᠡᠯ ᠠᠴᠠ ᠪᠣᠯᠵᠣ ᠬᠠᠷ᠎ᠠ ᠬᠦᠭᠡ᠂ ᠴᠡᠩᠭᠡᠷ ᠬᠦᠭᠡ ᠵᠡᠷᠭᠡ ᠦᠩᠭᠡ ᠶᠢᠨ ᠪᠦᠰᠣᠨ ᠴᠠᠮᠴᠠ᠂ ᠪᠦᠰᠦᠨ ᠣᠭᠴᠣᠷ ᠬᠢᠵᠣ ᠡᠮᠦᠰᠴᠦ ᠪᠠᠶᠢᠪᠠ᠃   ᠡᠮᠡᠭᠳᠡᠶᠢᠴᠣᠳ ᠵᠣᠨ ᠨᠠᠮᠣᠷ ᠤᠨ ᠲᠣᠯᠠᠭᠠᠨ ᠬᠠᠯᠠᠭᠤᠨ ᠤ ᠣᠯᠠᠷᠢᠯ ᠳᠤ ᠬᠡᠷ ᠵᠠᠭᠤᠷ᠎ᠠ ᠪᠠᠨ ᠬᠠᠷ᠎ᠠ᠂ ᠬᠦᠭᠡ ᠦᠩᠭᠡ ᠶᠢᠨ ᠪᠦᠰ ᠢᠶᠠᠷ ᠬᠢᠭᠰᠡᠨ ᠲᠠᠩ᠂ ᠲᠠᠪᠬᠤᠷ ᠦᠮᠦᠳᠦ ᠡᠮᠦᠰᠴᠦ᠂ ᠪᠠᠶᠠᠳ ᠨᠣᠶᠠᠳ ᠤᠨ ᠡᠬᠡᠨᠡᠷ ᠬᠡᠣᠬᠡᠳ ᠲᠣᠷᠭᠠᠨ ᠭᠠᠳᠠᠷ ᠲᠠᠢ ᠪᠦᠰ ᠲᠣᠳᠣᠷ ᠲᠠᠢ ᠵᠢᠶᠠ ᠦᠮᠦᠳᠦ ︵ᠲᠠᠪᠬᠤᠷ ᠦᠮᠦᠳᠦ︶ ᠡᠮᠦᠰᠳᠡᠭ᠃ ᠡᠪᠦᠯ ᠬᠠᠪᠣᠷ  ᠨᠢ ᠨᠢᠭᠤᠴᠠ ᠬᠠᠪᠠᠭᠠᠰᠣ ᠲᠠᠢ ᠬᠦᠪᠦᠩ ᠪᠣᠶᠣ ᠵᠠᠷᠢᠮ ᠳᠤ ᠪᠠᠨ ᠠᠷᠠᠰᠣᠨ ᠦᠮᠦᠳᠦ ᠴᠦ ᠡᠮᠦᠰᠳᠡᠭ ᠪᠠᠶᠢᠪᠠ᠃   ᠬᠠᠪᠣᠷ ᠨᠠᠮᠣᠷ ᠤᠨ ᠣᠯᠠᠷᠢᠯ ᠳᠤ ᠬᠤᠩᠰᠢᠶᠠᠷ ᠪᠣᠷᠪᠢᠨ ᠳᠤ ᠪᠠᠨ ᠣᠭᠠᠯᠵᠠ ᠲᠠᠢ ᠪᠦᠰ ᠭᠤᠳᠣᠯ ᠡᠮᠦᠰᠴᠦ᠂ ᠵᠣᠨ ᠦᠪᠡᠷ ᠢᠶᠠᠨ ᠬᠢᠭᠰᠡᠨ ᠪᠦᠰ ᠱᠠᠬᠠᠢ ᠡᠮᠦᠰᠦᠨ᠎ᠡ᠃ ᠡᠪᠣᠯ ᠳᠤ ᠪᠠᠰᠠ ᠭᠤᠳᠣᠯ ᠡᠮᠦᠰᠴᠦ ᠪᠠᠶᠢᠪᠠ᠃ ᠭᠤᠳᠣᠯ  ᠤᠨ ᠢᠶᠠᠨ ᠲᠦᠷᠡᠢ ᠲᠡᠭᠡᠷ᠎ᠡ ᠪᠠᠨ ᠨᠠᠪᠴᠢ ᠴᠡᠴᠡᠭ᠂ ᠭᠠᠷᠣᠳᠢ ᠭᠠᠯᠪᠢᠩᠭ᠎ᠠ᠂ ᠡᠭᠦᠯᠡᠨ ᠬᠤᠸᠠᠷ ᠵᠡᠷᠭᠡ ᠪᠠᠷ ᠣᠷᠠᠯᠠᠨ ᠬᠠᠳᠬᠤᠮᠠᠯᠯᠠᠳᠠᠭ᠃    ᠮᠣᠩᠭᠤᠯ ᠡᠮᠡᠭᠳᠡᠶᠢᠴᠣᠳ ᠤᠨ ᠬᠤᠪᠴᠠᠰᠣ ᠵᠠᠰᠠᠯ ᠳᠤ ᠬᠡᠣᠬᠡᠨ ᠬᠦᠮᠦᠨ ᠤ ᠬᠤᠪᠴᠠᠰᠣ ᠵᠠᠰᠠᠯ ᠪᠠ ᠡᠬᠡᠨᠡᠷ ᠬᠦᠮᠦᠨ ᠤ ᠬᠤᠪᠴᠠᠰᠣ ᠵᠠᠰᠠᠯ ᠨᠢ ᠦᠨᠳᠦᠰᠦᠨ ᠢᠯᠭᠠᠭ᠎ᠠ ᠲᠠᠢ ᠪᠠᠶᠢᠳᠠᠭ᠃ ᠮᠣᠩᠭᠤᠯ ᠬᠡᠣᠬᠡᠨᠴᠣᠳ ᠪᠠᠷᠤᠭ ᠠᠷᠪᠠᠨ ᠭᠤᠷᠪᠠᠨ ᠨᠠᠰᠣ ᠬᠦᠷᠳᠡᠯ᠎ᠡ ᠬᠦᠣᠴᠣᠣᠯ ᠲᠠᠢ ᠨᠢᠭᠡ ᠯᠠ ᠠᠳᠠᠯᠢ ᠦᠰᠦ ᠬᠡᠵᠢᠭᠡ ᠪᠠᠨ ᠲᠠᠯᠪᠢᠨ ᠬᠠᠶᠠ ᠣᠯᠠᠭᠠᠨ ᠨᠣᠭᠤᠭᠠᠨ ᠲᠣᠷᠭ᠎ᠠ ᠲᠣᠷᠳᠣᠩ ᠢᠶᠠᠷ ᠣᠶᠠᠵᠣ ᠶᠠᠪᠣᠳᠠᠭ ᠠᠴᠠ ᠪᠢᠰᠢ ᠲᠡᠳᠦᠢ ᠶᠡᠭᠡ ᠵᠠᠰᠠᠵᠣ ᠴᠢᠮᠡᠳᠡᠭ ᠦᠭᠡᠢ ᠪᠠᠶᠢᠪᠠ᠃    ᠮᠣᠩᠭᠤᠯ ᠦᠬᠢᠳ ᠴᠢᠬᠢ ᠪᠠᠨ ᠴᠣᠭᠤᠯᠣᠭᠤᠯᠬᠤ ᠦᠭᠡᠢ ᠪᠣᠯ ᠬᠤᠵᠢᠮ ᠦᠰᠴᠦ ᠪᠡᠶᠡᠯᠡᠭᠡᠳ ᠬᠠᠷᠢ ᠳᠤ ᠣᠴᠢᠭᠰᠠᠨ ᠤ ᠰᠡᠭᠦᠯᠡᠷ ᠡᠭᠡᠮᠦᠭ ᠰᠦᠢᠭᠡ ᠵᠡᠭᠦᠵᠣ᠂ ᠭᠤᠶᠣᠯᠠᠵᠣ ᠭᠠᠩᠭᠠᠯᠠᠵᠣ ᠴᠢᠳᠠᠬᠤ ᠦᠭᠡᠢ ᠪᠣᠯᠳᠠᠭ᠃ ᠲᠡᠭᠡᠭᠡᠳ ᠦᠬᠢᠨ ᠬᠦᠮᠦᠨ ᠢ ᠠᠷᠪᠠᠭᠠᠳ ᠨᠠᠰᠣᠯᠠᠮᠠᠭᠴᠠ ᠪᠠᠨ ᠴᠢᠬᠢ ᠶᠢ ᠨᠢ ᠵᠠᠪᠠᠯ ᠴᠣᠭᠤᠯᠵᠣ ᠦᠭᠳᠡᠭ᠃ ᠦᠬᠢᠨ ᠬᠦᠮᠦᠨ14 —15 ᠨᠠᠰᠣᠯᠠᠳᠠᠯ᠎ᠠ ᠣᠷᠳᠣ ᠬᠡᠵᠢᠭᠡ ᠪᠠᠨ ᠭᠠᠭᠴᠠ ᠭᠦᠷᠦᠵᠣ᠂ ᠬᠡᠵᠢᠭᠡᠨ ᠣᠭ ᠪᠣᠶᠣ ᠦᠵᠦᠭᠦᠷ ᠲᠤ  ᠨᠢ ᠣᠯᠠᠭᠠᠨ ᠨᠣᠭᠤᠭᠠᠨ ᠲᠣᠷᠭ᠎ᠠ ᠲᠣᠷᠳᠣᠩ ᠢᠶᠠᠷ ᠣᠷᠢᠶᠠᠵᠣ ᠱᠢᠷᠦ ᠰᠣᠪᠣᠳ ᠤᠨ ᠵᠦᠢᠯ ᠢ ᠣᠶᠠᠳᠠᠭ᠃ ᠦᠬᠢᠨ ᠬᠦᠮᠦᠨ ᠤ ᠬᠡᠵᠢᠭᠡ ᠪᠠᠨ ᠭᠠᠭᠴᠠ ᠭᠦᠷᠦᠳᠡᠭ ᠨᠢ ᠬᠤᠷᠢᠮᠯᠠᠬᠤ ᠠᠴᠠ ᠪᠠᠨ ᠡᠮᠦᠨ᠎ᠡ ᠪᠣᠯ ᠭᠠᠭᠴᠠ ᠪᠡᠶ᠎ᠡ ᠪᠠᠷ ᠢᠶᠠᠨ ᠭᠡᠰᠡᠨ ᠰᠠᠨᠠᠭ᠎ᠠ ᠶᠢ ᠢᠯᠡᠳᠭᠡᠵᠣ ᠪᠠᠶᠢᠳᠠᠭ᠃   ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠡᠮᠡᠭᠳᠡᠶᠢᠴᠣᠳ ᠤᠨ ᠡᠭᠡᠮᠣᠭ᠌ ᠰᠦᠢᠭᠡ ᠵᠡᠭᠦᠭᠦ ᠨᠢ ᠮᠥᠨ ᠢᠯᠭᠠᠭ᠎ᠠ ᠲᠠᠢ ᠪᠠᠶᠢᠳᠠᠭ᠃ ᠦᠬᠢᠨ ᠬᠦᠮᠦᠨ ᠡᠭᠡᠮᠦᠭ ᠵᠡᠭᠦᠵᠣ ᠪᠣᠯᠳᠠᠭ ᠠᠴᠠ ᠪᠢᠰᠢ ᠰᠦᠢᠭᠡ ᠵᠡᠭᠦᠵᠣ ᠪᠣᠯᠳᠠᠭ ᠦᠭᠡᠢ᠃ ᠡᠬᠡᠨᠡᠷ ᠬᠦᠮᠦᠨ ᠰᠦᠢᠭᠡ ᠵᠡᠭᠦᠳᠡᠭ᠂ ᠡᠬᠡᠮᠦᠭ ᠵᠡᠭᠦᠵᠣ ᠶᠠᠪᠣᠳᠠᠭ ᠦᠭᠡᠢ᠃ ᠡᠭᠡᠮᠦᠭ ᠭᠡᠭᠴᠢ ᠴᠢᠬᠢᠨ ᠨᠦᠭᠡᠨ ᠳᠤ ᠵᠡᠭᠦᠳᠡᠭ ᠭᠠᠷᠠᠬ᠎ᠠ ᠶᠢ ᠬᠡᠯᠡᠳᠡᠭ᠃ ᠵᠡᠭᠦᠭᠰᠡᠨ ᠭᠠᠷᠠᠬ᠎ᠠ ᠠᠴᠠ ᠶᠠᠩᠵᠣ ᠪᠦᠷᠢ ᠪᠠᠷ ᠣᠨᠵᠢᠭᠤᠯᠣᠭᠰᠠᠨ ᠡᠳ᠋ ᠢ ᠰᠦᠢᠬᠡ ᠭᠡᠳᠡᠭ᠃   ᠦᠬᠢᠨ ᠬᠦᠮᠦᠨ ᠪᠠᠭᠤᠣ ᠵᠡᠬᠦᠭᠦ ᠨᠢ ᠴᠦᠬᠡᠨ᠂ ᠣᠯᠠᠩᠬᠢ ᠳᠤ ᠪᠠᠨ ᠪᠡᠷᠢ ᠪᠣᠯᠣᠭᠰᠠᠨ ᠬᠦᠮᠦᠨ ᠪᠠᠭᠤᠣ ᠵᠡᠭᠦᠳᠡᠭ ᠃ ᠬᠠᠷᠢᠨ ᠪᠦᠯᠠᠵᠡᠭ ᠢ ᠦᠬᠢᠨ ᠬᠦᠮᠦᠨ ᠵᠡᠭᠦᠵᠣ ᠪᠣᠯᠬᠤ ᠮᠦᠷᠳᠡᠭᠡᠨ ᠲᠣᠯᠣᠪᠣᠷ ᠬᠤᠷᠣᠭᠤᠨ ᠠᠴᠠ ᠪᠣᠰᠣᠳ ᠬᠤᠷᠣᠭᠤᠨ ᠳᠤ ᠵᠡᠭᠦᠳᠡᠭ ᠦᠭᠡᠢ᠃ ᠬᠡᠭᠦ ᠳᠤ ᠪᠠᠨ ᠭᠠᠭᠴᠠᠬᠠᠨ ᠪᠦᠯᠠᠵᠡᠭ ᠢ ᠪᠣᠯ ᠬᠤᠶᠠᠷ ᠭᠠᠷ ᠤᠨ ᠭᠤᠣᠯ ᠬᠤᠷᠣᠭᠤ ᠪᠠ ᠢᠳᠠᠮ ᠬᠤᠷᠣᠭᠤᠨ ᠤ ᠪᠠᠨ ᠠᠯᠢᠨ ᠳᠤ ᠴᠦ ᠪᠦᠷ ᠵᠡᠭᠦᠵᠣ ᠪᠣᠯᠳᠠᠭ᠃ ᠶᠡᠷᠦ ᠠᠴᠠ ᠣᠯᠠᠭᠠᠨ᠂ ᠨᠣᠭᠤᠭᠠᠨ ᠣᠭ᠍ᠶᠣ᠂ ᠱᠢᠷᠦ ᠰᠣᠪᠣᠳ᠂ ᠲᠠᠨ᠎ᠠ ᠰᠢᠬᠢᠳᠭᠡᠭᠰᠡᠨ ᠮᠦᠩᠬᠦ ᠪᠣᠶᠣ ᠬᠠᠰ ᠤᠨ ᠪᠦᠯᠠᠵᠡᠭ ᠵᠡᠭᠦᠳᠡᠭ ᠵᠠᠩᠰᠢᠯ ᠲᠠᠢ᠃   ᠪᠡᠷᠢ ᠪᠣᠯᠣᠭᠰᠠᠨ ᠬᠦᠮᠦᠨ ᠬᠡᠵᠢᠭᠡ ᠪᠠᠨ ᠡᠩ ᠤᠨ ᠦᠶ᠎ᠡ ᠳᠤ ᠬᠤᠶᠠᠷ ᠰᠠᠯᠠᠭᠠᠯᠠᠨ ᠭᠦᠷᠦᠵᠣ᠂ ᠣᠭ ᠢ ᠨᠢ ᠣᠯᠠᠭᠠᠨ ᠨᠣᠣᠰᠣᠨ ᠣᠳᠠᠰᠣ ᠪᠠᠷ ᠬᠤᠶᠠᠷ ᠬᠤᠷᠣᠭᠤ ᠬᠢᠷᠢ ᠦᠷᠭᠡᠨ ᠣᠷᠢᠶᠠᠨ᠎ᠠ᠃ ᠨᠢᠭᠡᠨᠳᠡ ᠠᠶᠢᠯ ᠤᠨ ᠪᠡᠷᠢ ᠪᠣᠯᠴᠢᠬᠠᠭᠰᠠᠨ ᠬᠦᠮᠦᠨ ᠭᠠᠭᠴᠠ ᠭᠦᠷᠦᠪᠡᠯ ︿︿ᠡᠷ᠎ᠡ ᠨᠦᠭᠦᠷ ᠲᠠᠢ ᠪᠠᠶᠢᠭᠠᠳ ᠮᠠᠭᠤ ᠢᠷᠸ᠎ᠠ ᠲᠠᠢ﹀﹀ ᠭᠡᠵᠤ ᠦᠵᠡᠳᠡᠭ᠃  ᠲᠠᠳᠠᠭᠤᠷ ᠪᠣᠯ ᠪᠦᠰᠡᠭᠦᠢ ᠬᠦᠮᠦᠨ ᠤ ᠱᠠᠩᠬᠤᠯᠠᠭᠰᠠᠨ ᠭᠡᠵᠢᠭᠡ ᠪᠠᠨ ᠲᠣᠭᠳᠠᠭᠠᠳᠠᠭ ᠱᠢᠷᠦᠨ ᠬᠡᠯᠬᠢᠶᠡᠰᠦ ᠮᠥᠨ᠃3 —4 ᠮᠦᠷ ᠢᠶᠠᠷ ᠵᠡᠷᠭᠡᠴᠡᠭᠦᠯᠦᠨ ᠲᠠᠳᠠᠭᠰᠠᠨ ᠱᠢᠷᠦᠨ ᠬᠡᠯᠬᠢᠶᠡᠰᠦ ᠶᠢᠨ ᠢᠶᠠᠨ3 —5 ᠦᠷᠡᠯ ᠠᠯᠣᠰᠯᠠᠬᠤ ᠪᠦᠷᠢ  ᠳᠤ ᠨᠢᠭᠡ ᠣᠭ᠍ᠶᠣᠨ ᠮᠦᠭᠦᠯᠢᠭ ᠢ ᠠᠯᠠᠭᠯᠠᠨ ᠣᠷᠣᠭᠤᠯᠣᠭᠰᠠᠨ ᠪᠠᠶᠢᠳᠠᠭ᠃ ᠲᠡᠳᠡᠨᠠᠷ ᠢᠶᠠᠨ ᠲᠠᠳᠠᠭᠰᠨᠨ ᠤ ᠲᠠᠷᠠᠭ᠎ᠠ ᠲᠣᠮᠳᠠ ᠪᠠᠨ ᠮᠢᠳᠠᠭᠠᠷ ᠮᠦᠷᠳᠡᠭᠡᠨ ᠬᠤᠶᠠᠷ ᠬᠤᠷᠣᠭᠤ ᠦᠷᠭᠡᠨ᠂ ᠬᠤᠶᠠᠷ ᠦᠵᠦᠭᠦᠷ ᠨᠢ ᠭᠠᠳᠠᠷ ᠲᠠᠯ᠎ᠠ ᠳᠤ ᠪᠠᠨ ᠬᠤᠸᠠᠷᠳᠠᠢ ᠪᠦᠭᠡᠳ ᠲᠣᠮᠳᠠ ᠬᠡᠰᠡᠭ ᠠᠴᠠ ᠪᠠᠨ ᠪᠠᠭ᠋ᠠᠨ ᠦᠷᠭᠡᠨ ᠮᠦᠩᠭᠦᠨ ᠬᠠᠳᠬᠤᠭᠤᠷ ᠢ ᠬᠦᠨᠳᠡᠯᠡᠨ ᠬᠠᠳᠬᠤᠵᠣ᠂ ᠲᠠᠳᠠᠭᠤᠷ ᠢᠶᠠᠨ ᠲᠣᠷᠭᠤᠳᠠᠭ ᠪᠠᠶᠢᠪᠠ᠃ ᠵᠣᠭᠤᠰ ᠲᠠᠢ ᠪᠠᠶᠠᠳ ᠨᠣᠶᠠᠳ ᠤᠨ ᠬᠠᠳᠣᠳ ᠠᠯᠳᠠᠨ ᠬᠤᠳᠬᠤᠭᠤᠷ ᠬᠡᠷᠡᠭᠯᠡᠵᠣ ᠪᠠᠶᠢᠭᠰᠠᠨ ᠭᠡᠳᠡᠭ᠃   ᠣᠨᠵᠢᠯᠭ᠎ᠠ ᠭᠡᠵᠤ ᠬᠤᠶᠠᠷ ᠰᠠᠨᠴᠢᠭ ᠤᠨ ᠣᠷᠢᠶᠠᠭᠰᠠᠨ ᠦᠰᠦᠨ ᠲᠡᠭᠡᠷ᠎ᠡ ᠪᠠᠨ ᠵᠡᠭᠦᠳᠡᠭ᠃ ᠣᠨᠵᠢᠯᠭ᠎ᠠ ᠶᠢ ᠭᠤᠯᠢᠶ᠎ᠠ᠂ ᠴᠠᠷᠴᠠᠬᠠᠢ᠂ ᠡᠷᠪᠡᠬᠡᠢ᠂ ᠵᠢᠭᠠᠰᠣ ᠮᠡᠳᠦ ᠶᠢᠨ ᠠᠮᠢᠳᠠᠨ ᠤ ᠲᠦᠷᠰᠦ ᠶᠢ ᠣᠭ᠍ᠶᠣ᠂ ᠮᠦᠩᠬᠦ᠂ ᠬᠠᠰ ᠮᠡᠳᠦ  ᠶᠢᠨ ᠡᠷᠳᠡᠨᠢ ᠶᠢᠨ ᠵᠦᠢᠯᠡᠰ ᠢᠶᠠᠷ ᠲᠠᠭᠤᠷᠢᠶᠠᠨ ᠵᠣᠬᠢᠶᠠᠵᠣ ᠲᠣᠣᠷ᠎ᠠ ᠬᠦᠪᠡᠭᠡ ᠶᠢ ᠨᠢ ᠨᠦᠬᠡᠯᠡᠵᠣ᠂ ᠲᠡᠭᠦᠨ ᠠᠴᠠ  ᠪᠠᠨ ᠦᠵᠦᠭᠦᠷ ᠲᠡᠭᠡᠷ᠎ᠡ ᠪᠠᠨ ᠪᠦᠳᠦᠭᠦᠨ ᠣᠭ᠍ᠶᠣ ᠱᠢᠷᠦ ᠲᠠᠢ ᠱᠢᠷᠦᠨ ᠬᠡᠯᠬᠢᠶᠡᠰᠦ ᠶᠢ ᠲᠡᠭᠦᠵᠢᠯᠡᠨ᠎ᠡ᠃ ᠨᠢᠭᠡ ᠣᠨᠵᠢᠯᠭ᠎ᠠ ᠠᠴᠠ ᠶᠡᠷᠦ ᠨᠢ3 —5 ᠬᠡᠯᠬᠢᠶ᠎ᠡ ᠣᠭ᠍ᠶᠣ ᠱᠢᠷᠦ ᠲᠡᠭᠦᠵᠢᠯᠡᠭᠰᠡᠨ ᠪᠠᠶᠢᠳᠠᠭ᠃   ᠡᠷᠡᠭᠳᠡᠢ ᠡᠮᠡᠭᠳᠡᠢ ᠦᠭᠡᠢ ᠪᠦᠷ ᠪᠠᠭᠤᠣ ᠵᠡᠭᠦᠵᠣ ᠶᠠᠪᠣᠳᠠᠭ ᠴᠦ ᠭᠤᠣᠯ ᠨᠢ ᠪᠡᠷᠢ ᠪᠣᠯᠣᠭᠰᠠᠨ ᠬᠦᠮᠦᠨ ᠢᠯᠡᠭᠦᠦ ᠵᠡᠭᠦᠳᠡᠭ᠃ ᠬᠠᠳᠠᠮ ᠡᠵᠢ ᠶᠢᠨ ᠢᠶᠠᠨ ᠪᠠᠭᠤᠣ ᠶᠢ ᠬᠦᠦ ᠪᠡᠷᠢ ᠨᠢ ᠣᠯᠠᠮᠵᠢᠯᠠᠵᠣ ᠵᠡᠭᠦᠳᠡᠭ ᠵᠠᠩᠰᠢᠯ ᠲᠠᠢ ᠪᠠᠶᠢᠳᠠᠭ᠃ ᠣᠯᠠᠩᠬᠢ ᠳᠤ ᠪᠠᠨ ᠮᠦᠩᠭᠦᠨ ᠪᠠᠭᠤᠣ ᠵᠡᠭᠦᠳᠡᠭ᠃ ᠪᠠᠶᠠᠨ ᠠᠶᠢᠯ ᠤᠨ ᠪᠡᠷᠢ ᠠᠯᠳᠠᠨ ᠪᠠᠭᠤᠣ ᠵᠡᠭᠦᠳᠡᠭ᠃ ᠵᠠᠰ ᠭᠠᠣᠯᠢᠨ ᠪᠠᠭᠤᠣ ᠶᠢ ᠨᠠᠰᠣᠳᠠᠶᠢᠴᠣᠳ ᠵᠡᠭᠦᠳᠡᠭ᠃ ᠡᠮᠡᠭᠳᠡᠶᠢᠴᠣᠳ ᠴᠦᠮ ᠪᠦᠯᠡᠵᠡᠭ ᠵᠡᠭᠦᠳᠡᠭ ᠵᠠᠩᠰᠢᠯ ᠲᠠᠢ᠃   ᠪᠠᠶᠠᠳ ᠨᠣᠶᠠᠳ ᠤᠨ ᠬᠠᠳᠣᠳ ᠪᠡᠶ᠎ᠡ ᠳᠤ ᠪᠠᠨ ︿︿ᠶᠢᠰᠦᠨ ᠡᠷᠳᠡᠨᠢ﹀﹀ ᠶᠢ ᠪᠦᠷᠢᠯᠳᠦᠭᠦᠯᠦᠨ᠎ᠡ ᠭᠡᠵᠤ ᠠᠯᠳᠠ᠂ ᠮᠦᠩᠬᠦ᠂ ᠣᠭ᠍ᠶᠣ᠂ ᠨᠣᠮᠢᠨ᠂ ᠱᠢᠷᠦ᠂ ᠰᠣᠪᠣᠳ᠂ ᠭᠠᠩ᠂ ᠵᠠᠰ᠂ ᠠᠯᠮᠠᠰ ᠵᠡᠷᠭᠡ ᠶᠢᠨ ᠵᠠᠰᠠᠯ ᠵᠢᠮᠰᠡᠭ ᠤᠨ ᠡᠳ᠋ᠯᠡᠯ ᠢ ᠡᠷᠬᠢᠮᠯᠡᠳᠡᠭ᠃   ᠰᠣᠨᠳᠣᠷ ᠪᠣᠯ ᠪᠦᠰᠡᠭᠦᠶᠢᠴᠣᠳ ᠤᠨ ᠬᠦᠵᠦᠭᠦᠦ ᠶᠢ ᠴᠢᠮᠡᠭᠯᠡᠳᠡᠭ ᠠᠯᠳᠠ ᠮᠦᠩᠬᠦ᠂ ᠡᠷᠳᠡᠨᠢ ᠶᠢᠨ ᠬᠤᠪᠣᠷ ᠴᠢᠯᠠᠭᠤ ᠪᠠᠷ ᠪᠦᠷᠢᠯᠳᠦᠳᠡᠭ ᠴᠢᠮᠡᠭᠯᠡᠯ ᠡᠳ᠋ ᠪᠢᠯᠠ᠃ ᠮᠦᠩᠬᠦ ᠰᠣᠪᠣᠳ ᠬᠤᠶᠠᠷ ᠢᠶᠠᠷ ᠪᠦᠷᠢᠯᠳᠦᠭᠰᠡᠨ ᠰᠣᠨᠳᠣᠷ ᠣᠯᠠᠨ ᠪᠠᠶᠢᠳᠠᠭ ᠴᠦ ᠠᠯᠳᠠ᠂ ᠣᠭ᠍ᠶᠣ᠂ ᠪᠠᠳᠮᠠᠷᠠᠭ᠎ᠠ᠂ ᠠᠯᠮᠠᠰ ᠢᠶᠠᠷ ᠪᠦᠷᠢᠯᠳᠦᠭᠰᠡᠨ ᠨᠢ ᠴᠦ ᠴᠦᠬᠡᠨ ᠪᠣᠰᠣ ᠪᠠᠶᠢᠳᠠᠭ᠃ ᠴᠦᠮ ᠠᠮᠢᠳᠣᠷᠠᠯ ᠤᠨ ᠢᠶᠠᠨ ᠬᠢᠷᠢ ᠬᠡᠮᠵᠢᠶ᠎ᠡ ᠪᠠᠨ ᠦᠵᠡᠵᠣ ᠵᠡᠭᠦᠳᠡᠭ᠃ ᠰᠣᠨᠳᠣᠷ ᠤᠨ ᠪᠡᠶ᠎ᠡ ᠶᠢ ᠨᠠᠷᠢᠯᠢᠭ ᠰᠣᠪᠣᠳ ᠢᠶᠠᠷ ᠬᠡᠯᠬᠢᠵᠣ᠂ ᠪᠦᠳᠦᠭᠦᠨ ᠰᠢᠷᠭᠡᠭ ᠲᠠᠢ ᠪᠣᠯ ᠲᠠᠩ ᠢᠶᠠᠷ᠂ ᠨᠠᠷᠢᠨ ᠵᠢᠵᠢᠭ ᠰᠢᠷᠭᠡᠭ ᠲᠠᠢ ᠪᠣᠯ ᠬᠤᠶᠠᠷ ᠭᠤᠷᠪᠠ ᠪᠠᠷ ᠲᠠᠪᠬᠤᠷᠯᠠᠨ ᠦᠵᠦᠭᠦᠷ ᠢ ᠨᠢ ᠰᠣᠨᠳᠣᠷ ᠤᠨ ᠵᠢᠷᠦᠬᠡᠨ ᠳᠤ ᠬᠤᠯᠪᠣᠨ᠎ᠠ᠃ ᠰᠣᠨᠳᠣᠷ ᠤᠨ ᠵᠢᠷᠦᠭᠡ ᠨᠢ ᠮᠦᠩᠭᠦᠨ ᠵᠣᠪᠬᠢᠨ ᠳᠤ ᠨᠠᠷᠠᠨ ᠰᠠᠷᠠᠨ ᠰᠢᠭᠢᠳᠭᠡᠭᠡ ᠭᠡᠵᠤ ᠢᠬᠢᠷ᠎ᠡ ᠰᠢᠬᠢᠳᠭᠡᠭᠡ ᠰᠠᠭᠤᠯᠭᠠᠭᠰᠠᠨ ᠣᠨᠢᠰᠣ ᠶᠢ ᠬᠡᠯᠡᠳᠡᠭ᠃ ᠮᠦᠩᠭᠦᠨ ᠵᠣᠪᠬᠢ ᠲᠠᠢ ᠣᠨᠢᠰᠣ ᠶᠢᠨ ᠢᠶᠠᠨ ᠲᠣᠣᠷ᠎ᠠ ᠨᠢ ᠭᠤᠷᠪᠠ ᠪᠣᠶᠣ ᠲᠠᠪᠣᠨ ᠰᠠᠨᠵᠢ  ᠲᠠᠢ ᠲᠡᠭᠦᠨ ᠠᠴᠠ ᠲᠣᠷᠣᠭᠰᠢ ᠣᠯᠠᠭᠠᠨ ᠨᠣᠭᠤᠭᠠᠨ ᠬᠤᠷᠣᠬᠠᠢ ᠱᠢᠷᠦ ᠪᠠᠷ ᠪᠣᠶᠣ ᠰᠣᠪᠣᠳ ᠠᠯᠠᠭᠯᠠᠭᠤᠯᠣᠨ ᠬᠡᠯᠬᠢᠵᠣ ᠣᠨᠵᠢᠭᠤᠯᠣᠭᠰᠠᠨ ᠪᠠᠶᠢᠳᠠᠭ᠃ ᠰᠣᠨᠳᠣᠷ ᠤᠨ ᠵᠣᠪᠬᠢᠨ ᠭᠤᠣᠯ ᠳᠤ ᠠᠮᠢᠳᠣᠷᠠᠯ ᠰᠠᠶᠢᠳᠠᠢ ᠠᠶᠢᠯ ᠭᠡᠷ ᠤᠨ ᠬᠢᠨᠢ ᠨᠣᠭᠤᠭᠠᠨ ᠬᠠᠰ ᠪᠣᠶᠣ ᠭᠡᠷᠡᠯ ᠭᠠᠷᠳᠠᠭ ᠡᠷᠳᠡᠨᠢ ᠶᠢᠨ ᠴᠢᠯᠠᠭᠤ ᠶᠢ ᠬᠢᠭᠰᠡᠨ ᠴᠦ ᠪᠠᠶᠢᠳᠠᠭ᠃ ᠡᠨᠡ ᠨᠢ ᠪᠦᠰᠡᠭᠦᠶᠢᠴᠣᠳ ᠤᠨ ᠦᠩᠭᠡ ᠬᠢᠯᠪᠡᠷ ᠢ ᠣᠯᠠᠮ ᠬᠤᠷᠴᠠᠯᠠᠨ ᠭᠤᠶᠣᠵᠢᠭᠤᠯᠳᠠᠭ᠃           ᠡᠮᠦᠰᠭᠡᠯ ᠵᠠᠰᠠᠯ ᠲᠠᠢ ᠬᠤᠯᠪᠣᠭᠳᠠᠬᠤ ᠴᠡᠭᠡᠷ ᠶᠣᠰᠣᠨ   ᠠᠶᠢᠯ ᠤᠨ ᠭᠡᠷ ᠲᠤ ᠣᠷᠣᠬᠤ ᠳᠤ ᠪᠠᠨ ᠬᠤᠪᠴᠠᠰᠣᠨ ᠵᠠᠭᠠᠮ᠎ᠠ ᠬᠤᠭᠤᠯᠠᠶᠢᠪᠴᠢ ᠪᠠᠨ ᠵᠠᠰᠠᠵᠣ ᠲᠡᠭᠰᠢᠯᠡᠭᠦ ᠦᠭᠡᠢ ᠪᠠᠶᠢᠬᠤ ᠶᠢ ᠴᠡᠭᠡᠷᠯᠡᠨ᠎ᠡ᠃ ᠲᠣᠪᠴᠢ ᠪᠠᠨ ᠪᠣᠷᠣᠭᠤ ᠲᠣᠪᠴᠯᠠᠬᠤ ᠪᠣᠶᠣ ᠡᠩᠭᠡᠷ ᠰᠣᠯᠠ ᠲᠠᠯᠪᠢᠬᠤ ᠶᠢ ᠴᠡᠭᠡᠷᠯᠡᠨ᠎ᠡ᠃ ᠬᠤᠷᠮᠣᠢ ᠰᠢᠭᠤᠵᠣ ᠬᠠᠨᠴᠣᠢ ᠰᠢᠮᠡᠯᠡᠨ᠂ ᠬᠢᠳᠤᠭ᠎ᠠ ᠪᠠᠨ ᠵᠡᠭᠦᠭᠰᠨᠨ ᠶᠠᠩᠵᠣ ᠪᠠᠷ ᠣᠷᠣᠬᠤ ᠶᠢ ᠴᠡᠭᠡᠷᠯᠡᠨ᠎ᠡ᠃ ᠮᠠᠯᠠᠭᠠᠢ ᠲᠠᠢ ᠪᠠᠶᠢᠭᠠᠳ ᠲᠣᠯᠣᠭᠠᠢ ᠨᠢᠴᠦᠭᠦᠨ ᠢᠶᠠᠷ ᠣᠷᠣᠬᠤ ᠶᠢ ᠴᠡᠭᠡᠷᠯᠡᠨ᠎ᠡ᠃ ᠮᠠᠯᠠᠭᠠᠢ ᠶᠢᠨ ᠴᠢᠬᠢ ᠪᠠᠨ ᠲᠠᠷᠣᠵᠣ ᠣᠶᠠᠭᠠᠳ ᠣᠷᠣᠬᠤ ᠶᠢ ᠴᠡᠭᠡᠷᠯᠡᠨ᠎ᠡ᠃   ᠠᠶᠢᠯ ᠭᠡᠷ ᠲᠤ ᠬᠤᠷᠮᠣᠢ ᠰᠢᠭᠤᠵᠣ ᠣᠷᠣᠬᠤ ᠶᠢ ᠶᠡᠬᠡᠳᠡ ᠴᠡᠭᠡᠷᠯᠡᠵᠣ ᠰᠡᠵᠢᠭᠯᠡᠳᠡᠭ᠃ ᠠᠶᠢᠯ ᠭᠡᠷ ᠲᠤ ᠲᠣᠭᠤᠷᠢᠵᠣ ᠣᠷᠣᠭᠠᠳ ᠴᠠᠢ ᠠᠮᠰᠠᠬᠤ ᠦᠭᠡᠢ ᠪᠠᠷ ᠭᠠᠷᠬᠤ ᠶᠢ ᠴᠡᠭᠡᠷᠯᠡᠳᠡᠭ᠃ ᠠᠶᠢᠯ ᠭᠡᠷ ᠲᠤ ᠣᠷᠣᠭᠠᠳ ᠮᠠᠯᠠᠭᠠᠢ  ᠪᠠᠨ ᠡᠷᠣᠢ ᠬᠤᠷᠣᠢ ᠦᠭᠡᠢ ᠬᠠᠶᠠᠬᠤ ᠶᠢ ᠴᠡᠭᠡᠷᠯᠡᠳᠡᠭ᠃   ᠠᠯᠢᠪᠠ ᠶᠣᠰᠣᠯᠠᠯ᠂ ᠠᠭᠤᠯᠵᠠᠯᠳᠠ ᠬᠢᠬᠦ ᠳᠤ ᠮᠠᠯᠠᠭᠠᠢ ᠦᠭᠡᠢ ᠪᠠᠶᠢᠬᠤ ᠶᠢ ᠴᠡᠭᠡᠷᠯᠡᠨ᠎ᠡ᠃   ᠡᠩ ᠤᠨ ᠬᠦᠮᠦᠰ ᠰᠢᠷ᠎ᠠ ᠦᠩᠭᠡ ᠶᠢᠨ ᠲᠡᠪᠡᠯ ᠬᠤᠪᠴᠠᠰᠣ ᠡᠮᠦᠰᠬᠦ ᠶᠢ ᠴᠡᠭᠡᠷᠯᠡᠨ᠎ᠡ᠃ ᠨᠡᠩᠳᠡ ᠰᠢᠷ᠎ᠠ ᠦᠩᠭᠡ  ᠶᠢᠨ ᠬᠦᠨᠵᠢᠯᠡ ᠲᠡᠪᠢᠰᠭᠡᠷ ᠡᠳ᠋ᠯᠡᠬᠦ ᠶᠢ ᠴᠡᠭᠡᠷᠯᠡᠨ᠎ᠡ᠃ ᠪᠣᠶᠠᠨ ᠨᠢ ᠲᠠᠭᠠᠭᠠᠬᠤ ᠦᠭᠡᠢ ᠭᠡᠳᠡᠭ᠃   ᠡᠬᠡᠨᠡᠷ ᠬᠦᠮᠦᠨ ᠤ ᠦᠮᠦᠳᠦ ᠶᠢ ᠬᠡᠵᠢᠶᠡᠳᠡ ᠪᠣᠵᠠᠷ ᠭᠡᠵᠤ ᠦᠵᠡᠳᠡᠭ ᠲᠣᠯᠠ ᠶᠠᠮᠠᠷᠴᠦ ᠶᠠᠭᠤᠮᠠᠨ ᠤ ᠲᠡᠭᠡᠭᠦᠷ ᠠᠪᠴᠣ ᠭᠠᠷᠬᠤ ᠶᠢ ᠲᠠᠰᠣ ᠴᠡᠭᠡᠷᠯᠡᠨ᠎ᠡ᠃ ᠡᠯᠭᠦᠭᠡᠳ ᠪᠠᠶᠢᠬᠤ ᠦᠮᠦᠳᠦᠨ ᠲᠣᠣᠭᠤᠷ ᠨᠢ ᠬᠡᠣᠬᠡᠳ ᠰᠢᠷᠭᠤᠵᠣ ᠭᠠᠷᠬᠤ ᠶᠢ ᠣᠨᠴᠠ ᠶᠡᠭᠡ ᠪᠠᠷ ᠴᠡᠭᠡᠷᠯᠡᠳᠡᠭ᠃ ᠡᠬᠡᠨᠡᠷ ᠬᠦᠮᠦᠨ ᠤ ᠬᠤᠪᠴᠠᠰᠣ ᠬᠤᠨᠠᠷ ᠢ ᠴᠦᠮ ᠡᠷᠡᠭᠳᠡᠢ ᠬᠦᠮᠦᠨ  ᠤ ᠬᠤᠪᠴᠠᠰᠣ ᠬᠤᠨᠠᠷ ᠤᠨ ᠲᠣᠣᠷ᠎ᠠ ᠲᠠᠯ᠎ᠠ ᠳᠤ ᠬᠤᠷᠢᠶᠠᠳᠠᠭ᠃    ᠡᠮᠡᠭᠳᠡᠢ ᠬᠦᠮᠦᠨ ᠤ ᠰᠦᠢᠭᠡ ᠵᠡᠭᠦᠭᠦ ᠦᠭᠡᠢ ᠶᠠᠪᠣᠬᠤ ᠶᠢ ᠴᠡᠭᠡᠷᠯᠡᠳᠡᠭ᠃ ᠬᠠᠷᠢ ᠳᠤ ᠮᠣᠷᠳᠠᠭᠠᠳᠣᠢ ᠬᠡᠣᠬᠡᠨ ᠬᠦᠮᠦᠨ ᠤ ᠡᠴᠢᠭᠡ ᠡᠬᠡ ᠨᠢ ᠦᠬᠦᠪᠡᠯ ᠡᠭᠡᠮᠦᠭ ᠢᠶᠠᠨ ᠠᠪᠴᠣ᠂ ᠬᠠᠷᠢᠯᠠᠭᠰᠠᠨ ᠡᠮᠡᠭᠳᠡᠢ ᠶᠢᠨ ᠡᠷ᠎ᠡ ᠨᠦᠬᠦᠷ ᠨᠢ ᠦᠬᠦᠪᠡᠯ ᠰᠦᠢᠬᠡ ᠪᠠᠨ ᠠᠪᠣᠨ᠎ᠠ ᠭᠡᠳᠡᠭ᠃    ᠡᠮᠡᠭᠳᠡᠶᠢᠴᠣᠳ ᠪᠣᠰᠣᠳ ᠤᠨ ᠡᠮᠦᠨ᠎ᠡ ᠣᠶᠢᠮᠣᠰᠣ ᠭᠤᠳᠣᠯ ᠢᠶᠠᠨ ᠲᠠᠶᠢᠯᠠᠬᠤ ᠶᠢ ᠣᠨᠴᠠ ᠴᠡᠭᠡᠷᠯᠡᠨ᠎ᠡ᠃ ᠲᠡᠪᠡᠯ ᠲᠡᠷᠯᠢᠭ ᠢᠶᠠᠨ ᠲᠣᠪᠴᠢᠯᠠᠬᠤ ᠦᠭᠡᠢ ᠪᠣᠶᠣ ᠨᠦᠮᠦᠬᠡᠨ ᠶᠠᠪᠣᠬᠤ ᠶᠢ ᠣᠨᠴᠠ ᠴᠡᠭᠡᠷᠯᠡᠳᠡᠭ᠃ ᠲᠡᠪᠡᠯ ᠲᠡᠷᠯᠢᠭ ᠢᠶᠠᠨ ᠲᠣᠪᠴᠢᠯᠠᠬᠤ ᠦᠭᠡᠢ ᠪᠣᠶᠣ ᠨᠦᠮᠦᠬᠡᠨ ᠶᠠᠪᠣᠬᠤ ᠶᠢ ᠣᠨᠴᠠ ᠴᠡᠭᠡᠷᠯᠡᠳᠡᠭ᠃ ᠡᠮᠡᠭᠳᠡᠶᠢᠴᠣᠳ ᠶᠠᠮᠠᠷᠴᠦ ᠬᠦᠮᠦᠨ ᠤ ᠡᠮᠦᠨ᠎ᠡ ᠲᠡᠪᠡᠯ ᠲᠡᠷᠯᠢᠭ ᠢᠶᠠᠨ ᠰᠣᠯᠢᠬᠤ ᠶᠢ ᠴᠡᠭᠡᠷᠯᠡᠵᠣ᠂ ᠵᠠᠪᠠᠯ ᠲᠠᠯᠳᠠ ᠭᠠᠵᠠᠷ ᠰᠣᠯᠢᠳᠠᠭ᠃    ᠡᠷᠡᠭᠳᠡᠶᠢᠴᠣᠳ ᠨᠦᠮᠦᠬᠡᠨ ᠢᠶᠠᠷ ᠭᠡᠷ ᠠᠴᠠ ᠭᠠᠷᠬᠤ ᠶᠢ ᠴᠡᠭᠡᠷᠯᠡᠳᠡᠭ᠃ ᠵᠠᠪᠠᠯ ᠪᠦᠰᠡ ᠪᠠᠨ ᠪᠦᠰᠡᠯᠡᠭᠡᠳ ᠭᠠᠷᠳᠠᠭ᠃    ᠣᠨᠳᠠᠬᠤ ᠦᠶ᠎ᠡ ᠳᠤ ᠲᠡᠪᠡᠯ ᠤᠨ ᠵᠠᠭᠠᠮ᠎ᠠ ᠪᠠᠨ ᠪᠣᠰᠬᠠᠬᠤ ᠶᠢ ᠴᠡᠭᠡᠷᠯᠡᠨ᠎ᠡ᠃ ᠴᠢᠳᠭᠦᠷ ᠣᠷᠣᠨ᠎ᠠ ᠭᠡᠳᠡᠭ᠃    ᠪᠣᠰᠣᠳ ᠤᠨ ᠮᠠᠯᠠᠭᠠᠢ ᠳᠤ ᠭᠠᠷ ᠬᠦᠷᠬᠦ ᠶᠢ ᠴᠡᠭᠡᠷᠯᠡᠨ᠎ᠡ᠃    ᠪᠣᠰᠣᠳ ᠤᠨ ᠭᠡᠭᠡᠭᠰᠡᠨ ᠮᠠᠯᠠᠭᠠᠢ ᠶᠢ ᠠᠪᠬᠤ ᠶᠢ ᠴᠡᠭᠡᠷᠯᠡᠨ᠎ᠡ᠂ ᠬᠡᠢ ᠮᠣᠷᠢ ᠬᠡᠪᠳᠡᠨ᠎ᠡ ᠭᠡᠨ᠎ᠡ᠃    ᠪᠦᠰᠡ ᠪᠠᠨ ᠨᠠᠷᠠ ᠪᠣᠷᠣᠭᠤ ᠣᠷᠢᠶᠠᠬᠤ ᠶᠢ ᠴᠡᠭᠡᠷᠯᠡᠨ᠎ᠡ᠃ ᠪᠦᠰᠡ ᠪᠠᠨ ᠬᠦᠮᠦᠨ ᠲᠠᠢ ᠰᠣᠯᠢᠬᠤ ᠶᠢ ᠴᠡᠭᠡᠷᠯᠡᠨ᠎ᠡ ᠃ ᠪᠦᠰᠡ ᠶᠢ ᠵᠠᠩᠬᠢᠳᠬᠤ ᠶᠢ ᠴᠡᠭᠡᠷᠯᠡᠨ᠎ᠡ᠃ ᠦᠵᠦᠭᠦᠷ ᠢ ᠨᠢ ᠬᠠᠪᠴᠢᠭᠤᠯᠣᠨ᠎ᠠ᠃    ᠪᠦᠰᠡᠭᠦᠶᠢᠴᠣᠳ ᠪᠦᠰᠡ ᠪᠦᠰᠡᠯᠡᠬᠦ ᠶᠢ ᠴᠡᠭᠡᠷᠯᠡᠳᠡᠭ᠃ ᠪᠦᠰᠡ ᠪᠦᠰᠡᠯᠡᠪᠡᠯ ᠪᠦᠰᠡᠭᠦᠢ ᠪᠢᠰᠢ ᠪᠣᠯᠣᠨ᠎ᠠ ᠭᠡᠳᠡᠭ᠃    ᠬᠠᠷ᠎ᠠ ᠦᠩᠭᠡ ᠶᠢᠨ ᠪᠦᠰ ᠢᠶᠠᠷ ᠲᠡᠪᠡᠯ ᠬᠤᠪᠴᠠᠰᠣ ᠬᠢᠬᠦ ᠶᠢ ᠴᠡᠭᠡᠷᠯᠡᠨ᠎ᠡ᠃ ᠪᠡᠯᠭᠡ ᠦᠭᠡᠢ ᠭᠡᠳᠡᠭ᠃    ᠬᠠᠷ᠎ᠠ ᠬᠦᠮᠦᠨ ᠣᠯᠠᠭᠠᠨ ᠦᠩᠭᠡ ᠶᠢᠨ ᠭᠤᠳᠣᠯ ᠡᠮᠦᠰᠬᠦ ᠶᠢ ᠴᠡᠭᠡᠷᠯᠡᠨ᠎ᠡ᠃ ᠪᠡᠯᠭᠡ ᠦᠭᠡᠢ ᠣᠴᠢᠷ ᠲᠣᠬᠢᠶᠠᠨ᠎ᠠ ᠭᠡᠨ᠎ᠡ᠃    ᠬᠤᠪᠴᠠᠰᠣ ᠬᠤᠨᠠᠷ ᠢᠶᠠᠨ ᠲᠢᠭᠯᠡᠨ ᠬᠤᠷᠢᠶᠠᠬᠤ ᠳᠤ ᠪᠠᠨ ᠲᠣᠪᠴᠢ ᠶᠢ ᠨᠢ ᠲᠣᠪᠴᠢᠯᠠᠵᠣ ᠬᠤᠷᠢᠶᠠᠬᠤ ᠶᠢ ᠴᠡᠭᠡᠷᠯᠡᠨ᠎ᠡ᠃    ᠬᠤᠪᠴᠠᠰᠣᠨ ᠤ ᠡᠩᠭᠡᠷ ᠢᠶᠠᠨ ᠬᠠᠵᠠᠬᠤ ᠶᠢ ᠴᠡᠭᠡᠷᠯᠡᠨ᠎ᠡ᠃ ᠡᠴᠢᠭᠡ ᠡᠬᠡ ᠪᠠᠨ ᠬᠠᠵᠠᠵᠣ ᠪᠠᠶᠢᠬᠤ ᠲᠠᠢ ᠠᠳᠠᠯᠢ ᠭᠡᠳᠡᠭ᠃    ᠬᠤᠪᠴᠠᠰᠣᠨ ᠤ ᠵᠠᠭᠠᠮ᠎ᠠ ᠶᠢ ᠪᠣᠰᠬᠠᠬᠤ ᠶᠢ ᠴᠡᠭᠡᠷᠯᠡᠨ᠎ᠡ᠃ ᠴᠣᠣᠬᠢᠶᠠᠨ ᠳᠤ ᠲᠣᠬᠢᠶᠠᠯᠳᠣᠨ᠎ᠠ ᠭᠡᠨ᠎ᠡ᠃    ᠬᠤᠶᠠᠷ ᠮᠠᠯᠠᠭᠠᠢ ᠶᠢ ᠲᠠᠪᠬᠤᠷᠯᠠᠨ ᠡᠮᠦᠰᠬᠦ ᠶᠢ ᠴᠡᠭᠡᠷᠯᠡᠨ᠎ᠡ᠃ ᠬᠤᠶᠠᠷ ᠡᠷ᠎ᠡ ᠳᠤ ᠣᠴᠢᠬᠤ ᠶᠢᠨ ᠲᠡᠮᠳᠡᠭ ᠭᠡᠨ᠎ᠡ    ᠬᠦᠮᠦᠨ ᠤ ᠰᠢᠨ᠎ᠡ ᠬᠤᠪᠴᠠᠰᠣ ᠶᠢ ᠲᠣᠷᠰᠢᠵᠣ ᠡᠮᠦᠰᠬᠦ ᠶᠢ ᠴᠡᠭᠡᠷᠯᠡᠨ᠎ᠡ᠃ ᠢᠯᠡᠭᠦᠦ ᠨᠢᠭᠡ ᠵᠠᠬ᠎ᠠ ᠬᠤᠪᠴᠠᠰᠣ ᠡᠮᠦᠰᠪᠡᠯ ᠨᠠᠰᠣ ᠣᠬᠤᠷ ᠪᠣᠯᠣᠨ᠎ᠠ ᠭᠡᠳᠡᠭ ᠪᠣᠶᠣ ᠡᠵᠡᠨ ᠤ ᠬᠢᠨᠢ ᠵᠣᠪᠠᠯᠠᠩ ᠢ ᠠᠮᠰᠠᠨ᠎ᠠ ᠭᠡᠨ᠎ᠡ᠃    ᠭᠠᠷ ᠪᠠᠷᠢᠯᠴᠠᠬᠤ ᠳᠤ ᠪᠠᠨ ᠪᠡᠭᠡᠯᠡᠢ ᠲᠠᠢ ᠪᠠᠶᠢᠬᠤ ᠶᠢ ᠴᠡᠭᠡᠷᠯᠡᠵᠣ᠂ ᠵᠠᠪᠠᠯ ᠪᠡᠭᠡᠯᠡᠢ ᠪᠠᠨ ᠠᠪᠴᠣ ᠬᠠᠯᠭᠤᠮᠰᠤᠭ  ᠢᠶᠠᠨ ᠢᠯᠡᠳᠭᠡᠨ᠎ᠡ᠃   ᠭᠤᠳᠣᠯ ᠱᠠᠬᠠᠢ ᠪᠠᠨ ᠬᠦᠮᠦᠷᠢᠵᠣ ᠲᠠᠯᠪᠢᠬᠤ ᠶᠢ ᠴᠡᠭᠡᠷᠯᠡᠨ᠎ᠡ᠃ ᠦᠬᠦᠭᠰᠡᠨ ᠬᠦᠮᠦᠨ ᠤ ᠭᠤᠳᠣᠯ ᠱᠠᠬᠠᠢ ᠶᠢ ᠰᠠᠶ᠋ᠢ ᠬᠦᠮᠦᠷᠢᠵᠣ ᠲᠠᠯᠪᠢᠨ᠎ᠠ᠃    ᠮᠠᠯᠠᠭᠠᠢ ᠪᠠᠨ ᠪᠣᠷᠣᠭᠤ ᠬᠠᠨᠳᠣᠭᠤᠯᠵᠣ ᠡᠮᠦᠰᠬᠦ ᠶᠢ ᠴᠡᠭᠡᠷᠯᠡᠨ᠎ᠡ᠃ ᠴᠦᠯᠡᠭᠳᠡᠬᠦ ᠬᠦᠮᠦᠨ ᠤ ᠮᠠᠯᠠᠭᠠᠢ ᠶᠢ ᠨᠢ ᠪᠣᠷᠣᠭᠤ ᠬᠠᠨᠳᠣᠭᠤᠯᠵᠣ ᠴᠦᠯᠡᠳᠡᠭ ᠭᠡᠳᠡᠭ᠃    ᠮᠠᠯᠠᠭᠠᠢ ᠪᠠᠨ ᠵᠦᠷᠢᠭᠦᠦ᠂ ᠬᠠᠵᠠᠭᠠᠢ᠂ ᠬᠡᠯᠳᠡᠭᠡᠢ ᠵᠡᠭᠦᠭᠦ ᠶᠢ ᠴᠡᠭᠡᠷᠯᠡᠨ᠎ᠡ᠃ ᠰᠣᠷᠳᠠᠯ ᠦᠭᠡᠢ ᠶᠢᠨ ᠲᠡᠮᠳᠡᠭ ᠭᠡᠳᠡᠭ᠃    ᠮᠠᠯᠠᠭᠠᠢ ᠪᠠᠷ ᠢᠶᠠᠨ ᠨᠠᠭᠠᠳᠬᠤ ᠶᠢ ᠴᠡᠭᠡᠷᠯᠡᠨ᠎ᠡ᠃ ᠮᠣᠩᠬᠠᠭ ᠪᠣᠯᠣᠨ᠎ᠠ ᠭᠡᠳᠡᠭ᠃    ᠯᠠᠮᠠ ᠬᠦᠮᠦᠨ ᠡᠩ ᠤᠨ ᠬᠦᠮᠦᠨ ᠤ ᠦᠮᠦᠳᠦ ᠶᠢ ᠡᠮᠦᠰᠬᠦ ᠪᠣᠶᠣ ᠰᠢᠷ᠎ᠠ᠂ ᠣᠯᠠᠭᠠᠨ᠂ ᠬᠦᠷᠡᠩ᠂ ᠪᠣᠷᠣ ᠦᠩᠭᠡ ᠠᠴᠠ ᠪᠣᠰᠣᠳ ᠵᠦᠢᠯ ᠤᠨ ᠦᠩᠭᠡᠳᠡᠢ ᠬᠤᠪᠴᠠᠰᠣ ᠡᠮᠦᠰᠬᠦ ᠶᠢ ᠴᠡᠭᠡᠷᠯᠡᠨ᠎ᠡ᠃     ᠲᠣᠪᠴᠢ ᠰᠢᠯᠪᠢ ᠦᠭᠡᠢ ᠬᠤᠪᠴᠠᠰᠣ ᠡᠮᠦᠰᠬᠦ ᠶᠢ ᠴᠡᠭᠡᠷᠯᠡᠨ᠎ᠡ᠃ ᠦᠬᠦᠭᠰᠡᠨ ᠬᠦᠮᠦᠨ ᠰᠠᠶ᠋ᠢ ᠡᠶᠢᠮᠦ ᠬᠤᠪᠴᠠᠰᠣ ᠶᠢ ᠡᠮᠦᠰᠳᠡᠭ᠃    ᠬᠡᠣᠬᠡᠳ ᠤᠨ ᠲᠡᠪᠡᠯ ᠤᠨ ᠲᠣᠪᠴᠢ ᠪᠠᠨ ᠡᠮᠬᠦᠬᠦ ᠶᠢ ᠴᠡᠭᠡᠷᠯᠡᠨ᠎ᠡ᠃ ᠡᠵᠢ ᠨᠢ ᠦᠬᠦᠨ᠎ᠡ ᠭᠡᠨ᠎ᠡ᠃
 
ᠢᠷᠡᠯᠲᠡ᠄ ᠦᠪᠦᠷ ᠮᠤᠩᠭᠤᠯ ᠤᠨ ᠪᠤᠳᠠᠰ ᠤᠨ ᠪᠤᠰᠤ ᠪᠠ ᠪᠤᠳᠠᠰ ᠤᠨ ᠰᠤᠶᠤᠯ ᠤᠨ ᠦᠪ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号